ᠠᠳᠤᠭᠤ ᠭᠦᠭᠡᠪᠦᠷᠯᠡᠭᠦ
ᠨᠡᠶᠢᠲᠡᠯᠡᠭᠰᠡᠨ ᠴᠠᠭ᠄
2020/11/20
    ᠠᠳᠤᠭᠤᠨ ᠤ ᠦᠰᠦ ᠨᠤᠤᠰᠤ ᠶᠢ ᠰᠠᠮᠨᠠᠵᠦ ᠲᠡᠯ ᠰᠡᠭᠦᠯ ᠢ ᠬᠢᠯᠭᠠᠰᠤᠯᠠᠬᠤ ᠶᠢ ᠠᠳᠤᠭᠤ ᠭᠦᠭᠡᠪᠦᠷᠯᠡᠭᠦ ᠭᠡᠨ᠎ᠠ᠃ ᠡᠷᠳᠡ ᠲᠡᠭᠡᠷ᠎ᠠ ᠦᠶ᠎ᠠ ᠠᠴᠠ ᠮᠤᠩᠭᠤᠯᠴᠤᠳ ᠲᠠᠪᠤᠨ ᠬᠤᠰᠢᠭᠤ ᠮᠠᠯ ᠤᠨ ᠢᠶᠠᠨ ᠦᠰᠦ ᠨᠤᠤᠰᠤ᠂ ᠭᠦᠭᠡᠪᠦᠷ ᠬᠢᠯᠭᠠᠰᠦ ᠶᠢ ᠨᠢ ᠨᠡᠭᠦᠳᠡᠯ ᠤᠨ ᠠᠵᠦ ᠠᠬᠤᠢ ᠳᠤ ᠲᠤᠬᠢᠷᠠᠭᠰᠠᠨ ᠭᠠᠷ ᠦᠢᠯᠡᠳᠪᠦᠷᠢᠯᠡᠯ ᠢᠶᠠᠷ ᠪᠤᠯᠪᠠᠰᠤᠷᠠᠭᠤᠯᠤᠨ ᠠᠵᠦ ᠠᠮᠢᠳᠦᠷᠠᠯ ᠤᠨ ᠢᠶᠠᠨ ᠭᠡᠷᠡᠭᠴᠡᠭᠡᠳᠦ ᠵᠦᠢᠯ ᠢ ᠬᠢᠵᠦ ᠡᠳ᠋ᠯᠡᠭᠰᠡᠭᠡᠷ ᠢᠷᠡᠵᠡᠢ᠃ ᠵᠢᠯ ᠪᠦᠷᠢ ᠶᠢᠨ ᠬᠠᠪᠤᠷ ᠤᠨ ᠰᠡᠭᠦᠯᠴᠢ᠂ ᠵᠤᠨ ᠤ ᠡᠭᠢ ᠪᠠᠷ ᠮᠠᠯ  ᠨᠣᠭᠤᠭᠠᠨ ᠳᠤ ᠴᠠᠳᠤᠨ ᠲᠡᠪᠡᠭᠡᠷᠡᠵᠦ᠂ ᠦᠰᠦ ᠨᠤᠤᠰᠤ ᠨᠢ ᠭᠦᠭᠡᠷᠭᠦ ᠦᠶ᠎ᠠ ᠳᠤ ᠪᠤᠰᠤᠳ ᠮᠠᠯ ᠲᠠᠢ ᠠᠳᠠᠯᠢ ᠪᠠᠷ ᠠᠳᠤᠭᠤᠨ ᠤ ᠲᠡᠯ᠂ ᠰᠡᠭᠦᠯ᠂ ᠭᠦᠭᠡᠪᠦᠷ ᠢ ᠠᠪᠴᠦ ᠡᠬᠢᠯᠡᠳᠡᠭ᠃ ᠲᠡᠳᠡᠭᠡᠷ ᠢ ᠪᠤᠯᠪᠠᠰᠤᠷᠠᠭᠤᠯᠬᠤ ᠠᠵᠢᠯ ᠨᠢ ᠵᠤᠨ᠂ ᠨᠠᠮᠤᠷ ᠤᠨ ᠤᠯᠠᠷᠢᠯ ᠳᠤ ᠶᠠᠪᠤᠬᠳᠠᠳᠠᠭ᠃ ᠮᠤᠩᠭᠤᠯ ᠤᠷᠤᠨ ᠤ ᠨᠤᠳᠤᠭ ᠪᠡᠯᠴᠢᠭᠡᠷ ᠦᠷᠭᠡᠨ ᠠᠭᠤᠳᠠᠮ᠂ ᠠᠭᠤᠷ ᠠᠮᠢᠰᠬᠤᠯ ᠲᠡᠩᠴᠡᠭᠦᠷᠢ ᠦᠭᠡᠢ ᠪᠠᠶᠢᠳᠠᠭ ᠠᠴᠠ ᠠᠳᠤᠭᠤ ᠭᠦᠭᠡᠪᠦᠷᠯᠡᠵᠦ ᠬᠢᠯᠭᠠᠰᠤᠯᠠᠬᠤ ᠴᠠᠭ ᠬᠤᠭᠤᠴᠠᠭ᠎ᠠ ᠨᠢ ᠪᠠᠭ᠎ᠠ ᠵᠦᠷᠢᠶᠡᠨ ᠲᠠᠢ ᠪᠠᠶᠢᠳᠠᠭ᠃ ᠭᠡᠪᠡᠴᠦ ᠤᠯᠠᠩᠭᠢ ᠭᠠᠵᠠᠷ ᠪᠦᠷ ᠪᠢᠯᠢᠭ ᠤᠨ ᠤᠯᠠᠷᠢᠯ ᠤᠨ ᠲᠦᠷᠪᠡᠨ ᠰᠠᠷ᠎ᠠ ᠳᠤ ᠠᠳᠤᠭᠤ ᠭᠦᠭᠡᠪᠦᠷᠯᠡᠨ᠎ᠠ᠃ ᠠᠳᠤᠭᠤᠨ ᠤ ᠭᠦᠭᠡᠪᠦᠷ ᠭᠦᠭᠡᠷᠴᠦ ᠡᠭᠢᠯᠡᠭᠦ ᠳᠤ ᠤᠷᠢᠳ ᠢᠶᠠᠷ ᠭᠡᠳᠡᠰᠦ᠂ ᠭᠦᠵᠦᠭᠦᠦ᠂ ᠴᠠᠪᠢ᠂  ᠭᠤᠶ᠎ᠠ ᠶᠢᠨ  ᠲᠤᠳᠤᠷ  ᠲᠠᠯ᠎ᠠ  ᠠᠴᠠ  ᠲᠡᠭᠳᠡᠵᠦ  ᠢᠷᠡᠳᠡᠭ᠃ ᠰᠠᠶᠢᠬᠠᠨ ᠠᠵᠢᠬᠯᠠᠵᠦ ᠦᠵᠡᠭᠦ ᠳᠤ ᠠᠳᠤᠭᠤᠨ ᠤ ᠬᠤᠮᠤᠯ ᠬᠢᠯᠠᠭᠠᠷ ᠬᠠᠷ᠎ᠠ ᠭᠦᠷᠦᠰᠦ ᠰᠠᠭᠤᠵᠦ ᠪᠠᠶᠢᠪᠠᠯ ᠠᠳᠤᠭᠤᠨ ᠤ ᠭᠦᠭᠡᠪᠦᠷ ᠭᠦᠭᠡᠷᠴᠦ ᠪᠠᠶᠢᠬᠤ ᠶᠢᠨ ᠰᠢᠨᠵᠢ ᠲᠡᠮᠳᠡᠭ ᠮᠦᠨ᠃  ︽ᠬᠠᠪᠤᠷ ᠤᠨ ᠰᠠᠯᠭᠢ ᠬᠠᠪᠢᠷᠭ᠎ᠠ ᠨᠡᠪᠳᠡᠯᠦᠨ᠎ᠠ︾ ᠭᠡᠳᠡᠭ ᠢᠶᠠᠷ ᠭᠡᠭᠡᠯ ᠲᠠᠢ ᠭᠡᠭᠦᠦ᠂ ᠤᠨᠠᠭ᠎ᠠ ᠲᠠᠭ᠎ᠠ᠂ ᠭᠦᠭᠰᠢᠨ ᠪᠠᠭᠤᠷᠠᠢ ᠠᠳᠤᠭᠤ ᠶᠢ ᠪᠤᠯ ᠭᠡᠨᠡᠳᠳᠡ ᠶᠢᠨ ᠭᠦᠢᠳᠠᠨ ᠴᠠᠰᠦ ᠪᠤᠷᠤᠭᠠᠨ ᠳᠤ ᠪᠡᠭᠡᠷᠡᠵᠦ ᠤᠰᠤᠭᠤᠬᠤ ᠠᠴᠠ ᠪᠤᠯᠭᠤᠮᠵᠢᠯᠠᠵᠦ ᠬᠠᠮᠤᠭ ᠤᠨ ᠰᠡᠭᠦᠯ ᠳᠤ ᠨᠢ ᠭᠦᠭᠡᠪᠦᠷᠯᠡᠨ᠎ᠠ᠃ ᠬᠤᠷ ᠲᠠᠷᠭᠤ ᠲᠠᠢ ᠤᠨᠳᠤᠷᠤᠭᠰᠠᠨ ᠮᠤᠷᠢᠳ᠂ ᠡᠷᠡᠮᠡᠭ ᠭᠡᠭᠦᠦ᠂ ᠰᠤᠪᠠᠢ ᠭᠡᠭᠦᠦ ᠠᠴᠠ ᠡᠬᠢᠯᠡᠵᠦ ᠭᠦᠭᠡᠪᠦᠷᠯᠡᠨ᠎ᠠ᠃ ᠲᠠᠭ᠎ᠠ ᠶᠢᠨ ᠭᠦᠭᠡᠪᠤᠷ ᠢ ᠠᠪᠬᠤ ᠳᠤ ᠪᠠᠨ ᠵᠤ ᠨᠢᠷᠤᠭᠤᠨ ᠲᠡᠭᠡᠷ᠎ᠠ ᠨᠢ ᠲᠤᠬᠤᠮ ᠦᠯᠡᠳᠡᠭᠡᠵᠦ᠂ ᠪᠤᠷᠤᠭᠠᠨ ᠴᠠᠰᠦ ᠤᠷᠤᠬᠤ ᠠᠴᠠ ᠰᠡᠷᠭᠡᠶᠢᠯᠡᠨ ᠠᠭᠤᠷ ᠠᠮᠢᠰᠬᠤᠯ ᠲᠤᠬᠳᠠᠪᠤᠷᠢᠳᠠᠢ ᠲᠤᠯᠠᠭᠠᠷᠠᠵᠦ ᠢᠷᠡᠭᠦ ᠦᠶᠡᠰ ᠰᠠᠶᠢ ᠠᠪᠴᠦ ᠦᠭᠭᠦᠨ᠎ᠠ᠃ ᠠᠳᠤᠭᠤ ᠪᠤᠯ ᠴᠢᠭᠢᠭ ᠨᠦᠢᠳᠠᠨ ᠳᠤ ᠲᠡᠰᠪᠦᠷᠢ ᠪᠠᠷᠤᠬᠳᠠᠢ ᠠᠳᠤᠭᠤᠰᠤ ᠲᠤᠯᠠ ᠤᠷᠢᠨ ᠲᠤᠯᠠᠭᠠᠨ ᠡᠳᠦᠷ ᠢ ᠰᠤᠩᠭᠤᠵᠦ ᠭᠦᠭᠡᠪᠦᠷᠯᠡᠨ᠎ᠠ᠃     ᠠᠳᠤᠭᠤ ᠭᠦᠭᠡᠪᠦᠷᠯᠡᠭᠦ ᠰᠡᠮ ᠢ ᠨᠡᠷᠢᠨ ᠬᠤᠯᠤᠰᠦ ᠪᠤᠶᠤ ᠮᠠᠳᠠᠬᠤ ᠳᠤ ᠬᠤᠭᠤᠷᠠᠬᠤ ᠦᠭᠡᠢ ᠮᠤᠳᠤ ᠪᠠᠷ ᠬᠢᠨ᠎ᠠ᠃ ᠭᠦᠭᠡᠪᠦᠷ ᠠᠪᠬᠤ ᠰᠠᠮ ᠢ ᠨᠢᠭᠡ ᠪᠠᠷᠢᠮ᠎ᠠ ᠪᠠᠷᠢᠭᠤᠯ ᠲᠠᠢ᠂ ᠲᠦᠭᠡ ᠤᠷᠳᠤ ᠠᠷᠪᠠᠨ ᠬᠤᠶᠠᠷ ᠰᠢᠳᠦ ᠲᠠᠢ᠂ ᠲᠠᠯ᠎ᠠ ᠲᠤᠭᠤᠢ ᠭᠡᠯᠪᠡᠷᠢ ᠪᠠᠷ ᠮᠡᠳᠡᠵᠦ᠂ ᠦᠵᠦᠭᠦᠷ ᠢ ᠨᠢ ᠮᠤᠬᠤᠭᠤ ᠬᠢᠪᠡᠯ ᠠᠳᠤᠭᠤᠨ ᠤ ᠠᠷᠠᠰᠦ ᠶᠢ ᠨᠢ ᠭᠡᠭᠵᠡᠯᠭᠦ ᠦᠭᠡᠢ ᠪᠦᠭᠡᠳ ᠭᠡᠷᠡᠭᠯᠡᠭᠦ ᠳᠤ ᠭᠦᠡᠭᠭᠡᠨ᠂ ᠭᠦᠭᠡᠪᠦᠷ ᠠᠪᠬᠤ ᠨᠢ ᠰᠠᠶᠢᠨ ᠪᠠᠶᠢᠳᠠᠭ᠃ ᠠᠳᠤᠭᠤᠨ ᠤ ᠭᠦᠭᠡᠪᠦᠷ ᠢ ᠠᠪᠴᠦ ᠪᠠᠷᠠᠪᠠᠯ ᠪᠤᠯᠪᠠᠰᠤᠷᠠᠭᠤᠯᠬᠤ ᠠᠵᠢᠯ ᠢᠶᠠᠨ ᠡᠭᠢᠯᠡᠨ ᠬᠢᠳᠡᠭ᠃ ᠡᠷᠳᠡ ᠲᠡᠭᠡᠷ᠎ᠠ ᠦᠶ᠎ᠠ ᠳᠤ ᠮᠤᠩᠭᠤᠯᠴᠤᠳ ᠠᠳᠤᠭᠤᠨ ᠤ ᠭᠦᠭᠡᠪᠦᠷ ᠢᠶᠠᠷ ᠭᠤᠤᠯᠳᠠᠭᠤ ᠲᠡᠪᠢᠰᠭᠡᠷ ᠬᠢᠵᠦ ᠪᠠᠶᠢᠬᠰᠠᠨ ᠪᠦᠭᠡᠳ ᠨᠢᠯᠬ᠎ᠠ ᠪᠠᠭ᠎ᠠ ᠭᠡᠦᠭᠡᠳ ᠤᠨ ᠴᠡᠭᠡᠵᠢᠪᠴᠢ ︵ᠪᠠᠷᠢᠪᠴᠢ︶ ᠬᠢᠵᠦ ᠪᠠᠶᠢᠵᠠᠢ᠃ ᠠᠳᠤᠭᠤᠨ ᠤ ᠨᠤᠤᠰᠤ ᠭᠦᠭᠡᠪᠦᠷ ᠨᠢ ᠪᠤᠰᠤᠳ ᠮᠠᠯ ᠤᠨ ᠨᠤᠤᠰᠤ ᠨᠤᠤᠯᠤᠭᠤᠷ ᠲᠠᠢ ᠠᠳᠠᠯᠢ ᠦᠭᠡᠢ᠂ ᠬᠠᠯᠠᠭᠤᠨ ᠴᠢᠨᠠᠷ ᠲᠠᠢ ᠪᠠᠶᠢᠳᠠᠭ ᠠᠴᠠ ᠨᠠᠷᠠ ᠰᠠᠯᠭᠢᠨ ᠳᠤ ᠲᠦᠷᠭᠡᠨ ᠬᠠᠳᠠᠳᠠᠭ ᠰᠠᠶᠢᠨ ᠲᠠᠯ᠎ᠠ ᠲᠠᠢ᠃ ᠲᠠᠶᠢᠮᠦ ᠠᠴᠠ ᠠᠳᠤᠭᠤᠨ ᠤ ᠭᠦᠭᠡᠪᠦᠷ ᠨᠢ ᠵᠢᠩ ᠴᠢᠭᠢᠭ ᠠᠴᠠ ᠰᠡᠷᠭᠡᠶᠢᠯᠡᠭᠦ ᠤᠨᠴᠠ ᠰᠠᠶᠢᠨ ᠲᠡᠪᠢᠰᠭᠡᠷ ᠪᠤᠯᠵᠦ ᠪᠠᠶᠢᠵᠠᠢ᠃ ᠡᠭᠦᠨ ᠠᠴᠠ ᠭᠠᠳᠠᠨ᠎ᠠ ᠠᠳᠤᠭᠤᠨ ᠤ ᠭᠦᠭᠡᠪᠦᠷ ᠢᠶᠠᠷ ᠪᠤᠷᠤᠭᠠᠨ ᠴᠠᠰᠦ᠂ ᠰᠠᠯᠭᠢᠨ ᠵᠢᠪᠠᠷ ᠢ ᠬᠠᠯᠬᠠᠯᠠᠬᠤ ᠨᠦᠮᠦᠷᠭᠡ ᠬᠢᠵᠦ ᠡᠮᠦᠰᠳᠡᠭ ᠪᠠᠶᠢᠪᠠ᠃ ᠠᠳᠤᠭᠤᠨ ᠤ ᠭᠦᠭᠡᠪᠦᠷ ᠨᠢ ᠬᠢᠯᠠᠭᠠᠷ᠂ ᠬᠠᠳᠠᠭᠤ ᠰᠢᠷᠭᠡᠭ ᠲᠠᠢ᠂ ᠪᠦᠭᠡᠮᠨᠡᠷᠡᠨ ᠰᠢᠷᠢᠯᠳᠦᠭᠦ ᠦᠭᠡᠢ ᠪᠠᠶᠢᠳᠠᠭ ᠲᠤᠯᠠ ᠭᠦᠭᠡᠪᠦᠷ ᠢᠶᠠᠷ ᠲᠠᠪᠢᠰᠭᠡᠷ᠂ ᠨᠦᠮᠦᠷᠭᠡ ᠬᠢᠭᠦ ᠨᠢ ᠮᠦᠨ ᠭᠦ ᠢᠰᠡᠭᠡᠢ ᠡᠳ᠋ᠯᠡᠯ ᠭᠢᠭᠦ ᠲᠠᠢ ᠠᠳᠠᠯᠢ ᠶᠤᠮ᠃ ᠠᠳᠤᠭᠤᠨ ᠤ ᠲᠠᠯ ᠰᠡᠭᠦᠯ ᠢ ᠭᠤᠷᠪᠠᠨ ᠰᠠᠷ᠎ᠠ ᠠᠴᠠ ᠡᠬᠢᠯᠡᠨ ᠲᠡᠯᠯᠡᠵᠦ ᠬᠢᠷᠭᠠᠳᠠᠭ ᠶᠤᠮ᠃ ᠠᠳᠤᠭᠤᠨ ᠤ ᠮᠤᠨᠳᠠᠭ᠎ᠠ ᠶᠢ ᠨᠢ ᠲᠡᠯᠯᠡᠭᠦ ᠶᠢ ᠴᠡᠭᠡᠷᠯᠡᠨ᠎ᠠ᠂ ᠰᠦᠷ ᠵᠢᠪᠬᠤᠭ᠎ᠠ ᠪᠠᠭᠤᠷᠠᠨ᠎ᠠ ᠭᠡᠳᠡᠭ᠃ ᠪᠠᠰᠠ ᠰᠠᠶᠢᠨ ᠡᠳᠦᠷ ᠦᠵᠡᠵᠦ ᠲᠡᠯᠯᠡᠭᠦ ᠦᠭᠡᠢ ᠪᠤᠯ ᠮᠤᠷᠢ᠂ ᠡᠵᠡᠨ ᠤ ᠠᠯᠢ ᠠᠯᠢᠨ ᠳᠤ ᠨᠢ ᠴᠦ ᠮᠠᠭᠤ ᠭᠡᠳᠡᠭ᠃ ᠮᠤᠷᠢᠨ ᠤ ᠭᠦᠭᠦᠯ᠂ ᠰᠦᠢᠯᠭ᠎ᠠ ︵ᠭᠡᠵᠢᠭᠡ︶᠂ ᠮᠤᠨᠳᠠᠭ᠎ᠠ ᠶᠢ ᠨᠢ ᠦᠯᠡᠳᠡᠭᠡᠵᠦ ᠤᠷᠳᠤ ᠰᠡᠭᠦᠯ ᠢ ᠨᠢ ᠲᠤᠤᠷ᠎ᠠ ᠠᠴᠠ ᠨᠢ ᠰᠦᠭᠦᠮ ᠬᠢᠷᠢ ᠲᠠᠭᠠᠷᠢᠬᠤ ᠪᠤᠶᠤ ᠤᠯᠠᠩᠭᠢ ᠳᠤ ᠪᠠᠨ ᠰᠡᠭᠦᠯ ᠤᠨ ᠲᠤᠮᠳᠠ ᠠᠴᠠ ᠨᠢ ᠬᠤᠶᠠᠷ ᠭᠤᠷᠪᠠᠨ ᠲᠤᠭ ᠰᠠᠮᠪᠠᠶᠢᠯᠭᠠᠵᠦ ᠬᠠᠶᠢᠴᠢᠯᠠᠵᠦ ᠠᠪᠳᠠᠭ᠃ ᠭᠡᠪᠡᠴᠦ ᠠᠳᠤᠭᠤᠨ ᠤ ᠰᠡᠭᠦᠯ ᠭᠡᠳᠡᠭ ᠬᠤᠨᠭ᠍ᠭᠤ ᠪᠤᠷᠪᠢ ᠪᠠᠷ ᠦᠯᠢᠶᠡᠭᠦ ᠭᠦᠢᠳᠡᠨ ᠰᠠᠯᠭᠢ ᠰᠢᠭᠤᠷᠭᠠᠨ ᠠᠴᠠ ᠨᠠᠶᠢᠳᠠᠪᠤᠷᠢᠳᠠᠢ ᠬᠠᠮᠠᠭᠠᠯᠠᠳᠠᠭ ᠰᠠᠶᠢᠨ ᠬᠠᠯᠬᠠᠪᠴᠢ ᠪᠤᠯᠳᠠᠭ ᠲᠤᠯᠠ ᠭᠡᠭᠡᠯ ᠲᠠᠢ ᠭᠡᠭᠦᠦ ᠶᠢᠨ ᠰᠡᠭᠦᠯ ᠢ ᠬᠢᠷᠭᠠᠬᠤ ᠦᠭᠡᠢ ᠪᠤᠯ ᠭᠡᠭᠡᠯ ᠬᠠᠮᠠᠭᠠᠯᠠᠬᠤ ᠳᠤ ᠰᠠᠶᠢᠨ ᠶᠤᠮ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号