ᠪᠠᠷᠢᠨᠳᠠᠭ
ᠨᠡᠶᠢᠲᠡᠯᠡᠭᠰᠡᠨ ᠴᠠᠭ᠄
2020/11/18
    ᠨᠢᠯᠬ᠎ᠠ ᠬᠡᠦᠬᠡᠳ ᠤᠨ ᠡᠮᠦᠰᠬᠡᠯ ᠢ ᠪᠠᠷᠢᠨᠲᠠᠭ ᠭᠡᠨ᠎ᠡ᠃ ᠨᠢᠯᠬ᠎ᠠ ᠬᠡᠦᠬᠡᠳ ᠮᠡᠨᠳᠦᠯᠡᠭᠰᠡᠨ ᠤ ᠳᠠᠷᠠᠭ᠎ᠠ ᠭᠤᠷᠪᠠ ᠪᠤᠶᠤ ᠳᠤᠯᠤᠭ᠎ᠠ ᠬᠤᠨᠤᠭ ᠡᠰᠡᠭᠦᠯ᠎ᠡ ᠰᠠᠷ᠎ᠠ ᠳᠦᠭᠦᠷᠬᠦ ᠳᠤᠨᠢ ᠪᠠᠷᠢᠨᠳᠠᠭ ᠡᠮᠤᠰᠤᠭᠦᠯᠳᠡᠭ᠃     ᠪᠠᠷᠢᠨᠲᠠᠭ ᠤᠨ ᠡᠩᠭᠡᠷ ᠵᠠᠭᠠᠮ᠎ᠠ᠂ ᠬᠤᠷᠮᠤᠢ᠂ ᠤᠨᠤᠭᠤ ᠵᠡᠷᠭᠡ ᠶᠢ ᠰᠤᠯᠨ ᠵᠠᠳᠠᠭᠠᠢ ᠬᠦᠰᠢᠵᠤ ᠤᠶᠤᠳᠠᠭ᠂ ᠲᠤᠮᠤ ᠬᠦᠮᠦᠨ ᠤ ᠬᠤᠪᠴᠠᠰᠤ ᠠᠳᠠᠯᠢ ᠨᠠᠷᠢᠯᠢᠭ ᠰᠠᠶᠢᠬᠠᠨ ᠤᠶᠤᠬᠤ ᠦᠭᠡᠢ᠂ ᠪᠠᠷᠢᠨᠳᠠᠭ ᠤᠨ ᠡᠩᠭᠡᠷ ᠢ ᠪᠤᠷᠤᠭᠤ ᠬᠠᠨᠳᠤᠭᠤᠯᠤᠨ ᠤᠶᠤᠨ᠎ᠠ᠂ ᠬᠠᠷᠢᠨ ᠲᠤᠮᠤ ᠬᠦᠮᠦᠨ ᠤ ᠬᠤᠪᠴᠠᠰᠤ ᠮᠡᠲᠤ ᠡᠩᠭᠡᠷ ᠢ ᠨᠢ ᠵᠦᠪ ᠬᠠᠨᠳᠤᠭᠤᠯᠤᠨ ᠤᠶᠤᠬᠤ ᠦᠭᠡᠢ᠂ ᠪᠠᠷᠢᠨᠳᠠᠭ ᠲᠤ ᠲᠤᠪᠴᠢ ᠰᠢᠯᠪᠢ ᠦᠭᠡᠢ᠂ ᠡᠩᠭᠡᠷ ᠪᠠ ᠬᠤᠶᠠᠷ ᠰᠤᠭᠤᠨ ᠳᠤᠨᠢ ᠪᠦᠴᠡ ᠬᠠᠳᠠᠭᠠᠳ ᠠᠷᠤ ᠳᠤᠨᠢ ᠠᠪᠠᠴᠢᠵᠤ ᠤᠶᠠᠳᠠᠭ᠂ ᠪᠠᠷᠢᠨᠳᠠᠭ ᠢ ᠪᠠᠬᠢᠯᠢᠭ᠌ ᠰᠠᠶᠢᠬᠠᠨ ᠪᠠᠵᠠᠭᠠᠬᠤ ᠦᠭᠡᠢ᠂ ᠬᠤᠷᠳᠤᠨ ᠡᠯᠡᠭᠳᠡᠨ ᠪᠠᠷᠠᠭᠳᠠᠬᠤ ᠶᠢ ᠰᠠᠶᠢᠨ ᠬᠡᠮᠡᠨ ᠪᠡᠯᠭᠡᠳᠡᠳᠡᠭ᠂ ᠰᠢᠨ᠎ᠡ ᠪᠠᠷᠢᠨᠲᠠᠭ ᠢ ᠤᠶᠤᠬᠤ ᠳᠠᠭᠠᠨ ᠵᠠᠭᠠᠮ᠎ᠠ ᠶᠢᠨ ᠤᠬᠤᠳᠠᠰᠤ ᠶᠢ ᠬᠠᠶᠢᠴᠢᠯᠠᠵᠤ ᠠᠪᠤᠭᠠᠳ ᠪᠠᠷᠢᠨᠳᠠᠭ ᠤᠨ ᠨᠢᠷᠤᠭᠤᠨ ᠭᠤᠤᠯ ᠳᠤᠨᠢ ᠬᠠᠳᠠᠵᠤ᠂ ᠤᠬᠤᠳᠠᠰᠤ ᠶᠢᠨ ᠳᠡᠭᠡᠷ᠎ᠡ ᠨᠢ ᠲᠤᠮᠤ ᠭᠠᠤᠯᠢᠨ ᠵᠤᠭᠤᠰ ᠲᠠᠭᠠᠷᠠᠭᠤᠯᠤᠨ ᠤᠶᠤᠳᠠᠭ᠃     ᠪᠠᠷᠢᠨᠳᠠᠭ ᠲᠤ ᠬᠦᠦ᠂ ᠦᠬᠢᠨ ᠤ ᠡᠮᠦᠰᠬᠦ ᠭᠡᠵᠤ ᠢᠯᠭᠠᠭ᠎ᠠ ᠦᠭᠡᠢ᠂ ᠪᠠᠷᠢᠨᠳᠠᠭ ᠤᠨ ᠬᠠᠭᠤᠴᠢᠨ ᠢ ᠨᠢ ᠰᠢᠨ᠎ᠡ ᠠᠴᠠ ᠢᠯᠡᠭᠦᠦ ᠡᠷᠬᠢᠮᠯᠡᠳᠡᠭ᠂ ᠢᠯᠡᠩᠭᠤᠶ᠎ᠠ ᠬᠡᠦᠬᠡᠳ ᠤᠯᠠᠨᠲᠠᠢ ᠠᠶᠢᠯ ᠤᠨ ᠬᠡᠦᠬᠡᠳ ᠤᠨ ᠡᠮᠦᠰᠦᠭᠰᠡᠨ ᠬᠠᠭᠤᠴᠢᠨ ᠪᠠᠷᠢᠨᠳᠠᠭ ᠢ ᠮᠠᠰᠢ ᠡᠷᠬᠢᠮᠯᠡᠨ ᠭᠤᠶᠤᠵᠤ ᠠᠪᠤᠭᠠᠳ ᠨᠢᠯᠬ᠎ᠠ ᠬᠡᠦᠬᠡᠳ ᠲᠡᠭᠡᠨ ᠡᠮᠦᠰᠭᠡᠳᠡᠭ᠂ ᠡᠷᠡᠭᠦᠯ ᠴᠢᠬᠢᠷᠠᠭ ᠬᠡᠦᠬᠡᠳ ᠦᠰᠦᠭᠰᠡᠨ ᠪᠠᠷᠢᠨᠳᠠᠭ ᠢ ᠬᠠᠭᠤᠴᠢᠨ᠂ ᠴᠤᠭᠤᠷᠬᠠᠢ᠂ ᠤᠷᠠᠩᠬᠠᠢ ᠭᠡᠵᠤ ᠤᠭᠲᠤ ᠭᠤᠯᠤᠬᠤ ᠦᠭᠡᠢ᠂ ᠬᠠᠭᠤᠴᠢᠨ ᠪᠠᠷᠢᠨᠳᠠᠭ ᠡᠮᠦᠰᠦᠭᠰᠡᠨ ᠬᠡᠦᠬᠡᠳ ᠨᠢ ᠴᠢᠬᠢᠷᠠᠭ ᠲᠤᠷᠨᠢᠭᠤᠨ ᠦᠰᠦᠨ ᠪᠤᠶᠢᠵᠢᠨ᠎ᠡ ᠭᠡᠳᠡᠭ᠂ ᠤᠯᠠᠨ ᠬᠡᠦᠬᠡᠳ ᠦᠰᠦᠭᠰᠡᠨ ᠠᠶᠢᠯ ᠨᠢ ᠪᠠᠷᠢᠨᠳᠠᠭ ᠢᠶᠠᠨ ᠬᠠᠳᠠᠭᠠᠯᠠᠨ ᠳᠠᠷᠠᠭ᠎ᠠ ᠳᠠᠷᠠᠭ᠎ᠠ ᠪᠠᠷ ᠡᠮᠦᠰᠭᠡᠵᠤ᠂ ᠤᠨᠴᠠ ᠵᠠᠷᠢᠮ ᠨᠢ ᠦᠶ᠎ᠡ ᠵᠠᠯᠭᠠᠮᠵᠢᠯᠡᠨ ᠡᠮᠦᠰᠭᠡᠳᠡᠭ ᠴᠤ  ᠪᠣᠢ᠂ ᠵᠠᠷᠢᠮ ᠬᠡᠦᠬᠡᠳ ᠴᠦᠭᠡᠨ ᠠᠶᠢᠯ ᠨᠢ ᠲᠤᠰᠬᠠᠶᠢᠯᠠᠨ ᠰᠢᠨ᠎ᠡ ᠪᠠᠷᠢᠨᠳᠠᠭ ᠤᠶᠤᠭᠠᠳ ᠪᠤᠰᠤᠳ ᠠᠶᠢᠯ ᠤᠨ ᠴᠢᠬᠢᠷᠠᠭ ᠲᠤᠷᠨᠢᠭᠤᠨ ᠬᠡᠦᠬᠡᠳ ᠲᠤ ᠦᠭᠴᠤ ᠬᠠᠭᠤᠴᠢᠨ ᠢ ᠨᠢ ᠰᠤᠯᠢᠬᠤ ᠪᠤᠶᠤ ᠬᠡᠦᠬᠡᠳ ᠲᠤᠨᠢ ᠬᠡᠳᠦᠨ ᠡᠳᠦᠷ ᠡᠮᠦᠰᠭᠡᠭᠡᠳ ᠦᠪᠡᠷ ᠤᠨ ᠬᠡᠦᠬᠡᠳ ᠲᠡᠭᠡᠨ ᠡᠮᠦᠰᠭᠡᠬᠦ ᠴᠤ ᠪᠤᠢ᠂ ︽ᠬᠦᠮᠦᠨ ᠤ ᠨᠢᠭᠡ ᠨᠠᠰᠤᠨ ᠳᠠᠭᠠᠨ ᠡᠳ᠋ᠯᠡᠵᠤ ᠡᠮᠦᠰᠬᠦ ᠲᠤᠭ᠎ᠠ ᠲᠠᠢ︾ ᠬᠡᠮᠡᠨ ᠬᠡᠦᠬᠡᠳ ᠤᠨ ᠪᠠᠭ᠎ᠠ ᠳᠤᠨᠢ ᠤᠯᠠᠨ ᠬᠤᠪᠴᠠᠰᠤ ᠡᠮᠦᠰᠭᠡᠬᠦ  ᠶᠢ ᠴᠡᠭᠡᠷᠯᠡᠨ᠎ᠡ᠂ ᠬᠡᠦᠬᠡᠳ  ᠲᠤ ᠤᠯᠠᠨ ᠬᠤᠪᠴᠠᠰᠤ ᠡᠮᠦᠰᠭᠡᠪᠡᠯ ᠬᠦᠷᠦᠩᠭᠡ ᠨᠢ ᠨᠢᠮᠭᠡᠷᠡᠨ ᠬᠦᠨᠡᠰᠦ ᠨᠢ ᠪᠠᠷᠠᠭᠳᠠᠨ᠎ᠠ ᠭᠡᠵᠤ ᠦᠵᠡᠳᠡᠭ᠃     ᠪᠠᠷᠢᠨᠳᠠᠭ ᠢ ᠴᠡᠪᠡᠷ ᠭᠠᠵᠠᠷ ᠬᠤᠷᠢᠶᠠᠨ ᠬᠠᠳᠠᠭᠠᠯᠠᠵᠤ ᠬᠠᠮᠢᠶ᠎ᠠ ᠨᠠᠮᠢᠶ᠎ᠠ ᠦᠭᠡᠢ ᠲᠠᠯᠪᠢᠬᠤ ᠶᠢ ᠬᠢᠴᠢᠶᠡᠨ᠎ᠡ᠂ ᠤᠭᠢᠶᠠᠵᠤ ᠴᠡᠪᠡᠷᠯᠡᠭᠡᠳ ᠭᠠᠳᠠᠨ᠎ᠠ ᠲᠠᠯᠪᠢᠭᠰᠠᠨ ᠪᠠᠷᠢᠨᠳᠠᠭ ᠢ ᠨᠠᠷᠨ ᠰᠢᠩᠭᠡᠬᠦ ᠠᠴᠠ ᠤᠷᠢᠳ ᠭᠡᠷ ᠲᠡᠭᠡᠨ ᠠᠪᠴᠤ ᠤᠷᠤᠨ᠎ᠠ᠂ ᠭᠠᠳᠠᠨ᠎ᠠ ᠬᠤᠨᠤᠭᠤᠯᠠᠬᠤ ᠶᠢ ᠲᠠᠰᠤ ᠴᠡᠭᠡᠷᠯᠡᠨ᠎ᠡ᠃ ᠪᠠᠷᠢᠨᠳᠠᠭ ᠬᠢᠬᠦ ᠳᠤ ᠪᠦᠰ ᠤᠨ ᠦᠡᠭᠭᠡ ᠴᠢᠨᠡᠷ ᠢ ᠢᠯᠭᠠᠵᠤ ᠰᠢᠯᠢᠬᠦ ᠦᠭᠡᠢ᠂ ᠰᠢᠨ᠎ᠡ ᠬᠠᠭᠤᠴᠢᠨ ᠶᠠᠮᠠᠷ ᠪᠦᠰ ᠴᠤ ᠪᠦᠷ ᠪᠤᠯᠤᠨ᠎ᠠ᠂ ᠪᠠᠰᠨ ᠵᠠᠷᠢᠮ ᠨᠢ ᠲᠤᠰᠬᠠᠶᠢᠯᠠᠨ ᠠᠶᠢᠯ ᠠᠴᠠ ᠪᠦᠰ ᠤᠨ ᠦᠭᠡᠳᠡᠰᠦ ᠭᠤᠶᠤᠵᠤ ᠠᠪᠴᠢᠷᠠᠨ ᠵᠦᠢᠵᠤ ᠤᠶᠤᠭᠠᠳ ᠪᠠᠷᠢᠨᠳᠠᠭ ᠪᠤᠯᠭᠠᠬᠤ ᠴᠤ ᠪᠤᠢ᠂ ᠡᠨ᠋ᠨ ᠨᠢ ᠬᠠᠳᠠᠭᠤ ᠴᠢᠬᠢᠷᠠᠭ ᠦᠰᠦᠨ ᠪᠤᠶᠢᠵᠢᠬᠤ ᠶᠢ ᠪᠡᠯᠭᠡᠳᠡᠵᠤ ᠪᠠᠶᠢᠳᠠᠭ᠃ ᠡᠩᠭᠦᠷᠡᠢ ᠬᠡᠦᠬᠡᠳ ᠲᠤ ᠡᠮᠦᠰᠦᠭᠦᠯᠬᠦ ᠠᠴᠠ ᠤᠷᠢᠳ ᠨᠤᠬᠠᠢ ᠳᠤ ᠡᠮᠦᠰᠦᠭᠦᠯᠳᠡᠭ ᠴᠤ ᠪᠤᠢ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号