ᠪᠡᠭᠡᠵᠢᠩ ᠲᠢᠶᠠᠨᠵᠢᠨ ᠠᠴᠠ ᠬᠠᠮᠤᠭ ᠤᠢᠢᠷᠠᠬᠠᠨ ︽ᠡᠯᠡᠰᠦᠨ ᠬᠤᠲᠣᠭᠤᠷ︾᠎ ᠤᠨ ᠭᠠᠶᠢᠬᠠᠮᠰᠢᠭᠲᠤ ᠬᠤᠪᠢᠷᠠᠯᠲᠠ
ᠨᠡᠶᠢᠲᠡᠯᠡᠭᠰᠡᠨ ᠴᠠᠭ᠄
2020/10/15
    ᠬᠤᠯᠠᠨ ᠰᠢᠷᠭ᠎ᠠ ᠳᠠᠭ᠎ᠠ ᠶᠢᠨ ᠡᠯᠡᠰᠦ ᠪᠤᠯ ᠳᠤᠮᠳᠠᠳᠤ ᠤᠯᠤᠰ ᠤᠨ ᠠᠷᠪᠠᠨ ᠶᠡᠭᠡ ᠡᠯᠡᠰᠦᠷᠭᠡᠭ ᠭᠠᠵᠠᠷ ᠤᠨ ᠨᠢᠭᠡ ᠪᠤᠯᠤᠨ᠎ᠠ᠂ ᠰᠢᠯᠢ ᠶᠢᠨ ᠭᠤᠣᠯ ᠤᠨ ᠲᠠᠯ᠎ᠠ ᠨᠤᠲᠤᠭ ᠤᠨ ᠡᠮᠦᠨ᠎ᠠ ᠵᠠᠬ᠎ᠠ ᠳᠤ ᠪᠠᠶᠢᠷᠢᠯᠠᠵᠦ᠂ ᠪᠡᠭᠡᠵᠢᠩ ᠠᠴᠠ ᠡᠭᠴᠡ ᠴᠢᠭᠯᠡᠯ ᠢᠶᠠᠷ 180 ᠺᠢᠯᠣᠮᠧᠲᠷ ᠵᠠᠢ ᠲᠠᠢ  ᠪᠠᠶᠢᠳᠠᠭ᠂ ᠪᠡᠭᠡᠵᠢᠩ ᠠᠴᠠ ᠬᠠᠮᠤᠭ ᠤᠢᠢᠷᠠᠬᠠᠨ ᠡᠯᠡᠰᠦᠨ ᠤ ᠡᠬᠢ ᠪᠣᠯᠤᠨ᠎ᠠ᠃ ᠬᠤᠯᠠᠨ ᠰᠢᠷᠭ᠎ᠠ ᠳᠠᠭ᠎ᠠ ᠶᠢᠨ ᠡᠯᠡᠰᠤ ᠨᠢ ᠵᠡᠬᠦᠨᠰᠢ ᠪᠠᠷᠠᠭᠤᠨᠰᠢ ᠪᠠᠨ 450 ᠺᠢᠯᠣᠮᠧᠲᠷ  ᠂ 5.2 ᠲᠦᠮᠡᠨ ᠲᠡᠭᠰᠢ ᠲᠦᠷᠪᠡᠯᠵᠢᠨ ᠺᠢᠯᠣᠮᠧᠲᠷ ᠲᠠᠯᠠᠪᠠᠢ ᠲᠠᠢ᠂ ᠳᠤᠮᠳᠠᠴᠢ ᠡᠷᠭᠦᠭᠳᠡᠴᠨ ᠨᠢ 1100 ᠢᠯᠡᠬᠦᠦ  ᠮᠧᠲᠷ᠃ ᠮᠠᠨ ᠤ ᠤᠷᠤᠨ ᠤ ᠳᠤᠮᠲᠠ ᠪᠡᠶ᠎ᠠ ᠪᠤᠯᠤᠨ ᠵᠡᠬᠦᠨ ᠪᠡᠶ᠎ᠠ ᠶᠢᠨ ᠲᠦᠷᠪᠡᠨ ᠶᠡᠭᠡ ᠡᠯᠡᠰᠦᠷᠬᠡᠭ ᠭᠠᠵᠠᠷ ᠤᠨ ᠨᠢᠭᠡ ᠪᠤᠯᠤᠨ᠎ᠠ᠃     ᠠᠳᠡ ᠤᠤᠯ ᠨᠢ ᠤᠯᠠᠭᠠᠨ ᠬᠠᠯᠴᠠᠭᠠᠢ᠂ ᠡᠯᠡᠰᠦᠨ ᠰᠢᠭᠤᠷᠭ᠎ᠠ ᠲᠡᠭᠷᠢ ᠭᠠᠵᠠᠷ ᠢ ᠵᠠᠯᠭᠠᠮᠠᠷ ᠦᠷᠭᠦᠯᠵᠢᠯᠡᠨ᠂ ᠡᠯᠡᠰᠦᠨ ᠨᠡᠭᠦᠳᠡᠯ ᠡᠳᠦᠷ ᠰᠦᠨᠢ ᠦᠭᠡᠢ ᠦᠷᠬᠦᠯᠵᠢᠯᠡᠳᠡᠭ᠃ ᠲᠤᠭ᠎ᠠ ᠲᠠᠢ ᠬᠡᠳᠦᠨ ᠮᠤᠳᠦ ᠪᠠᠯᠡᠷ ᠡᠯᠡᠰᠦᠨ ᠳᠤ ᠬᠠᠷᠠᠭᠲᠠᠳᠠᠭ ᠪᠠᠶᠢᠪᠠ᠃ 20 ᠵᠢᠯ ᠤᠨ ᠡᠮᠦᠨ᠎ᠠ᠂ ᠪᠡᠭᠡᠵᠢᠩ ᠲᠢᠶᠠᠨᠵᠢᠨ ᠠᠴᠠ ᠬᠠᠮᠤᠭ ᠤᠢᠢᠷᠬᠠᠨ ︽ᠡᠯᠡᠰᠦᠨ ᠴᠠᠷ᠎ᠠ︾ ᠬᠡᠵᠦ ᠨᠡᠷᠡᠶᠢᠳᠦᠭᠳᠡᠭᠰᠡᠨ ᠬᠤᠯᠠᠨ ᠰᠢᠷᠭ᠎ᠠ ᠳᠠᠭ᠎ᠠ ᠶᠢᠨ ᠡᠯᠡᠰᠦ ᠨᠢ ᠤᠮᠠᠷᠠᠲᠤ ᠤᠷᠤᠨ ᠢ ᠴᠦ ᠳᠠᠭᠠᠷᠢᠨ ᠪᠡᠭᠡᠵᠢᠩ ᠲᠢᠶᠠᠨᠵᠢᠨ ᠳᠤ ᠭᠠᠢ ᠭᠠᠮᠰᠢᠭ ᠲᠠᠷᠢᠵᠦ ᠪᠠᠶᠢᠪᠠ᠃     ᠠᠮᠢ ᠠᠬᠤᠢ ᠡᠪᠳᠡᠭᠳᠡᠭᠰᠡᠨ ᠪᠠᠶᠢᠳᠠᠯ ᠢ ᠬᠤᠪᠢᠷᠠᠭᠤᠯᠬᠤ ᠶᠢᠨ ᠲᠥᠯᠦᠭᠡ᠂ 20 ᠵᠢᠯ ᠤᠨ ᠲᠤᠷᠰᠢ ᠤᠯᠤᠰ ᠠᠴᠠ ᠠᠮᠢ ᠠᠬᠤᠢ ᠶᠢ ᠬᠠᠮᠠᠭᠠᠯᠠᠬᠤ ᠪᠠ ᠪᠦᠲᠦᠭᠡᠨ ᠪᠠᠶᠢᠭᠤᠯᠬᠤ ᠨᠢᠭᠡᠨ ᠰᠢᠷᠢᠰ ᠭᠤᠣᠯᠳᠠᠯᠭ᠎ᠠ ᠲᠠᠢ ᠢᠨᠵᠧᠨᠧᠷᠢᠩ ᠢ ᠬᠡᠷᠡᠭᠵᠢᠭᠦᠯᠵᠡᠢ᠃ ᠭᠠᠵᠡᠷ ᠤᠷᠤᠨ ᠤ ᠤᠨᠴᠠᠯᠢᠭ ᠲᠤ ᠨᠢ ᠲᠤᠬᠢᠷᠠᠭᠤᠯᠵᠦ᠂ ᠪᠡᠯᠴᠢᠭᠡᠷᠯᠡᠬᠦᠯᠬᠦ ᠶᠢ ᠵᠤᠭᠰᠤᠭᠠᠬᠤ᠂ ᠮᠡᠯ ᠪᠡᠯᠴᠢᠭᠡᠷ ᠤᠨ ᠲᠡᠩᠴᠡᠭᠦᠷᠢ ᠶᠢ ᠪᠠᠲᠤᠯᠠᠬᠤ᠂ ᠪᠡᠯᠴᠢᠭᠡᠷ ᠢᠶᠠᠨ ᠰᠡᠷᠭᠦᠭᠡᠬᠦ᠂ ᠰᠡᠯᠬᠦᠨ ᠮᠠᠯᠵᠢᠬᠤ ᠵᠡᠷᠭᠡ ᠬᠠᠮᠠᠭᠠᠯᠠᠯᠲᠠ ᠶᠢᠨ ᠠᠷᠭ᠎ᠠ ᠬᠡᠮᠵᠢᠶ᠎ᠡ ᠶᠢ ᠠᠪᠴᠦ᠂ ᠠᠭᠠᠵᠢᠮ ᠢᠶᠠᠷ ᠡᠯᠡᠰᠦ ᠶᠢ ᠲᠤᠭᠲᠠᠪᠤᠷᠢᠵᠢᠭᠤᠯᠤᠭᠰᠠᠨ ᠎ ᠠᠴᠠ ᠬᠤᠯᠠᠨ ᠰᠢᠷᠭ᠎ᠠ ᠡᠯᠡᠰᠦᠨ ᠤ ᠤᠷᠭᠤᠮᠠᠯ ᠤᠨ ᠪᠦᠷᠬᠦᠴᠡ ᠶᠢᠨ ᠨᠤᠷᠮ᠎ᠠ 41%᠎ ᠳᠤ ᠬᠦᠷᠴᠤ ᠶᠡᠭᠡ ᠡᠷᠬᠢᠯᠲᠡ ᠲᠠᠢ ᠪᠣᠯᠵᠦ᠂ ᠡᠬᠡ ᠤᠯᠤᠰ ᠤᠨ ᠤᠮᠠᠷᠠᠲᠤ ᠬᠢᠯᠢ ᠶᠢᠨ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠨᠡᠩ ᠪᠠᠲᠤ ᠪᠠᠬᠢ ᠪᠣᠯᠭᠠᠵᠠᠢ᠃     ᠡᠯᠡᠰᠦ ᠶᠢ ᠪᠢᠲᠡᠭᠦᠮᠵᠢᠯᠡᠨ ᠪᠡᠯᠴᠢᠭᠡᠷᠯᠡᠬᠦᠯᠬᠦ ᠶᠢ ᠵᠤᠭᠰᠤᠭᠠᠵᠤ ᠡᠭᠡ ᠪᠠᠶᠢᠭᠠᠯᠢ ᠪᠠᠨ ᠬᠠᠮᠠᠭᠠᠯᠠᠪᠡ     ᠬᠤᠯᠠᠨ ᠰᠢᠷᠭ᠎ᠠ ᠳᠠᠭ᠎ᠠ ᠶᠢᠨ ᠡᠯᠡᠰᠦᠨ ᠳᠤ ᠤᠢ ᠮᠤᠳᠤ ᠨᠤᠭᠤᠭᠠᠷᠠᠨ ᠨᠠᠭᠤᠷ ᠪᠤᠷᠢᠳᠤ ᠲᠠᠢ ᠠᠭᠤᠰᠤᠯᠴᠠᠨ ᠵᠤᠬᠢᠴᠠᠯᠳᠤᠵᠦ ᠶᠤᠰᠤᠳᠡᠢ ᠯᠡ ᠲᠤᠰᠤᠨ ᠪᠤᠳᠤᠭ ᠤᠨ ᠵᠢᠷᠤᠭ ᠰᠢᠬ ᠬᠠᠷᠬᠠᠳᠠᠨ᠎ᠠ᠃     ᠰᠢᠯᠢ ᠶᠢᠨ ᠭᠤᠣᠯ ᠠᠶᠢᠮᠠᠭ ᠤᠨ ᠰᠢᠯᠤᠭᠤᠨ ᠬᠦᠬᠡ ᠬᠤᠰᠢᠭᠤᠨ ᠤ ᠨᠡᠷᠡᠲᠤ ᠰᠤᠮᠤᠨ ᠤ ᠭᠤᠭᠤᠰᠤᠲᠠᠢ ᠰᠤᠮᠤᠨ ᠤ ᠮᠠᠯᠴᠢᠨ ᠬᠠᠰᠪᠠᠭᠠᠲᠤᠷ ᠤᠨ ᠬᠡᠷᠡᠮ ᠬᠠᠰᠢᠶ᠎ᠠ ᠶᠢ ᠨᠢ ᠮᠠᠩᠬ᠎ᠠ ᠳᠠᠷᠤᠵᠤ᠂ ᠨᠤᠲᠤᠭ ᠪᠡᠯᠴᠢᠭᠡᠷ ᠨᠢ ᠡᠯᠡᠰᠦᠷᠬᠡᠭᠵᠢᠨ ᠮᠠᠯ ᠤᠨᠤᠭ᠎ᠠ ᠨᠢ ᠡᠪᠡᠰᠦ ᠤᠯᠵᠦ ᠢᠳᠡᠬᠦ ᠦᠬᠡᠢ ᠪᠠᠶᠢᠬᠰᠠᠨ ᠢᠶᠠᠨ ᠤᠳᠤ ᠪᠡᠯᠴᠢᠬᠡᠷ ᠨᠢ ᠤᠷᠭᠤᠯᠲᠠ ᠲᠠᠢ ᠰᠠᠶᠢᠲᠠᠢ ᠪᠤᠯᠵᠦ ᠡᠯᠡᠰᠦᠨ ᠰᠢᠭᠤᠷᠭ᠎ᠠ ᠲᠡᠭᠳᠡᠭᠦ ᠪᠠᠨ ᠪᠤᠯᠢᠭᠰᠠᠨ ᠳᠤ ᠲᠡᠷᠡ ᠮᠠᠰᠢ ᠪᠠᠶᠠᠷᠲᠠᠢ ᠪᠠᠶᠢᠯ᠎ᠠ᠃     ᠬᠤᠯᠠᠨ ᠰᠢᠷᠭ᠎ᠠ ᠳᠠᠭ᠎ᠠ ᠶᠢᠨ ᠡᠯᠡᠰᠦ ᠪᠤᠯ ᠮᠠᠨ ᠤ ᠤᠯᠤᠰ ᠤᠨ ᠲᠠᠪᠤᠨ ᠶᠡᠭᠡ ᠡᠯᠡᠰᠦᠷᠬᠡᠭ ᠭᠠᠵᠠᠷ ᠤᠨ ᠨᠢᠭᠡ ᠪᠣᠯᠤᠨ᠎ᠠ᠂ ᠭᠤᠣᠯᠳᠠᠭᠤ ᠮᠠᠨ ᠤ ᠤᠷᠤᠨ ᠤ ᠰᠢᠯᠢ ᠶᠢᠨ ᠭᠤᠣᠯ ᠠᠶᠢᠮᠠᠭ ᠤᠨ 9 ᠬᠤᠰᠢᠭᠤ ᠰᠢᠶᠠᠨ ᠪᠣᠯᠤᠨ ᠤᠯᠠᠭᠠᠨᠬᠠᠳᠠ ᠬᠤᠲᠠ ᠶᠢᠨ ᠬᠡᠰᠢᠭᠲᠡᠨ ᠬᠤᠰᠢᠭᠤᠨ ᠳᠤ ᠲᠠᠷᠬᠠᠵᠦ᠂ ᠶᠡᠷᠦᠩᠬᠡᠢ ᠲᠠᠯᠠᠪᠠᠢ ᠨᠢ 5766 ᠲᠦᠮᠡᠨ ᠮᠦ ᠬᠦᠷᠳᠡᠭ᠃     2000 ᠤᠨ ᠠᠴᠠ ᠡᠮᠦᠨ᠎ᠠ᠂ ᠤᠷᠳᠤ ᠬᠤᠭᠤᠴᠠᠭᠠᠨ ᠤ ᠠᠭᠤᠷ ᠠᠮᠢᠰᠬᠤᠯ ᠤᠨ ᠬᠤᠪᠢᠷᠠᠯᠲᠠ ᠪᠣᠯᠣᠨ ᠬᠦᠮᠦᠨ ᠤ ᠠᠵᠢᠯᠯᠠᠭ᠎ᠠ ᠶᠢᠨ ᠨᠥᠯᠦᠭᠡ ᠶᠢ ᠬᠦᠷᠲᠡᠭᠰᠡᠨ ᠢᠶᠠᠷ᠂ ᠬᠤᠯᠠᠨ ᠰᠢᠷᠭ᠎ᠠ ᠲᠠᠭ᠎ᠠ ᠶᠢᠨ ᠡᠯᠡᠰᠦᠷᠭᠡᠭ ᠭᠠᠵᠠᠷ ᠤᠨ ᠠᠮᠢ ᠠᠬᠤᠢ ᠬᠦᠨᠳᠦ ᠨᠤᠴᠢᠲᠠᠢ ᠡᠪᠳᠡᠭᠳᠡᠵᠡᠢ᠂ ᠠᠳᠡ ᠠᠴᠠ ᠡᠭᠦᠰᠦᠯ ᠲᠠᠢ ᠡᠯᠡᠰᠦᠨ ᠰᠢᠭᠤᠷᠭ᠎ᠠ ᠵᠡᠷᠭᠡ ᠪᠠᠶᠢᠭᠠᠯᠢ ᠶᠢᠨ ᠭᠠᠮᠰᠢᠭ ᠨᠢ ᠤᠮᠠᠷᠠᠲᠤ ᠤᠷᠤᠨ ᠳᠤ ᠴᠦ ᠰᠦᠷᠲᠡᠬᠦᠯᠤᠯ ᠪᠣᠯᠤᠬᠰᠡᠨ ᠪᠦᠭᠡᠤᠨ ᠤᠨᠴᠠᠭᠠᠢᠢᠯᠠᠨ 2000 ᠤᠨ ᠤ ᠬᠠᠪᠤᠷ ᠪᠡᠬᠡᠵᠢᠩ ᠲᠢᠶᠠᠨᠵᠢᠨ ᠵᠡᠷᠭᠡ ᠭᠠᠵᠠᠷ 10 ᠭᠠᠷᠤᠢ ᠤᠳᠠᠭ᠎ᠠ ᠡᠯᠡᠰᠦᠨ ᠰᠢᠭᠤᠷᠭ᠎ᠠ ᠲᠡᠭᠳᠡᠵᠡᠢ᠃     ᠬᠦᠨᠳᠦ ᠨᠤᠴᠢᠲᠠᠢ ᠠᠮᠢ ᠠᠬᠤᠢ ᠶᠢᠨ ᠡᠪᠳᠡᠭᠳᠡᠯ ᠳᠤ ᠴᠢᠭᠯᠡᠭᠦᠯᠦᠨ᠂ 2000 ᠤᠨ ᠳᠤ᠂ ᠤᠯᠤᠰ ᠠᠴᠠ ᠬᠤᠯᠠᠨ ᠰᠢᠷᠭ᠎ᠠ ᠶᠢᠨ ᠡᠯᠡᠰᠦᠨ ᠳᠤ ᠪᠡᠭᠡᠵᠢᠩ ᠲᠢᠶᠠᠨᠵᠢᠨ ᠤ ᠰᠠᠯᠬᠢ ᠰᠢᠭᠤᠷᠭᠠᠨ ᠤ ᠡᠬᠢ ᠰᠤᠷᠪᠤᠯᠵᠢ ᠶᠢ ᠵᠠᠰᠠᠬᠤ᠂ ᠪᠡᠯᠴᠢᠭᠡᠷᠯᠡᠬᠦᠯᠬᠦ ᠶᠢ ᠵᠤᠭᠰᠤᠭᠠᠵᠦ ᠪᠡᠯᠴᠢᠭᠡᠷ ᠢ ᠰᠡᠷᠭᠦᠬᠡᠬᠦ᠂ ᠲᠠᠷᠢᠶᠠᠯᠠᠬᠤ ᠶᠢ ᠵᠤᠭᠰᠤᠭᠠᠨ ᠡᠪᠡᠰᠦ ᠮᠤᠲᠤ ᠲᠠᠷᠢᠵᠤ ᠦᠢᠵᠢᠭᠤᠯᠬᠤ ᠵᠡᠷᠭᠡ ᠠᠮᠢ ᠠᠬᠤᠢ ᠶᠢ ᠬᠠᠮᠠᠭᠠᠯᠠᠬᠤ ᠪᠠ ᠪᠦᠲᠦᠭᠡᠨ ᠪᠠᠶᠢᠭᠤᠯᠬᠤ ᠨᠢᠭᠡᠨ ᠰᠢᠷᠢᠰ ᠭᠤᠣᠯᠳᠠᠯᠭ᠎ᠠ ᠲᠠᠢ ᠢᠨᠵᠧᠨᠧᠷᠢᠩ ᠢ ᠡᠬᠢᠯᠡᠭᠦᠯᠵᠡᠢ᠃ ᠬᠤᠯᠠᠨ ᠰᠢᠷᠭ᠎ᠠ ᠲᠠᠭ᠎ᠠ ᠶᠢᠨ ᠡᠯᠡᠰᠦᠷᠬᠡᠭ ᠭᠠᠵᠠᠷ ᠨᠢ ᠪᠡᠬᠡᠵᠢᠩ ᠲᠢᠶᠡᠨᠵᠢᠨ ᠤ ᠡᠯᠡᠰᠦᠨ ᠰᠢᠭᠤᠷᠭ᠎ᠠ ᠶᠢᠨ ᠡᠬᠢ ᠰᠤᠷᠪᠤᠯᠵᠢ ᠶᠢ ᠵᠠᠰᠠᠬᠤ ᠢᠨᠵᠧᠨᠧᠷᠢᠩ ᠤᠨ ᠡᠬᠢᠯᠡᠯᠲᠠ ᠶᠢᠨ ᠴᠡᠭ ᠪᠣᠯᠤᠬᠰᠡᠨ ᠪᠠᠶᠢᠨ᠎ᠠ᠃     ᠮᠠᠨ ᠤ ᠤᠷᠤᠨ ᠡᠨᠡᠬᠦ ᠭᠤᠣᠯᠳᠠᠯᠭ᠎ᠠ ᠲᠠᠢ ᠢᠨᠵᠧᠨᠧᠷᠢᠩ ᠢ ᠬᠡᠷᠡᠭᠵᠢᠭᠦᠯᠦᠭᠰᠡᠨ ᠰᠠᠭᠤᠷᠢᠨ ᠳᠡᠭᠡᠷ᠎ᠠ᠂ ᠡᠬᠡ ᠪᠠᠶᠢᠭᠠᠯᠢ ᠪᠠᠨ ᠳᠡᠭᠡᠳᠦᠯᠡᠨ᠂ ᠪᠠᠶᠢᠭᠠᠯᠢ ᠶᠢᠨ ᠵᠢᠮ᠎ᠠ ᠬᠠᠤᠯᠢ ᠶᠢ ᠵᠢᠷᠤᠮᠯᠠᠵᠤ᠂ ᠰᠢᠨᠵᠢᠯᠡᠬᠦ ᠤᠬᠠᠭᠠᠨᠴᠢ ᠠᠷᠭ᠎ᠠ ᠪᠠᠷ ᠠᠮᠢ ᠠᠬᠤᠢ ᠪᠠᠨ ᠬᠠᠮᠠᠭᠠᠯᠠᠨ ᠰᠡᠷᠭᠦᠬᠡᠵᠠᠢ᠃     ᠰᠢᠯᠢ ᠶᠢᠨ ᠭᠤᠣᠯ ᠠᠶᠢᠮᠠᠭ ᠤᠨ ᠬᠢᠨ ᠡᠯᠡᠰᠦ ᠶᠢ ᠪᠢᠲᠡᠭᠦᠮᠵᠢᠯᠡᠨ ᠮᠠᠯᠴᠢᠳ ᠪᠠ ᠮᠠᠯ ᠤᠨᠤᠭ᠎ᠠ ᠶᠢ ᠰᠢᠯᠵᠢᠬᠦᠯᠤᠨ᠂ ᠡᠴᠦᠰ ᠲᠤ ᠪᠠᠨ ᠠᠮᠢ ᠠᠬᠤᠢ ᠶᠢᠨ ᠠᠶᠠᠨᠳᠠᠭᠠᠨ ᠤ ᠰᠡᠷᠭᠦᠯᠲᠠ ᠶᠢ ᠪᠤᠢ ᠪᠣᠯᠭᠠᠬᠤ ᠶᠢ ᠵᠤᠷᠢᠵᠠᠢ᠃     ᠪᠡᠯᠴᠢᠭᠡᠷᠯᠡᠬᠦᠯᠬᠦ ᠶᠢ ᠵᠤᠭᠰᠤᠭᠠᠬᠤ ᠪᠤᠯ ᠨᠢᠭᠡᠨ ᠵᠦᠢᠯ ᠤᠨ ᠪᠡᠯᠴᠢᠭᠡᠷ ᠲᠤ ᠪᠠᠨ ᠨᠢᠭᠡ ᠵᠢᠯ ᠠᠴᠠ ᠳᠡᠭᠡᠭᠰᠢ ᠬᠤᠭᠤᠴᠠᠭ᠎ᠠ ᠮᠠᠯ ᠤᠷᠤᠭᠤᠯᠬᠤ ᠦᠬᠡᠢ ᠪᠠᠷ ᠪᠡᠯᠴᠢᠭᠡᠷ ᠢᠶᠠᠨ ᠠᠰᠢᠬᠯᠠᠬᠤ ᠠᠷᠭ᠎ᠠ ᠬᠡᠮᠵᠢᠶ᠎ᠠ ᠪᠣᠯᠣᠨ᠎ᠠ᠃ ᠭᠡᠷ ᠤᠨ ᠲᠡᠵᠢᠭᠡᠪᠦᠷᠢ ᠤᠷᠤᠬᠤ ᠶᠢ ᠬᠤᠷᠢᠭᠯᠠᠬᠤ ᠶᠢᠨ ᠲᠦᠯᠦᠭᠡ᠂ ᠪᠡᠯᠴᠢᠭᠡᠷᠯᠡᠬᠦᠯᠬᠦ ᠶᠢ ᠵᠤᠭᠰᠤᠭᠠᠬᠤ ᠭᠠᠵᠠᠷ ᠲᠤ ᠲᠤᠤᠷ ᠬᠦᠷᠢᠶ᠎ᠠ ᠲᠠᠲᠠᠬᠤ ᠶᠢ ᠱᠠᠭᠠᠷᠳᠠᠳᠠᠭ᠃     ᠡᠯᠡᠰᠦ ᠶᠢ ᠪᠢᠲᠡᠭᠦᠮᠵᠢᠯᠡᠨ ᠪᠡᠯᠴᠢᠭᠡᠷᠯᠡᠭᠦᠯᠬᠦ ᠶᠢ ᠵᠤᠭᠰᠤᠭᠠᠭᠰᠠᠨ 20 ᠵᠢᠯ ᠤᠨ ᠲᠤᠷᠰᠢ᠂ ᠦᠩᠭᠡᠷᠡᠭᠰᠡᠨ ᠳᠤ ᠡᠯᠡᠰᠦᠨ ᠰᠢᠭᠤᠷᠭ᠎ᠠ ᠳᠡᠭᠳᠡᠳᠡᠭ ᠬᠤᠯᠠᠨ ᠰᠢᠷᠭ᠎ᠠ ᠲᠠᠭ᠎ᠠ ᠶᠢᠨ ᠡᠯᠡᠰᠦ ᠨᠤᠭᠤᠭᠠᠨ ᠬᠦᠷᠮ᠎ᠡ ᠬᠡᠲᠦᠷᠦᠭᠰᠡᠨ ᠪᠠᠶᠢᠯ᠎ᠠ᠃ ᠰᠦᠨᠢᠳ ᠵᠡᠬᠦᠨ ᠬᠤᠰᠢᠭᠤ᠂ ᠠᠪᠠᠭ᠎ᠠ ᠬᠤᠰᠢᠭᠤ᠂  ᠰᠢᠯᠢ ᠶᠢᠨ ᠬᠤᠳᠠ᠂ ᠰᠢᠯᠤᠭᠤᠨ ᠬᠦᠬᠡ ᠬᠤᠰᠢᠭᠤ᠂ ᠳᠤᠯᠤᠨ ᠨᠤᠤᠷ ᠰᠢᠶᠠᠨ᠂ ᠬᠡᠰᠢᠭᠲᠡᠨ ᠬᠤᠰᠢᠭᠤ ᠵᠡᠷᠭᠡ ᠬᠤᠰᠢᠭᠤ ᠰᠢᠶᠠᠨ ᠬᠤᠲᠠ ᠨᠢ ᠶᠡᠭᠡᠨᠭᠭᠢ ᠡᠯᠡᠰᠦᠷᠬᠡᠭ ᠭᠠᠵᠠᠷ ᠢᠶᠠᠨ ᠪᠢᠲᠡᠭᠦᠮᠵᠢᠯᠡᠨ ᠬᠦᠷᠢᠶᠡᠯᠡᠭᠰᠡᠨ ᠢᠶᠠᠷ᠂ ᠲᠤᠤᠷ ᠤᠨ ᠳᠤᠲᠤᠷᠠᠬᠢ ᠡᠪᠡᠰᠦ ᠮᠤᠲᠤ ᠨᠤᠭᠤᠭᠠᠷᠠᠨ ᠬᠦᠮᠦᠰ ᠤᠨ ᠰᠡᠳᠬᠢᠯ ᠢ ᠪᠠᠶᠠᠰᠬᠠᠬᠰᠠᠨ ᠪᠠᠶᠢᠯ᠎ᠠ᠃     ᠬᠤᠯᠠᠨ ᠰᠢᠷᠭ᠎ᠠ ᠳᠠᠭ᠎ᠠ ᠶᠢᠨ ᠡᠯᠡᠰᠦ ᠶᠢᠨ ᠡᠮᠦᠨ᠎ᠠ ᠬᠦᠪᠡᠭᠡᠨ ᠳᠤ ᠪᠠᠶᠢᠭ᠎ᠠ ᠰᠢᠯᠦᠭᠤᠨ ᠬᠦᠬᠡ ᠬᠤᠰᠢᠭᠤ ᠨᠢ ᠡᠯᠡᠰᠦ ᠶᠢ ᠪᠢᠲᠡᠭᠦᠮᠵᠢᠯᠡᠨ ᠬᠦᠷᠢᠶᠡᠯᠡᠵᠦ ᠪᠡᠯᠴᠢᠭᠡᠷᠯᠡᠬᠦᠯᠬᠦ ᠶᠢ ᠵᠤᠭᠰᠤᠭᠠᠬᠤ ᠵᠡᠷᠭᠡ ᠠᠮᠢ ᠠᠬᠤᠢ ᠶᠢ ᠵᠠᠰᠠᠬᠤ ᠠᠷᠭ᠎ᠠ ᠬᠡᠮᠵᠢᠶ᠎ᠡ ᠶᠢ ᠬᠡᠷᠡᠭᠵᠢᠭᠦᠯᠦᠭᠰᠡᠨ ᠠᠴᠠ ᠨᠠᠭᠠᠰᠢ᠂ ᠡᠪᠡᠰᠦ ᠤᠷᠭᠤᠮᠠᠯ ᠨᠤᠭᠤᠭᠠᠷᠠᠨ ᠵᠦᠢᠯ ᠤᠨ ᠴᠡᠴᠡᠭ ᠳᠡᠯᠭᠡᠷᠡᠨ᠂ ᠡᠯᠡᠰᠦᠨ ᠨᠡᠭᠦᠳᠡᠯ ᠴᠦ ᠵᠢᠯ ᠳᠠᠷᠠᠭᠠᠯᠠᠨ ᠪᠠᠭᠠᠰᠴᠠᠢ᠃ 20 ᠵᠢᠯ ᠤᠨ ᠲᠤᠷᠰᠢ᠂ ᠰᠢᠯᠤᠭᠤᠨ ᠬᠦᠬᠡ ᠬᠤᠰᠢᠭᠤ ᠡᠯᠡᠰᠦ ᠶᠢ ᠪᠢᠲᠡᠭᠦᠮᠵᠢᠯᠡᠨ ᠬᠦᠷᠢᠶᠡᠯᠡᠬᠦ ᠪᠠ ᠪᠡᠯᠴᠢᠭᠡᠷᠯᠡᠬᠦᠯᠬᠦ ᠶᠢ ᠵᠤᠭᠰᠤᠭᠠᠬᠤ ᠵᠡᠷᠭᠡ ᠶᠢ ᠬᠡᠷᠡᠭᠵᠢᠭᠦᠯᠤᠨ ᠡᠯᠡᠰᠦ ᠶᠢ ᠵᠠᠰᠨᠨ ᠶᠡᠷᠦᠩᠬᠡᠶᠢᠯᠡᠨ ᠵᠠᠰᠠᠭᠰᠠᠨ ᠲᠠᠯᠠᠪᠠᠢ 500 ᠲᠦᠮᠡᠨ ᠮᠥ ᠳᠤ ᠬᠦᠷᠴᠦ᠂ ᠪᠦᠬᠦ ᠬᠤᠰᠢᠭᠤᠨ ᠤ ᠡᠯᠡᠰᠦᠷᠭᠡᠭᠵᠢᠭᠰᠡᠨ ᠨᠤᠲᠤᠭ ᠪᠡᠯᠴᠢᠭᠡᠷ ᠤᠨ ᠲᠦᠷᠪᠡᠨ ᠬᠤᠪᠢ ᠤᠷᠴᠢᠮ ᠢ ᠡᠵᠡᠯᠡᠬᠦ ᠪᠣᠯᠵᠠᠢ᠃     ᠰᠦᠨᠢᠳ ᠪᠠᠷᠠᠭᠤᠨ ᠬᠤᠰᠢᠭᠤᠨ ᠤ ᠡᠷᠢᠶᠡᠨᠨᠠᠭᠤᠷ ᠰᠤᠮᠤᠨ ᠤ ᠲᠦᠮᠡᠨ ᠭᠠᠴᠠᠭᠠᠨ ᠤ ᠮᠠᠯᠴᠢᠨ ᠵᠠᠮᠰᠦ ᠶᠢᠨ ᠬᠢᠨ ᠤ ᠪᠡᠯᠴᠢᠭᠡᠷ ᠨᠢ ᠡᠯᠡᠰᠦᠷᠭᠡᠭᠵᠢᠨ ᠲᠠᠴᠢᠷᠰᠢᠵᠦ᠂ ᠮᠠᠯ ᠨᠢ ᠤᠯᠵᠦ ᠢᠳᠡᠬᠦ ᠡᠪᠡᠰᠦ ᠦᠭᠡᠢ ᠠᠴᠠ ᠵᠢᠯ ᠪᠤᠯᠭᠠᠨ ᠶᠡᠭᠡ ᠬᠡᠮᠵᠢᠶᠠᠨ ᠤ ᠡᠪᠡᠰᠦ ᠪᠤᠷᠳᠤᠭ᠎ᠠ ᠬᠤᠳᠠᠯᠳᠤᠨ ᠠᠪᠴᠦ ᠮᠠᠯ ᠢᠶᠠᠨ ᠲᠡᠵᠢᠭᠡᠳᠡᠭ ᠪᠠᠶᠢᠵᠠᠢ᠃ 2010 ᠤᠨ ᠳᠤ ᠳᠡᠳᠡᠨᠠᠶᠢᠬᠢᠨ 300 ᠭᠠᠷᠤᠢ ᠪᠤᠭ ᠮᠠᠯ ᠢᠶᠠᠨ ᠪᠦᠬᠦᠨ ᠢ ᠬᠤᠳᠠᠯᠳᠤᠵᠦ᠂ 4000 ᠭᠠᠷᠤᠢ ᠮᠦ ᠪᠡᠯᠴᠢᠭᠡᠷ ᠢᠶᠠᠨ ᠪᠢᠳᠡᠭᠦᠮᠵᠢᠯᠡᠵᠠᠢ᠃ 10 ᠵᠢᠯ ᠤᠨ ᠳᠠᠷᠠᠭ᠎ᠠ᠂ ᠵᠠᠮᠰᠦ ᠶᠢᠨ ᠪᠡᠯᠴᠢᠭᠡᠷ ᠲᠠᠬᠢ ᠡᠪᠡᠰᠦ ᠤᠷᠭᠤᠮᠠᠯ ᠵᠤᠵᠠᠭᠠᠷᠠᠵᠦ᠂ ᠡᠯᠡᠰᠦᠷᠭᠡᠭᠵᠢᠬᠦ ᠶᠢ ᠪᠦᠲᠦᠮᠵᠢᠲᠠᠢ ᠬᠤᠷᠢᠭᠯᠠᠵᠦ ᠴᠢᠳᠠᠵᠠᠢ᠃ ᠲᠡᠷᠡ ᠪᠡᠯᠴᠢᠭᠡᠷᠯᠡᠬᠦᠯᠬᠦ ᠶᠢ ᠵᠤᠭᠰᠤᠭᠠᠨ ᠪᠡᠯᠴᠢᠭᠡᠷ ᠢᠶᠠᠨ ᠰᠡᠷᠭᠦᠭᠡᠬᠦ ᠬᠡᠷᠡᠭᠲᠡᠢ᠂ ᠡᠯᠡᠰᠦᠷᠭᠡᠭᠵᠢᠯ ᠬᠦᠨᠳᠤ ᠨᠤᠴᠢᠲᠠᠢ ᠣᠷᠤᠨ ᠠᠮᠢ ᠠᠬᠤᠢ ᠪᠠᠨ ᠰᠡᠷᠭᠦᠭᠡᠭᠦ ᠳᠤ ᠪᠢᠳᠡᠭᠦᠮᠵᠢᠯᠡᠬᠦ ᠶᠢ ᠭᠡᠷᠡᠭᠵᠢᠬᠦᠯᠬᠦ ᠴᠢᠬᠤᠯᠠᠲᠠᠢ ᠭᠡᠳᠡᠭ ᠢ ᠬᠦᠨ ᠮᠡᠳᠡᠷᠡᠵᠠᠢ᠃     ᠮᠠᠯ ᠪᠡᠯᠴᠢᠭᠡᠷ ᠤᠨ ᠲᠡᠩᠴᠠᠭᠦᠷᠢ ᠶᠢ ᠪᠠᠲᠤᠯᠠᠵᠦ ᠨᠤᠲᠤᠭ ᠪᠡᠯᠴᠢᠭᠡᠷ ᠢᠶᠠᠨ ᠰᠡᠷᠭᠦᠭᠡᠪᠡ     ᠬᠤᠯᠠᠨ ᠰᠢᠷᠭ᠎ᠠ ᠳᠠᠭ᠎ᠠ ᠶᠢᠨ ᠡᠯᠡᠰᠦ ᠶᠢ ᠵᠠᠰᠠᠬᠤ ᠪᠠᠷ ᠮᠠᠯ ᠪᠡᠯᠴᠢᠭᠡᠷ ᠢ ᠲᠡᠩᠴᠡᠭᠦᠷᠢᠰᠢᠬᠦᠯᠬᠦ ᠲᠦᠷᠦ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠵᠦ᠂ ᠪᠡᠯᠴᠢᠭᠡᠷ ᠢᠶᠠᠨ ᠰᠡᠷᠭᠦᠭᠡᠬᠦ ᠪᠠ ᠰᠡᠯᠬᠦᠨ ᠮᠠᠯᠵᠢᠬᠤ ᠲᠦᠷᠢᠮ ᠢ ᠲᠤᠭᠲᠠᠭᠠᠨ ᠬᠡᠷᠡᠭᠵᠢᠬᠦᠯᠦᠭᠰᠡᠨ ᠨᠢ ᠲᠤᠬᠠᠢ ᠶᠢᠨ ᠭᠠᠵᠠᠷ ᠤᠨ ᠺᠡᠳ᠋ᠷ ᠤᠯᠠᠨ ᠲᠦᠮᠡᠨ ᠤ ᠠᠮᠢ ᠠᠬᠤᠢ ᠶᠢᠨ ᠵᠠᠰᠠᠯᠲᠠ ᠶᠢᠨ ᠪᠠᠰᠠ ᠨᠢᠭᠡᠨ ᠲᠤᠷᠰᠢᠯᠭ᠎ᠠ ᠪᠤᠯᠤᠨ᠎ᠠ᠃     ᠮᠠᠯ ᠪᠡᠯᠴᠢᠭᠡᠷ ᠢ ᠲᠡᠩᠴᠡᠭᠦᠷᠢᠰᠢᠭᠦᠯᠬᠦ ᠨᠢ ᠮᠠᠯᠴᠢᠳ ᠤᠨ ᠪᠡᠯᠴᠢᠭᠡᠷ ᠤᠨ ᠲᠠᠯᠠᠪᠠᠢ ᠶᠢ ᠨᠢᠬᠲᠠᠯᠠᠨ ᠪᠤᠳᠤᠵᠤ᠂ ᠪᠡᠯᠴᠢᠭᠡᠷ ᠤᠨ ᠲᠠᠭᠠᠭᠠᠵᠤ ᠲᠡᠶᠢᠯᠬᠦ ᠮᠠᠯ ᠤᠨ ᠲᠤᠭ᠎ᠠ ᠶᠢ ᠪᠤᠳᠤᠨ ᠭᠠᠷᠭᠠᠵᠤ᠂ ᠪᠡᠯᠴᠢᠭᠡᠷ ᠤᠨ ᠬᠡᠮᠵᠢᠶ᠎ᠠ ᠪᠠᠷ ᠮᠠᠯ ᠤᠨ ᠲᠤᠭ᠎ᠠ ᠶᠢ ᠲᠤᠭᠲᠠᠭᠠᠵᠤ᠂ ᠵᠦᠢ ᠵᠤᠬᠢᠰ ᠲᠠᠢ ᠪᠠᠷ ᠲᠡᠵᠢᠭᠡᠨ ᠦᠷᠡᠵᠢᠭᠦᠯᠵᠦ᠂ ᠲᠠᠯ᠎ᠠ ᠨᠤᠲᠤᠭ ᠤᠨ ᠠᠮᠢ ᠠᠬᠤᠢ ᠶᠢᠨ ᠰᠠᠶᠢᠨ ᠤᠷᠴᠢᠯ ᠢ ᠪᠤᠢ ᠪᠤᠯᠭᠠᠬᠤ ᠶᠠᠪᠤᠳᠡᠯ ᠪᠤᠯᠤᠨ᠎ᠠ᠃     ᠵᠦ ᠪᠤᠤ ᠵᠦᠩ ᠤᠨ ᠬᠢᠨ ᠤ 2000 ᠮᠦ ᠪᠡᠯᠴᠢᠭᠡᠷ ᠨᠢ ᠪᠦᠷ ᠬᠤᠯᠠᠨ ᠰᠢᠷᠭ᠎ᠠ ᠳᠠᠭ᠎ᠠ ᠶᠢᠨ ᠡᠯᠡᠰᠦᠨ ᠳᠤ ᠪᠠᠶᠢᠳᠠᠭ᠃ 2010 ᠤᠨ ᠳᠤ ᠡᠨᠡᠬᠦ ᠪᠡᠯᠴᠢᠭᠡᠷ ᠨᠢ ᠪᠦᠷ ᠮᠠᠯ ᠪᠡᠯᠴᠢᠭᠡᠷ ᠢ ᠲᠡᠩᠴᠡᠭᠦᠷᠢᠰᠢᠬᠦᠯᠬᠦ ᠲᠦᠷᠦ ᠶᠢᠨ ᠪᠤᠳᠤᠯᠭ᠎ᠠ ᠶᠢ ᠬᠡᠷᠡᠭᠵᠢᠬᠦᠯᠬᠦ ᠬᠡᠪᠴᠢᠶᠠᠨ ᠳᠤ ᠤᠷᠤᠵᠠᠢ᠃ ᠲᠠᠭᠠᠭᠠᠴᠠ ᠶᠢ ᠨᠢ ᠪᠤᠳᠤᠪᠠᠯ᠂ ᠲᠤᠬᠠᠢ ᠶᠢᠨ ᠦᠶ᠎ᠠ ᠳᠤ 35 ᠮᠦ ᠪᠡᠯᠴᠢᠭᠡᠷ ᠲᠤ ᠨᠢᠭᠡ ᠬᠤᠨᠢ ᠲᠡᠵᠢᠭᠡᠵᠦ ᠪᠤᠯᠤᠨ᠎ᠠ᠂ 2000 ᠮᠦ ᠪᠡᠯᠴᠢᠭᠡᠷ ᠲᠤ 57 ᠬᠤᠨᠢ ᠯᠡ ᠲᠡᠵᠢᠭᠡᠵᠦ ᠲᠡᠶᠢᠯᠦᠨ᠎ᠠ᠃ ᠮᠠᠯᠴᠢᠳ ᠤᠨ ᠤᠷᠤᠯᠭ᠎ᠠ ᠶᠢ ᠴᠢᠳᠠᠬᠤ ᠶᠢᠨ ᠳᠤᠲᠤᠷ᠎ᠠ ᠨᠦᠯᠦᠭᠡᠯᠡᠬᠦ ᠦᠬᠡᠢ ᠶᠢᠨ ᠲᠦᠯᠦᠭᠡ᠂ ᠤᠯᠤᠰ ᠠᠴᠠ ᠮᠦ ᠪᠦᠷᠢ ᠳᠤ 3.45 ᠲᠦᠭᠦᠷᠢᠭ ᠤᠨ ᠨᠦᠬᠦᠪᠦᠷᠢ ᠦᠭᠴᠦ ᠪᠠᠶᠢᠵᠠᠢ᠃ ᠬᠤᠨᠢ ᠪᠦᠷᠢ ᠶᠢ 700 ᠲᠦᠭᠦᠷᠢᠭ ᠢᠶᠠᠷ ᠪᠤᠳᠤᠪᠠᠯ᠂ 57 ᠬᠤᠨᠢ ᠠᠴᠠ ᠵᠢᠯ ᠳᠤ 4 ᠲᠦᠮᠡᠨ ᠲᠦᠬᠦᠷᠢᠭ ᠤᠷᠴᠢᠮ ᠤᠨ ᠤᠷᠤᠯᠭ᠎ᠠ ᠤᠯᠵᠤ᠂ ᠮᠠᠯ ᠪᠡᠯᠴᠢᠭᠡᠷ ᠢ ᠲᠡᠩᠴᠠᠬᠦᠷᠢᠰᠢᠬᠦᠯᠬᠦ ᠨᠦᠬᠦᠪᠦᠷᠢ ᠪᠠᠨ ᠨᠡᠮᠡᠪᠠᠯ 7000 ᠭᠠᠷᠤᠢ ᠲᠦᠭᠦᠷᠢᠭ ᠪᠤᠯᠵᠦ᠂ ᠵᠢᠯ ᠤᠨ ᠤᠷᠤᠯᠭ᠎ᠠ 47000 ᠲᠦᠭᠦᠷᠢᠭ ᠬᠦᠷᠦᠨ᠎ᠠ ᠭᠡᠵᠦ ᠨᠠᠷᠢᠨ ᠳᠠᠩᠰᠠ ᠬᠢᠵᠦ ᠴᠢᠳᠠᠳᠠᠭ ᠵᠦ ᠪᠤᠤ ᠵᠦᠩ ᠲᠦᠷᠦ ᠶᠢᠨ ᠪᠤᠳᠤᠯᠭ᠎ᠠ ᠪᠠᠷ ᠬᠤᠨᠢ ᠲᠡᠵᠢᠭᠡᠪᠡᠯ ᠤᠯᠤᠰ ᠠᠴᠠ ᠨᠦᠬᠦᠪᠦᠷᠢ ᠦᠭᠬᠦᠨ᠎ᠠ᠂ ᠪᠠᠰᠠ ᠪᠡᠯᠴᠢᠭᠡᠷ ᠢᠶᠠᠨ ᠰᠡᠷᠭᠦᠭᠡᠨ᠂ ᠡᠪᠡᠰᠦ ᠪᠤᠷᠳᠤᠭᠠᠨ ᠤ ᠦᠪᠡᠷ ᠤᠨ ᠦᠷᠳᠡᠭ ᠢᠶᠠᠨ ᠲᠤᠷᠤᠭᠰᠢᠯᠠᠭᠤᠯᠵᠦ ᠲᠡᠶᠢᠯᠬᠦ ᠮᠦᠷᠲᠡᠭᠡᠨ ᠠᠮᠢᠳᠤᠷᠠᠯ ᠤᠨ ᠤᠷᠴᠢᠨ ᠢᠶᠠᠨ ᠴᠦ ᠰᠠᠶᠢᠵᠢᠷᠠᠭᠤᠯᠵᠦ ᠴᠢᠳᠠᠨ᠎ᠠ ᠭᠡᠵᠦ ᠡᠨᠡᠬᠦ ᠲᠦᠷᠦ ᠶᠢᠨ ᠪᠤᠳᠤᠯᠭ᠎ᠠ ᠶᠢ ᠲᠡᠮᠵᠢᠵᠤ ᠠᠰᠢᠬ ᠭᠦᠷᠳᠡᠵᠡᠢ᠃     ᠤᠳᠤᠬᠠᠨ ᠳᠤ᠂ ᠬᠤᠯᠠᠨ ᠰᠢᠷᠭ᠎ᠠ ᠳᠠᠭ᠎ᠠ ᠶᠢᠨ ᠡᠯᠡᠰᠦ ᠶᠢᠨ ᠮᠠᠯ ᠪᠡᠯᠴᠢᠭᠡᠷ ᠤᠨ ᠲᠡᠩᠴᠡᠬᠦᠷᠢ ᠶᠢ ᠪᠠᠳᠤᠯᠠᠬᠤ ᠳᠤ ᠬᠡᠷᠡᠭᠵᠢᠬᠦᠯᠦᠭᠰᠡᠨ ᠪᠡᠯᠴᠢᠭᠡᠷ ᠤᠨ ᠲᠠᠯᠠᠪᠠᠢ 3508 ᠲᠦᠮᠡᠨ ᠮᠦ ᠳᠤ ᠬᠦᠷᠴᠠᠢ᠃ ᠡᠨᠡᠬᠦ ᠰᠠᠭᠤᠷᠢᠨ ᠳᠡᠭᠡᠷ᠎ᠠ᠂ ᠲᠤᠬᠠᠢ ᠶᠢᠨ ᠭᠠᠵᠠᠷ ᠤᠨ ᠬᠢᠨ ᠪᠠᠰᠠ ᠤᠯᠠᠮ ᠨᠢᠭᠡ ᠠᠯᠬᠤᠮ ᠪᠡᠯᠴᠢᠭᠡᠷ ᠢᠶᠠᠨ ᠰᠡᠷᠭᠦᠭᠡᠬᠦ ᠪᠠ ᠰᠡᠯᠬᠦᠨ ᠮᠠᠯᠵᠢᠬᠤ ᠲᠦᠷᠢᠮ ᠢ ᠬᠡᠷᠡᠭᠵᠢᠬᠦᠯᠵᠤ ᠪᠤᠢ᠃     ᠪᠡᠯᠴᠢᠭᠡᠷ ᠢᠶᠠᠨ ᠰᠡᠷᠭᠦᠭᠡᠬᠦ ᠪᠤᠯ ᠨᠢᠭᠡ ᠵᠦᠢᠯ ᠤᠨ ᠨᠢᠬᠡ ᠵᠢᠯ ᠤᠨ ᠵᠤᠬᠢᠬᠤ ᠬᠤᠭᠤᠴᠠᠭᠠᠨ ᠳᠤ ᠪᠡᠯᠴᠢᠭᠡᠷᠯᠡᠬᠦᠯᠬᠦ ᠶᠢ ᠵᠤᠭᠰᠤᠭᠠᠨ ᠪᠡᠯᠴᠢᠭᠡᠷ ᠨᠤᠲᠤᠭ ᠢᠶᠠᠨ ᠠᠰᠢᠭᠯᠠᠬᠤ ᠠᠷᠭ᠎ᠠ ᠬᠡᠮᠵᠢᠶ᠎ᠠ ᠪᠤᠯᠤᠨ᠎ᠠ᠂ ᠰᠡᠯᠬᠦᠨ ᠮᠠᠯᠵᠢᠬᠤ ᠪᠤᠯ ᠤᠯᠠᠷᠢᠯ ᠢᠶᠠᠷ ᠪᠡᠯᠴᠢᠭᠡᠷ ᠪᠤᠯᠤᠨ ᠮᠠᠯᠵᠢᠯ ᠤᠨ ᠬᠤᠷᠢᠶᠠᠯᠠᠯ ᠳᠤ ᠪᠠᠨ ᠲᠠᠰ ᠳᠠᠷᠠᠭᠠᠯᠠᠯ ᠲᠠᠢ ᠪᠠᠷ ᠡᠬᠡᠯᠵᠢᠯᠡᠨ ᠮᠠᠯᠵᠢᠬᠤ ᠪᠤᠶᠤ ᠤᠷᠴᠢᠯ ᠲᠠᠢ ᠪᠠᠷ ᠮᠠᠯᠵᠢᠬᠤ ᠮᠠᠯᠵᠢᠯ ᠤᠨ ᠠᠷᠭ᠎ᠠ ᠮᠦᠨ᠃     ᠵᠢᠯ ᠪᠤᠯᠭᠠᠨ ᠤ 4 ᠰᠠᠷ᠎ᠠ ᠠᠴᠠ 5 ᠰᠠᠷ᠎ᠠ ᠳᠤ᠂ ᠬᠤᠯᠠᠨ ᠰᠢᠷᠭ᠎ᠠ ᠳᠠᠭ᠎ᠠ ᠶᠢᠨ ᠡᠯᠡᠰᠦᠨ ᠤ ᠮᠠᠯ ᠪᠡᠯᠴᠢᠭᠡᠷ ᠤᠨ ᠲᠡᠩᠴᠡᠭᠦᠷᠢ ᠶᠢ ᠪᠠᠲᠤᠯᠠᠬᠤ ᠤᠷᠤᠨ ᠨᠢ ᠪᠦᠬᠦᠨ ᠢᠶᠠᠷ ᠢᠶᠠᠨ ᠬᠠᠪᠤᠷ ᠤᠨ ᠨᠤᠭᠤᠭᠠᠷᠠᠭᠤᠯᠲᠠ ᠶᠢᠨ ᠬᠤᠭᠤᠴᠠᠭᠠᠨ ᠤ ᠪᠡᠯᠴᠢᠭᠡᠷ ᠢᠶᠠᠨ ᠰᠡᠷᠭᠦᠭᠡᠬᠦ ᠶᠢ ᠬᠡᠷᠡᠭᠵᠢᠬᠦᠯᠵᠤ ᠪᠠᠶᠢᠨ᠎ᠠ᠃ ᠬᠠᠪᠤᠷ ᠤᠨ ᠤᠯᠠᠷᠢᠯ ᠤᠨ ᠪᠡᠯᠴᠢᠭᠡᠷ ᠢᠶᠠᠨ ᠰᠡᠷᠭᠦᠬᠡᠬᠦ ᠶᠢ ᠪᠦᠲᠦᠮᠵᠢᠲᠠᠢ ᠶᠠᠪᠤᠬᠳᠠᠭᠤᠯᠬᠤ ᠶᠢᠨ ᠲᠦᠯᠦᠭᠡ᠂ ᠲᠤᠬᠠᠢ ᠶᠢᠨ ᠭᠠᠵᠠᠷ ᠤᠨ ᠵᠠᠰᠠᠭ ᠤᠨ ᠤᠷᠳᠤᠨ ᠨᠢ ᠪᠡᠯᠴᠢᠭᠡᠷ ᠢᠶᠠᠨ ᠰᠡᠷᠭᠦᠭᠡᠵᠦ ᠪᠠᠶᠢᠭ᠎ᠠ ᠡᠷᠦᠭᠡ ᠳᠤ ᠪᠡᠯᠴᠢᠭᠡᠷ ᠤᠨ ᠬᠢᠨᠢ ᠲᠠᠯᠠᠪᠠᠢ ᠪᠠᠷ ᠮᠦ ᠪᠦᠷᠢ 0.75 ᠲᠦᠭᠦᠷᠢᠭ ᠤᠨ ᠨᠦᠬᠦᠪᠦᠷᠢ ᠦᠭᠳᠡᠭ᠃     ᠵᠢᠱᠢᠯᠲᠡ ᠪᠠᠷ᠂ ᠰᠢᠯᠢ ᠶᠢᠨ ᠭᠤᠣᠯ ᠠᠶᠢᠮᠠᠭ ᠤᠨ ᠡᠨᠡ ᠵᠢᠯ ᠤᠨ ᠨᠤᠭᠤᠭᠠᠷᠠᠭᠤᠯᠲᠠ ᠶᠢᠨ ᠬᠤᠭᠤᠴᠠᠭᠠᠨ ᠤ ᠪᠡᠯᠴᠢᠭᠡᠷ ᠢᠶᠠᠨ ᠰᠡᠷᠭᠦᠭᠡᠬᠦ ᠭᠠᠵᠠᠷ ᠤᠨ ᠤᠷᠭᠤᠮᠠᠯ ᠤᠨ ᠳᠤᠮᠳᠠᠴᠢ ᠪᠦᠷᠬᠦᠴᠡ ᠶᠢᠨ ᠬᠡᠮᠵᠢᠶ᠎ᠠ ᠪᠤᠯᠤᠨ ᠤᠷᠭᠤᠴᠠ ᠶᠢᠨ ᠬᠡᠮᠵᠢᠶ᠎ᠠ ᠨᠢ ᠨᠢᠳᠤᠨᠤᠨ ᠤ ᠬᠢ ᠠᠴᠠ ᠲᠤᠰ ᠲᠤᠰ ᠵᠠᠭᠤᠨ ᠤ 0.5 ᠬᠤᠪᠢ ᠪᠤᠯᠤᠨ ᠵᠠᠭᠤᠨ ᠤ 1.4 ᠬᠤᠪᠢ ᠨᠡᠮᠡᠭᠳᠡᠵᠠᠢ᠃     ᠠᠪᠠᠭ᠎ᠠ ᠬᠤᠰᠢᠭᠤᠨ ᠤ ᠪᠡᠯᠭᠦᠳᠡᠢ ᠪᠠᠯᠭᠠᠰᠤᠨ ᠤ ᠰᠠᠶᠢᠬᠠᠨ ᠲᠦᠮᠡᠨ ᠭᠠᠴᠠᠭᠠᠨ ᠤ ᠮᠠᠯᠴᠢᠨ ᠮᠠᠰᠢᠪᠠᠲᠤ ᠶᠢᠨ ᠬᠢᠨ 2 ᠲᠦᠮᠡᠨ ᠮᠦ ᠪᠡᠯᠴᠢᠭᠡᠷ ᠲᠠᠢ᠂ 70 ᠭᠠᠷᠤᠢ ᠦᠭᠡᠷ᠂ 300 ᠭᠠᠷᠤᠢ ᠬᠤᠨᠢ ᠮᠠᠯᠵᠢᠵᠦ ᠪᠤᠢ ᠃ ᠨᠢᠳᠤᠨᠤᠨ ᠡᠪᠦᠯ ᠪᠤᠯᠬᠤ ᠳᠤ ᠲᠡᠷᠡ 140 ᠲᠤᠨ ᠡᠪᠡᠰᠦ ᠪᠤᠷᠳᠤᠭ᠎ᠠ ᠬᠤᠳᠠᠯᠳᠤᠨ ᠠᠪᠴᠦ᠂ ᠲᠦᠯ ᠲᠤᠰᠬᠤ ᠠᠴᠠ ᠪᠠᠨ ᠨᠢᠭᠡ ᠰᠠᠷ᠎ᠠ ᠡᠮᠦᠨ᠎ᠠ ᠬᠠᠰᠢᠶᠠᠯᠠᠨ ᠲᠡᠵᠢᠭᠡᠵᠤ᠂ ᠬᠠᠪᠤᠷ ᠤᠨ ᠤᠯᠠᠷᠢᠯ ᠳᠤ ᠪᠡᠯᠴᠢᠭᠡᠷ ᠢᠶᠠᠨ ᠰᠡᠷᠭᠦᠭᠡᠵᠡᠢ᠃     ᠡᠨᠡᠬᠦ ᠰᠠᠭᠤᠷᠢᠨ ᠳᠡᠭᠡᠷ᠎ᠠ ᠮᠠᠰᠢᠪᠡᠳᠤ ᠪᠠᠰᠠ ᠰᠡᠯᠬᠦᠨ ᠮᠠᠯᠵᠢᠵᠤ᠂ ᠲᠡᠷᠡᠪᠡᠷ ᠪᠡᠯᠴᠢᠭᠡᠷ ᠢᠶᠠᠨ 4 ᠭᠡᠰᠡᠭ ᠬᠤᠪᠢᠶᠠᠵᠤ᠂ ᠵᠤᠨ ᠤ ᠤᠯᠠᠷᠢᠯ ᠳᠤ 2 ᠬᠡᠰᠡᠭ ᠪᠡᠯᠴᠢᠭᠡᠷ ᠲᠤ ᠪᠠᠨ ᠮᠠᠯᠵᠢᠵᠤ᠂ ᠨᠠᠮᠤᠷ ᠡᠪᠦᠯ ᠤᠨ ᠤᠯᠠᠷᠢᠯ ᠳᠤ ᠪᠠᠨ ᠨᠦᠬᠦᠭᠡ 2 ᠬᠤᠶᠠᠷ ᠭᠡᠰᠡᠭ ᠪᠡᠯᠴᠢᠭᠡᠷ ᠲᠤ ᠪᠠᠨ ᠮᠠᠯᠵᠢᠳᠠᠭ᠃ ᠢᠩᠬᠢᠵᠦ ᠮᠠᠯᠵᠢᠬᠤ ᠨᠢ ᠦᠭᠡᠷ ᠬᠤᠨᠢ ᠪᠠᠨ ᠰᠠᠶᠢᠬᠠᠨ ᠦᠰᠭᠡᠵᠦ ᠴᠢᠳᠠᠬᠤ ᠮᠦᠷᠲᠡᠭᠡᠨ ᠪᠡᠯᠴᠢᠬᠡᠷ ᠢᠶᠠᠨ ᠴᠦ ᠰᠡᠷᠭᠦᠭᠡᠨ ᠬᠠᠮᠠᠭᠠᠯᠠᠵᠦ ᠴᠢᠳᠠᠨ᠎ᠠ ᠬᠡᠵᠦ ᠮᠠᠰᠢ ᠪᠠᠶᠠᠷᠲᠠᠢ ᠪᠠᠶᠢᠯ᠎ᠠ᠃     ᠦᠢᠯᠡᠳᠪᠦᠷᠢᠯᠠᠯ ᠠᠮᠢᠳᠤᠷᠠᠯ ᠠᠮᠢ ᠠᠬᠤᠢ ᠶᠢ ᠬᠠᠷᠠᠭᠠᠯᠵᠨᠬᠰᠡᠨ ᠪᠡᠶᠠᠵᠢᠯ ᠤᠨ ᠵᠠᠮ ᠢ ᠡᠯᠭᠦᠪᠠ      ᠬᠠᠶᠢᠯᠠᠷ ᠨᠠᠷᠠᠰᠦ᠂ ᠬᠦᠢᠯᠡᠰᠦᠨ ᠮᠣᠳᠣ᠂ ᠤᠳᠠ ᠮᠤᠲᠤ ᠰᠦᠯᠵᠢᠯᠳᠤᠨ᠂ ᠤᠤᠯ ᠤᠨ ᠡᠯᠡᠰᠦᠨ ᠲᠤᠪᠤᠷᠴᠠᠭ ᠬᠠᠷᠠᠭᠳᠠᠬᠤ ᠪᠠᠨ ᠪᠤᠯᠢᠵᠦ᠂ ᠠᠯᠠᠬᠯᠠᠨ ᠤᠷᠭᠤᠭᠰᠠᠨ ᠲᠤᠮᠤ ᠲᠤᠮᠤ ᠮᠤᠳᠤᠳ ᠦᠩᠭᠡ ᠢᠯᠭᠠᠷᠠᠨ᠂ ᠬᠤᠯᠠᠨ ᠰᠢᠷᠭ᠎ᠠ ᠳᠠᠭ᠎ᠠ ᠶᠢᠨ ᠡᠯᠡᠰᠦᠨ ᠤ ᠡᠮᠦᠨ᠎ᠠ ᠵᠠᠬ᠎ᠠ ᠳᠤ ᠪᠠᠶᠢᠭ᠎ᠠ ᠳᠤᠯᠤᠨ ᠨᠠᠭᠤᠷ ᠰᠢᠶᠠᠨ ᠢ ᠤᠯᠠᠮ ᠭᠤᠶᠢᠲᠠ ᠰᠠᠶᠢᠬᠠᠨ ᠪᠤᠯᠭᠠᠨ ᠴᠢᠮᠡᠭᠯᠡᠵᠠᠢ᠃     ᠲᠤᠯᠤᠨ ᠨᠠᠭᠤᠷ ᠰᠢᠶᠠᠨ ᠤ ᠲᠠᠷᠢᠶᠠᠴᠢᠨ ᠵᠢᠶᠠ ᠵᠢᠶᠠᠨ ᠹᠧᠩ 2000 ᠤᠨ ᠠᠴᠠ 5000 ᠮᠦ ᠬᠠᠯᠴᠠᠭᠠᠢ ᠠᠭᠤᠯᠠᠨ ᠭᠠᠵᠠᠷ ᠢ ᠳᠠᠭᠠᠭᠠᠴᠠᠯᠠᠨ ᠠᠪᠴᠦ ᠬᠠᠶᠢᠯᠠᠷ ᠨᠠᠷᠠᠰᠤ ᠲᠠᠷᠢᠵᠦ᠂ ᠨᠢᠭᠡᠨᠲᠡ 100 ᠲᠦᠮᠡᠨ ᠰᠠᠭᠤᠷᠢ ᠲᠠᠷᠢᠵᠠᠢ᠃     2000 ᠤᠨ ᠠᠴᠠ ᠡᠮᠦᠨ᠎ᠠ ᠠᠮᠢ ᠠᠬᠤᠢ ᠬᠦᠨᠳᠦ ᠨᠤᠴᠢᠲᠠᠢ ᠡᠪᠳᠡᠭᠳᠡᠵᠦ᠂ ᠡᠳᠦᠷ ᠪᠤᠯᠭᠠᠨ ᠡᠯᠡᠰᠦᠨ ᠰᠢᠭᠤᠷᠭ᠎ᠠ ᠳᠡᠭᠳᠡᠬᠦ ᠳᠤ ᠵᠢᠶᠠ ᠵᠢᠶᠠᠨ ᠹᠧᠩ ᠡᠬᠢᠯᠡᠵᠤ ᠮᠤᠲᠤ ᠲᠠᠷᠢᠬᠰᠠᠨ ᠢᠶᠠᠷ᠂ ᠦᠨᠦ ᠨᠢᠭᠡᠨᠲᠠ ᠠᠮᠢ ᠠᠬᠤᠢ ᠶᠢᠨ ᠤᠢᠢᠵᠢᠭᠤᠯᠤᠯᠲᠠ ᠶᠢᠨ ᠮᠡᠷᠭᠡᠵᠢᠯ ᠤᠨ ᠡᠷᠦᠭᠡ ᠪᠤᠯᠵᠦ᠂ ᠵᠢᠯ ᠪᠤᠯᠭᠠᠨ ᠤ ᠮᠤᠳᠤᠨ ᠴᠢᠬᠢ ᠬᠤᠳᠠᠯᠳᠤᠭᠰᠠᠨ ᠤᠷᠤᠯᠭ᠎ᠠ ᠨᠢ ᠬᠡᠳᠦᠨ ᠵᠠᠭᠤᠨ ᠲᠦᠮᠡ ᠳᠤ ᠬᠦᠷᠴᠦ ᠪᠤᠢ᠃     ᠬᠤᠯᠠᠨ ᠰᠢᠷᠭ᠎ᠠ ᠳᠠᠭ᠎ᠠ ᠶᠢᠨ ᠡᠯᠡᠰᠦ ᠨᠢ 11 ᠬᠤᠰᠢᠭᠤ ᠰᠢᠶᠠᠨ ᠬᠤᠲᠠ ᠶᠢᠨ ᠬᠡᠪᠴᠢᠶᠠᠨ ᠳᠤ ᠲᠠᠷᠬᠠᠵᠦ᠂ 20 ᠲᠦᠮᠡ ᠢᠯᠡᠬᠦᠦ ᠬᠦᠮᠦᠨ ᠠᠮᠠ ᠤᠷᠤᠰᠢᠨ ᠠᠮᠢᠳᠤᠷᠠᠬᠤ ᠲᠠᠢ ᠬᠤᠯᠪᠤᠬᠳᠠᠳᠠᠬ᠃ ᠤᠯᠠᠩᠬᠢ ᠨᠢ ᠮᠠᠯᠵᠢᠯ ᠤᠨ ᠦᠢᠯᠡᠳᠪᠦᠷᠢᠯᠡᠯ ᠡᠷᠬᠢᠯᠡᠵᠦ᠂ 240 ᠲᠦᠮᠡ ᠭᠠᠷᠤᠢ ᠲᠤᠯᠤᠭᠠᠢ ᠮᠠᠯ ᠮᠠᠯᠵᠢᠵᠦ᠂ ᠨᠢᠭᠡᠨ ᠦᠢᠯᠡᠳᠪᠦᠷᠢᠯᠠᠯ᠂ ᠠᠮᠢᠳᠤᠷᠠᠯ᠂ ᠠᠮᠢ ᠠᠬᠤᠢ ᠰᠤᠯᠪᠢᠴᠠᠭᠰᠠᠨ ᠤᠷᠤᠨ ᠪᠦᠰᠡ ᠶᠤᠮ᠃     ᠠᠮᠢ ᠠᠬᠤᠢ ᠶᠢᠨ ᠵᠠᠰᠠᠯᠲᠠ ᠶᠢᠨ ᠶᠠᠪᠤᠴᠠ ᠳᠤ᠂ ᠬᠠᠮᠤᠭ ᠠᠴᠠ ᠬᠦᠴᠢᠷᠲᠡᠢ ᠨᠢ ᠦᠢᠯᠡᠳᠪᠦᠷᠢᠯᠡᠯ᠂ ᠠᠮᠢᠳᠤᠷᠠᠯ ᠪᠣᠯᠤᠨ ᠠᠮᠢ ᠠᠬᠤᠢ ᠶᠢᠨ ᠬᠠᠮᠠᠭᠠᠯᠠᠯᠲᠠ ᠶᠢᠨ ᠬᠤᠭᠤᠷᠤᠨᠳᠤᠬᠢ ᠵᠦᠷᠢᠴᠡᠯ ᠢ ᠬᠡᠷᠬᠢᠨ ᠰᠢᠢᠳᠪᠦᠷᠢᠯᠡᠬᠦ ᠶᠠᠪᠤᠳᠡᠯ ᠪᠤᠯᠤᠨ᠎ᠠ᠃ ᠡᠨᠡᠬᠦ ᠬᠦᠴᠢᠷᠲᠡᠯ ᠢ ᠰᠢᠢᠳᠪᠦᠷᠢᠯᠡᠬᠦ ᠶᠢᠨ ᠲᠦᠯᠦᠭᠡ᠂ ᠲᠤᠬᠠᠢ ᠶᠢᠨ ᠭᠠᠵᠠᠷ ᠤᠨ ᠬᠢᠨ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢ ᠠᠵᠤ ᠦᠢᠯᠡᠰᠵᠢᠭᠦᠯᠤᠨ᠂ ᠠᠵᠤ ᠦᠢᠯᠡᠰ ᠢᠶᠠᠷ ᠠᠮᠢ ᠠᠬᠤᠢ ᠶᠢ ᠰᠡᠷᠭᠦᠭᠡᠬᠦ ᠪᠠᠷ ᠳᠠᠮᠵᠢᠭᠤᠯᠤᠨ᠂ ᠠᠮᠢ ᠠᠬᠤᠢ ᠪᠤᠯᠤᠨ ᠠᠵᠤ ᠦᠢᠯᠡᠰ᠂ ᠡᠯᠡᠰᠦ ᠶᠢ ᠵᠠᠰᠠᠬᠤ ᠪᠤᠯᠤᠨ ᠪᠠᠶᠠᠵᠢᠭᠤᠯᠬᠤ ᠶᠢ ᠬᠦᠨᠵᠡᠭᠡᠢ ᠠᠭᠤᠰᠤᠯᠴᠠᠭᠤᠯᠬᠤ ᠶᠢ ᠬᠦᠴᠦᠯᠡᠨ ᠠᠬᠢᠭᠤᠯᠵᠦ᠂ ᠡᠯᠡᠰᠦᠷᠬᠡᠭ ᠤᠷᠤᠨ ᠤ ᠠᠵᠤ ᠦᠢᠯᠡᠰ ᠤᠨ ᠪᠦᠲᠦᠴᠡ ᠶᠢ ᠰᠢᠯᠢᠳᠡᠭᠵᠢᠬᠦᠯᠬᠦ ᠶᠢ ᠲᠦᠷᠭᠡᠳᠭᠡᠨ᠂ ᠦᠢᠯᠡᠳᠪᠦᠷᠢᠯᠡᠯ ᠡᠵᠡᠩᠨᠡᠯᠲᠠ ᠶᠢᠨ ᠠᠷᠭ᠎ᠠ ᠬᠡᠯᠪᠡᠷᠢ ᠪᠠᠨ ᠢᠳᠡᠪᠬᠢᠲᠠᠢ ᠬᠤᠪᠢᠷᠠᠭᠤᠯᠵᠦ᠂ ᠦᠢᠯᠡᠳᠪᠦᠷᠢᠯᠡᠯ᠂ ᠠᠮᠢᠳᠤᠷᠠᠯ ᠪᠣᠯᠤᠨ ᠠᠮᠢ ᠠᠬᠤᠢ ᠶᠢᠨ ᠬᠠᠯᠬᠠᠪᠴᠢ ᠶᠢᠨ ᠪᠦᠲᠦᠭᠡᠨ ᠪᠠᠶᠢᠭᠤᠯᠤᠯᠲᠠ ᠶᠢᠨ ᠤᠯᠠᠨ ᠲᠠᠯ᠎ᠠ ᠶᠢᠨ ᠦᠷ᠎ᠠ ᠪᠦᠲᠦᠮᠵᠢ ᠶᠢ ᠤᠯᠵᠠᠢ᠃     ᠰᠢᠯᠢ ᠶᠢᠨ ᠭᠤᠣᠯ ᠠᠶᠢᠮᠠᠭ ᠤᠨ ᠰᠢᠯᠤᠭᠤᠨ ᠬᠦᠬᠡ ᠬᠤᠰᠢᠭᠤᠨ ᠤ ᠰᠠᠩ ᠤᠨ ᠲᠠᠯᠠᠢ ᠪᠠᠯᠭᠠᠰᠤᠨ ᠤ ᠮᠠᠯᠴᠢᠨ ᠠᠪᠤᠷᠭᠤ ᠶᠢᠨ ᠬᠢᠨ ᠬᠤᠯᠠᠨ ᠰᠢᠷᠭ᠎ᠠ ᠲᠠᠭ᠎ᠠ ᠶᠢᠨ ᠡᠯᠡᠰᠦ ᠶᠢᠨ ᠦᠷᠦᠴᠡᠨ ᠳᠤ ᠰᠠᠭᠤᠵᠦ ᠪᠠᠶᠢᠳᠠᠭ᠃ ᠭᠠᠩ ᠲᠠᠢ ᠵᠢᠯ ᠬᠡᠲᠦᠷᠡᠲᠡᠯ᠎ᠠ ᠮᠠᠯᠵᠢᠭᠰᠠᠨ ᠠᠴᠠ ᠲᠠᠳᠡᠨ ᠤ 960 ᠮᠦ ᠪᠡᠯᠴᠢᠭᠡᠷ ᠨᠢ ᠬᠦᠨᠳᠦ ᠨᠤᠴᠢᠲᠠᠢ ᠡᠯᠡᠰᠦᠷᠭᠡᠭᠵᠢᠵᠠᠢ᠃ 1996 ᠤᠨ ᠠᠴᠠ ᠠᠪᠤᠷᠭᠤ 400 ᠭᠠᠷᠤᠢ ᠬᠤᠨᠢ ᠪᠠᠨ ᠪᠦᠬᠦᠨ ᠢ ᠬᠤᠳᠠᠯᠳᠤᠵᠦ᠂ ᠤᠷᠤᠨ ᠳᠤ ᠨᠢ ᠠᠷᠪᠠᠨ ᠬᠡᠳᠦᠨ ᠦᠭᠡᠷ ᠬᠤᠳᠠᠯᠳᠤᠨ ᠠᠪᠴᠦ᠂ ᠦᠭᠡᠷ ᠢᠶᠠᠨ ᠲᠡᠵᠢᠭᠡᠬᠦ ᠶᠢᠨ ᠳᠠᠭᠠᠤ ᠡᠪᠡᠰᠦ ᠲᠠᠷᠢᠵᠤ ᠡᠯᠡᠰᠦ ᠶᠢ ᠵᠠᠰᠠᠵᠠᠢ᠃ ᠤᠳᠤᠬᠠᠨ ᠳᠤ ᠲᠠᠲᠠᠨᠠᠶᠢᠬᠢᠨ ᠰᠠᠶᠢᠨ ᠡᠭᠦᠯᠳᠡᠷ ᠤᠨ 36 ᠰᠢᠮᠨᠧᠲᠷ ᠦᠭᠡᠷ ᠲᠠᠢ ᠪᠤᠯᠵᠦ᠂ ᠵᠢᠯ ᠪᠦᠷᠢ ᠶᠢᠨ ᠲᠤᠭᠤᠯ ᠢᠶᠠᠨ ᠬᠤᠳᠠᠯᠳᠤᠭᠰᠠᠨ ᠤᠷᠤᠯᠭ᠎ᠠ ᠨᠢ 30 ᠲᠦᠮᠡ ᠭᠠᠷᠤᠢ ᠲᠦᠭᠦᠷᠢᠭ ᠤᠯᠬᠤ ᠪᠤᠯᠤᠭᠰᠠᠨ ᠮᠥᠷᠲᠡᠭᠡᠨ ᠮᠢᠩᠭ᠎ᠠ ᠭᠠᠷᠤᠢ ᠮᠦ ᠪᠡᠯᠴᠢᠭᠡᠷ ᠤᠨ ᠬᠢᠨᠢ ᠠᠮᠢ ᠠᠬᠤᠢ ᠨᠢ ᠴᠦ ᠰᠡᠷᠭᠦᠵᠡᠢ᠃     ᠣᠶᠢᠯᠠᠭᠠᠭᠰᠠᠨ ᠢᠶᠠᠷ᠂ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠪᠠ ᠠᠵᠤ ᠦᠢᠯᠡᠰ ᠤᠨ ᠨᠡᠭᠡᠭᠡᠨ ᠬᠦᠭᠵᠢᠬᠦᠯᠦᠯᠲᠠ᠂ ᠡᠯᠡᠰᠦ ᠶᠢ ᠵᠠᠰᠠᠬᠤ ᠪᠠ ᠪᠠᠶᠠᠵᠢᠭᠤᠯᠬᠤ ᠶᠢ ᠬᠦᠨᠵᠡᠭᠡᠢ ᠤᠶᠠᠯᠳᠤᠭᠤᠯᠤᠬᠰᠠᠨ ᠨᠢ᠂ ᠬᠤᠯᠠᠨ ᠰᠢᠷᠭ᠎ᠠ ᠶᠢᠨ ᠡᠯᠡᠰᠦᠨ ᠤ 2.5 ᠲᠦᠮᠡᠨ ᠶᠠᠳᠠᠭᠤ ᠬᠦᠴᠢᠷᠲᠡᠯᠲᠡᠢ ᠮᠠᠯᠴᠢᠨ ᠲᠠᠷᠢᠶᠠᠴᠢᠨ ᠢ ᠶᠠᠳᠠᠭᠤ ᠠᠴᠠ ᠠᠩᠬᠢᠵᠢᠷᠠᠭᠤᠯᠤᠨ ᠪᠠᠶᠠᠵᠢᠯ ᠤᠨ ᠵᠠᠮ ᠢᠶᠠᠷ ᠬᠦᠳᠦᠯᠵᠠᠢ᠃     20 ᠵᠢᠯ ᠤᠨ ᠵᠠᠰᠠᠯᠲᠠ ᠪᠠᠷ ᠳᠠᠮᠵᠢᠭᠠᠳ᠂ ᠬᠤᠯᠠᠨ ᠰᠢᠷᠭ᠎ᠠ ᠶᠢᠨ ᠠᠮᠢ ᠠᠬᠤᠢ ᠶᠢᠨ ᠤᠷᠴᠢᠨ ᠲᠤᠭᠤᠷᠢᠨ ᠢᠯᠡᠷᠬᠡᠢ ᠰᠠᠶᠢᠵᠢᠷᠠᠵᠦ᠂ ᠤᠢ ᠰᠢᠭᠤᠢ ᠪᠠ ᠨᠤᠲᠤᠭ ᠪᠡᠯᠴᠢᠭᠡᠷ ᠤᠨ ᠠᠵᠤ ᠦᠢᠯᠡᠰ᠂ ᠮᠢᠬᠠᠨ ᠤ ᠠᠵᠤ ᠦᠢᠯᠡᠰ ᠪᠤᠯᠤᠨ ᠵᠢᠭᠤᠯᠴᠢᠯᠠᠯ ᠤᠨ ᠠᠵᠤ ᠦᠢᠯᠡᠰ ᠵᠡᠷᠬᠡ ᠨᠢ ᠮᠠᠰᠢ ᠬᠦᠭᠵᠢᠵᠦ᠂ ᠮᠠᠯᠴᠢᠨ ᠲᠠᠷᠢᠶᠠᠴᠢᠨ ᠤ ᠦᠢᠯᠡᠳᠪᠦᠷᠢᠯᠠᠯ ᠠᠮᠢᠳᠤᠷᠠᠯ ᠪᠠᠲᠤᠯᠠᠭ᠎ᠠ ᠲᠠᠢ ᠪᠤᠯᠵᠦ᠂ ᠠᠮᠢ ᠠᠬᠤᠢ ᠶᠢᠨ ᠬᠠᠯᠬᠠᠪᠴᠢ ᠶᠢᠨ ᠪᠦᠲᠦᠭᠡᠨ ᠪᠠᠶᠢᠭᠤᠯᠤᠯᠲᠠ ᠨᠢ ᠴᠦ ᠦᠷ᠎ᠠ ᠪᠦᠲᠤᠮᠵᠢᠲᠠᠢ ᠪᠤᠯᠵᠠᠢ᠃     ᠬᠠᠮᠤᠭ ᠤᠨ ᠰᠢᠨ᠎ᠠ ᠪᠦᠷᠢᠳᠭᠡᠯ ᠢ ᠦᠨᠳᠦᠰᠦᠯᠡᠪᠡᠯ᠂ 2017 ᠤᠨ ᠪᠤᠯᠲᠠᠯ᠎ᠠ᠂ ᠬᠤᠯᠠᠨ ᠰᠢᠷᠭ᠎ᠠ ᠶᠢᠨ ᠡᠯᠡᠰᠦ ᠶᠢᠨ ᠤᠢ ᠰᠢᠭᠤᠢ ᠶᠢᠨ ᠪᠦᠷᠬᠦᠴᠡ ᠶᠢᠨ ᠨᠤᠷᠮ᠎ᠠ 2004 ᠤᠨ ᠤ 13.05%᠎ ᠠᠴᠠ ᠪᠠᠨ ᠲᠡᠭᠡᠭᠰᠢᠯᠡᠭᠡᠳ 23.35% ᠪᠤᠯᠵᠠᠢ᠃ 2018 ᠤᠨ ᠳᠤ᠂ ᠬᠤᠯᠠᠨ ᠰᠢᠷᠭ᠎ᠠ ᠶᠢᠨ ᠡᠯᠡᠰᠦᠨ ᠤ ᠳᠤᠮᠳᠠᠴᠢ ᠤᠷᠭᠤᠮᠠᠯ ᠤᠨ ᠪᠦᠷᠬᠦᠴᠡ 41% ᠪᠤᠯᠵᠦ᠂ 2011 ᠤᠨ ᠠᠴᠠ ᠵᠠᠭᠤᠨ ᠤ 8 ᠬᠤᠪᠢ ᠲᠡᠭᠡᠭᠰᠢᠯᠡᠭᠰᠡᠨ ᠪᠠᠶᠢᠨ᠎ᠠ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号