ᠰᠠᠴᠤᠯᠢ ᠡᠷᠭᠦᠬᠦ ᠶᠣᠰᠣᠨ ᠪᠣᠯ ᠮᠣᠩᠭᠤᠯᠴᠤᠳ ᠤᠨ ᠲᠡᠭᠷᠢ᠂ ᠭᠠᠵᠠᠷ᠂ ᠲᠡᠭᠡᠳᠤᠰ ᠲᠠᠢ ᠪᠠᠨ ᠬᠠᠷᠢᠴᠠᠬᠤ | ᠬᠠᠷᠢᠯᠴᠠᠭᠠᠨ ᠤ ᠤᠬᠠᠭᠠᠨ ᠪᠠᠶᠢᠵᠦ᠂ ᠰᠠᠴᠤᠯᠢ ᠨᠢ ᠢᠯᠡ ᠲᠠᠯᠳᠠ ᠶᠢᠷᠳᠢᠨᠴᠦ ᠶᠢᠨ ᠬᠤᠯᠪᠣᠭᠠᠰᠦ ᠪᠣᠯᠳᠠᠭ᠃ | ᠰᠠᠴᠤᠯᠢ ᠶᠢ ᠬᠦᠭᠡ ᠮᠦᠩᠭᠡ ᠲᠡᠭᠷᠢ ᠡᠴᠢᠭᠡ᠂ ᠬᠦᠷᠦᠰᠤᠳᠦ ᠠᠯᠳᠠᠨ ᠲᠡᠯᠡᠭᠡᠢ ᠡᠳᠤᠭᠡᠨ ᠡᠭᠡ᠂ ᠬᠦᠮᠦᠨ | ᠲᠦᠷᠤᠯᠬᠢᠳᠡᠨ ᠤ ᠤᠳᠤᠮ ᠤᠭᠰᠠᠭ᠎ᠠ ᠶᠢᠨ ᠦᠨᠳᠤᠷ ᠲᠡᠭᠡᠳᠤᠰ ᠲᠡᠭᠡᠨ ᠦᠴᠢᠨ ᠪᠠᠶᠢᠵᠦ ᠡᠷᠭᠦᠳᠡᠭ᠃ | ᠲᠡᠭᠷᠢ ᠪᠣᠯ ᠮᠣᠩᠭᠤᠯᠴᠤᠳ ᠤᠨ ᠲᠡᠭᠡᠳᠦ ᠰᠢᠳᠤᠭᠡᠨ ᠶᠤᠮ᠃ ᠮᠣᠩᠭᠤᠯᠴᠤᠳ ᠤᠨ ᠰᠢᠳᠤᠳᠡᠭ ᠲᠡᠭᠷᠢ ᠳᠤ | ᠮᠦᠩᠭᠡ ᠲᠡᠭᠷᠢ᠂ ᠬᠦᠭᠡ ᠶᠢᠰᠤᠨ ᠲᠡᠭᠷᠢ᠂ ᠶᠡᠷᠨ ᠶᠢᠰᠤᠨ ᠲᠡᠭᠷᠢ᠂ ᠭᠤᠴᠢᠨ ᠭᠤᠷᠪᠠᠨ ᠬᠤᠷᠮᠣᠰᠳᠠ ᠵᠢᠴᠢ ᠨᠠᠷᠠᠨ | ᠰᠠᠷᠠᠨ ᠣᠳᠣᠳ ᠵᠡᠷᠭᠡ ᠣᠷᠴᠢᠯᠠᠩ ᠤᠨ ᠣᠷᠣᠰᠢᠬᠤᠢ ᠪᠠᠭᠳᠠᠳᠠᠭ᠃ ᠮᠣᠩᠭᠤᠯᠴᠤᠳ ︽ᠲᠡᠭᠷᠢ ᠮᠡᠳᠡᠳᠦᠭᠡᠢ︾᠂ ︽ | ᠲᠡᠭᠷᠢ ᠮᠢᠨᠢ ᠦᠷᠤᠰᠢᠶᠡ︾ ᠭᠡᠳᠡᠭ ᠪᠠᠶᠢᠵᠦ᠂ ︽ᠮᠣᠩᠭᠤᠯ ᠤᠨ ᠨᠢᠭᠤᠴᠠ ᠲᠣᠪᠴᠢᠶᠠᠨ︾ ᠳᠤ ᠶᠡᠭᠡ ᠡᠵᠡᠨ | ᠴᠢᠩᠬᠢᠰ ᠬᠠᠭᠠᠨ ᠠᠭᠳᠠ ᠶᠢᠨ ᠵᠢᠯᠣᠭᠤ ᠪᠠᠨ ᠵᠠᠯᠠᠵᠦ᠂ ᠠᠭᠤᠤ ᠲᠦᠷᠦ ᠶᠢ ᠪᠠᠶᠢᠭᠤᠯᠬᠤ ᠳᠠᠭᠠᠨ ︽ᠮᠦᠩᠭᠡ | ᠲᠡᠭᠷᠢ ᠶᠢᠨ ᠵᠠᠷᠯᠢᠭ ᠢᠶᠠᠷ︾ ᠭᠦᠢᠴᠡᠳᠭᠡᠵᠦ᠂ ︽ᠮᠦᠩᠭᠡ ᠲᠡᠭᠷᠢ ᠢᠪᠡᠭᠡᠬᠦ ᠪᠣᠯᠳᠤᠭᠠᠢ︾ ᠭᠡᠵᠦ ᠲᠠᠭᠠᠳᠬᠠᠨ᠂ | ᠲᠡᠭᠷᠢ ᠪᠠ ᠮᠦᠩᠭᠡ ᠲᠡᠭᠷᠢ ᠶᠢ ᠣᠯᠠᠨ ᠴᠦ ᠤᠳᠠᠭ᠎ᠠ ᠲᠠᠭᠤᠳᠠᠭᠰᠠᠨ ᠪᠠᠶᠢᠳᠠᠭ᠃ ᠶᠡᠭᠡ ᠮᠣᠩᠭᠤᠯ ᠤᠯᠤᠰ ᠤᠨ ᠲᠠᠯᠠᠢ | ᠬᠠᠭᠠᠨ ᠤ ᠬᠠᠰᠪᠤᠤ ᠲᠠᠮᠠᠭᠠᠨ ᠲᠡᠭᠡᠷ᠎ᠡ ︽ᠮᠦᠩᠭᠡ ᠲᠡᠭᠷᠢ ᠶᠢᠨ ᠬᠦᠴᠦᠨ ᠳᠤᠷ ᠮᠣᠩᠭᠤᠯ ᠤᠯᠤᠰ ᠤᠨ ᠲᠠᠯᠠᠢ ᠶᠡᠭᠡ | ᠬᠠᠭᠠᠨ ᠤ ᠵᠠᠷᠯᠢᠭ ᠢ ᠢᠯᠡ ᠪᠣᠯᠭᠠᠨ ᠢᠷᠭᠡᠨ ᠳᠤᠷ ᠬᠦᠷᠭᠡᠪᠡᠰᠦ ᠪᠢᠰᠢᠷᠡᠳᠦᠭᠡᠢ ᠠᠶᠤᠳᠤᠭᠠᠢ︾ ᠭᠡᠵᠦ ᠬᠠᠭᠠᠨ ᠤ | ᠵᠠᠷᠯᠢᠭ ᠢ ᠤᠯᠠᠮᠵᠢᠯᠠᠪᠠ᠃ ᠢᠩᠬᠢᠵᠦ ᠡᠭᠡᠯ ᠵᠢᠷ ᠤᠨ ᠠᠷᠠᠳ ᠢᠷᠭᠡᠳ ᠠᠴᠠ ᠶᠡᠭᠡ ᠡᠵᠡᠨ ᠴᠢᠩᠬᠢᠰ ᠬᠠᠭᠠᠨ | ᠬᠦᠷᠳᠡᠯ᠎ᠡ ᠶᠠᠮᠠᠷᠪᠠ ᠤᠶᠢᠯᠡ ᠶᠢ ᠬᠢᠬᠦ ᠳᠤ ᠮᠦᠩᠭᠡ ᠲᠡᠭᠷᠢ ᠶᠢᠨ ᠢᠪᠡᠭᠡᠯ ᠳᠤ ᠲᠠᠭᠠᠳᠬᠠᠵᠦ᠂ ᠮᠦᠩᠭᠡ ᠲᠡᠭᠷᠢ ᠶᠢᠨ | ᠡᠷᠭᠡᠨ ᠳᠤ ᠭᠦᠢᠴᠡᠳᠭᠡᠵᠦ᠂ ᠮᠦᠩᠭᠡ ᠲᠡᠭᠷᠢ ᠶᠢᠨ ᠬᠦᠴᠦᠨ ᠳᠤ ᠲᠠᠯᠠᠷᠬᠠᠳᠠᠭ᠃ | ᠮᠣᠩᠭᠤᠯᠴᠤᠳ ᠤᠨ ᠰᠢᠳᠤᠳᠡᠭ ᠡᠨᠡ ᠬᠦ ᠠᠤᠭ᠎ᠠ ᠬᠦᠴᠦᠳᠦ ᠮᠦᠩᠭᠡ ᠲᠡᠭᠷᠢ ᠪᠣᠯ ᠣᠷᠴᠢᠯᠠᠩ ᠤᠨ ᠨᠠᠷᠠ | ᠲᠡᠯᠡᠭᠡᠢ ᠲᠡᠭᠡᠷ᠎ᠡ ᠲᠣᠰᠤᠭᠰᠠᠨ ᠭᠡᠷᠡᠯ ᠤᠨ ᠡᠷᠴᠢᠮ ᠬᠦᠴᠦᠨ ᠤ ᠲᠡᠭᠡᠳᠦ ᠨᠢᠭᠡᠳᠦᠯ ᠪᠣᠯᠣᠨ᠎ᠠ᠃ ᠡᠨᠡ ᠨᠢ ᠪᠠᠶᠢᠭᠠᠯᠢ | ᠲᠡᠯᠡᠭᠡᠢ᠂ ᠬᠦᠮᠦᠨ᠂ ᠠᠮᠢᠳᠠᠨ᠂ ᠤᠷᠭᠤᠮᠠᠯ ᠪᠦᠬᠦᠨ ᠢ ᠠᠯᠠᠭᠴᠢᠯᠠᠯ ᠦᠭᠡᠢ ᠢᠪᠡᠭᠡᠵᠦ᠂ ᠠᠮᠢ ᠨᠠᠰᠦ ᠣᠯᠭᠤᠵᠦ | ᠦᠭᠳᠡᠭ ᠠᠴᠠ ᠮᠣᠩᠭᠤᠯᠴᠤᠳ ᠮᠦᠩᠭᠡ ᠲᠡᠭᠷᠢ ᠶᠢ ᠲᠡᠭᠡᠳᠤᠯᠡᠨ ᠰᠢᠳᠤᠳᠡᠭ ᠮᠦᠷᠳᠡᠭᠡᠨ ᠦᠪᠡᠷ ᠤᠨ ᠵᠦᠩ ᠪᠢᠯᠢᠭ᠂ | ᠰᠡᠷᠡᠯ ᠮᠡᠳᠡᠷᠡᠮᠵᠢ᠂ ᠰᠡᠳᠬᠢᠯ ᠵᠢᠷᠦᠭᠡ ᠪᠠᠷ ᠢᠶᠠᠨ ᠲᠡᠭᠷᠢ ᠲᠠᠢ ᠬᠠᠷᠢᠴᠠᠳᠠᠭ᠃ ᠢᠩᠬᠢᠬᠦ ᠳᠡᠭᠡᠨ ᠬᠦᠮᠦᠰ ᠤᠨ ᠦᠭᠡ | ᠭᠡᠯᠡ᠂ ᠤᠶᠢᠯᠡ ᠠᠵᠢᠯᠯᠠᠭ᠎ᠠ᠂ ᠰᠡᠳᠬᠢᠯ ᠰᠠᠨᠠᠭ᠎ᠠ ᠪᠦᠬᠦ ᠵᠦᠢᠯ ᠶᠢᠷᠳᠢᠨᠴᠦ ᠶᠢᠨ ᠵᠢᠮ᠎ᠡ ᠶᠣᠰᠣ ᠲᠠᠢ ᠨᠢᠭᠡᠨ ᠵᠦᠭ᠂ | ᠨᠢᠭᠡᠨ ᠴᠢᠭᠯᠡᠯ ᠳᠤ ᠬᠠᠨᠳᠤᠭᠰᠠᠨ ᠦᠶ᠎ᠡ ᠳᠤ ᠣᠷᠴᠢᠯᠠᠩ ᠤᠨ ᠡᠷᠴᠢᠮ ᠬᠦᠴᠦ ᠶᠢ ᠡᠶᠡᠷᠬᠦ ᠪᠠᠷ ᠬᠦᠯᠢᠶᠡᠨ ᠠᠪᠴᠦ᠂ | ᠪᠦᠬᠦ ᠵᠦᠢᠯ ᠨᠢ ᠤᠯᠠᠮ ᠲᠡᠭᠵᠢᠷᠡᠨ ᠪᠠᠳᠠᠷᠠᠬᠤ ᠶᠢ ᠮᠣᠩᠭᠤᠯᠴᠤᠳ ᠮᠦᠩᠭᠡ ᠲᠡᠭᠷᠢ ᠳᠤ ᠢᠪᠡᠭᠡᠭᠳᠡᠯᠡ ᠭᠡᠳᠡᠭ᠃ | ᠡᠭᠦᠨ ᠤ ᠡᠰᠡᠷᠬᠦ ᠪᠠᠷ ᠶᠢᠷᠳᠢᠨᠴᠦ ᠶᠢᠨ ᠵᠢᠮ᠎ᠡ ᠶᠣᠰᠣ ᠶᠢ ᠲᠡᠷᠰᠯᠡᠵᠦ᠂ ᠭᠡᠷᠡᠯ ᠤᠨ ᠡᠷᠴᠢᠮ ᠬᠦᠴᠦᠨ ᠤ ᠡᠰᠡᠷᠭᠦ᠂ | ᠪᠠᠶᠢᠭᠠᠯᠢ ᠲᠡᠯᠡᠭᠡᠢ ᠶᠢᠨ ᠵᠢᠮ᠎ᠡ ᠶᠣᠰᠣ ᠶᠢ ᠰᠦᠷᠬᠦ ᠲᠣᠳᠣᠮ ᠪᠦᠬᠦ ᠵᠦᠢᠯ ᠨᠢ ᠪᠦᠳᠤᠯ ᠦᠭᠡᠶᠢᠳᠡᠵᠦ ᠡᠴᠤᠰ ᠲᠡᠭᠡᠨ | ᠮᠠᠭᠤ ᠦᠷ᠎ᠡ ᠳ᠋ᠦᠩ ᠳᠤ ᠬᠦᠷᠬᠦ ᠶᠢ ᠮᠦᠩᠭᠡ ᠲᠡᠭᠷᠢ ᠶᠢᠨ ᠭᠡᠰᠭᠡᠯ ᠭᠡᠳᠡᠭ᠃ ᠣᠷᠴᠢᠯᠠᠩ ᠤᠨ ᠭᠡᠷᠡᠯ ᠤᠨ ᠡᠷᠴᠢᠮ | ᠬᠦᠴᠦ ᠲᠤᠰ ᠲᠤᠰ ᠤᠨ ᠢᠯᠭᠠᠭ᠎ᠠ ᠲᠠᠢ ᠪᠠᠶᠢᠳᠠᠭ ᠠᠴᠠ ᠶᠡᠷᠡ ᠶᠢᠰᠤᠨ ᠲᠡᠭᠷᠢ᠂ ᠭᠤᠴᠢᠨ ᠭᠤᠷᠪᠠᠨ ᠬᠤᠷᠮᠣᠰᠳᠠ᠂ | ᠬᠦᠭᠡ ᠶᠢᠰᠤᠨ ᠲᠡᠭᠷᠢ ᠭᠡᠵᠦ ᠢᠯᠭᠠᠨ ᠨᠡᠷᠡᠯᠡᠵᠦ᠂ ᠲᠡᠭᠦᠨ ᠲᠠᠢ ᠦᠪᠡᠷ ᠦᠪᠡᠷ ᠤᠨ ᠬᠦᠰᠡᠯ ᠱᠠᠭᠠᠷᠳᠠᠯᠭ᠎ᠠ ᠪᠠᠷ | ᠬᠠᠷᠢᠴᠠᠳᠠᠭ ᠠᠵᠢ᠃ ᠢᠩᠬᠢᠵᠦ ᠣᠷᠴᠢᠯᠠᠩ ᠤᠨ ᠭᠡᠷᠡᠯ ᠤᠨ ᠡᠷᠴᠢᠮ ᠬᠦᠴᠦ ᠶᠢ ᠲᠠᠨᠢᠵᠦ᠂ ᠲᠡᠭᠡᠳᠤᠯᠡᠵᠦ᠂ | ᠰᠢᠳᠤᠵᠦ᠂ ᠣᠷᠴᠢᠯᠠᠩ ᠤᠨ ᠡᠷᠴᠢᠮ ᠬᠦᠴᠦ ᠪᠠᠷ ᠤᠶᠤᠨ ᠰᠠᠨᠠᠭ᠎ᠠ ᠪᠠᠨ ᠲᠡᠵᠢᠭᠡᠨ ᠲᠡᠳᠬᠦᠬᠦ ᠬᠦᠨᠡᠰᠦ ᠲᠡᠵᠢᠭᠡᠯ | ᠪᠣᠯᠭᠠᠨ᠂ ᠣᠷᠴᠢᠯᠠᠩ ᠤᠨ ᠵᠢᠮ᠎ᠡ ᠶᠣᠰᠣᠨ ᠳᠤ ᠵᠣᠬᠢᠴᠠᠨ ᠠᠮᠢᠳᠤᠷᠠᠬᠤ ᠤᠬᠠᠭᠠᠨ ᠢ ᠮᠣᠩᠭᠤᠯᠴᠤᠳ ᠤᠨ ᠲᠡᠭᠷᠢ ᠶᠢᠨ | ᠤᠬᠠᠭᠠᠨ ᠪᠣᠶᠣ ᠲᠡᠭᠷᠢ ᠰᠢᠳᠤᠯᠭᠡ ᠭᠡᠵᠦ᠂ ᠲᠡᠭᠷᠢ ᠶᠢᠨ ᠭᠡᠷᠡᠯ ᠤᠨ ᠡᠷᠴᠢᠮ ᠬᠦᠴᠦ ᠪᠠᠷ ᠬᠦᠮᠦᠨ ᠠᠮᠢᠳᠠᠨ᠂ | ᠲᠦᠮᠡᠨ ᠪᠤᠳᠠᠰ ᠠᠮᠢ ᠨᠠᠰᠦ ᠶᠢ ᠣᠯᠳᠠᠭ ᠪᠣᠯᠬᠤᠷ ᠲᠡᠭᠷᠢ ᠡᠴᠢᠭᠡ ᠭᠡᠵᠦ᠂ ᠠᠯᠢᠪᠠ ᠪᠦᠬᠦᠨ ᠭᠠᠵᠠᠷ ᠲᠡᠭᠡᠷ᠎ᠡ | ᠠᠮᠢᠯᠠᠵᠦ ᠪᠤᠶᠢᠵᠢᠳᠠᠭ ᠪᠣᠯᠬᠤᠷ ᠬᠦᠷᠤᠰᠤᠳᠦ ᠠᠯᠳᠠᠨ ᠲᠡᠯᠡᠭᠡᠢ ᠶᠢ ᠡᠳᠤᠭᠡᠨ ᠡᠭᠡ ᠭᠡᠳᠡᠭ ᠰᠠᠨ᠃ | ᠡᠭᠡ ᠲᠡᠯᠡᠭᠡᠢ ᠲᠡᠭᠡᠷ᠎ᠡ ᠠᠮᠢ ᠨᠠᠰᠦ ᠲᠣᠭᠳᠠᠨᠢᠵᠦ᠂ ᠠᠮᠢᠳᠠᠨ ᠤᠷᠭᠤᠮᠠᠯ ᠦᠰᠴᠦ ᠲᠦᠯᠵᠢᠳᠡᠭ ᠪᠣᠯᠬᠤᠷ | ᠮᠣᠩᠭᠤᠯᠴᠤᠳ ᠠᠭᠤᠯᠠ ᠬᠠᠶᠢᠷᠬᠠᠳ᠂ ᠭᠤᠤᠯ ᠮᠦᠷᠡᠨ᠂ ᠭᠤᠪᠢ ᠬᠠᠩᠭᠠᠢ᠂ ᠪᠠᠶᠢᠭᠠᠯᠢ ᠠᠬᠤᠢ ᠪᠠᠨ ᠬᠠᠶᠢᠷᠠᠯᠠᠵᠦ᠂ | ᠬᠠᠮᠠᠭᠠᠯᠠᠵᠦ᠂ ᠨᠤᠳᠤᠭ ᠤᠰᠤᠨ ᠤ ᠡᠵᠡᠨ ᠰᠠᠪᠳᠠᠭ᠂ ᠣᠪᠣᠭ᠎ᠠ ᠱᠠᠩᠰᠢ ᠪᠠᠨ ᠲᠡᠭᠡᠳᠤᠯᠠᠨ ᠰᠢᠳᠤᠵᠦ᠂ ᠲᠡᠷᠡ | ᠪᠦᠬᠦᠨ ᠲᠠᠢ ᠡᠪᠯᠡᠨ ᠡᠪᠰᠡᠵᠦ᠂ ᠵᠦᠪ ᠤᠶᠢᠯᠠᠭᠠᠵᠦ᠂ ᠵᠦᠢᠳᠠᠢ ᠬᠠᠷᠢᠴᠠᠵᠦ ᠵᠤᠭᠢᠴᠠᠨ ᠤᠷᠤᠰᠢᠵᠤ ᠨᠡᠭᠦᠲᠡᠯᠯᠡᠨ | ᠶᠠᠪᠤᠳᠠᠭ ᠠᠮᠢᠳᠤᠷᠠᠯ ᠣᠷᠣᠰᠢᠬᠤᠢ ᠶᠢᠨ ᠤᠬᠠᠭᠠᠨ ᠢ ᠨᠡᠭᠦᠳᠡᠯ ᠰᠣᠶᠣᠯ ᠤᠨ ᠤᠬᠠᠭᠠᠨ ᠭᠡᠳᠡᠭ᠃ ᠰᠤᠷᠬᠠᠭᠳᠠᠨᠢ ᠪᠠᠬᠢ | ᠴᠡᠴᠡᠨ ᠬᠠᠳᠤᠨ ︽ᠬᠦᠭᠡ ᠮᠣᠩᠭᠤᠯ ᠤᠨ ᠨᠡᠭᠦᠳᠡᠯ ᠰᠣᠶᠣᠯ ᠢᠶᠠᠷ ᠪᠠᠳᠠᠷᠠᠭᠠᠬᠤ ᠶᠡᠭᠡ ᠵᠠᠰᠠᠭ ᠤᠨ ᠠᠯᠳᠠᠨ ᠲᠡᠭᠡᠳᠦ | ᠭᠡᠷ᠎ᠡ︾ ᠳᠤ ︽ᠠᠯᠳᠠᠨ ᠲᠡᠭᠡᠳᠦ ᠭᠡᠷ᠎ᠡ ᠨᠢ ᠶᠡᠭᠡ ᠵᠠᠰᠠᠭ ᠤᠨ ᠡᠭᠡ ᠪᠣᠯᠵᠦ᠂ ᠠᠷᠠᠳ ᠲᠦᠮᠡᠨ ᠤ ᠬᠤᠷ᠎ᠠ ᠰᠣᠶᠣᠯ ᠢ | ᠴᠢᠩᠬᠢᠰ ᠬᠠᠭᠠᠨ ᠤᠯᠤᠰ ᠤᠨ ᠶᠡᠭᠡ ᠭᠡᠷ᠎ᠡ ᠪᠣᠯᠭᠠᠵᠦ ᠮᠦᠷᠯᠡᠨ ᠪᠠᠶᠢᠵᠦ᠂ ᠶᠢᠰᠤᠨ ᠮᠦᠷᠡᠨ᠂ ᠭᠤᠴᠢᠨ ᠭᠤᠷᠪᠠᠨ | ᠭᠤᠪᠢ᠂ ᠬᠤᠷᠢ ᠶᠢᠰᠤᠨ ᠬᠠᠩᠭᠠᠢ ᠳᠤ ᠲᠡᠯᠡᠭᠡᠶᠢᠴᠢᠯᠡᠭᠰᠡᠨ ᠲᠡᠤᠭᠡ ᠲᠠᠢ ᠪᠢᠯᠡ︾ ᠭᠡᠵᠦ ᠲᠡᠮᠳᠡᠭᠯᠡᠭᠰᠡᠨ ᠠᠴᠠ | ᠦᠵᠡᠪᠡᠯ᠂ ᠶᠢᠰᠤᠨ ᠮᠦᠷᠡᠨ᠂ ᠬᠤᠷᠢ ᠶᠢᠰᠤᠨ ᠬᠠᠩᠭᠠᠢ᠂ ᠭᠤᠴᠢᠨ ᠭᠤᠷᠪᠠᠨ ᠭᠤᠪᠢ ᠵᠢᠴᠢ ᠬᠠᠶᠢᠷᠬᠠᠳ | ᠲᠣᠯᠣᠭᠠᠳ ᠣᠪᠣᠭ᠎ᠠ ᠶᠢ ᠪᠠᠭᠳᠠᠭᠠᠭᠰᠠᠨ ᠶᠡᠭᠡ ᠮᠣᠩᠭᠤᠯ ᠤᠨ ᠨᠤᠳᠤᠭ ᠲᠡᠪᠢᠰᠭᠡᠷ ᠢ ᠨᠡᠭᠦᠳᠡᠯ ᠰᠣᠶᠣᠯ ᠤᠨ | ᠤᠬᠠᠭᠠᠨ ᠢᠶᠠᠷ ᠲᠡᠯᠡᠭᠡᠶᠢᠴᠢᠯᠡᠨ ᠡᠷᠭᠡᠰᠢᠶᠡᠵᠦ᠂ ᠲᠡᠷᠡ ᠤᠬᠠᠭᠠᠨ ᠢᠶᠠᠨ ᠶᠡᠭᠡ ᠡᠵᠡᠨ ᠴᠢᠩᠬᠢᠰ ᠬᠠᠭᠠᠨ ᠶᠡᠭᠡ ᠵᠠᠰᠠᠭ | ᠬᠠᠤᠯᠢ ᠪᠣᠯᠭᠠᠨ ᠭᠡᠷᠡᠭᠵᠢᠭᠦᠯᠵᠦ ᠪᠠᠶᠢᠵᠠᠢ᠃ ᠢᠩᠬᠢᠬᠦ ᠳᠡᠭᠡᠨ ᠮᠣᠩᠭᠤᠯᠴᠤᠳ ᠲᠡᠭᠷᠢ ᠶᠢᠨ ᠭᠡᠷᠡᠯ᠂ ᠭᠠᠵᠠᠷ ᠤᠨ | ᠰᠢᠨᠵᠢ ᠶᠢ ᠵᠦᠩ ᠪᠢᠯᠢᠭ ᠢᠶᠠᠷ ᠢᠶᠠᠨ ᠰᠢᠨᠵᠢᠵᠦ᠂ ᠲᠡᠭᠷᠢ ᠶᠢᠨ ᠭᠡᠷᠡᠯ᠂ ᠣᠷᠴᠢᠯᠠᠩ ᠤᠨ ᠵᠢᠮ᠎ᠡ᠂ ᠭᠠᠵᠠᠷ ᠤᠨ | ᠶᠣᠰᠣᠨ ᠢ ᠡᠪᠳᠡᠬᠦ ᠳᠤ ᠬᠦᠷᠪᠡᠯ ᠵᠣᠪᠠᠯᠠᠩ ᠲᠠᠭᠤᠳᠠᠳᠠᠭ ᠢ ᠤᠬᠠᠳᠠᠭ ᠪᠠᠶᠢᠭᠰᠠᠨ ᠠᠴᠠ ᠨᠡᠭᠦᠳᠡᠯ ᠰᠣᠶᠣᠯ ᠤᠨ | ᠤᠬᠠᠭᠠᠨ ᠪᠣᠯ ᠬᠦᠮᠦᠨ ᠠᠮᠢᠳᠠᠨ᠂ ᠤᠷᠭᠤᠮᠠᠯ ᠪᠤᠳᠠᠰ᠂ ᠨᠠᠷᠠ ᠰᠠᠷ᠎ᠠ᠂ ᠣᠷᠴᠢᠯᠠᠩ ᠲᠡᠯᠡᠭᠡᠢ ᠶᠢ ᠨᠢᠭᠡ ᠴᠣᠭᠴᠠ | ᠪᠣᠯᠭᠠᠨ ᠨᠢᠭᠡᠳᠭᠡᠵᠦ᠂ ᠲᠡᠭᠦᠨ ᠤ ᠵᠢᠮ᠎ᠡ ᠶᠣᠰᠣᠨ ᠳᠤ ᠵᠤᠬᠢᠴᠠᠨ ᠣᠷᠣᠰᠢᠬᠤ ᠶᠢ ᠪᠠᠷᠢᠮᠳᠠᠯᠠᠭᠰᠠᠨ ᠠᠴᠠ ᠰᠠᠴᠤᠯᠢ | ᠡᠷᠭᠦᠬᠦ ᠶᠣᠰᠣᠨ ᠶᠠᠭ ᠡᠨᠡ ᠬᠦ ᠤᠬᠠᠭᠠᠨ ᠤ ᠲᠣᠳᠣᠷ᠎ᠠ ᠠᠴᠠ ᠤᠷᠭᠤᠨ ᠭᠠᠷᠴᠠᠢ᠃ ᠡᠶᠢᠨ ᠬᠦ ᠮᠦᠩᠭᠡ ᠲᠡᠭᠷᠢ ᠶᠢᠨ | ᠭᠡᠷᠡᠯ᠂ ᠬᠦᠮᠦᠨ ᠳᠤ ᠦᠨᠢ ᠮᠦᠩᠭᠡ ᠶᠢᠨ ᠠᠮᠢᠨ ᠴᠢᠨᠠᠷ ᠰᠦᠨᠡᠰᠦ ᠶᠢ ᠣᠯᠭᠤᠳᠠᠭ᠃ ᠲᠡᠷᠡ ᠭᠡᠭᠡᠨ ᠰᠦᠨᠡᠰᠦ | ᠣᠩᠭᠤᠳ ᠲᠡᠭᠷᠢ ᠪᠣᠯᠵᠦ᠂ ᠲᠡᠭᠷᠢ ᠶᠢᠨ ᠣᠷᠣᠨ ᠳᠠᠭᠠᠨ ᠣᠷᠣᠰᠢᠵᠦ᠂ ᠤᠳᠤᠮ ᠤᠭᠰᠠᠭ᠎ᠠ ᠶᠢᠨ ᠦᠷ᠎ᠡ | ᠬᠤᠶᠢᠴᠢᠰ ᠲᠠᠢ ᠪᠠᠨ ᠬᠤᠯᠪᠣᠭ᠎ᠠ ᠲᠠᠢ ᠪᠠᠶᠢᠳᠠᠭ ᠭᠡᠵᠦ ᠦᠵᠡᠳᠡᠭ ᠠᠴᠠ ᠲᠡᠳᠡᠭᠡᠷ ᠲᠡᠭᠡᠳᠦ ᠤᠶᠤᠨ ᠤᠬᠠᠭᠠᠨ ᠪᠣᠯᠬᠤ | ᠣᠩᠭᠤᠳ ᠢ ᠲᠡᠭᠷᠢ ᠶᠢ ᠤᠯᠠᠭᠠᠴᠢ ᠶᠢᠨ ᠪᠡᠶ᠎ᠡ ᠳᠤ ᠪᠠᠭᠤᠯᠭᠠᠨ ᠢᠷᠡᠭᠦᠯᠬᠦ ᠪᠣᠶᠣ ᠡᠰᠡᠬᠦᠯ᠎ᠡ ᠲᠡᠭᠷᠢ ᠶᠢᠨ ᠣᠷᠣᠨ ᠳᠠᠬᠢ | ᠲᠡᠳᠡᠭᠡᠷ ᠲᠡᠭᠡᠳᠤᠰ ᠤᠨ ᠢᠶᠠᠨ ᠤᠶᠤᠨ ᠤᠬᠠᠭᠠᠨ ᠢ ᠬᠦᠨᠳᠤᠯᠠᠵᠦ᠂ ᠲᠡᠭᠡᠳᠤᠯᠡᠵᠦ᠂ ᠲᠠᠶᠢᠯᠵᠦ᠂ ᠲᠠᠬᠢᠵᠦ᠂ | ᠪᠠᠶᠠᠰᠬᠠᠵᠦ᠂ ᠬᠠᠷᠠᠵᠦ ᠲᠠᠭᠠᠭᠠᠬᠤ ᠪᠣᠶᠣ ᠢᠪᠡᠭᠡᠯ ᠦᠷᠤᠰᠢᠶᠡᠯ ᠢᠶᠠᠨ ᠬᠦᠷᠳᠡᠭᠡᠬᠦ ᠶᠢ ᠭᠤᠶᠤᠵᠦ ᠲᠠᠭᠠᠳᠬᠠᠨ᠂ | ᠦᠪᠡᠷ ᠤᠨ ᠤᠷᠤᠭ ᠤᠳᠤᠮ ᠤᠨ ᠦᠨᠳᠤᠷ ᠲᠡᠭᠡᠳᠤᠰ ᠤᠨ ᠢᠶᠠᠨ ᠤᠬᠠᠭᠠᠨ᠂ ᠤᠶᠤᠨ᠂ ᠵᠦᠩ ᠢ ᠨᠢ ᠤᠯᠠᠮᠵᠢᠯᠠᠨ | ᠠᠪᠴᠦ ᠦᠷ᠎ᠡ ᠬᠤᠶᠢᠴᠢᠰ ᠲᠠᠭᠠᠨ ᠵᠠᠯᠭᠠᠮᠵᠢᠯᠠᠭᠤᠯᠵᠦ ᠭᠡᠭᠡᠷᠡᠵᠦ ᠠᠮᠢᠳᠤᠷᠠᠬᠤ ᠶᠢ ᠵᠣᠷᠢᠳᠠᠭ᠃ ᠶᠡᠭᠡ ᠡᠵᠡᠨ | ᠴᠢᠩᠬᠢᠰ ᠬᠠᠭᠠᠨ᠂ ᠲᠣᠯᠣᠭᠠᠨ ᠲᠡᠭᠡᠳᠦ ᠡᠴᠢᠭᠡ ᠶᠢᠨ ᠢᠶᠠᠨ ᠨᠠᠢᠮᠠᠨ ᠤᠶᠤᠨ᠂ ᠶᠢᠰᠤᠨ ᠤᠬᠠᠭᠠᠨ᠂ ᠠᠷᠪᠠᠨ ᠬᠤᠶᠠᠷ | ᠵᠦᠩ ᠢᠶᠠᠷ ᠭᠡᠭᠡᠷᠡᠵᠦ᠂ ᠮᠠᠨ ᠤ ᠡᠪᠦᠭᠡ ᠲᠡᠭᠡᠳᠤᠰ ᠪᠣᠯᠬᠤ ᠶᠡᠷᠡᠨ ᠲᠠᠪᠤᠨ ᠲᠦᠮᠡᠨ ᠠᠷᠠᠳ ᠢᠷᠭᠡᠳ ᠢᠶᠠᠨ | ᠤᠳᠤᠷᠢᠳᠤᠨ ᠣᠷᠣᠰᠢᠬᠤᠢ ᠶᠢᠨ ᠲᠦᠪᠰᠢᠨ ᠰᠠᠶᠢᠬᠠᠨ ᠢ ᠪᠦᠳᠦᠭᠡᠭᠰᠡᠨ ᠶᠤᠮ᠃ ᠶᠡᠭᠡ ᠬᠠᠭᠠᠨ ᠢᠩᠬᠢᠵᠦ ᠦᠨᠳᠤᠷ | ᠲᠡᠭᠡᠳᠤᠰ ᠤᠨ ᠢᠶᠠᠨ ᠤᠶᠤᠨ ᠤᠬᠠᠭᠠᠨ ᠢ ᠦᠪᠯᠡᠵᠦ᠂ ᠤᠯᠤᠰ ᠢᠶᠠᠨ ᠵᠠᠰᠠᠳᠠᠭ ᠪᠣᠯ ᠡ᠊ᠩ ᠤᠨ ᠠᠷᠠᠳ ᠢᠷᠭᠡᠳ | ᠦᠪᠡᠷ ᠤᠨ ᠲᠣᠯᠣᠭᠠᠨ ᠲᠡᠭᠡᠳᠦ ᠡᠴᠢᠭᠡ ᠶᠢᠨ ᠤᠶᠤᠨ ᠤᠬᠠᠭᠠᠨ᠂ ᠵᠦᠩ ᠪᠢᠯᠢᠭ ᠢᠶᠠᠷ ᠭᠡᠭᠡᠷᠡᠵᠦ ᠭᠡᠷ ᠢᠶᠠᠨ | ᠵᠠᠰᠠᠳᠠᠭ ᠪᠠᠶᠢᠪᠠ᠃ ᠢᠩᠬᠢᠵᠦ ᠦᠪᠡᠷ ᠤᠨ ᠤᠳᠤᠮ ᠤᠭᠰᠠᠭ᠎ᠠ ᠶᠢᠨ ᠦᠨᠳᠤᠷ ᠲᠡᠭᠡᠳᠤᠰ ᠲᠡᠭᠡᠨ ᠦᠪᠡᠷ ᠤᠨ ᠪᠦᠬᠦ | ᠢᠳᠡᠭᠡᠯ᠂ ᠰᠡᠳᠬᠢᠯ ᠬᠦᠰᠡᠯ ᠢᠶᠠᠨ ᠢᠯᠡᠳᠭᠡᠬᠦ ᠪᠣᠶᠣ ᠲᠡᠳᠡᠨ ᠲᠠᠢ ᠪᠠᠨ ᠬᠤᠯᠪᠣᠭᠳᠠᠬᠤ ᠳᠤ ᠮᠦᠨ ᠰᠠᠴᠤᠯᠢ ᠡᠷᠭᠦᠵᠦ | ᠪᠣᠳᠣᠯ ᠢᠶᠠᠨ ᠦᠴᠢᠳᠡᠭ ᠪᠢᠯᠡ᠃ ᠡᠶᠢᠨ ᠬᠦ ᠠᠮᠢ ᠠᠮᠢᠳᠤᠷᠠᠯ ᠢ ᠦᠭᠭᠦᠭᠴᠢ ᠮᠦᠩᠭᠡ ᠲᠡᠭᠷᠢ᠂ ᠠᠬᠤᠢ | ᠣᠷᠣᠰᠢᠬᠤᠢ ᠶᠢ ᠪᠣᠢ ᠪᠣᠯᠭᠠᠭᠴᠢ ᠠᠯᠳᠠᠨ ᠲᠡᠯᠡᠭᠡᠢ ᠳᠤ ᠬᠦᠮᠦᠨ ᠤ ᠲᠡᠭᠡᠳᠦ ᠤᠶᠤᠨ ᠤᠬᠠᠭᠠᠨ ᠵᠦᠪ ᠪᠠᠶᠢᠭᠰᠠᠨ | ᠦᠶ᠎ᠡ ᠳᠤ ᠠᠮᠢᠳᠤᠷᠠᠯ ᠡᠷᠡᠭᠦᠯ ᠰᠠᠷᠠᠭᠤᠯ ᠵᠦᠪ ᠲᠣᠭᠳᠠᠯᠴᠠᠭ᠎ᠠ ᠶᠢ ᠪᠣᠢ ᠪᠣᠯᠭᠠᠵᠦ᠂ ᠬᠦᠭᠡ ᠮᠦᠩᠭᠡ ᠲᠡᠭᠷᠢ ᠳᠤ | ᠢᠪᠡᠭᠡᠭᠳᠡᠵᠦ᠂ ᠬᠦᠷᠤᠰᠤᠳᠦ ᠠᠯᠳᠠᠨ ᠲᠡᠯᠡᠭᠡᠢ ᠳᠤ ᠲᠡᠳᠬᠦᠭᠳᠡᠨ᠂ ᠬᠦᠮᠦᠨ ᠲᠦᠷᠤᠯᠬᠢᠳᠡᠨ ᠤ ᠡ᠊ᠩᠭᠡ ᠠᠮᠤᠭᠤᠯᠠᠩ | ᠲᠣᠭᠳᠠᠨᠢᠳᠠᠭ ᠶᠤᠮ᠃ | ᠮᠣᠩᠭᠤᠯᠴᠤᠳ ᠤᠨ ᠰᠠᠴᠤᠯᠢ ᠡᠷᠭᠦᠬᠦ ᠶᠣᠰᠣᠨ ᠪᠣᠯ ᠶᠠᠭ ᠡᠨᠡ ᠬᠦ ᠲᠡᠭᠷᠢ᠂ ᠭᠠᠵᠠᠷ᠂ ᠬᠦᠮᠦᠨ ᠭᠤᠷᠪᠠ ᠶᠢ | ᠬᠤᠯᠪᠣᠵᠦ ᠪᠠᠶᠢᠭ᠎ᠠ ᠤᠶᠢᠯᠡ ᠪᠣᠯᠣᠨ᠎ᠠ᠃ ᠮᠣᠩᠭᠤᠯ ᠤᠯᠠᠮᠵᠢᠯᠠᠯ ᠳᠤ ᠭᠡᠷ ᠤᠨ ᠡᠵᠡᠭᠳᠡᠢ ᠦᠷᠯᠤᠭᠡ ᠶᠢᠨ ᠴᠠᠢ ᠪᠠᠨ | ᠴᠢᠨᠠᠭᠠᠳ ᠲᠡᠭᠡᠵᠢ ᠶᠢ ᠨᠢ ᠠᠪᠴᠦ ︽ᠲᠡᠭᠷᠢ᠂ ᠬᠠᠩᠭᠠᠢ᠂ ᠲᠡᠭᠡᠳᠤᠰ ᠮᠢᠨᠢ︕︾ ᠭᠡᠵᠦ ᠡᠷᠭᠦᠳᠡᠭ ᠪᠠ | ᠦᠨᠢᠶ᠎ᠡ ᠪᠠᠨ ᠰᠠᠭᠠᠮᠠᠭᠴᠠ ᠡᠪᠡᠰᠤᠨ ᠲᠣᠯᠣᠭᠠᠢ ᠶᠢ ᠨᠢ ᠠᠪᠤᠭᠠᠳ ᠰᠠᠭᠤᠯᠠᠭ᠎ᠠ ᠲᠠᠢ ᠰᠦ ᠳᠡᠭᠡᠨ ᠲᠦᠷᠦᠵᠦ ᠲᠡᠭᠷᠢ᠂ | ᠭᠠᠵᠠᠷ᠂ ᠲᠡᠭᠡᠳᠤᠰ ᠲᠡᠭᠡᠨ ᠡᠷᠭᠦᠳᠡᠭ ᠨᠢ ᠡ᠊ᠩ ᠤᠨ ᠠᠮᠢᠳᠤᠷᠠᠯ ᠤᠨ ᠭᠡᠪᠰᠢᠭᠰᠡᠨ ᠵᠠᠩᠰᠢᠯ ᠶᠤᠮ᠃ ᠡᠭᠦᠨ ᠠᠴᠠ | ᠭᠠᠳᠠᠨ᠎ᠠ᠂ ᠠᠯᠢ ᠱᠠᠭᠠᠷᠳᠠᠯᠭ᠎ᠠ ᠲᠠᠢ ᠦᠶ᠎ᠡ ᠳᠡᠭᠡᠨ ᠶᠢᠰᠤᠨ ᠨᠢᠳᠦ ᠲᠠᠢ ᠰᠠᠴᠤᠯᠢ ᠪᠠᠷ ᠰᠠᠴᠤᠯᠢ ᠡᠷᠭᠦᠵᠦ᠂ | ᠰᠠᠨᠠᠭᠰᠠᠨ ᠬᠦᠰᠡᠯ ᠢᠶᠠᠨ ᠲᠠᠭᠠᠳᠬᠠᠬᠤ ᠲᠤᠰᠬᠠᠢ ᠤᠶᠢᠯᠡ ᠶᠢ ᠬᠢᠳᠡᠭ ᠪᠠ ᠪᠦᠭᠡ ᠪᠦᠭᠡᠯᠡᠬᠦ᠂ ᠲᠠᠬᠢᠯᠭ᠎ᠠ ᠲᠠᠶᠢᠯᠭ᠎ᠠ | ᠬᠢᠬᠦ ᠳᠤ ᠵᠠᠪᠠᠯ ᠤᠷᠢᠳ ᠢᠶᠠᠷ ᠰᠠᠴᠤᠯᠢ ᠡᠷᠭᠦᠳᠡᠭ᠃ ᠶᠠᠮᠠᠷ ᠴᠦ ᠦᠶ᠎ᠡ ᠳᠤ ᠪᠦᠷ ᠠᠳᠠᠯᠢᠬᠠᠨ ᠤᠷᠢᠳ ᠢᠶᠠᠷ ᠬᠦᠭᠡ | ᠮᠦᠩᠭᠡ ᠲᠡᠭᠷᠢ᠂ ᠲᠠᠷᠠᠭᠠᠯᠠᠨ ᠬᠦᠷᠤᠰᠤᠳᠦ ᠠᠯᠳᠠᠨ ᠲᠡᠯᠡᠭᠡᠢ᠂ ᠬᠤᠶᠢᠨ᠎ᠠ ᠠᠴᠠ ᠨᠢ ᠤᠳᠤᠮ ᠤᠨ ᠦᠨᠳᠤᠷ | ᠲᠡᠭᠡᠳᠤᠰ ᠢᠶᠠᠨ ᠨᠡᠷᠡᠯᠡᠨ ᠲᠠᠭᠤᠳᠠᠵᠦ ᠬᠢᠵᠦ ᠪᠠᠶᠢᠭ᠎ᠠ ᠤᠶᠢᠯᠡ ᠪᠠᠨ ᠦᠭᠦᠯᠡᠵᠦ ᠮᠡᠳᠡᠭᠦᠯᠦᠨ᠂ ᠬᠤᠶᠢᠨ᠎ᠠ ᠠᠴᠠ ᠨᠢ | ᠬᠦᠰᠡᠨ ᠭᠤᠶᠤᠵᠦ ᠪᠠᠶᠢᠭ᠎ᠠ ᠪᠦᠬᠦᠨ ᠢᠶᠠᠨ ᠦᠴᠢᠳᠡᠭ ᠨᠢ ᠮᠣᠩᠭᠤᠯᠴᠤᠳ ᠤᠨ ᠰᠠᠴᠤᠯᠢ ᠡᠷᠭᠦᠬᠦ ᠶᠣᠰᠣᠨ ᠪᠢᠯᠡ᠃ |