1 ᠰᠠᠷ᠎ᠠ ᠶᠢᠨ 1 ᠤ ᠡᠳᠦᠷ᠂ ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠭ ᠤᠨ ᠪᠠᠷᠠᠭᠤᠨ | ᠦᠵᠦᠮᠦᠴᠢᠨ ᠬᠤᠰᠢᠭᠤᠨ ᠤ ︿︿2020 ᠤᠨ ᠤ ︿ᠦᠵᠦᠮᠦᠴᠢᠨ ᠭᠠᠯ ᠬᠤᠷᠳᠦ﹀ ᠤᠶᠠᠭᠠᠴᠢᠳ ᠤᠨ | ᠨᠡᠶᠢᠬᠡᠮᠯᠢᠭ ᠤᠨ ᠰᠢᠨ᠎ᠠ ᠤᠨ ᠢᠶᠠᠨ ᠤᠬᠳᠤᠬᠤ ᠮᠤᠷᠢᠨ ᠤᠷᠤᠯᠳᠤᠭᠠᠨ ᠠᠮᠵᠢᠯᠳᠠ ᠲᠠᠢ ᠰᠠᠶᠢᠬᠠᠨ ᠶᠠᠪᠤᠬᠳᠠᠯ᠎ᠠ᠃ | 2016 ᠤᠨ ᠳᠤ ᠪᠠᠶᠢᠭᠤᠯᠤᠬᠳᠠᠬᠰᠠᠨ ︿︿ᠦᠵᠦᠮᠦᠴᠢᠨ ᠭᠠᠯ ᠬᠤᠷᠳᠦ﹀﹀ ᠤᠶᠠᠭᠠᠴᠢᠳ ᠤᠨ ᠨᠡᠶᠢᠬᠡᠮᠯᠢᠭ | ᠨᠢ 2019 ᠤᠨ ᠤ ᠠᠵᠢᠯ ᠢᠶᠠᠨ ᠳ᠋ᠦᠡᠭᠨᠡᠵᠤ᠂ ᠵᠢᠯ ᠤᠨ ᠡᠴᠦᠰ ᠤᠨ ᠬᠤᠪᠢ ᠶᠢᠨ ᠳ᠋ᠦᠡᠭ ᠤᠨ ᠰᠢᠯᠭᠠᠷᠠᠭᠤᠯᠤᠯᠳᠠ | ᠪᠠᠷ ᠲᠦᠷᠦᠭᠦᠤ ᠲᠠᠪᠤ ᠳᠤ ᠤᠷᠤᠬᠰᠠᠨ ᠲᠦᠪᠰᠢᠨ᠂ ᠵᠠ᠊ · ᠪᠤᠯᠠᠭ᠂ ᠦᠨᠡᠡᠴᠢ᠂ ᠮᠡᠷᠭᠡᠨ᠂ ᠮᠠᠩᠯᠠᠢ ᠵᠡᠷᠭᠡ 5 | ᠤᠶᠠᠭᠠᠴᠢ ᠪᠠᠨ ︿︿ᠮᠠᠩᠯᠠᠢ ᠤᠶᠠᠭᠠᠴᠢ﹀﹀ ᠪᠠᠷ ᠴᠤᠯᠠᠯᠠᠵᠤ᠂ ᠴᠤᠯᠤ ᠮᠦᠡᠭᠭᠦᠨ ᠮᠧᠲᠡᠯ ᠢᠶᠠᠷ ᠱᠠᠩᠨᠠᠵᠤ᠂ ᠨᠠᠶᠢᠷ | ᠨᠠᠭᠠᠳᠤᠮ ᠢᠶᠠᠷ ᠨᠤᠳᠤᠭ ᠤᠰᠤᠨ ᠤ ᠪᠠᠨ ᠠᠯᠳᠠᠷ ᠨᠡᠷ᠎ᠠ ᠶᠢ ᠮᠠᠨᠳᠤᠭᠤᠯᠵᠤ ᠶᠠᠪᠤᠬᠰᠠᠨ ᠰᠠᠷᠠᠩᠭᠡᠷᠡᠯ᠂ ᠤᠷᠭᠢᠯ ᠵᠡᠷᠭᠡ | 52 ᠤᠶᠠᠭᠠᠴᠢ ᠪᠠᠨ ︿︿ᠰᠢᠯᠢᠳᠡᠭ ᠤᠶᠠᠭᠠᠴᠢ﹀﹀ ᠪᠠᠷ ᠱᠠᠩᠨᠠᠨ᠂ ᠠᠬᠠᠮᠠᠳ ᠤᠶᠠᠭᠠᠴᠢ ᠵᠠ᠊ · ᠪᠤᠯᠠᠭ ᠲᠤ ︿︿ | ᠮᠤᠷᠢᠨ ᠤ ᠠᠪᠤᠷᠭᠤ﹀﹀ ᠴᠤᠯᠡ ᠤᠯᠭᠤᠬᠰᠠᠨ ᠪᠠᠶᠢᠨ᠎ᠠ᠃ | ︿︿ᠮᠠᠩᠯᠠᠢ ᠤᠶᠠᠭᠠᠴᠢ﹀﹀ ᠶᠢᠨ ᠴᠤᠯᠡ ᠭᠦᠷᠳᠡᠭᠰᠡᠨ 5 ᠤᠶᠠᠭᠠᠴᠢ ᠨᠢ ᠬᠤᠪᠢ ᠪᠠᠷ ᠢᠶᠠᠨ ᠭᠦᠮᠦᠨ ᠪᠦᠷᠢ | 500 ᠲᠦᠭᠦᠷᠢᠭ ᠭᠠᠷᠭᠠᠵᠤ᠂ ᠠᠵᠤ ᠠᠮᠢᠳᠤᠷᠠᠯ ᠤᠨ ᠲᠠᠯ᠎ᠠ ᠪᠠᠷ ᠭᠦᠴᠢᠷᠲᠠᠢ ᠪᠦᠷᠢᠨᠪᠠᠶᠠᠷ᠂ ᠨᠠᠷᠠᠠᠵᠢᠷᠤᠭ ᠵᠡᠷᠭᠡ | ᠠᠶᠢᠯ ᠤᠨ 5 ᠰᠤᠷᠤᠬᠴᠢ ᠶᠢ ᠲᠤᠰᠠᠯᠠᠨ ᠲᠡᠮᠵᠢᠵᠤ᠂ ᠭᠢᠴᠢᠶᠠᠯ ᠰᠤᠷᠤᠯᠭ᠎ᠠ ᠲᠤ ᠪᠠᠨ ᠰᠢᠮᠲᠠᠬᠤ ᠤᠷᠮ᠎ᠠ ᠵᠤᠷᠢᠭ ᠢ | ᠨᠢ ᠭᠦᠭᠵᠢᠭᠡᠪᠡ᠃ | ᠵᠠᠯᠠᠭᠤ ᠤᠶᠠᠭᠠᠴᠢ᠂ ︿︿ᠤᠮ ᠮᠠᠷᠽᠠᠢ﹀﹀ ᠮᠤᠩᠭᠤᠯ ᠪᠠᠷᠠᠭᠠᠨ ᠤ ᠲᠡᠯᠭᠡᠭᠦᠷ ᠤᠨ ᠡᠵᠡᠡᠳᠡᠨ ᠨᠠᠰᠤᠠᠭᠡᠷᠡᠯ | ᠠᠶᠢᠷᠠᠭ ᠤᠨ ᠲᠠᠪᠤ ᠳᠤ ᠢᠷᠡᠭᠰᠡᠨ ᠮᠤᠷᠢᠳ ᠤᠨ ᠱᠠᠩ ᠳᠤ ᠨᠡᠮᠡᠷᠢ ᠪᠤᠯᠭᠠᠨ 2000 ᠲᠦᠭᠦᠷᠢᠭ ᠤᠨ ᠦᠷᠳᠡᠭ ᠲᠠᠢ | 10 ᠮᠤᠷᠢᠨ ᠤ ᠨᠡᠮᠨᠡᠭᠡ ᠭᠦᠷᠭᠡᠭᠰᠡᠨ ᠪᠠᠶᠢᠨ᠎ᠠ᠃ | ᠡᠨᠡ ᠡᠳᠦᠷ ᠤᠨ 25 ᠭᠠᠵᠠᠷ ᠤᠨ ᠮᠤᠩᠭᠤᠯ ᠮᠤᠷᠢᠨ ᠤ ᠤᠷᠤᠯᠳᠤᠭᠠᠨ ᠳᠤ ᠠᠷᠤ ᠬᠤᠷᠴᠢᠨ᠂ ᠵᠡᠭᠦᠨ | ᠦᠵᠦᠮᠦᠴᠢᠨ᠂ ᠠᠪᠠᠭ᠎ᠠ᠂ ᠵᠡᠭᠦᠨ ᠰᠦᠨᠢᠳ᠂ ᠪᠠᠷᠠᠭᠤᠨ ᠰᠦᠨᠢᠳ ᠵᠡᠷᠭᠡ ᠬᠤᠰᠢᠭᠤᠳ ᠤᠨ ᠤᠶᠠᠭᠠᠴᠢᠳ 37 | ᠮᠤᠷᠢ ᠪᠠᠷ ᠤᠷᠤᠯᠳᠤᠵᠤ᠂ ᠠᠷᠤ ᠬᠤᠷᠴᠢᠨ ᠬᠤᠰᠢᠭᠤᠨ ᠤ ᠪᠦᠭᠡ ᠶᠢᠨ ᠭᠡᠭᠡᠷ ᠮᠤᠷᠢ ᠲᠡᠷᠢᠭᠦᠯᠡᠵᠤ᠂ ︿︿ | ᠦᠵᠦᠮᠦᠴᠢᠨ ᠭᠠᠯ ᠬᠤᠷᠳᠦ﹀﹀ ᠤᠶᠠᠭᠠᠴᠢᠳ ᠤᠨ ᠨᠡᠶᠢᠬᠡᠮᠯᠢᠭ ᠤᠨ ᠪᠦᠷᠢᠡᠪᠢᠯᠢᠭ ᠤᠨ ᠬᠠᠷ᠎ᠠ ᠮᠤᠷᠢ ᠲᠡᠳ᠋ᠯᠡᠵᠤ᠂ | ᠵᠡᠭᠦᠨ ᠰᠦᠨᠢᠳ ᠤᠨ ᠡᠷᠳᠡᠨᠢ ᠶᠢᠨ ᠪᠤᠷᠤ ᠮᠤᠷᠢ᠂ ᠵᠡᠭᠦᠨ ᠰᠦᠨᠢᠳ ᠤᠨ ᠰᠠᠶᠢᠡᠵᠢᠷᠭᠠᠯ ᠤᠨ ᠭᠡᠭᠡᠷ ᠮᠤᠷᠢ᠂ ︿︿ | ᠦᠵᠦᠮᠦᠴᠢᠨ ᠭᠠᠯ ᠬᠤᠷᠳᠦ﹀﹀ ᠤᠶᠠᠭᠠᠴᠢᠳ ᠤᠨ ᠨᠡᠶᠢᠬᠡᠮᠯᠢᠭ ᠤᠨ ᠰᠤᠮᠢᠶ᠎ᠠ ᠶᠢᠨ ᠬᠠᠯᠳᠠᠷ ᠮᠤᠷᠢ ᠠᠶᠢᠷᠠᠭ ᠤᠨ | ᠲᠠᠪᠤ ᠳᠤ ᠭᠦᠶᠦᠵᠤ᠂ 25 ᠭᠠᠵᠠᠷ ᠤᠨ ᠡᠷᠯᠢᠰᠡ ᠮᠤᠷᠢᠨ ᠤ ᠤᠷᠤᠯᠳᠤᠭᠠᠨ ᠳᠤ ︿︿ᠦᠵᠦᠮᠦᠴᠢᠨ ᠭᠠᠯ ᠬᠤᠷᠳᠦ﹀ | ﹀ ᠤᠶᠠᠭᠠᠴᠢᠳ ᠤᠨ ᠨᠡᠶᠢᠬᠡᠮᠯᠢᠭ ᠤᠨ ᠲᠦᠪᠰᠢᠨ ᠤ ᠭᠡᠭᠡᠷ ᠮᠤᠷᠢ ᠲᠡᠷᠢᠭᠦᠯᠡᠵᠤ᠂ ᠰᠠᠷᠠᠩᠭᠡᠷᠡᠯ ᠤᠨ ᠬᠠᠯᠳᠠᠷ ᠠᠵᠢᠷᠭ᠎ᠠ | ᠲᠡᠳ᠋ᠯᠡᠵᠤ᠂ ᠴᠤᠬᠯᠠ ᠶᠢᠨ ᠬᠠᠷ᠎ᠠ ᠠᠵᠢᠷᠭ᠎ᠠ᠂ ᠬᠠᠰᠪᠠᠭᠠᠳᠤᠷ ᠤᠨ ᠬᠠᠷ᠎ᠠ ᠮᠤᠷᠢ᠂ ᠵᠠ᠊ · ᠪᠤᠯᠠᠭ ᠤᠨ ᠭᠡᠭᠡᠷ ᠠᠵᠢᠷᠭ᠎ᠠ | ᠠᠶᠢᠷᠠᠭ ᠤᠨ ᠲᠠᠪᠤ ᠳᠤ ᠢᠷᠡᠵᠤ᠂ ᠤᠶᠠᠬᠰᠠᠨ ᠡᠵᠡᠨ᠂ ᠤᠨᠤᠬᠰᠠᠨ ᠬᠡᠤᠬᠡᠳ ᠤᠨ ᠢᠶᠠᠨ ᠤᠷᠮ᠎ᠠ ᠶᠢ ᠰᠡᠷᠭᠦᠭᠡᠨ᠂ | ᠰᠢᠨ᠎ᠠ ᠤᠨ ᠳᠤ ᠨᠢ ᠭᠡᠶᠢᠮᠤᠷᠢᠲᠠᠶᠢᠬᠠᠨ ᠵᠤᠯᠭᠠᠭᠤᠯᠤᠯᠠ᠃ | | | | | | | | | | | | | | | | | | | | | | | | | | | | | | | | | | | | | | | | | | | | | | | | | |