12 ᠰᠠᠷ᠎ᠡ ᠶᠢᠨ 22 ᠤᠨ ᠡᠳᠦᠷ᠂ ᠤᠷᠳᠤᠰ ᠬᠤᠳᠠ ᠶᠢᠨ ᠪᠡᠶ᠎ᠡ ᠶᠢᠨ ᠳᠠᠮᠢᠷ ᠤᠨ ᠳᠦᠪ ᠲᠤ ᠵᠢᠷᠭᠤᠳᠡᠬᠢ | ᠤᠳᠠᠭᠠᠨ ᠤ ᠤᠯᠠᠨ ᠤᠯᠤᠰ ᠤᠨ ᠮᠤᠩᠭᠤᠯ ᠪᠦᠬᠡ ᠶᠢᠨ ᠠᠯᠳᠠᠨ ᠪᠦᠰᠡ ᠶᠢᠨ ᠳᠡᠮᠡᠴᠡᠬᠡᠨ ᠨᠢᠵᠢᠬᠢᠷ ᠶᠠᠪᠤᠬᠳᠠᠯ᠎ᠠ᠃ | ᠬᠤᠷᠴᠡ ᠰᠢᠷᠦᠬᠦᠨ ᠦᠷᠢᠰᠦᠯᠳᠦᠬᠡᠨ ᠢᠶᠠᠷ ᠳᠡᠮᠵᠢᠵᠤ ᠦᠪᠤᠷ ᠮᠤᠩᠭᠤᠯ ᠤᠨ ᠵᠡᠬᠦᠨ ᠦᠵᠦᠮᠦᠴᠢᠨ ᠬᠤᠰᠢᠭᠤᠨ ᠤ | ᠦᠯᠵᠡᠶᠢᠪᠠᠭᠠᠳᠤᠷ ᠳᠡᠷᠢᠬᠦᠯᠡᠨ ᠵᠢᠷᠭᠤᠳᠠᠬᠢ ᠤᠳᠠᠭᠠᠨ ᠤ ᠠᠯᠳᠠᠨ ᠪᠦᠰᠡ ᠶᠢᠨ ᠡᠵᠡᠨ ᠢᠶᠠᠷ ᠳᠤᠳᠤᠷᠠᠵᠤ᠂ ᠮᠤᠩᠭᠤᠯ | ᠤᠯᠤᠰ ᠤᠨ ᠤᠯᠤᠰ ᠤᠨ ᠬᠠᠷᠴᠠᠭᠠᠢ ᠬᠠᠨᠭ᠍ᠭᠠᠢ ᠳᠡᠳ᠋ᠯᠡᠪᠡ᠃ ᠢᠡᠭᠬᠢᠵᠤ ᠠᠯᠳᠠᠨ ᠪᠦᠰᠡ ᠶᠢᠨ ᠡᠵᠡᠨ ᠳᠠᠬᠢᠨᠳᠠ | ᠦᠪᠤᠷ ᠮᠤᠩᠭᠤᠯ ᠠᠴᠠ ᠳᠤᠳᠤᠷᠠᠯ᠎ᠠ᠃ | ᠵᠢᠷᠭᠤᠳᠠᠬᠢ ᠤᠳᠠᠭᠠᠨ ᠤ ᠤᠯᠠᠨ ᠤᠯᠤᠰ ᠤᠨ ᠮᠤᠩᠭᠤᠯ ᠪᠦᠬᠡ ᠶᠢᠨ ︽ᠠᠯᠳᠠᠨ ᠪᠦᠰᠡ︾ ᠶᠢᠨ | ᠳᠡᠮᠡᠴᠡᠬᠡᠨ ᠳᠤ ᠤᠷᠤᠰ ᠤᠯᠤᠰ᠂ ᠮᠤᠩᠭᠤᠯ ᠤᠯᠤᠰ᠂ ᠳᠤᠮᠳᠠᠳᠤ ᠤᠯᠤᠰ ᠤᠨ ᠦᠪᠤᠷ ᠮᠤᠩᠭᠤᠯ ᠠᠴᠠ ᠢᠷᠡᠭᠰᠡᠨ | 256 ᠬᠦᠴᠦᠳᠦ ᠪᠦᠬᠡ ᠵᠤᠳᠤᠬᠯᠠᠵᠠᠢ᠂ ᠡᠬᠦᠨ ᠳᠤ ᠮᠤᠩᠭᠤᠯ ᠤᠯᠤᠰ ᠠᠴᠠ ᠤᠯᠤᠰ ᠤᠨ ᠠᠷᠰᠯᠡᠨ ᠪᠦᠷᠢᠨᠳᠡᠬᠦᠰ᠂ | ᠤᠯᠤᠰ ᠤᠨ ᠬᠠᠷᠴᠠᠭᠠᠢ ᠬᠠᠨᠭ᠍ᠭᠠᠢ᠂ ᠪᠠᠰᠠᠩᠬᠦᠦ ᠪᠠᠷ ᠮᠠᠩᠯᠠᠶᠢᠯᠠᠭᠤᠯᠤᠬᠰᠠᠨ ᠳᠠᠪᠢᠭᠠᠳ ᠬᠦᠴᠦᠳᠡᠨ ᠵᠤᠳᠤᠬᠯᠠᠬᠰᠠᠨ | ᠪᠠᠶᠢᠨ᠎ᠠ᠃ | ᠳᠡᠮᠡᠴᠡᠬᠡᠨ ᠤ ᠳᠡᠬᠡᠳᠦ ᠳᠦᠷᠪᠡ ᠳᠤ ᠮᠤᠩᠭᠤᠯ ᠤᠯᠤᠰ ᠤᠨ ᠫᠦᠷᠪᠦᠭᠠᠷᠤᠳᠢ᠂ ᠮᠤᠩᠭᠤᠯ ᠤᠯᠤᠰ ᠤᠨ | ᠠᠮᠤᠷᠵᠢᠷᠭᠠᠯ᠂ ᠮᠤᠩᠭᠤᠯ ᠤᠯᠤᠰ ᠤᠨ ᠬᠠᠨᠭ᠍ᠭᠠᠢ᠂ ᠦᠪᠤᠷ ᠮᠤᠩᠭᠤᠯ ᠤᠨ ᠵᠡᠬᠦᠨ ᠦᠵᠦᠮᠦᠴᠢᠨ ᠤ ᠦᠯᠵᠡᠶᠢᠪᠠᠭᠠᠳᠤᠷ | ᠨᠠᠷ ᠳᠤᠳᠤᠷᠠᠵᠠᠢ᠃ ︽ᠠᠯᠳᠠᠨ ᠪᠦᠰᠡ︾ ᠶᠢᠨ ᠡᠮᠦᠨᠡᠬᠢ ᠳᠠᠪᠤ ᠤᠳᠠᠭ᠎ᠠ ᠶᠢᠨ ᠠᠯᠳᠠᠨ ᠪᠦᠰᠡ ᠶᠢᠨ ᠡᠵᠡᠳ | ᠳᠤᠰᠪᠤᠷᠢ ᠮᠤᠩᠭᠤᠯ ᠤᠯᠤᠰ ᠤᠨ ᠰᠠᠩᠵᠠᠶᠢᠳᠠᠮᠪᠠ᠂ ᠮᠤᠩᠭᠤᠯ ᠤᠯᠤᠰ ᠤᠨ ᠪᠦᠷᠢᠨᠳᠡᠬᠦᠰ᠂ ᠮᠤᠩᠭᠤᠯ ᠤᠯᠤᠰ ᠤᠨ | ᠫᠦᠷᠪᠦᠳᠠᠬᠪᠠ᠂ ᠦᠪᠤᠷ ᠮᠤᠩᠭᠤᠯ ᠤᠨ ᠴᠠᠭᠠᠨᠵᠠᠭᠠᠨ᠂ ᠮᠤᠩᠭᠤᠯ ᠤᠯᠤᠰ ᠤᠨ ᠬᠠᠨᠭ᠍ᠭᠠᠢ ᠪᠤᠯᠤᠨ᠎ᠡ᠃ | | | | | | | | | | | | | | | | | | | | | | | | | | | | | | | |