ᠠᠷᠪᠠᠨ ᠲᠦᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠳᠤ ᠠᠩᠬ᠎ᠠ ᠤᠳᠠᠭ᠎ᠠ ᠵᠤᠨ ᠤ ᠤᠯᠠᠷᠢᠯ ᠤᠨ ᠤᠷᠤᠯᠳᠤᠭᠠᠨ ᠤ ᠲᠦᠷᠦᠯ ᠵᠦᠢᠯ ᠢ ᠲᠤᠬᠢᠷᠠᠭᠤᠯᠤᠭᠰᠠᠨ
ᠨᠡᠶᠢᠲᠡᠯᠡᠭᠰᠡᠨ ᠴᠠᠭ᠄
2019/11/4
     ᠠᠷᠪᠠᠨ ᠲᠦᠷᠪᠡᠳᠦᠭᠡᠷ ᠬᠤᠭᠤᠴᠠᠭᠠᠨ ᠤ ᠪᠦᠬᠦ ᠤᠯᠤᠰ ᠤᠨ  ᠡᠪᠦᠯ ᠤᠨ  ᠤᠯᠠᠷᠢᠯ ᠤᠨ  ᠲᠠᠮᠢᠷ ᠤᠨ  ᠴᠤᠭᠯᠠᠭᠠᠨ ᠳᠤ  ᠬᠦᠷᠳᠦᠳᠦ ᠲᠡᠰᠢᠭᠦᠷ᠂ ᠭᠤᠯᠭᠤᠭᠤᠷ ᠬᠦᠷᠳᠤ᠂ ᠬᠦᠷᠳᠦᠳᠦ ᠲᠡᠰᠢᠭᠦᠷ ᠤᠨ ᠮᠦᠰᠦᠨ ᠪᠦᠮᠪᠦᠭᠡ ᠵᠡᠷᠭᠡ 7  ᠲᠦᠷᠦᠯ ᠤᠨ  ᠵᠤᠨ ᠤ ᠤᠯᠠᠷᠢᠯ ᠤᠨ  ᠤᠷᠤᠯᠳᠤᠭᠠᠨ ᠤ  ᠲᠦᠷᠦᠯ ᠵᠦᠢᠯ ᠢ ᠲᠤᠬᠢᠷᠠᠭᠤᠯᠵᠦ᠂  ᠡᠨᠡ ᠎ ᠨᠢ ᠮᠥᠨᠴᠦ ᠵᠤᠨ ᠤ  ᠤᠯᠠᠷᠢᠯ ᠤᠨ  ᠲᠦᠷᠦᠯ ᠵᠦᠢᠯ ᠠᠩᠬ᠎ᠠ ᠤᠳᠠᠭ᠎ᠠ ᠪᠦᠬᠦ ᠤᠯᠤᠰ ᠤᠨ  ᠡᠪᠦᠯ ᠤᠨ  ᠤᠯᠠᠷᠢᠯ ᠎ ᠤᠨ  ᠲᠠᠮᠢᠷ ᠤᠨ ᠴᠤᠭᠯᠠᠭᠠᠨ  ᠎ ᠳᠤ ᠭᠠᠷᠴᠤ ᠪᠠᠶᠢᠭ᠎ᠠ ᠶᠠᠪᠤᠳᠠᠯ ᠪᠤᠯᠤᠨ᠎ᠠ᠃     ᠠᠷᠪᠠᠨ ᠲᠦᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠡᠪᠦᠯ ᠤᠨ  ᠤᠯᠠᠷᠢᠯ ᠤᠨ  ᠲᠠᠮᠢᠷ ᠤᠨ  ᠴᠤᠭᠯᠠᠭᠠᠨ  ᠎ ᠤ ︿ᠭᠤᠯᠭᠤᠭᠤᠷ ᠬᠦᠷᠳᠦ + ᠫᠤᠤᠳᠠᠯᠠᠭ᠎ᠠ﹀᠎ ᠶᠢᠨ ᠤᠷᠤᠯᠳᠤᠭᠠᠨ ᠤ ᠵᠦᠪᠯᠡᠯ ᠤᠨ  ᠪᠠᠶᠢᠩᠭᠤ ᠶᠢᠨ ᠲᠡᠳ᠋ ᠡᠷᠬᠢᠯᠡᠭᠴᠢ᠂ ᠥᠪᠡᠷᠳᠡᠭᠡᠨ ᠵᠠᠰᠠᠬᠤ ᠤᠷᠤᠨ ᠤ  ᠪᠡᠶ᠎ᠡ ᠶᠢᠨ ᠲᠠᠮᠢᠷ ᠤᠨ  ᠲᠤᠪᠴᠢᠶᠠᠨ ᠤ  ᠳᠡᠳ᠋ ᠲᠠᠷᠤᠭ᠎ᠠ ᠯᠢ ᡁᠢ ᠶᠧᠦ ᠲᠠᠨᠢᠯᠴᠠᠭᠤᠯᠵᠦ ᠶᠠᠷᠢᠬᠤ ᠳᠠᠭᠠᠨ᠂ ︿ ᠵᠤᠨ ᠤ ᠤᠯᠠᠷᠢᠯ ᠤᠨ  ᠲᠦᠷᠦᠯ ᠵᠦᠢᠯ ᠢ ᠡᠪᠦᠯ ᠤᠨ  ᠤᠯᠠᠷᠢᠯ ᠤᠨ  ᠪᠡᠶ᠎ᠡ ᠶᠢᠨ ᠲᠠᠮᠢᠷ ᠤᠨ  ᠴᠤᠭᠯᠠᠭᠠᠨ ᠳᠤ ᠤᠷᠤᠭᠤᠯᠬᠤ ᠨᠢ ᠡᠪᠦᠯ ᠤᠨ  ᠤᠯᠠᠷᠢᠯ ᠤᠨ  ᠪᠡᠶ᠎ᠡ ᠶᠢᠨ ᠲᠠᠮᠢᠷ ᠤᠨ ᠴᠤᠭᠯᠠᠭᠠᠨ ᠤ  ᠲᠦᠷᠦᠯ ᠵᠦᠢᠯ ᠢ ᠨᠡᠩ ᠰᠠᠶᠢᠨ ᠢᠶᠠᠷ ᠲᠦᠭᠡᠮᠡᠯᠵᠢᠭᠦᠯᠵᠦ᠂ 2022  ᠤᠨ ᠤ  ᠪᠡᠭᠡᠵᠢᠩ ᠤᠨ ᠡᠪᠦᠯ ᠤᠨ ᠤᠯᠠᠷᠢᠯ ᠤᠨ  ᠤᠯᠢᠮᠫᠢᠺ ᠤᠨ ᠪᠡᠶ᠎ᠡ ᠶᠢᠨ ᠲᠠᠮᠢᠷ ᠤᠨ ᠴᠤᠭᠯᠠᠭᠠᠨ ᠲᠠᠢ ᠨᠡᠩ ᠰᠠᠶᠢᠨ ᠢᠶᠠᠷ ᠵᠣᠯᠭᠠᠯᠴᠠᠭᠤᠯᠣᠨ᠂ ᠨᠡᠩ ᠤᠯᠠᠨ ᠬᠦᠮᠦᠰ ᠢ  ᠴᠠᠰᠤ ᠮᠦᠰᠦᠨ ᠤ ᠠᠵᠢᠯᠯᠠᠭᠠᠨ ᠳᠤ ᠤᠷᠤᠯᠴᠠᠭᠤᠯᠬᠤ ᠶᠢᠨ ᠲᠦᠯᠦᠭᠡ ᠶᠤᠮ﹀ ᠭᠡᠵᠦ ᠪᠠᠶᠢᠯ᠎ᠠ᠃     ᠭᠤᠯᠭᠤᠭᠤᠷ ᠬᠦᠷᠳᠦ ᠵᠡᠷᠭᠡ  ᠲᠦᠷᠦᠯ ᠵᠦᠢᠯ ᠨᠢ ᠠᠩᠬ᠎ᠠ ᠡᠬᠢᠨ ᠳᠡᠭᠡᠨ ᠡᠪᠦᠯ ᠤᠨ  ᠤᠯᠠᠷᠢᠯ ᠤᠨ ᠤᠷᠤᠯᠳᠤᠭᠠᠨ ᠤ  ᠲᠦᠷᠦᠯ ᠵᠦᠢᠯ ᠤᠨ ᠵᠤᠨ ᠤ  ᠤᠯᠠᠷᠢᠯ ᠳᠠᠬᠢ ᠬᠠᠪᠰᠤᠷᠤᠨ ᠪᠤᠯᠪᠠᠰᠤᠷᠠᠬᠤ ᠲᠦᠷᠦᠯ ᠵᠦᠢᠯ ᠪᠠᠶᠢᠵᠦ᠂  ᠡᠪᠦᠯ ᠤᠨ  ᠤᠯᠠᠷᠢᠯ ᠤᠨ  ᠤᠷᠤᠯᠳᠤᠭᠠᠨ ᠤ  ᠲᠦᠷᠦᠯ ᠵᠦᠢᠯ  ᠎ ᠳᠤ ᠵᠤᠨ ᠤ  ᠤᠯᠠᠷᠢᠯ ᠤᠨ  ᠲᠦᠷᠦᠯ ᠵᠦᠢᠯ ᠢ ᠤᠷᠤᠭᠤᠯᠬᠤ ᠨᠢ ᠤᠯᠠᠷᠢᠯ ᠤᠨ  ᠵᠠᠭᠠᠭ ᠬᠢᠵᠠᠭᠠᠷ ᠢ ᠡᠪᠳᠡᠵᠦ᠂  ᠪᠤᠳᠠᠳᠤ ᠰᠤᠷᠢᠯᠳᠠ ᠶᠢᠨ ᠬᠠᠷᠠᠭᠠᠰᠤ ᠎ ᠠᠴᠠ ᠨᠡᠩ ᠰᠠᠶᠢᠨ ᠪᠤᠯᠪᠠᠰᠤᠷᠠᠯ ᠬᠢᠵᠦ᠂  ᠡᠪᠦᠯ ᠤᠨ  ᠤᠯᠠᠷᠢᠯ ᠤᠨ  ᠪᠡᠶ᠎ᠡ ᠶᠢᠨ ᠲᠠᠮᠢᠷ ᠤᠨ  ᠲᠦᠷᠦᠯ ᠵᠦᠢᠯ ᠤᠨ ᠤᠷᠤᠯᠳᠤᠭᠠᠨ ᠤ  ᠬᠢᠷᠢ ᠲᠦᠪᠰᠢᠨ ᠢ ᠲᠡᠭᠡᠭᠰᠢᠯᠡᠭᠦᠯᠬᠦ ᠪᠤᠯᠤᠨ᠎ᠠ᠃  ᠵᠤᠨ ᠤ ᠲᠦᠷᠦᠯ ᠵᠦᠢᠯ ᠢ ᠨᠡᠮᠡᠭᠳᠡᠭᠦᠯᠬᠦ ᠨᠢ ᠪᠦᠬᠦ ᠠᠷᠠᠳ ᠤᠨ  ᠪᠡᠶ᠎ᠡ ᠴᠠᠬᠢᠷᠠᠭᠵᠢᠭᠤᠯᠬᠤ ᠶᠢ ᠠᠬᠢᠭᠤᠯᠬᠤ ᠴᠢᠬᠤᠯᠠ ᠠᠷᠭ᠎ᠠ ᠵᠠᠮ ᠪᠠᠶᠢᠵᠦ᠂  ᠮᠥᠨᠴᠦ ᠡᠪᠦᠯ ᠎ ᠤᠨ  ᠤᠯᠠᠷᠢᠯ ᠤᠨ  ᠪᠡᠶ᠎ᠡ ᠶᠢᠨ ᠲᠠᠮᠢᠷ ᠤᠨ  ᠲᠦᠷᠦᠯ ᠵᠦᠢᠯ ᠢ ᠲᠦᠭᠡᠮᠡᠯᠵᠢᠭᠦᠯᠬᠦ ᠴᠢᠬᠤᠯᠠ ᠬᠡᠯᠪᠡᠷᠢ ᠪᠠᠶᠢᠵᠦ᠂  ᠵᠤᠨ ᠤ  ᠤᠯᠠᠷᠢᠯ ᠤᠨ  ᠤᠷᠤᠯᠳᠤᠭᠠᠨ ᠤ  ᠲᠦᠷᠦᠯ ᠵᠦᠢᠯ ᠢ ᠡᠷᠬᠢᠯᠡᠬᠦ ᠪᠠᠷ ᠲᠠᠮᠵᠢᠨ ᠨᠡᠩ ᠤᠯᠠᠨ ᠬᠦᠮᠦᠰ ᠢ ᠡᠪᠦᠯ ᠤᠨ  ᠤᠯᠠᠷᠢᠯ ᠤᠨ  ᠲᠠᠮᠢᠷ ᠤᠨ  ᠴᠤᠭᠯᠠᠭᠠᠨ ᠳᠤ ᠤᠷᠤᠯᠴᠠᠭᠤᠯᠵᠦ᠂ ᠣᠶᠢᠯᠠᠭᠠᠭᠤᠯᠬᠤ ᠶᠢᠨ ᠲᠦᠯᠦᠭᠡ ᠶᠤᠮ
 
ᠢᠷᠡᠯᠲᠡ᠄ ᠰᠢᠯᠢ ᠶᠢᠨ ᠭᠤᠣᠯ ᠤᠨ ᠷᠠᠳᠢᠣ᠋ ᠲᠧᠯᠸᠢᠰ ᠤᠨ ᠮᠣᠩᠭᠤᠯ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号