ᠪᠦᠬᠦ ᠠᠶᠢᠮᠠᠭ ᠤᠨ ᠰᠦᠷᠲᠡᠬᠦᠯᠦᠯ ᠢ ᠡᠰᠡᠷᠬᠦᠴᠡᠬᠦ ᠠᠵᠢᠯ ᠤᠨ ᠲᠧᠯᠸᠢᠰ ᠳ᠋ᠢᠶᠠᠩᠬᠤᠸᠠ ᠬᠤᠷᠠᠯ ᠰᠢᠯᠢ ᠶᠢᠨ ᠬᠤᠳᠠ ᠳᠤ ᠬᠤᠷᠠᠯᠳᠤᠪᠠ
ᠨᠡᠶᠢᠲᠡᠯᠡᠭᠰᠡᠨ ᠴᠠᠭ᠄
2018/7/20
    7 ᠰᠠᠷ᠎ᠠ ᠶᠢᠨ 8᠎ ᠤ ᠡᠳᠦᠷ᠂ ᠪᠦᠬᠦ ᠠᠶᠢᠮᠠᠭ ᠤᠨ ᠰᠦᠷᠲᠡᠬᠦᠯᠦᠯ ᠢ ᠡᠰᠡᠷᠬᠦᠴᠡᠬᠦ ᠠᠵᠢᠯ ᠤᠨ ᠲᠧᠯᠸᠢᠰ ᠳ᠋ᠢᠶᠠᠩᠬᠤᠸᠠ ᠬᠤᠷᠠᠯ ᠰᠢᠯᠢ ᠶᠢᠨ ᠬᠤᠳᠠ ᠳᠤ ᠬᠤᠷᠠᠯᠳᠤᠪᠠ᠃         ᠠᠶᠢᠮᠠᠭ ᠤᠨ ᠨᠠᠮ ᠤᠨ ᠬᠤᠷᠢᠶᠠᠨ ᠤ ᠳᠡᠳ᠋ ᠱᠦᠵᠢ᠂ ᠤᠯᠤᠰ ᠲᠦᠷᠦ ᠬᠠᠤᠯᠢ ᠴᠠᠭᠠᠵᠠ ᠶᠢᠨ ᠬᠤᠷᠢᠶᠠᠨ ᠤ ᠱᠦᠵᠢ᠂ ᠠᠶᠢᠮᠠᠭ ᠤᠨ ᠰᠦᠷᠲᠡᠬᠦᠯᠦᠯ ᠢ ᠡᠰᠡᠷᠬᠦᠴᠡᠬᠦ ᠠᠵᠢᠯ ᠤᠨ ᠤᠳᠤᠷᠢᠳᠬᠤ ᠲᠤᠭᠤᠢᠢᠯᠠᠩ ᠤᠨ ᠲᠠᠷᠤᠭ᠎ᠠ ᠪᠤᠤ ᠬᠦᠸᠧ ᠴᠢᠤᠸᠠᠨ ᠬᠤᠷᠠᠯ ᠳᠤ ᠤᠷᠤᠯᠴᠠᠭᠰᠠᠨ ᠪᠦᠭᠡᠳ ᠶᠠᠷᠢᠶ᠎ᠠ ᠲᠠᠯᠪᠢᠪᠠ᠃ ᠠᠶᠢᠮᠠᠭ ᠤᠨ ᠲᠡᠳ᠋ ᠲᠠᠷᠤᠭ᠎ᠠ᠂ ᠠᠶᠢᠮᠠᠭ ᠤᠨ ᠲᠤᠳᠤᠭᠠᠳᠤ ᠶᠢ ᠬᠠᠮᠠᠭᠠᠯᠠᠬᠤ ᠲᠤᠪᠴᠢᠶᠠᠨ ᠤ ᠲᠠᠷᠤᠭ᠎ᠠ᠂ ᠠᠶᠢᠮᠠᠭ ᠤᠨ ᠰᠦᠷᠲᠡᠬᠦᠯᠦᠯ ᠢ ᠡᠰᠡᠷᠬᠦᠴᠡᠬᠦ ᠠᠵᠢᠯ ᠤᠨ ᠤᠳᠤᠷᠢᠳᠬᠤ ᠲᠤᠭᠤᠢᠢᠯᠠᠩ ᠤᠨ ᠳᠡᠳ᠋ ᠲᠠᠷᠤᠭ᠎ᠠ ᠵᠠᠩ ᠽᠢ ᠵᠢᠶᠦ᠋ᠨ ᠬᠤᠷᠠᠯ ᠡᠷᠬᠢᠯᠡᠪᠡ᠃         ᠬᠤᠷᠠᠯ ᠲᠡᠭᠡᠷ᠎ᠠ᠂ 2017 ᠤᠨ ᠠᠴᠠ ᠨᠠᠭᠠᠰᠢᠬᠢ ᠰᠦᠷᠲᠡᠬᠦᠯᠦᠯ ᠢ ᠡᠰᠡᠷᠬᠦᠴᠡᠬᠦ ᠠᠵᠢᠯ ᠤᠨ ᠪᠠᠶᠢᠳᠠᠯ ᠢ ᠬᠠᠷᠢᠭᠤ ᠮᠡᠳᠡᠬᠦᠯᠵᠤ᠂ ᠤᠳᠤᠬᠠᠨ ᠪᠠ ᠬᠤᠶᠢᠰᠢᠳᠠ ᠶᠢᠨ ᠨᠢᠭᠡᠨ ᠬᠤᠭᠤᠴᠠᠭᠠᠨ ᠤ ᠪᠦᠬᠦ ᠠᠶᠢᠮᠠᠭ ᠤᠨ ᠰᠦᠷᠲᠡᠬᠦᠯᠦᠯ ᠢ ᠡᠰᠡᠷᠬᠦᠴᠡᠵᠦ ᠲᠤᠭᠳᠠᠭᠤᠨ ᠢ ᠪᠠᠳᠤᠯᠠᠬᠤ ᠠᠵᠢᠯ ᠢ ᠪᠠᠶᠢᠷᠢᠯᠠᠭᠤᠯᠵᠠᠢ᠃         ᠬᠤᠷᠠᠯ ᠠᠴᠠ ᠴᠢᠬᠤᠯᠠᠴᠢᠯᠠᠬᠤ ᠳᠠᠭᠠᠨ᠂ ᠰᠦᠷᠲᠡᠬᠦᠯᠦᠯ ᠢ ᠡᠰᠡᠷᠬᠦᠴᠡᠬᠦ ᠠᠵᠢᠯ ᠤᠨ ᠡᠯ᠎ᠡ ᠲᠠᠯ᠎ᠠ ᠶᠢᠨ ᠠᠷᠭ᠎ᠠ ᠪᠤᠳᠤᠯᠭ᠎ᠠ ᠶᠢ ᠨᠠᠶᠢᠳᠠᠪᠤᠷᠢᠵᠢᠭᠤᠯᠵᠤ᠂ ᠰᠦᠷᠲᠡᠬᠦᠯᠦᠯ ᠢ ᠡᠰᠡᠷᠬᠦᠴᠡᠬᠦ ᠠᠵᠢᠯ ᠤᠨ ᠴᠢᠳᠠᠪᠤᠷᠢ ᠪᠠ ᠲᠦᠪᠰᠢᠨ ᠢᠶᠠᠨ ᠲᠡᠭᠡᠭᠰᠢᠯᠡᠬᠦᠯᠵᠤ᠂ ᠠᠮᠤᠭᠤᠯᠠᠩ ᠰᠢᠯᠢ ᠶᠢᠨ ᠭᠤᠤᠯ ᠢ ᠪᠦᠲᠦᠭᠡᠨ ᠪᠠᠶᠢᠭᠤᠯᠬᠤ᠂ ᠡᠭᠡ ᠤᠯᠤᠰ ᠤᠨ ᠤᠮᠠᠷᠠᠳᠤ ᠬᠢᠯᠢ ᠶᠢᠨ ᠠᠮᠤᠷ ᠲᠤᠭᠳᠠᠭᠤᠨ ᠬᠠᠯᠬᠠᠪᠴᠢ ᠶᠢ ᠴᠤᠭᠴᠠᠯᠠᠬᠤ ᠳᠤ ᠰᠢᠨ᠎ᠠ ᠬᠤᠪᠢ ᠨᠡᠮᠡᠷᠢ ᠦᠵᠡᠬᠦᠯᠬᠦ ᠭᠡᠷᠡᠭᠲᠡᠢ᠃ ᠡᠯ᠎ᠡ ᠭᠠᠵᠠᠷ ᠡᠯ᠎ᠡ ᠬᠠᠮᠢᠶ᠎ᠠ ᠪᠦᠬᠦᠢ ᠰᠠᠯᠠᠭ᠎ᠠ ᠮᠦᠴᠢᠷ ᠤᠯᠤᠰ ᠲᠦᠷᠦ ᠶᠢᠨ ᠵᠤᠭᠰᠤᠴᠠ ᠪᠠᠨ ᠲᠡᠭᠡᠭᠰᠢᠯᠡᠬᠦᠯᠵᠤ᠂ ᠵᠤᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠳᠬᠠᠵᠤ᠂ ᠬᠢᠨᠠᠨ ᠵᠢᠯᠤᠭᠤᠳᠬᠤ ᠪᠠᠨ ᠴᠢᠩᠭᠠᠳᠬᠠᠵᠤ᠂ ᠠᠵᠤ ᠠᠬᠤᠢᠢᠯᠠᠯ᠂ ᠠᠵᠢᠯ ᠲᠦᠷᠦᠯ ᠪᠠ ᠨᠡᠶᠢᠭᠡᠮ ᠤᠨ ᠵᠤᠬᠢᠶᠠᠨ ᠪᠠᠶᠢᠭᠤᠯᠤᠯᠲᠠ ᠶᠢᠨ ᠭᠤᠤᠯ ᠴᠤᠭᠴᠠ ᠶᠢᠨ ᠬᠠᠷᠢᠭᠤᠴᠠᠯᠭ᠎ᠠ ᠪᠠᠨ ᠨᠠᠶᠢᠳᠠᠪᠤᠷᠢᠵᠢᠭᠤᠯᠬᠤ ᠶᠢ ᠱᠠᠭᠠᠷᠳᠠᠵᠤ᠂ ᠦᠵᠡᠯ ᠰᠠᠨᠠᠭ᠎ᠠ ᠪᠠ ᠦᠢᠯᠡ ᠠᠵᠢᠯᠯᠠᠭ᠎ᠠ ᠪᠠᠨ ᠲᠦᠪ ᠂ ᠦᠪᠡᠷᠲᠡᠭᠡᠨ ᠵᠠᠰᠠᠬᠤ ᠤᠷᠤᠨ ᠪᠠ ᠠᠶᠢᠮᠠᠭ ᠤᠨ ᠨᠠᠮ ᠤᠨ ᠬᠤᠷᠢᠶ᠎ᠠ᠂ ᠵᠠᠬᠢᠷᠭ᠎ᠠ ᠶᠢᠨ ᠰᠢᠢᠳᠪᠤᠷᠢᠳᠤ ᠪᠠᠶᠢᠷᠢᠯᠠᠭᠤᠯᠤᠯᠳᠠ ᠲᠡᠭᠡᠷ᠎ᠠ ᠨᠢᠭᠡᠳᠭᠡᠬᠦ ᠭᠡᠷᠡᠭᠲᠡᠢ᠃ ᠤᠷᠢᠳᠴᠢᠯᠡᠨ ᠰᠡᠷᠭᠡᠶᠢᠯᠡᠬᠦ ᠴᠢᠳᠠᠪᠤᠷᠢ ᠪᠠᠨ ᠲᠡᠭᠡᠭᠰᠢᠯᠡᠬᠦᠯᠵᠤ᠂ ᠰᠦᠷᠲᠡᠬᠦᠯᠦᠯ ᠤᠨ ᠠᠵᠢᠯᠯᠠᠭ᠎ᠠ ᠡᠬᠦᠰᠬᠦ ᠠᠴᠠ ᠡᠮᠦᠨ᠎ᠡ ᠤᠰᠠᠳᠬᠠᠵᠤ᠂ ᠪᠠᠶᠢᠴᠠᠭᠠᠨ ᠡᠵᠡᠮᠳᠡᠬᠦ ᠪᠠᠨ ᠴᠢᠩᠭᠠᠳᠬᠠᠵᠤ᠂ ᠠᠮᠤᠷ ᠲᠦᠪᠰᠢᠨ ᠤ ᠰᠡᠷᠭᠡᠶᠢᠯᠡᠯᠲᠡ ᠶᠢᠨ ᠱᠤᠭᠤᠮ ᠢ ᠪᠠᠳᠤ ᠰᠠᠬᠢᠵᠤ᠂ ᠰᠦᠷᠲᠡᠬᠦᠯᠦᠯ ᠤᠨ ᠭᠡᠷᠡᠭ ᠡᠬᠦᠰᠬᠦ ᠦᠭᠡᠢ ᠪᠠᠶᠢᠬᠤ ᠶᠢ ᠪᠠᠳᠤᠯᠠᠬᠤ ᠭᠡᠷᠡᠭᠲᠡᠢ ᠭᠡᠪᠡ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号