6 ᠰᠠᠷ᠎ᠠ ᠶᠢᠨ 16 ᠤ ᠡᠳᠤᠷ᠂ ᠪᠠᠷᠠᠭᠤᠨ ᠦᠵᠦᠮᠦᠴᠢᠨ ᠬᠤᠰᠢᠭᠤᠨ ᠤ ᠡᠷᠳᠡ ᠶᠢᠨ ᠬᠤᠷᠠᠭ᠎ᠠ | ᠪᠤᠷᠤᠯᠠᠭᠤᠯᠬᠤ ᠠᠵᠢᠯ ᠡᠭᠢᠯᠡᠭᠰᠡᠨ ᠠᠩᠬᠠᠨ ᠤ ᠡᠳᠤᠷ᠃ ᠭᠦᠢᠳᠡᠨ ᠭᠦᠮᠦᠷᠭᠡ ᠳᠤ ᠡᠷᠳᠡ ᠶᠢᠨ ᠬᠤᠷᠠᠭ᠎ᠠ ᠪᠠᠨ | ᠪᠤᠷᠤᠯᠠᠭᠤᠯᠬᠤ ᠪᠠᠷ ᠮᠠᠯᠴᠢᠳ ᠳᠡᠷᠭᠡ ᠤᠨᠤᠭ᠎ᠠ ᠲᠠᠢ ᠢᠷᠡᠭᠦ ᠪᠦᠭᠡᠳ ᠭᠦᠢᠳᠡᠨ ᠭᠦᠮᠦᠷᠭᠡ ᠶᠢᠨ ᠠᠵᠢᠯᠳᠠᠨ ᠴᠤ | ᠡᠷᠳᠡᠯᠡᠨ ᠢᠷᠡᠵᠤ ᠦᠪᠡᠷ ᠦᠪᠡᠷ ᠤᠨ ᠠᠵᠢᠯ ᠤᠨ ᠪᠠᠶᠢᠷᠢᠨ ᠳᠠᠭᠠᠨ ᠭᠠᠷᠤᠬᠰᠠᠨ ᠢᠶᠠᠷ ᠠᠯᠠᠵᠤ ᠨᠢᠳᠤᠯᠬᠤ᠂ | ᠤᠭᠢᠶᠠᠵᠤ ᠴᠡᠪᠡᠷᠯᠡᠭᠦ᠂ ᠮᠦᠴᠢᠯᠡᠵᠤ ᠰᠠᠯᠭᠠᠬᠤ᠂ ᠪᠤᠭᠤᠳᠠᠯᠯᠠᠵᠤ ᠪᠠᠭᠯᠠᠬᠤ᠂ ᠳᠡᠭᠡᠭᠡᠵᠤ ᠭᠦᠮᠦᠷᠭᠡᠯᠡᠭᠦ ᠵᠡᠷᠭᠡ ᠠᠯᠢᠪᠠ | ᠠᠵᠢᠯ ᠡᠮᠭᠢ ᠲᠢᠭᠯᠢᠮ ᠲᠠᠢ ᠶᠠᠪᠤᠬᠳᠠᠨ᠎ᠠ᠃ ᠡᠨᠡ ᠵᠢᠯ ᠤᠨ 6 ᠰᠠᠷ᠎ᠠ ᠶᠢᠨ 16 ᠠᠴᠠ 7 ᠰᠠᠷ᠎ᠠ ᠶᠢᠨ 24 | ᠪᠤᠯᠳᠠᠯᠠᠭᠢ 40 ᠬᠤᠨᠤᠭ ᠤᠨ ᠬᠤᠭᠤᠴᠠᠭᠠᠨ ᠳᠤ ᠪᠠᠷᠠᠭᠤᠨ ᠦᠵᠦᠮᠦᠴᠢᠨ ᠬᠤᠰᠢᠭᠤ ᠨᠡᠶᠢᠳᠡ 24 ᠲᠦᠮᠡᠨ | ᠡᠷᠳᠡ ᠶᠢᠨ ᠬᠤᠷᠠᠭ᠎ᠠ ᠵᠠᠷᠤᠴᠠᠭᠤᠯᠬᠤ ᠪᠠᠷ ᠪᠠᠶᠢᠭ᠎ᠠ ᠠᠵᠢ᠃ | ᠪᠠᠷᠠᠭᠤᠨ ᠦᠵᠦᠮᠦᠴᠢᠨ ᠬᠤᠰᠢᠭᠤ ᠮᠠᠯ ᠤᠨ ᠡᠷᠬᠢᠯᠳᠡ ᠶᠢ ᠲᠦᠷᠭᠡᠳᠭᠡᠭᠦ᠂ ᠮᠠᠯ ᠤᠨ ᠵᠠᠷᠤᠴᠠᠭᠤᠯᠤᠯᠳᠠ ᠶᠢ | ᠤᠷᠢᠳᠴᠢᠯᠠᠭᠤᠯᠬᠤ ᠪᠠᠷ ᠳᠠᠮᠵᠢᠨ ᠪᠡᠯᠴᠢᠭᠡᠷ ᠤᠨ ᠳᠠᠷᠤᠭᠠᠰᠤ ᠶᠢ ᠭᠦᠡᠭᠭᠡᠯᠡᠭᠦ ᠵᠢᠴᠢ ᠬᠠᠨᠭ᠍ᠭᠠᠯᠭ᠎ᠠ ᠶᠢᠨ ᠲᠠᠯ᠎ᠡ ᠶᠢᠨ | ᠪᠦᠳᠦᠴᠡ ᠶᠢᠨ ᠴᠢᠨᠠᠷᠳᠠᠢ ᠦᠭᠡᠷᠡᠴᠢᠯᠡᠯᠳᠡ ᠶᠢ ᠠᠭᠢᠭᠤᠯᠬᠤ ᠡᠭᠦᠳᠡᠨ ᠠᠴᠠ ᠡᠷᠳᠡ ᠲᠦᠯ ᠳᠤᠰᠴᠤ ᠡᠷᠳᠡ | ᠪᠤᠷᠤᠯᠠᠭᠤᠯᠬᠤ ᠳᠤ ᠵᠠᠰᠠᠭ ᠤᠨ ᠤᠷᠳᠤᠨ ᠠᠴᠠ ᠨᠦᠭᠦᠪᠦᠷᠢ ᠤᠯᠭᠤᠬᠤ ᠠᠷᠭ᠎ᠠ ᠶᠢ ᠭᠡᠷᠡᠭᠵᠢᠭᠦᠯᠦᠨ ᠮᠠᠯᠴᠢᠳ ᠤᠨ | ᠢᠳᠡᠪᠭᠢᠵᠢᠯ ᠢ ᠳᠠᠶᠢᠴᠢᠯᠠᠬᠰᠠᠨ ᠪᠠᠶᠢᠨ᠎ᠠ᠃ ᠤᠯᠠᠭᠠᠨᠬᠠᠭᠠᠯᠭ᠎ᠠ ᠰᠤᠮᠤᠨ ᠤ ᠡᠷᠭᠡᠳᠤᠠᠤᠪᠤᠭᠠ ᠭᠠᠴᠠᠭᠠᠨ ᠤ ᠮᠠᠯᠴᠢᠨ | ᠬᠤᠳᠠᠯᠠᠪᠠᠶᠠᠷ ᠠᠷᠪᠠᠭᠠᠳ ᠵᠢᠯ ᠤᠨ ᠳᠤᠷᠰᠢ ᠡᠷᠳᠡ ᠶᠢᠨ ᠲᠦᠯ ᠳᠤᠰᠴᠦ ᠡᠷᠳᠡ ᠪᠤᠷᠤᠯᠠᠭᠤᠯᠳᠠᠬ ᠪᠠᠶᠢᠨ᠎ᠠ᠃ ᠳᠡᠷᠡ | ᠡᠨᠡ ᠵᠢᠯ ᠮᠦᠨ ᠵᠤᠷᠰᠢᠯ ᠶᠤᠰᠤᠭᠠᠷ ᠢᠶᠠᠨ ᠡᠷᠳᠡ ᠶᠢᠨ ᠲᠦᠯ ᠳᠤᠰᠤᠬᠰᠠᠨ ᠪᠦᠭᠡᠳ 6 ᠰᠠᠷ᠎ᠠ ᠶᠢᠨ 16 ᠤ ᠡᠳᠤᠷ᠂ | ᠬᠠᠮᠤᠭ ᠡᠷᠳᠡ ᠶᠢᠨ ᠬᠤᠷᠠᠭ᠎ᠠ ᠠᠴᠠ ᠪᠠᠨ 50 ᠶᠢ ᠳᠡᠭᠡᠭᠡᠵᠤ ᠠᠪᠴᠢᠷᠠᠨ ᠬᠤᠰᠢᠭᠤᠨ ᠤ ᠪᠠᠨ ᠮᠧᠩ ᠬᠤᠤ | ᠤᠯᠠᠭᠠᠠ ᠢᠳᠡᠭᠡᠨ ᠤ ᠺᠤᠮᠫᠠᠨᠢ ᠳᠤ ᠬᠤᠳᠠᠯᠳᠤᠬᠰᠠᠨ ᠳᠤ ᠳᠡᠭᠰᠢᠳᠭᠡᠭᠡᠳ 700 ᠲᠦᠭᠦᠷᠢᠭ ᠭᠦᠷᠴᠤ᠂ 50 | ᠬᠤᠷᠠᠭ᠎ᠠ ᠪᠠᠨ 3 ᠲᠦᠮᠡ 5000 ᠲᠦᠭᠦᠷᠢᠭ ᠢᠶᠠᠷ ᠵᠠᠷᠤᠴᠠᠭᠤᠯᠪᠠ᠃ ︽ᠬᠤᠷᠠᠭᠠᠨ ᠤ ᠦᠨ᠎ᠡ ᠬᠠᠨᠭ᠍ᠰᠢ | ᠨᠢᠳᠤᠨᠤᠨ ᠠᠴᠠ ᠦᠨᠳᠦᠷ ᠪᠠᠶᠢᠵᠤ᠂ ᠠᠷᠠᠰᠤᠨ ᠤ ᠦᠨ᠎ᠡ ᠠᠷᠠᠢ ᠭᠠᠪᠢᠬᠤ ᠦᠭᠡᠢ ᠪᠠᠶᠢᠨ᠎ᠠ᠃ ᠡᠷᠳᠡ ᠶᠢᠨ ᠲᠦᠯ | ᠳᠤᠰᠴᠤ ᠡᠷᠳᠡ ᠪᠤᠷᠤᠯᠠᠭᠤᠯᠬᠤ ᠳᠤ ᠨᠦᠭᠦᠪᠦᠷᠢ ᠤᠯᠭᠤᠵᠤ ᠪᠠᠶᠢᠭ᠎ᠠ ᠨᠢ ᠮᠠᠯᠴᠢᠳ ᠤᠨ ᠬᠤᠷᠠᠭ᠎ᠠ ᠪᠠᠨ ᠡᠷᠳᠡ | ᠵᠠᠷᠤᠴᠠᠭᠤᠯᠬᠤ ᠳᠤ ᠢᠳᠡᠪᠭᠢ ᠦᠢᠯᠡᠳᠤᠯ ᠦᠵᠡᠭᠦᠯᠵᠤ ᠪᠠᠶᠢᠭ᠎ᠠ ᠶᠤᠮ︾ ᠭᠡᠵᠤ ᠮᠠᠯᠴᠢᠨ ᠬᠤᠳᠠᠯᠠᠪᠠᠶᠠᠷ ᠶᠠᠷᠢᠵᠤ | ᠪᠠᠶᠢᠯ᠎ᠠ᠃ ᠮᠠᠯᠴᠢᠨ ᠬᠤᠳᠠᠯᠠᠪᠠᠶᠠᠷ ᠤᠨ ᠬᠤᠳᠠᠯᠳᠤᠬᠰᠠᠨ ᠡᠷᠳᠡ ᠶᠢᠨ ᠬᠤᠷᠠᠭ᠎ᠠ ᠨᠢ ᠳᠡᠭᠰᠢᠳᠭᠡᠭᠡᠳ 700 | ᠲᠦᠭᠦᠷᠢᠭ ᠤᠨ ᠦᠨ᠎ᠡ ᠳᠤ ᠭᠦᠷᠴᠤ ᠴᠢᠳᠠᠬᠰᠠᠨ ᠨᠢ ᠤᠢᠢᠷ᠎ᠠ ᠳᠤ ᠵᠠᠬ᠎ᠠ ᠳᠡᠯᠭᠡᠭᠦᠷ ᠲᠡᠭᠡᠷ᠎ᠡ ᠬᠤᠷᠠᠭᠠᠨ ᠤ ᠦᠨ᠎ᠡ | ᠬᠠᠨᠭ᠍ᠰᠢ ᠺᠢᠯᠦᠭᠷᠡᠮ ᠪᠦᠷᠢ ᠳᠡᠭᠡᠨ 45 ᠲᠦᠭᠦᠷᠢᠭ ᠭᠦᠷᠴᠤ ᠪᠠᠶᠢᠭ᠎ᠠ ᠲᠠᠢ ᠬᠤᠯᠪᠤᠭ᠎ᠠ ᠲᠠᠢ ᠠᠴᠠ ᠭᠠᠳᠠᠨ᠎ᠠ᠂ | ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠪᠤᠯᠤᠨ ᠠᠵᠤ ᠠᠬᠤᠢᠢᠯᠠᠯ ᠬᠠᠮᠳᠤᠷᠠᠨ ᠬᠤᠷᠠᠭ᠎ᠠ | ᠨᠢᠭᠡᠪᠦᠷᠢ ᠳᠡᠭᠡᠷ᠎ᠡ 80 ᠲᠦᠭᠦᠷᠢᠭ ᠤᠨ ᠨᠦᠭᠦᠪᠦᠷᠢ ᠤᠯᠭᠤᠬᠰᠠᠨ ᠲᠠᠢ ᠴᠤ ᠶᠡᠭᠡᠭᠡᠨ ᠬᠤᠯᠪᠤᠭ᠎ᠠ ᠲᠠᠢ ᠶᠤᠮ᠃ | ᠤᠢᠢᠯᠠᠭᠠᠬᠰᠠᠨ ᠢᠶᠠᠷ᠂ ᠡᠨᠡ ᠵᠢᠯ ᠳᠤᠰ ᠬᠤᠰᠢᠭᠤ 1300 ᠲᠦᠮᠡᠨ ᠲᠦᠭᠦᠷᠢᠭ ᠤᠨ ᠪᠡᠯᠡ ᠮᠦᠡᠭᠭᠦ | ᠭᠠᠷᠭᠠᠵᠤ᠂ ᠡᠷᠳᠡ ᠶᠢᠨ ᠲᠦᠯ ᠳᠤᠰᠴᠤ ᠡᠷᠳᠡ ᠪᠤᠷᠤᠯᠠᠭᠤᠯᠵᠤ ᠪᠠᠶᠢᠭ᠎ᠠ ᠮᠠᠯᠴᠢᠳ ᠲᠤ ᠨᠦᠭᠦᠪᠦᠷᠢ ᠪᠤᠯᠭᠠᠨ | ᠤᠯᠭᠤᠵᠤ ᠪᠠᠶᠢᠭ᠎ᠠ ᠠᠵᠢ᠃ ᠳᠠᠷᠤᠢ ᠮᠠᠯᠴᠢᠳ 6 ᠰᠠᠷ᠎ᠠ ᠶᠢᠨ 16 ᠠᠴᠠ 7 ᠰᠠᠷ᠎ᠠ ᠶᠢᠨ 4 ᠪᠤᠯᠳᠠᠯᠠᠭᠢ | ᠬᠤᠭᠤᠴᠠᠭᠠᠨ ᠳᠤ ᠬᠤᠷᠠᠭ᠎ᠠ ᠪᠠᠨ ᠬᠤᠳᠠᠯᠳᠤᠪᠠᠯ ᠬᠤᠷᠠᠭ᠎ᠠ ᠪᠦᠷᠢ ᠳᠤ 80 ᠲᠦᠭᠦᠷᠢᠭ ︵ᠵᠠᠰᠠᠭ ᠤᠨ ᠤᠷᠳᠤᠨ ᠤ | ᠨᠦᠭᠦᠪᠦᠷᠢ 70 ᠲᠦᠭᠦᠷᠢᠭ᠂ ᠠᠵᠤ ᠠᠬᠤᠢᠢᠯᠠᠯ ᠤᠨ ᠨᠦᠭᠦᠪᠦᠷᠢ 10 ᠲᠦᠭᠦᠷᠢᠭ︶ ᠤᠯᠭᠤᠵᠤ᠂ 7 ᠰᠠᠷ᠎ᠠ ᠶᠢᠨ | 5 ᠠᠴᠠ 7 ᠰᠠᠷ᠎ᠠ ᠶᠢᠨ 24 ᠤ ᠬᠤᠭᠤᠷᠤᠨᠳᠤ ᠬᠤᠷᠠᠭ᠎ᠠ ᠪᠠᠨ ᠬᠤᠳᠠᠯᠳᠤᠪᠠᠯ ᠬᠤᠷᠠᠭ᠎ᠠ ᠪᠦᠷᠢ ᠳᠤ 40 ᠲᠦᠭᠦᠷᠢᠭ | ︵ᠵᠠᠰᠠᠭ ᠤᠨ ᠤᠷᠳᠤᠨ ᠤ ᠨᠦᠭᠦᠪᠦᠷᠢ 35 ᠲᠦᠭᠦᠷᠢᠭ᠂ ᠠᠵᠤ ᠠᠬᠤᠢᠢᠯᠠᠯ ᠤᠨ ᠨᠦᠭᠦᠪᠦᠷᠢ 5 ᠲᠦᠭᠦᠷᠢᠭ︶ ᠤᠨ | ᠨᠦᠭᠦᠪᠦᠷᠢ ᠤᠯᠭᠤᠬᠤ ᠪᠠᠷ ᠳᠤᠬᠳᠠᠬᠰᠠᠨ ᠪᠠᠶᠢᠨ᠎ᠠ᠃ ᠮᠠᠯᠴᠢᠨ ᠬᠤᠳᠠᠯᠠᠪᠠᠶᠠᠷ 6 ᠰᠠᠷ᠎ᠠ ᠶᠢᠨ 16 ᠤ ᠡᠳᠤᠷ | ᠬᠤᠷᠠᠭ᠎ᠠ ᠪᠠᠨ ᠬᠤᠳᠠᠯᠳᠤᠬᠰᠠᠨ ᠪᠤᠯᠬᠤᠷ 50 ᠬᠤᠷᠠᠭᠠᠨ ᠤ 4000 ᠲᠦᠭᠦᠷᠢᠭ ᠤᠨ ᠨᠦᠭᠦᠪᠦᠷᠢ ᠭᠦᠷᠳᠡᠵᠤ᠂ | ᠤᠷᠤᠯᠭ᠎ᠠ ᠪᠠᠨ ᠨᠡᠮᠡᠭᠳᠡᠭᠦᠯᠵᠤ ᠴᠢᠳᠠᠬᠰᠠᠨ ᠪᠠᠶᠢᠨ᠎ᠠ᠃ ᠵᠠᠰᠠᠬ ᠤᠨ ᠤᠷᠳᠤᠨ ᠠᠴᠠ ᠵᠦᠢ ᠵᠤᠭᠢᠰᠳᠠᠢ ᠠᠷᠭ᠎ᠠ | ᠭᠡᠮᠵᠢᠶ᠎ᠡ ᠠᠪᠴᠤ ᠭᠦᠴᠦᠳᠠᠢ ᠳᠡᠮᠵᠢᠭᠰᠡᠨ ᠠᠴᠠ ᠡᠷᠳᠡ ᠶᠢᠨ ᠲᠦᠯ ᠳᠤᠰᠴᠤ ᠡᠷᠳᠡ ᠪᠤᠷᠤᠯᠠᠭᠤᠯᠬᠤ ᠨᠢ ᠪᠠᠷᠠᠭᠤᠨ | ᠦᠵᠦᠮᠦᠴᠢᠨ ᠬᠤᠰᠢᠭᠤᠨ ᠤ ᠮᠠᠯᠴᠢᠳ ᠤᠨ ᠠᠮᠢ ᠠᠬᠤᠢ ᠪᠠᠨ ᠬᠠᠮᠠᠭᠠᠯᠠᠵᠤ᠂ ᠠᠰᠢᠬ ᠤᠷᠤᠯᠭ᠎ᠠ ᠪᠠᠨ ᠨᠡᠮᠡᠭᠳᠡᠭᠦᠯᠭᠦ | ᠨᠢᠭᠡᠨ ᠴᠢᠬᠤᠯᠠ ᠠᠷᠭ᠎ᠠ ᠭᠡᠯᠪᠡᠷᠢ ᠪᠤᠯᠵᠤ ᠪᠠᠶᠢᠭ᠎ᠠ ᠶᠤᠮ᠃ | ᠮᠠᠯᠴᠢᠳ ᠲᠤ ᠳᠦᠭᠦᠮ ᠦᠵᠡᠭᠦᠯᠬᠦ ᠶᠢᠨ ᠳᠤᠰᠠᠳᠡ ᠪᠠᠷᠠᠭᠤᠨ ᠦᠵᠦᠮᠦᠴᠢᠨ ᠬᠤᠰᠢᠭᠤ ᠡᠷᠳᠡ ᠶᠢᠨ ᠬᠤᠷᠠᠭ᠎ᠠ | ᠪᠤᠷᠤᠯᠠᠭᠤᠯᠬᠤ ᠠᠵᠢᠯ ᠢ ᠮᠠᠰᠢ ᠴᠢᠩᠭ᠎ᠠ ᠨᠢᠮᠪᠠᠢ ᠪᠠᠶᠢᠷᠢᠯᠠᠭᠤᠯᠤᠨ ᠶᠠᠪᠤᠬᠳᠠᠭᠤᠯᠵᠤ ᠪᠠᠶᠢᠭ᠎ᠠ ᠶᠤᠮ᠃ ᠬᠤᠰᠢᠭᠤᠨ ᠤ | ᠳᠠᠷᠢᠶᠠᠯᠠᠩ ᠮᠠᠯ ᠠᠵᠤ ᠠᠬᠤᠢ ᠶᠢᠨ ᠳᠤᠪᠴᠢᠶ᠎ᠡ ᠨᠢ ᠰᠢᠯᠢ ᠶᠢᠨ ᠭᠤᠤᠯ ᠠᠶᠢᠮᠠᠭ ᠤᠨ ᠦᠵᠦᠮᠦᠴᠢᠨ ᠬᠤᠨᠢᠨ ᠤ | ᠨᠡᠶᠢᠭᠡᠮᠯᠢᠭ ᠲᠠᠢ ᠨᠠᠶᠢᠳᠠᠯᠭ᠎ᠠ ᠶᠢᠨ ᠭᠡᠯᠡᠯᠴᠡᠭᠡᠷ ᠳᠤᠬᠳᠠᠵᠤ᠂ ᠡᠷᠳᠡ ᠶᠢᠨ ᠬᠤᠷᠠᠭ᠎ᠠ ᠳᠤᠰᠴᠤ ᠪᠤᠷᠤᠯᠠᠭᠤᠯᠬᠤ ᠭᠡᠷ᠎ᠡ | ᠳᠤᠬᠳᠠᠬᠤ ᠠᠵᠢᠯ ᠢ ᠦᠵᠦᠮᠦᠴᠢᠨ ᠬᠤᠨᠢᠨ ᠤ ᠨᠡᠶᠢᠭᠡᠮᠯᠢᠭ ᠲᠤ ᠨᠠᠶᠢᠳᠠᠨ ᠦᠭᠴᠠᠢ᠃ ᠢᠡᠭᠭᠢᠭᠰᠡᠨ ᠢᠶᠠᠷ | ᠦᠵᠦᠮᠦᠴᠢᠨ ᠬᠤᠨᠢᠨ ᠤ ᠨᠡᠶᠢᠭᠡᠮᠯᠢᠭ ᠨᠢ ᠨᠡᠶᠢᠭᠡᠮᠯᠢᠭ ᠤᠨ ᠦᠢᠯᠡᠳᠤᠯ ᠢᠶᠠᠨ ᠭᠦᠢᠴᠡᠳ ᠪᠠᠳᠠᠷᠠᠭᠤᠯᠤᠨ | ᠮᠠᠯᠴᠢᠳ ᠲᠠᠢ ᠡᠷᠳᠡ ᠶᠢᠨ ᠬᠤᠷᠠᠭ᠎ᠠ ᠳᠤᠰᠴᠤ ᠪᠤᠷᠤᠯᠠᠭᠤᠯᠬᠤ ᠭᠡᠷ᠎ᠡ ᠳᠤᠬᠳᠠᠬᠤ᠂ ᠠᠵᠤ ᠠᠬᠤᠢᠢᠯᠠᠯ ᠲᠠᠢ | ᠡᠷᠳᠡ ᠶᠢᠨ ᠬᠤᠷᠠᠭ᠎ᠠ ᠬᠤᠳᠠᠯᠳᠤᠨ ᠠᠪᠬᠤ ᠭᠡᠷ᠎ᠡ ᠳᠤᠬᠳᠠᠬᠤ ᠠᠵᠢᠯ ᠡᠭᠦᠷᠭᠡ ᠶᠢ ᠨᠠᠷᠢᠨ ᠨᠢᠮᠪᠠᠢ ᠭᠦᠢᠴᠡᠳᠭᠡᠵᠦ᠂ | 6 ᠰᠠᠷ᠎ᠠ ᠶᠢᠨ 16 — 7 ᠰᠠᠷ᠎ᠠ ᠶᠢᠨ 24 ᠪᠤᠯᠳᠠᠯ᠎ᠠ ᠪᠦᠭᠦ ᠨᠡᠶᠢᠳᠡ 24 ᠲᠦᠮᠡᠨ ᠡᠷᠳᠡ ᠶᠢᠨ ᠬᠤᠷᠠᠭ᠎ᠠ | ᠪᠤᠷᠤᠯᠠᠭᠤᠯᠬᠤ ᠭᠡᠷ᠎ᠡ ᠳᠤᠬᠳᠠᠵᠤ᠂ ᠡᠭᠦᠨ ᠳᠤ 6 ᠰᠠᠷ᠎ᠠ ᠶᠢᠨ 16 ᠠᠴᠠ 7 ᠰᠠᠷ᠎ᠠ ᠶᠢᠨ 4 ᠪᠤᠯᠳᠠᠯᠠᠭᠢ | ᠬᠤᠭᠤᠴᠠᠭᠠᠨ ᠳᠤ 12 ᠲᠦᠮᠨ ᠶᠢ ᠪᠤᠷᠤᠯᠠᠭᠤᠯᠵᠤ᠂ 7 ᠰᠠᠷ᠎ᠠ ᠶᠢᠨ 5 ᠠᠴᠠ 7 ᠰᠠᠷ᠎ᠠ ᠶᠢᠨ 24 ᠤ ᠬᠤᠭᠤᠷᠤᠨᠳᠤ | 12 ᠲᠦᠮᠡ ᠶᠢ ᠪᠤᠷᠤᠯᠠᠭᠤᠯᠬᠤ ᠪᠠᠷ ᠳᠤᠬᠳᠠᠬᠰᠠᠨ ᠪᠠᠶᠢᠨ᠎ᠠ᠃ ᠵᠢᠷ ᠤᠨ ᠭᠤᠤᠯ ᠪᠠᠯᠭᠠᠰᠤᠨ ᠤ ᠲᠦᠷᠪᠡᠯᠵᠢ | ᠭᠠᠴᠠᠭᠠᠨ ᠤ ᠮᠠᠯᠴᠢᠨ ᠠᠯᠳᠠᠨᠬᠭᠤᠯᠠ ᠪᠤᠯ ᠦᠵᠦᠮᠦᠴᠢᠨ ᠬᠤᠨᠢ ᠮᠠᠯᠵᠢᠵᠤ ᠪᠠᠶᠢᠭ᠎ᠠ ᠳᠤᠰᠬᠠᠢ ᠡᠷᠤᠭᠡ ᠪᠤᠯᠬᠤ | ᠪᠦᠭᠡᠳ ᠮᠦᠨ ᠴᠤ ᠡᠷᠳᠡ ᠶᠢᠨ ᠲᠦᠯ ᠳᠤᠰᠴᠤ ᠡᠷᠳᠡ ᠪᠤᠷᠤᠯᠠᠭᠤᠯᠤᠨ ᠠᠰᠢᠬ ᠤᠷᠤᠯᠭ᠎ᠠ ᠪᠠᠨ ᠨᠡᠮᠡᠭᠳᠡᠭᠦᠯᠵᠤ | ᠶᠠᠪᠤᠭ᠎ᠠ ᠮᠠᠯᠴᠢᠨ ᠪᠤᠯᠤᠨ᠎ᠠ᠃ ᠳᠡᠳᠡᠨ ᠤ ᠬᠢ ᠡᠨᠡ ᠵᠢᠯ ᠰᠢᠯᠢ ᠶᠢᠨ ᠭᠤᠤᠯ ᠠᠶᠢᠮᠠᠭ ᠤᠨ ᠦᠵᠦᠮᠦᠴᠢᠨ ᠬᠤᠨᠢᠨ ᠤ | ᠨᠡᠶᠢᠭᠡᠮᠯᠢᠭ ᠲᠠᠢ 210 ᠡᠷᠳᠡ ᠶᠢᠨ ᠬᠤᠷᠠᠭ᠎ᠠ ᠪᠤᠷᠤᠯᠠᠭᠤᠯᠬᠤ ᠭᠡᠷ᠎ᠡ ᠳᠤᠬᠳᠠᠵᠠᠢ᠃ ︽ᠮᠠᠨ ᠤ ᠬᠢ ᠭᠡᠷ᠎ᠡ | ᠳᠤᠬᠳᠠᠬᠰᠡᠨ ᠬᠤᠷᠠᠭ᠎ᠠ ᠪᠠᠨ 7 ᠰᠠᠷ᠎ᠠ ᠶᠢᠨ 24 ᠠᠴᠠ ᠡᠮᠤᠨ᠎ᠡ ᠰᠢᠯᠢ ᠶᠢᠨ ᠬᠤᠳᠠ ᠶᠢᠨ ᠳ᠋ᠠ ᠵᠤᠸᠠᠩ ᠶᠤᠸᠠᠨ | ᠺᠤᠮᠫᠠᠨᠢ ᠳᠤ ᠠᠪᠠᠴᠢᠵᠤ ᠪᠤᠷᠤᠯᠠᠭᠤᠯᠤᠨ᠎ᠠ᠃ ᠤᠳᠤ ᠡᠯ᠎ᠡ ᠳᠠᠯ᠎ᠠ ᠶᠢᠨ ᠠᠵᠢᠯ ᠤᠨ ᠭᠤᠬᠴᠤᠭ᠎ᠠ ᠪᠦᠷ ᠰᠠᠶᠢᠨ | ᠪᠤᠯᠤᠬᠰᠠᠨ ᠠᠴᠠ ᠡᠷᠳᠡ ᠶᠢᠨ ᠬᠤᠷᠠᠭ᠎ᠠ ᠪᠠᠨ ᠪᠤᠷᠤᠯᠠᠭᠤᠯᠬᠤ ᠳᠤ ᠮᠠᠰᠢ ᠲᠦᠭᠦᠮ ᠪᠤᠯᠤᠬᠰᠠᠨ︾ ᠭᠡᠵᠤ | ᠠᠯᠳᠠᠬᠠᠭᠤᠯᠠ ᠶᠠᠷᠢᠵᠤ ᠪᠠᠶᠢᠯ᠎ᠠ᠃ | ᠤᠳᠤ ᠪᠠᠷᠠᠭᠤᠨ ᠦᠵᠦᠮᠦᠴᠢᠨ ᠬᠤᠰᠢᠭᠤᠨ ᠤ ᠭᠡᠪᠴᠢᠶᠡᠨ ᠳᠠᠬᠢ 5 ᠤᠯᠠᠭᠠᠨ ᠢᠳᠡᠭᠡᠨ ᠤ ᠠᠵᠤ ᠠᠬᠤᠢᠢᠯᠠᠯ | ᠪᠤᠯᠤᠨ ᠰᠢᠯᠢ ᠶᠢᠨ ᠬᠤᠳᠠ ᠶᠢᠨ ᠳ᠋ᠠ ᠵᠤᠸᠠᠩ ᠶᠤᠸᠠᠨ ᠺᠤᠮᠫᠠᠨᠢ ᠭᠡᠷ᠎ᠡ ᠶᠤᠰᠤᠭᠠᠷ ᠠᠵᠢᠯ ᠢᠶᠠᠨ ᠡᠭᠢᠯᠡᠭᠦᠯᠵᠤ᠂ | ᠮᠠᠯᠴᠢᠳ ᠤᠨ ᠭᠦᠷᠭᠡᠵᠤ ᠢᠷᠡᠭᠰᠡᠨ ᠬᠤᠷᠠᠭ᠎ᠠ ᠶᠢ ᠬᠤᠳᠠᠯᠳᠤᠨ ᠠᠪᠴᠤ ᠡᠳ᠋ᠰᠢᠭᠦᠯᠵᠤ ᠪᠠᠶᠢᠨ᠎ᠠ᠃ ᠡᠭᠦᠨ ᠤ ᠬᠠᠮᠳᠤ | ᠭᠢᠵᠢᠭ ᠰᠡᠷᠭᠡᠶᠢᠯᠡᠭᠦ᠂ ᠭᠢᠨᠠᠨ ᠬᠠᠮᠢᠶᠠᠷᠬᠤ ᠵᠡᠷᠭᠡ ᠠᠵᠢᠯ ᠢ ᠴᠤ ᠰᠠᠶᠢᠳᠤᠷ ᠭᠢᠵᠤ ᠡᠷᠳᠡ ᠶᠢᠨ ᠬᠤᠷᠠᠭ᠎ᠠ | ᠪᠤᠷᠤᠯᠠᠭᠤᠯᠬᠤ ᠠᠵᠢᠯ ᠤᠨ ᠤᠷᠤᠬᠰᠢᠳᠠᠢ ᠶᠠᠪᠤᠬᠳᠠᠬᠤ ᠶᠢ ᠪᠠᠳᠤᠯᠠᠬᠰᠠᠨ ᠢᠶᠠᠷ 6 ᠰᠠᠷ᠎ᠠ ᠶᠢᠨ 19 ᠤ ᠡᠳᠤᠷ | ᠪᠤᠯᠳᠠᠯ᠎ᠠ ᠨᠢᠭᠡᠨᠳᠡ 9657 ᠡᠷᠳᠡ ᠶᠢᠨ ᠬᠤᠷᠠᠭ᠎ᠠ ᠶᠢ ᠡᠳ᠋ᠰᠢᠭᠦᠯᠦᠭᠰᠡᠨ ᠪᠠᠶᠢᠨ᠎ᠠ᠃ |