ᠰᠢᠯᠢ ᠶᠢᠨ ᠭᠤᠤᠯ ᠠᠶᠢᠮᠠᠭ ᠤᠨ ᠠᠷᠠᠳ ᠤᠨ ᠳᠥᠯᠥᠬᠡᠯᠡᠭᠴᠢᠳ ᠤᠨ ᠶᠡᠭᠡ ᠬᠤᠷᠠᠯ ᠤᠨ ᠠᠵᠢᠯ ᠤᠨ ᠵᠥᠪᠯᠡᠯ ᠤᠨ ᠠᠷᠪᠡᠨ ᠬᠤᠶᠠᠲᠤᠭᠠᠷ ᠬᠤᠭᠤᠴᠠᠭᠠᠨ ᠤ ᠠᠷᠪᠠᠨ ᠬᠤᠶᠠᠳᠤᠭᠠᠷ ᠬᠤᠷᠠᠯᠲᠤᠭᠠᠨ ᠤ ᠪᠢᠴᠢᠭ ᠮᠠᠲ᠋ᠧᠷᠢᠶᠠᠯ ︵ᠨᠢᠬᠡ︶
ᠨᠡᠶᠢᠲᠡᠯᠡᠭᠰᠡᠨ ᠴᠠᠭ᠄
2018/5/7
  ᠰᠢᠯᠢ ᠶᠢᠨ ᠭᠤᠤᠯ ᠠᠶᠢᠮᠠᠭ ᠤᠨ 2017 ᠤᠨ ᠤ ᠵᠠᠬᠢᠷᠭ᠎ᠠ ᠶᠢᠨ ᠠᠵᠢᠯ ᠤᠨ ᠢᠯᠡᠳᠬᠡᠯ           ᠰᠢᠯᠢ ᠶᠢᠨ ᠭᠤᠤᠯ ᠠᠶᠢᠮᠠᠭ ᠤᠨ ᠵᠠᠬᠢᠷᠭ᠎ᠠ         ︵2017 ᠤᠨ ᠤ 3 ᠳ᠋ᠤᠭᠠᠷ  ᠰᠠᠷ᠎ᠠ  ᠎ ᠶᠢᠨ 27᠎ ᠤ ᠡᠲᠤᠷ︶ᠡᠷᠬᠢᠯᠡᠭᠴᠢ ᠨᠠᠷ᠂  ᠬᠡᠰᠢᠬᠦᠳ ᠡ᠄     ᠤᠲᠤ ᠪᠢ ᠠᠶᠢᠮᠠᠭ ᠤᠨ ᠲᠠᠷᠤᠭ᠎ᠠ ᠹᠦ᠋ ᠸᠨᠨ ᠬᠤᠢ ᠶᠢᠨ ᠨᠠᠶᠢᠲᠠᠯᠠᠭ᠎ᠠ ᠪᠠᠷ᠂ ᠵᠠᠬᠢᠷᠭ᠎ᠠ ᠶᠢᠨ ᠡᠮᠤᠨ᠎ᠠ ᠠᠴᠠ ᠶᠡᠭᠡ ᠬᠤᠷᠠᠯ ᠳᠤ ᠠᠵᠢᠯ ᠤᠨ ᠢᠯᠡᠳᠬᠡᠯ ᠬᠢᠶ᠎ᠡ᠂  ᠡᠷᠬᠢᠯᠡᠭᠴᠢ ᠨᠠᠷ᠂ ᠬᠡᠰᠢᠬᠦᠳ ᠪᠤᠯᠤᠨ ᠬᠤᠷᠠᠯ ᠳᠤ ᠰᠤᠯᠠ ᠤᠷᠤᠯᠴᠠᠭᠰᠠᠳ‌‍ᠰᠠᠨᠠᠯ ᠢᠶᠠᠨ ᠲᠤᠷᠠᠲᠤᠭᠠᠷᠠᠢ᠃     ᠨᠢᠬᠡ᠂  2016 ᠤᠨ ᠤ  ᠠᠵᠢᠯ ᠤᠨ  ᠡᠷᠬᠢᠴᠡᠬᠦᠯᠥᠯ     2016 ᠤᠨ ᠳᠤ᠂ ᠠᠶᠢᠮᠠᠭ ᠤᠨ ᠨᠠᠮ ᠤᠨ ᠬᠤᠷᠢᠶ᠎ᠠ᠂ ᠵᠠᠬᠢᠷᠭ᠎ᠠ ᠨᠢ ︽ᠲᠠᠪᠤ ᠶᠢ ᠨᠢᠬᠡ ᠴᠤᠭᠴᠠᠵᠢᠭᠤᠯᠬᠤ︾ ᠶᠡᠷᠤᠩᠬᠡᠢ ᠪᠠᠶᠢᠷᠢᠯᠠᠭᠤᠯᠤᠯᠲᠠ ᠶᠢ ᠨᠢᠬᠡᠲᠤᠯᠲᠠᠢ ᠠᠬᠢᠭᠤᠯᠬᠤ ᠪᠠ ︽ᠲᠦᠷᠪᠠ ᠶᠢ ᠪᠦᠬᠦ ᠲᠠᠯ᠎ᠠ ᠪᠠᠷ ᠵᠤᠬᠢᠴᠠᠭᠤᠯᠦᠨ ᠠᠬᠢᠭᠤᠯᠬᠤ︾  ᠪᠠᠶᠢᠯᠲᠤᠬᠤ ᠪᠤᠲᠤᠯᠭ᠎ᠠ ᠶᠢᠨ ᠲᠤᠭᠤᠷᠢᠨ ᠳᠤ᠂ ᠲᠦᠪ ᠬᠤᠷᠢᠶ᠎ᠠ᠂ ᠦᠪᠡᠷᠲᠡᠬᠡᠨ ᠵᠠᠰᠠᠬᠤ ᠤᠷᠤᠨ ᠤ ᠡᠯ᠎ᠠ ᠵᠦᠢᠯ ᠤᠨ ᠰᠢᠢᠳᠪᠤᠷᠢᠲᠤ ᠪᠤᠲᠤᠯᠭ᠎ᠠ ᠶᠢᠨ ᠪᠠᠶᠢᠷᠢᠯᠠᠭᠤᠯᠤᠯᠲᠠ ᠶᠢ ᠨᠠᠷᠢᠨ ᠬᠢᠨᠠᠮᠠᠭᠠᠢ ᠲᠤᠤᠱᠯᠠᠭᠤᠯᠵᠤ᠂ ᠦᠬᠡᠷᠠᠴᠢᠯᠠᠯᠲᠠ ᠬᠦᠭᠵᠢᠬᠦᠯᠤᠯᠲᠠ ᠲᠤᠭᠲᠠᠭᠤᠨ ᠤ ᠡᠯ᠎ᠠ ᠵᠦᠢᠯ ᠤᠨ ᠠᠵᠢᠯ ᠢ ᠯᠠᠪᠲᠠᠭᠤᠨ ᠪᠡᠲᠤᠲᠠᠢ ᠶᠠᠪᠤᠭᠤᠯᠵᠤ᠂ ᠪᠦᠬᠦ ᠵᠢᠯ ᠤᠨ ᠡᠯ᠎ᠠ ᠵᠦᠢᠯ ᠤᠨ ᠬᠠᠷᠠᠯᠲᠠ ᠡᠬᠦᠷᠬᠡ ᠪᠠᠨ ᠨᠡᠯᠢᠶᠠᠳ ᠰᠠᠶᠢᠨ ᠪᠡᠶᠠᠯᠠᠬᠦᠯᠵᠠᠢ᠃ ᠪᠦᠬᠦ ᠵᠢᠯ ᠤᠨ ᠭᠠᠵᠠᠷ ᠤᠷᠤᠨ ᠤ ᠦᠢᠯᠡᠳᠪᠤᠷᠢᠯᠠᠯ ᠤᠨ ᠶᠡᠷᠤᠩᠬᠡᠢ ᠦᠷᠲᠡᠭ ᠲᠤ 1045.5 ᠳ᠋ᠦᠡᠭᠰᠢᠭᠤᠷ ᠲᠦᠬᠦᠷᠢᠭ ᠪᠠᠶᠠᠯᠠᠬᠦᠯᠵᠤ 7.2 %᠎ ᠢᠶᠠᠷ ᠨᠡᠮᠡᠭᠲᠠᠵᠠᠢ᠃  ᠪᠦᠬᠦ ᠨᠠᠶᠢᠬᠡᠮ ᠤᠨ ᠲᠤᠭᠲᠠᠮᠠᠯ ᠬᠦᠷᠤᠩᠬᠡ ᠳᠤ 718.4 ᠳ᠋ᠦᠡᠭᠰᠢᠭᠤᠷ ᠲᠦᠬᠦᠷᠢᠭ ᠤᠨ ᠪᠡᠯᠡ ᠤᠷᠤᠭᠤᠯᠵᠤ᠂ 17%  ᠎ ᠪᠠᠷ ᠨᠡᠮᠡᠭᠲᠠᠵᠠᠢ᠃  ᠤᠯᠠᠨ ᠨᠠᠶᠢᠲᠠ ᠶᠢᠨ ᠡᠳ᠋ ᠤᠨ ᠵᠠᠰᠠᠭ ᠤᠨ ᠡᠩ ᠤᠨ ᠲᠦᠰᠤᠪ ᠤᠨ ᠤᠷᠤᠯᠭ᠎ᠠ ᠠᠩᠬ᠎ᠠ ᠤᠲᠠᠭ᠎ᠠ ᠵᠠᠭᠤᠨ ᠳ᠋ᠦᠡᠭᠰᠢᠭᠤᠷ ᠢ  ᠲᠠᠪᠠᠵᠤ᠂ 105 ᠳ᠋ᠦᠡᠭᠰᠢᠭᠤᠷ ᠲᠦᠬᠦᠷᠢᠭ ᠢ ᠪᠡᠶᠠᠯᠠᠬᠦᠯᠵᠤ᠂ 12%᠎ ᠢᠶᠠᠷ ᠨᠡᠮᠡᠭᠲᠠᠵᠠᠢ᠃ ᠨᠠᠶᠢᠬᠡᠮ ᠤᠨ ᠬᠡᠷᠡᠭᠯᠠᠬᠡᠨ ᠤ ᠲᠠᠸᠠᠷ ᠤᠨ ᠵᠢᠵᠢᠭᠯᠡᠨ ᠬᠤᠲᠠᠯᠲᠤᠬᠤ ᠶᠡᠷᠤᠩᠬᠡᠢ ᠬᠡᠮᠵᠢᠶ᠎ᠠ 244.7 ᠳ᠋ᠦᠡᠭᠰᠢᠭᠤᠷ ᠲᠦᠬᠦᠷᠢᠭ ᠪᠤᠯᠵᠤ᠂ 9.6%  ᠎ ᠪᠠᠷ ᠨᠡᠮᠡᠭᠲᠠᠵᠠᠢ︔ ᠬᠤᠲᠠ ᠬᠦᠲᠡᠭᠡ ᠶᠢᠨ ᠪᠠᠶᠢᠡᠭᠭᠤ ᠶᠢᠨ ᠰᠠᠭᠤᠭᠠᠯᠢ ᠠᠷᠠᠳ ᠤᠨ ᠬᠦᠮᠤᠨ ᠲᠤᠮᠲᠠᠴᠢ ᠳᠤ ᠲᠤᠬᠢᠷᠠᠭᠤᠯᠵᠤ ᠪᠤᠯᠬᠤᠶᠢᠴᠠ ᠤᠷᠤᠯᠭ᠎ᠠ 32903  ᠲᠦᠬᠦᠷᠢᠭ ᠪᠤᠯᠤᠨ 13188 ᠲᠦᠬᠦᠷᠢᠭ ᠲᠤ ᠬᠦᠷᠴᠤ᠂  ᠲᠤᠰᠪᠦᠷᠢ 8.2% ᠪᠠ 7.9%  ᠎ ᠪᠠᠷ ᠨᠡᠮᠡᠭᠲᠠᠵᠠᠢ︔ ᠨᠢᠬᠡ ᠵᠢᠯ ᠤᠨ ᠲᠤᠷᠰᠢᠲᠠ᠂ ᠲᠤᠤᠷᠠᠬᠢ ᠠᠵᠢᠯ ᠤᠳ ᠢ ᠭᠤᠤᠯᠲᠠᠯᠠᠭ᠎ᠠ ᠲᠠᠢ ᠠᠳᠬᠤᠵᠠᠢ᠄     ︵ᠨᠢᠬᠡ︶ ︽ ᠭᠤᠷᠪᠠ ᠶᠢ ᠪᠠᠭᠠᠰᠬᠠᠬᠤ ᠨᠢᠬᠡ ᠶᠢ ᠪᠠᠭᠤᠷᠠᠭᠤᠯᠬᠤ ᠨᠢᠬᠡ ᠶᠢ ᠨᠦᠬᠦᠪᠤᠷᠢᠯᠠᠬᠦ︾  ᠎ ᠶᠢ ᠨᠠᠶᠢᠳᠡᠪᠦᠷᠢᠵᠢᠭᠤᠯᠪᠠ᠃  3 ᠨᠠᠬᠦᠷᠠᠰᠤᠨ ᠠᠭᠤᠷᠬᠠᠢ ᠶᠢ ᠵᠤᠭᠰᠤᠭᠠᠵᠤ᠂ ᠲᠠᠰ ᠲᠤ ᠬᠦᠷᠬᠦ ᠦᠬᠡᠢ ᠬᠤᠴᠤᠷᠤᠩᠭᠤᠢ ᠦᠢᠯᠡᠳᠪᠤᠷᠢᠯᠠᠯ ᠤᠨ ᠴᠢᠲᠠᠪᠤᠷᠢ ᠶᠢ 105 ᠲᠦᠮᠠᠨ ᠲᠤᠨ ᠪᠠᠭᠠᠰᠬᠠᠵᠤ᠂ ᠲᠠᠸᠠᠷ ᠤᠨ ᠤᠷᠤᠨ ᠰᠠᠭᠤᠴᠠ ᠶᠢᠨ ᠬᠤᠲᠠᠯᠲᠤᠵᠤ ᠭᠠᠷᠤᠭᠠᠲᠤᠢ ᠲᠠᠯᠠᠪᠠᠢ ᠶᠢ ᠠᠲᠠᠯᠢ ᠬᠤᠭᠤᠴᠠᠭᠠᠨ ᠤ ᠬᠢ ᠠᠴᠠ 220  ᠲᠦᠮᠠᠨ ᠬᠠᠪᠲᠠᠭᠠᠢ  ᠲᠦᠷᠪᠠᠯᠵᠢᠨ ᠮᠧᠲᠷ  ᠪᠠᠭᠤᠷᠠᠭᠤᠯᠵᠤ᠂ ᠲᠠᠰ ᠲᠤ ᠬᠦᠷᠬᠦ ᠠᠵᠤ ᠦᠢᠯᠡᠳᠪᠤᠷᠢ ᠶᠢᠨ ᠠᠵᠤ ᠠᠬᠤᠶᠢᠯᠠᠯ ᠤᠨ ᠦᠷᠢ ᠎ ᠶᠢᠨ ᠨᠤᠷᠮ᠎ᠠ ᠶᠢ 3.5 ᠵᠠᠭᠤᠨ ᠤ ᠬᠤᠪᠢ ᠶᠢᠨ ᠴᠢᠭ ᠢᠶᠠᠷ ᠪᠠᠭᠤᠷᠠᠭᠤᠯᠵᠤ᠂ ᠠᠵᠤ ᠠᠬᠤᠶᠢᠯᠠᠯ  ᠎ ᠤᠨ ᠦᠪᠡᠷ ᠤᠨ ᠦᠷᠲᠡᠭ ᠢ 2.9 ᠳ᠋ᠦᠡᠭᠰᠢᠭᠤᠷ ᠲᠦᠬᠦᠷᠢᠭ ᠪᠠᠭᠤᠷᠠᠭᠤᠯᠤᠨ᠂ ᠨᠢᠬᠡ ᠪᠦᠯᠤᠭ᠌ ᠰᠠᠭᠤᠷᠢ ᠪᠤᠯᠬᠤ  ᠂  ᠠᠯᠤᠰ ᠬᠡᠲᠤ ᠎ ᠶᠢᠨ ᠠᠰᠢᠭᠲᠡᠢ᠂ ᠠᠷᠠᠳ ᠤᠨ ᠠᠮᠢᠲᠤᠷᠠᠯ ᠳᠤ ᠬᠠᠷᠠᠭᠠᠯᠵᠠᠯ ᠦᠵᠠᠬᠦᠯᠬᠦ᠂ ᠲᠤᠲᠠᠭᠤᠲᠠᠯ ᠢ ᠨᠦᠬᠦᠪᠤᠷᠢᠯᠠᠬᠦ  ᠢᠨᠵᠧᠨᠧᠷᠢᠩ ᠢ ᠶᠠᠪᠤᠭᠤᠯᠵᠠᠢ᠃     ︵ᠬᠤᠶᠠᠷ︶  ᠭᠤᠤᠯᠲᠠᠯᠭᠠᠲᠤ ᠲᠦᠷᠤᠯ ᠵᠦᠢᠯ ᠤᠨ ᠪᠦᠲᠤᠬᠡᠨ ᠪᠠᠶᠢᠭᠤᠯᠤᠯᠲᠠ ᠪᠤᠯᠤᠨ ᠠᠵᠤ ᠠᠬᠤᠢ ᠶᠢᠨ ᠠᠵᠢᠯᠯᠠᠯᠲᠠ ᠶᠢᠨ ᠲᠤᠬᠢᠷᠠᠭᠤᠯᠤᠯᠲᠠ ᠶᠢ ᠴᠢᠩᠭᠠᠳᠬᠠᠪᠠ᠃ ᠪᠦᠬᠦ ᠤᠷᠤᠨ  ᠎ ᠤ 2016  ᠤᠨ ᠤ ᠨᠠᠮᠤᠷ ᠤᠨ ᠤᠯᠠᠷᠢᠯ ᠳᠤ ᠴᠢᠬᠤᠯᠠ ᠲᠤᠮᠤ ᠲᠦᠷᠤᠯ ᠵᠦᠢᠯ ᠢ ᠲᠦᠪᠯᠠᠷᠠᠬᠦᠯᠤᠨ ᠠᠵᠢᠯ ᠡᠬᠢᠯᠠᠬᠦᠯᠵᠤ ᠪᠦᠲᠤᠬᠡᠨ ᠪᠠᠶᠢᠭᠤᠯᠬᠤ ᠲᠠᠶᠢᠴᠢᠯᠠᠯᠲᠠ ᠶᠢᠨ ᠬᠤᠷᠠᠯ ᠤᠨ ᠵᠤᠷᠢᠭ ᠰᠠᠨᠠᠭ᠎ᠠ ᠶᠢ ᠬᠦᠨᠵᠠᠬᠡᠢ ᠲᠤᠤᠱᠯᠠᠭᠤᠯᠵᠤ᠂ ᠭᠤᠤᠯᠲᠠᠯᠭᠠᠲᠤ ᠲᠦᠷᠤᠯ ᠵᠦᠢᠯ ᠎ ᠤᠨ ᠠᠬᠢᠭᠤᠯᠤᠯᠲᠠ ᠨᠠᠶᠢᠲᠠᠪᠤᠷᠢᠵᠢᠯᠲᠠ ᠶᠢ ᠬᠦᠴᠤᠲᠠᠢ ᠠᠳᠬᠤᠵᠠᠢ᠃ ᠪᠦᠬᠦ ᠵᠢᠯ ᠳᠤ ᠠᠶᠢᠮᠠᠭ ᠤᠨ ᠲᠠᠰ ᠤᠨ ᠭᠤᠤᠯᠲᠠᠯᠭᠠᠲᠤ ᠲᠦᠷᠤᠯ ᠵᠦᠢᠯ ᠢ 190 ᠬᠡᠷᠡᠭᠵᠢᠬᠦᠯᠵᠤ᠂  ᠠᠵᠢᠯ ᠡᠬᠢᠯᠠᠬᠦᠯᠵᠤ ᠰᠡᠷᠬᠦᠬᠡᠭᠰᠠᠨ ᠨᠤᠷᠮ᠎ᠠ 97%  ᠎ ᠳᠤ ᠬᠦᠷᠴᠤ᠂ 658  ᠳ᠋ᠦᠡᠭᠰᠢᠭᠤᠷ ᠲᠦᠬᠦᠷᠢᠭ ᠤᠨ ᠪᠠᠯᠠ ᠤᠷᠤᠭᠤᠯᠤᠯᠲᠠ ᠶᠢ ᠪᠠᠶᠠᠯᠠᠬᠦᠯᠵᠤ᠂ ᠪᠡᠯᠠ ᠤᠷᠤᠭᠤᠯᠤᠯᠲᠠ ᠶᠢ ᠪᠠᠶᠠᠯᠠᠬᠦᠯᠤᠭ᠍ᠰᠠᠨ ᠨᠤᠷᠮ᠎ᠠ100%᠎ ᠳᠤ ᠬᠦᠷᠴᠠᠢ᠃ ︽ ᠰᠠᠷ᠎ᠠ ᠪᠠᠷ ᠲᠤᠬᠢᠷᠠᠭᠤᠯᠬᠤ᠂ ᠤᠯᠠᠷᠢᠯ ᠎ ᠢᠶᠠᠷ ᠵᠠᠲᠠᠯᠬᠤ᠂ ᠬᠠᠭᠠᠰ ᠵᠢᠯ ᠢᠶᠠᠷ ᠳ᠋ᠦᠡᠭᠨᠠᠬᠦ︾ ᠠᠵᠢᠯ ᠤᠨ ᠵᠤᠬᠢᠴᠠᠮᠵᠢ ᠶᠢ ᠨᠠᠷᠢᠨ ᠬᠢᠨᠠᠮᠠᠭᠠᠢ ᠨᠠᠶᠢᠲᠠᠪᠤᠷᠢᠵᠢᠭᠤᠯᠵᠤ᠂  ᠠᠵᠤ ᠠᠬᠤᠶᠢᠯᠠᠯ ᠢ ᠬᠠᠪᠰᠤᠷᠤᠨ ᠶᠡᠷᠤᠩᠬᠡᠢ ᠬᠡᠯᠲᠠᠰ ᠪᠤᠯᠤᠨ ᠲᠠᠬᠡᠲᠤ ᠱᠠᠲᠤᠨ ᠤ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠲᠠᠮᠵᠢᠯᠬᠡ ᠤᠯᠬᠤ ᠠᠵᠢᠯ ᠢ ᠵᠤᠬᠢᠴᠠᠭᠤᠯᠵᠤ᠂  ᠠᠵᠤ ᠠᠬᠤᠶᠢᠯᠠᠯ ᠤᠨ ᠪᠤᠲᠠᠲᠠᠢ ᠬᠦᠴᠢᠷᠲᠠᠯ ᠢ ᠦᠨᠠᠨᠬᠦ ᠰᠢᠢᠳᠪᠤᠷᠢᠯᠠᠨ᠂ ᠠᠷᠭ᠎ᠠ ᠪᠦᠬᠦᠨ ᠢ ᠰᠦᠪᠡᠭᠴᠢᠯᠠᠵᠤ ᠦᠢᠯᠡᠳᠪᠤᠷᠢᠯᠠᠯ ᠤᠨ ᠠᠵᠢᠯᠯᠠᠯᠲᠠ ᠶᠢ ᠲᠤᠭᠲᠠᠪᠤᠷᠢᠵᠢᠭᠤᠯᠵᠠᠢ᠃     ︵ᠭᠤᠷᠪᠠ︶  ᠠᠵᠤ ᠦᠢᠯᠠᠰ ᠤᠨ ᠬᠡᠯᠪᠡᠷᠢ ᠪᠠᠨ ᠬᠤᠪᠢᠷᠠᠭᠤᠯᠵᠤ ᠲᠠᠰ ᠲᠠᠪᠰᠢᠬᠦ ᠶᠢ ᠬᠦᠴᠤᠯᠠᠨ ᠠᠬᠢᠭᠤᠯᠪᠠ ᠃  ︽ᠬᠤᠨᠢ ᠶᠢ ᠴᠦᠬᠡᠯᠠᠵᠤ ᠦᠬᠡᠷ ᠢᠯᠠᠬᠦᠤ ᠮᠠᠯᠵᠢᠬᠤ︾ ᠪᠠᠶᠢᠯᠲᠤᠬᠤ ᠪᠤᠲᠤᠯᠭ᠎ᠠ ᠶᠢ ᠬᠡᠷᠡᠭᠵᠢᠬᠦᠯᠵᠤ᠂ ︽ᠰᠢᠯᠢ ᠎ ᠶᠢᠨ ᠭᠤᠤᠯ ᠠᠶᠢᠮᠠᠭ ᠤᠨ ᠰᠢᠯᠢᠲᠡᠭ ᠡᠬᠦᠯᠲᠠᠷ ᠤᠨ ᠦᠬᠡᠷ ᠮᠠᠯᠵᠢᠬᠤ ᠠᠵᠤ ᠦᠢᠯᠠᠰ ᠢ ᠬᠦᠭᠵᠢᠬᠦᠯᠬᠦ ᠲᠦᠯᠤᠪᠵᠢᠬᠦᠯᠬᠡ ︵2016 ᠤᠨ——2020  ᠤᠨ ᠬᠦᠷᠲᠠᠯ᠎ᠠ︶︾  ᠎ ᠶᠢ ᠨᠠᠶᠢᠷᠠᠭᠤᠯᠤᠨ ᠵᠤᠬᠢᠶᠠᠵᠤ᠂ ᠰᠢᠯᠢᠲᠡᠭ ᠡᠬᠦᠯᠲᠠᠷ ᠤᠨ ᠦᠬᠡᠷ ᠮᠠᠯᠵᠢᠬᠤ  ᠠᠵᠤ ᠦᠢᠯᠠᠰ ᠢ ᠲᠦᠷᠬᠡᠨ ᠬᠦᠭᠵᠢᠬᠦᠯᠬᠦ ᠲᠤᠭᠲᠠᠭᠠᠯ ᠭᠠᠷᠭᠠᠵᠤ᠂ ᠴᠠᠪᠡᠷ ᠡᠬᠦᠯᠲᠠᠷ ᠤᠨ ᠦᠬᠡᠷ ᠭᠠᠲᠠᠨ᠎ᠠ ᠠᠴᠠ 1 ᠲᠦᠮᠠᠨ ᠲᠤᠯᠤᠭᠠᠢ ᠤᠷᠤᠭᠤᠯᠵᠤ᠂ ᠵᠢᠯ ᠳᠤ 300 ᠲᠦᠮᠠᠨ ᠬᠤᠨᠢ ᠶᠢ ᠨᠠᠷᠢᠯᠢᠭ ᠪᠤᠯᠪᠡᠰᠤᠷᠠᠭᠤᠯᠬᠤ ᠴᠢᠳᠡᠪᠦᠷᠢᠳᠡᠢ ᠳ᠋ᠨ ᠵᠤᠸᠡᠩ ᠶᠤᠸ᠋ᠨᠨ ᠲᠦᠷᠤᠯ ᠵᠦᠢᠯ ᠢ ᠪᠦᠲᠤᠬᠡᠨ ᠪᠠᠶᠢᠭᠤᠯᠵᠤ ᠦᠢᠯᠡᠳᠪᠤᠷᠢᠯᠠᠯ ᠢ ᠨᠢ  ᠡᠬᠢᠯᠠᠬᠦᠯᠵᠤ᠂  ᠬᠤᠸ᠋ᠨ ᠷᠦᠨ ᠡᠤ ᠹᠸᠡᠭ ᠵᠠᠷᠬᠡ ᠰᠢᠯᠢᠲᠡᠭ ᠡᠬᠦᠯᠲᠠᠷ ᠤᠨ ᠦᠬᠡᠷ ᠮᠠᠯᠵᠢᠬᠤ ᠪᠠ ᠨᠠᠷᠢᠯᠢᠭ ᠪᠤᠯᠪᠡᠰᠤᠷᠠᠭᠤᠯᠬᠤ ᠵᠢᠱᠢᠶ᠎ᠠ ᠦᠵᠠᠬᠦᠯᠬᠦ ᠲᠦᠷᠤᠯ ᠵᠦᠢᠯ ᠨᠢ ᠲᠠᠶᠢᠹᠤᠰᠧ ᠬᠤᠰᠢᠭᠤᠨ ᠎ ᠳᠤ ᠪᠠᠶᠢᠭᠤᠯᠤᠭᠲᠠᠪᠠ᠃ ᠪᠤᠬᠢᠷᠲᠤᠯ ᠦᠬᠡᠢ ᠴᠠᠪᠡᠷ ᠡᠨᠧᠷᠬᠢ᠂ ᠲᠠᠯ᠎ᠠ ᠨᠤᠲᠤᠭ ᠤᠨ ᠪᠦᠬᠦ ᠬᠢᠵᠠᠭᠠᠷ ᠲᠠᠬᠢ ᠵᠤᠭᠠᠴᠠᠯ ᠂ ᠲᠤᠮᠤ ᠲᠠᠶᠢᠳᠡ ᠶᠢᠨ ᠬᠦᠭᠵᠢᠯᠲᠠ ᠶᠢ ᠬᠦᠴᠤᠲᠠᠢ ᠠᠬᠢᠭᠤᠯᠵᠤ᠂ ᠨᠢᠬᠡᠲᠤᠬᠡᠷ ᠠᠵᠤ ᠦᠢᠯᠠᠰ ᠪᠤᠯᠤᠨ ᠭᠤᠷᠪᠡᠲᠤᠭᠠᠷ  ᠠᠵᠦ ᠦᠢᠯᠠᠰ ᠤᠨ ᠡᠵᠠᠯᠠᠬᠦ ᠬᠠᠷᠢᠴᠠᠯ ᠲᠤᠰᠪᠤᠷᠢ 0.6 ᠪᠠ 3 ᠵᠠᠭᠤᠨ ᠤ ᠬᠤᠪᠢ ᠶᠢᠨ ᠴᠢᠭ ᠢᠶᠠᠷ ᠲᠠᠬᠡᠭᠰᠢᠯᠠᠵᠠᠢ᠃     ︵ᠲᠦᠷᠪᠠ︶ ᠲᠠᠯ᠎ᠠ ᠨᠤᠲᠤᠭ ᠤᠨ ᠠᠮᠢ ᠠᠬᠤᠢ ᠶᠢᠨ ᠪᠦᠲᠤᠬᠡᠨ ᠪᠠᠶᠢᠭᠤᠯᠤᠯᠲᠠ ᠪᠤᠯᠤᠨ ᠤᠷᠴᠢᠨ ᠲᠤᠭᠤᠷᠢᠨ ᠎ ᠤ ᠬᠠᠮᠠᠭᠠᠯᠠᠯᠲᠠ ᠶᠢ ᠴᠢᠩᠭᠠᠳᠬᠠᠪᠠ᠃ ᠠᠮᠢ ᠠᠬᠤᠢ ᠶᠢ ᠤᠷᠢᠲᠠᠪᠡᠷ ᠪᠤᠲᠤᠯᠬᠢᠯᠠᠵᠤ᠂ ᠪᠤᠬᠢᠷᠲᠤᠯ ᠦᠬᠡᠢ ᠬᠦᠭᠵᠢᠬᠦᠯᠬᠦ ᠶᠢ ᠪᠡᠷᠢᠮᠲᠠᠯᠠᠵᠤ᠂ ᠰᠢᠨ᠎ᠠ ᠨᠢᠬᠡᠨ ᠡᠬᠡᠯᠵᠢ ᠶᠢᠨ ᠲᠠᠯ᠎ᠠ ᠨᠤᠲᠤᠭ ᠤᠨ ᠠᠮᠢ ᠠᠬᠤᠢ ᠶᠢᠨ ᠨᠦᠬᠦᠪᠤᠷᠢ ᠱᠠᠩᠨᠠᠯ ᠤᠨ ᠲᠦᠷᠤ ᠶᠢᠨ ᠪᠤᠲᠤᠯᠭ᠎ᠠ ᠶᠢ ᠡᠬᠢᠯᠠᠨ ᠬᠡᠷᠡᠭᠵᠢᠬᠦᠯᠵᠤ᠂ ᠲᠠᠯ᠎ᠠ ᠨᠤᠲᠤᠭ ᠤᠨ ᠬᠠᠮᠠᠭᠠᠯᠠᠯᠲᠠ ᠶᠢᠨ ᠬᠤᠷᠢᠭ᠎ᠠ ᠱᠤᠭᠤᠮ ᠢ ᠲᠤᠭᠲᠠᠭᠠᠬᠤ ᠠᠵᠢᠯ ᠢ ᠶᠠᠪᠤᠭᠤᠯᠵᠤ᠂ ᠬᠤᠯᠠᠨ ᠰᠢᠷᠭ᠎ᠠ  ᠲᠠᠭ᠎ᠠ ᠶᠢᠨ ᠡᠯᠡᠰᠤ᠂ ᠪᠠᠭ᠎ᠠ ᠵᠢᠭᠠᠰᠤᠲᠠᠢ ᠵᠠᠷᠬᠡ ᠠᠮᠢ ᠠᠬᠤᠢ ᠬᠡᠪᠡᠷᠡᠭ ᠭᠠᠵᠠᠷ ᠤᠷᠤᠨ ᠤ ᠬᠢᠨᠠᠨ ᠬᠠᠮᠢᠶᠠᠷᠤᠯᠲᠠ ᠶᠢ ᠴᠢᠩᠭᠠᠳᠬᠠᠵᠤ᠂ ᠠᠮᠢ ᠠᠬᠤᠢ ᠶᠢ ᠵᠠᠰᠠᠭᠰᠠᠨ ᠲᠠᠯᠠᠪᠠᠢ 85 ᠲᠦᠮᠠᠨ  ᠮᠤ᠋ ᠳᠤ ᠬᠦᠷᠪᠠ᠃ ᠳ᠋ᠠ ᠲᠠᠩ ᠪᠦᠯᠤᠭ᠍ᠯᠠᠯ ᠲᠠᠢ ᠢᠲᠡᠪᠬᠢᠲᠠᠢ ᠬᠠᠷᠢᠴᠠᠵᠤ᠂ ᠲᠤᠯᠤᠨ ᠨᠤᠤᠷ ᠨᠠᠬᠦᠷᠠᠰᠤ ᠬᠢᠮᠢ ᠶᠢᠨ ᠦᠢᠯᠡᠳᠪᠤᠷᠢ ᠶᠢᠨ ᠦᠢᠷ᠎ᠠ ᠬᠠᠪᠢ ᠳᠠᠬᠢ11 ᠲᠤᠭᠤᠶᠢᠯᠠᠩ ᠲᠤᠰᠬᠤᠨ᠂ 933  ᠡᠷᠤᠬᠡ᠂ 2179 ᠬᠦᠮᠦᠨ ᠢ ᠪᠦᠬᠦᠯᠢ ᠴᠤᠡᠨᠴᠨ ᠪᠠᠷ ᠨᠢ ᠨᠠᠬᠦᠯᠬᠡᠵᠦ᠂ ᠨᠠᠬᠦᠯᠬᠡᠭᠰᠠᠨ ᠤᠷᠤᠨ ᠎ ᠤ 3 ᠲᠦᠮᠠᠨ ᠮᠤ᠋ ᠭᠠᠵᠠᠷ ᠲᠤ ᠪᠦᠷ ᠲᠠᠷᠢᠶᠠᠯᠠᠬᠤ ᠶᠢ ᠵᠤᠭᠰᠤᠭᠠᠵᠤ ᠮᠤᠲᠤ ᠲᠠᠷᠢᠪᠠ᠃ ᠲᠦᠪ ᠤᠨ ᠤᠷᠴᠢᠨ ᠲᠤᠭᠤᠷᠢᠨ ᠤ ᠬᠠᠮᠠᠭᠠᠯᠠᠯᠲᠠ  ᠎ ᠶᠢᠨ ᠱᠠᠭᠠᠷᠳᠡᠨ ᠪᠠᠶᠢᠴᠠᠭᠠᠬᠤ ᠲᠤᠭᠤᠶᠢᠯᠠᠩ ᠤᠨ ᠲᠤᠰᠬᠠᠭᠰᠠᠨ ᠬᠠᠯᠠᠵᠤ  ᠰᠠᠶᠢᠵᠢᠷᠠᠭᠤᠯᠬᠤ ᠰᠠᠨᠠᠯ ᠢ ᠬᠦᠢᠴᠠᠳ ᠨᠠᠶᠢᠲᠠᠪᠤᠷᠢᠵᠢᠭᠤᠯᠵᠤ᠂ ᠤᠯᠠᠨ ᠲᠦᠮᠠᠨ ᠰᠠᠨᠠᠯ ᠶᠠᠬᠡᠲᠠᠢ ᠨᠢᠬᠡ ᠪᠦᠯᠤᠭ᠌ ᠤᠷᠴᠢᠨ ᠲᠤᠭᠤᠷᠢᠨ ᠤ ᠠᠰᠠᠭᠤᠲᠠᠯ ᠢ ᠬᠦᠴᠤᠯᠠᠨ ᠰᠢᠢᠳᠪᠤᠷᠢᠯᠠᠪᠠ᠃     ︵ᠲᠠᠪᠤ︶ ᠵᠠᠰᠠᠭ ᠢ ᠴᠤᠮᠠᠬᠳᠬᠠᠨ ᠡᠷᠬᠡ ᠪᠠᠨ ᠲᠤᠷᠤᠭᠰᠢ ᠦᠭᠬᠦ ᠪᠠ ᠨᠡᠬᠡᠬᠡᠯᠲᠠ ᠪᠠᠨ ᠦᠷᠬᠡᠳᠬᠡᠬᠦ ᠠᠵᠢᠯ ᠢ ᠶᠠᠪᠤᠭᠤᠯᠪᠠ᠃ ᠠᠶᠢᠮᠠᠭ ᠤᠨ ᠲᠡᠰ ᠤᠨ ᠵᠠᠰᠠᠭ ᠵᠠᠬᠢᠷᠭᠠᠨ ᠤ ᠬᠢᠨᠠᠨ  ᠵᠦᠪᠰᠢᠶᠠᠷᠠᠬᠦ ᠵᠦᠢᠯ ᠢ 65%  ᠎ ᠪᠠᠷ  ᠴᠤᠮᠬᠠᠳᠬᠠᠵᠦ᠂ ︽ᠲᠠᠪᠤᠨ ᠦᠨᠠᠮᠯᠠᠯ ᠢ ᠨᠢᠬᠡ ᠪᠤᠯᠭᠠᠬᠤ᠂ ᠨᠢᠬᠡ ᠦᠨᠠᠮᠯᠠᠯ ᠨᠢᠬᠡ ᠨᠤᠮᠧᠷ ᠲᠠᠢ  ᠪᠠᠶᠢᠯᠭᠠᠬᠤ︾  ᠎ ᠶᠢ ᠪᠡᠶᠠᠯᠠᠬᠦᠯᠵᠤ᠂ ᠡᠯ᠎ᠠ ᠲᠦᠷᠤᠯ ᠤᠨ ᠵᠠᠬ᠎ᠠ ᠲᠠᠯᠬᠡᠬᠦᠷ ᠤᠨ ᠭᠤᠤᠯ ᠴᠤᠭᠴᠠ ᠪᠤᠯᠤᠨ ᠲᠠᠩᠰᠠᠯᠠᠭᠤᠯᠤᠭᠰᠠᠨ ᠬᠦᠷᠤᠩᠬᠡ ︵ᠪᠠᠯᠠ︶ ᠠᠲᠠᠯᠢ ᠬᠤᠭᠤᠴᠠᠭᠠᠨ ᠤ ᠬᠢ ᠠᠴᠠ ᠲᠤᠰᠪᠤᠷᠢ10.8%  ᠪᠤᠯᠤᠨ 23.3% ᠨᠡᠮᠡᠭᠲᠠᠵᠠᠢ᠃  ᠠᠶᠢᠮᠠᠭ ᠎ ᠤᠨ ᠪᠤᠭᠤᠮᠲᠠ ᠶᠢᠨ ᠠᠵᠢᠯ ᠤᠨ ᠠᠯᠪᠡᠨ ᠬᠡᠷ ᠢ ᠪᠠᠶᠢᠭᠤᠯᠵᠤ᠂ ᠪᠤᠭᠤᠮᠲᠠ ᠶᠢᠨ ᠠᠵᠢᠯ ᠤᠨ ᠪᠦᠲᠤᠬᠡᠨ ᠪᠠᠶᠢᠭᠤᠯᠤᠯᠲᠠ ᠪᠤᠯᠤᠨ ᠬᠠᠷᠢᠯᠴᠠᠨ ᠬᠤᠯᠪᠦᠭᠠᠯᠬᠤ ᠬᠠᠷᠢᠯᠴᠠᠨ ᠨᠠᠪᠲᠠᠷᠠᠬᠦ ᠶᠢ ᠪᠠᠲᠤᠲᠠᠢ ᠶᠠᠪᠤᠭᠤᠯᠵᠤ᠂ ︽ ᠡᠷᠢᠶᠠᠨ ᠎ ᠤ ᠬᠡᠯᠠᠯᠴᠠᠬᠡᠷ ᠤᠨ ᠬᠤᠷᠠᠯ︾  ᠵᠠᠷᠬᠡ ᠲᠠᠬᠡᠲᠤ ᠲᠠᠰ ᠤᠨ ᠦᠵᠠᠬᠦᠯᠤᠯᠬᠡ ᠰᠤᠯᠢᠯᠴᠠᠭ᠎ᠠ ᠶᠢ ᠪᠦᠲᠤᠮᠵᠢᠲᠠᠢ ᠡᠷᠬᠢᠯᠠᠵᠤ ᠪᠢᠯᠠ᠃ ᠪᠦᠬᠦ ᠵᠢᠯ ᠤᠨ ᠪᠤᠭᠤᠮᠲᠠ ᠪᠠᠷ ᠦᠡᠭᠬᠡᠷᠠᠬᠦ ᠪᠤᠲᠠᠰ 1562 ᠲᠦᠮᠠᠨ ᠲᠤᠨ ᠳᠤ ᠬᠦᠷᠴᠤ᠂ 2.2%᠎ ᠢᠶᠠᠷ ᠨᠡᠮᠡᠭᠲᠠᠵᠤ᠂ ᠬᠢᠯᠢ ᠪᠠᠷ ᠤᠷᠤᠵᠤ ᠭᠠᠷᠤᠭᠰᠠᠨ ᠬᠦᠮᠤᠨ 201  ᠲᠦᠮᠠᠨ ᠬᠦᠮᠤᠨ ᠤᠲᠠᠭ᠎ᠠ ᠪᠤᠯᠵᠤ᠂ 4.9%  ᠎ ᠪᠠᠷ ᠨᠡᠮᠡᠭᠲᠠᠪᠠ᠃     ︵ᠵᠢᠷᠭᠤᠭ᠎ᠠ︶  ᠠᠷᠠᠳ ᠤᠨ  ᠠᠮᠢᠳᠦᠷᠠᠯ ᠢ ᠪᠠᠳᠦᠯᠠᠬᠤ ᠪᠠ ᠠᠮᠦᠷ ᠲᠤᠭᠲᠠᠭᠤᠨ ᠢ ᠬᠠᠮᠠᠭᠠᠯᠠᠬᠤ ᠠᠵᠢᠯ ᠢ ᠬᠦᠴᠤᠲᠠᠢ ᠠᠳᠬᠤᠪᠠ᠃ ᠪᠦᠬᠦ ᠠᠶᠢᠮᠠᠭ ᠤᠨ ᠤᠯᠠᠨ ᠨᠠᠶᠢᠲᠠ ᠶᠢᠨ ᠡᠳ᠋ ᠤᠨ ᠵᠠᠰᠠᠭ ᠠᠴᠠ ᠠᠷᠠᠳ ᠤᠨ ᠠᠮᠢᠲᠤᠷᠠᠯ ᠎ ᠤᠨ ᠬᠦᠷᠢᠶ᠎ᠠ ᠬᠡᠪᠴᠢᠶ᠎ᠠ ᠳᠠᠬᠢ ᠵᠠᠷᠤᠯᠭ᠎ᠠ ᠨᠢ 160 ᠳ᠋ᠦᠡᠭᠰᠢᠭᠤᠷ ᠲᠦᠬᠦᠷᠢᠭ ᠪᠠᠶᠢᠵᠤ᠂ ᠶᠡᠷᠤᠩᠬᠡᠢ ᠵᠠᠷᠤᠯᠭ᠎ᠠ ᠶᠢᠨ 80.6%᠎ ᠶᠢ ᠡᠵᠠᠯᠠᠪᠠ᠃ ᠶᠠᠲᠠᠭᠤ ᠠᠴᠠ ᠠᠩᠬᠢᠵᠢᠷᠠᠭᠤᠯᠬᠤ ᠠᠵᠢᠯ ᠤᠨ  ᠰᠢᠪᠳᠦᠯᠦᠯᠳᠡ ᠶᠢ ᠬᠦᠴᠤᠲᠠᠢ ᠶᠠᠪᠤᠭᠤᠯᠵᠤ᠂ 2.1  ᠲᠦᠮᠠᠨ ᠬᠦᠮᠤᠨ ᠶᠠᠲᠠᠭᠤ ᠠᠴᠠ ᠠᠩᠬᠢᠵᠢᠷᠠᠬᠤ ᠪᠠ 5 ᠭᠠᠵᠠᠷ ᠤᠷᠤᠨ ᠨᠢ ᠶᠠᠲᠠᠭᠤ ᠬᠤᠰᠢᠭᠤ ᠰᠢᠶᠠᠨ ᠤ ᠡᠩᠨᠡᠭᠡ ᠠᠴᠠ ᠭᠠᠷᠬᠤ ᠶᠢ ᠪᠠᠶᠠᠯᠠᠬᠦᠯᠵᠠᠢ᠃ ᠠᠵᠢᠯ ᠤᠯᠭᠤᠯᠲᠠ᠂ ᠰᠤᠷᠭᠠᠨ ᠬᠦᠮᠤᠵᠢᠯ᠂ ᠡᠮ ᠡᠮᠨᠠᠯᠬᠡ ᠡᠷᠠᠬᠦᠯ ᠬᠠᠮᠠᠭᠠᠯᠠᠯ᠂ ᠨᠠᠶᠢᠬᠡᠮ ᠤᠨ ᠪᠡᠲᠤᠯᠠᠭ᠎ᠠ ᠵᠠᠷᠬᠡ ᠡᠯ᠎ᠠ ᠵᠦᠢᠯ ᠤᠨ ᠠᠵᠢᠯ ᠢ ᠪᠡᠲᠤᠲᠠᠢ ᠶᠠᠪᠤᠭᠤᠯᠵᠤ᠂ ᠬᠦᠴᠷᠢᠲᠠᠯᠲᠠᠢ ᠠᠷᠠᠳ ᠤᠯᠠᠨ ᠤ ᠦᠢᠯᠡᠳᠪᠤᠷᠢᠯᠠᠯ ᠠᠮᠢᠲᠤᠷᠠᠯ ᠢ ᠪᠦᠬᠦ ᠬᠦᠴᠤ ᠪᠠᠷ ᠪᠡᠲᠤᠯᠠᠪᠠ᠃ ᠠᠶᠤᠯᠬᠦᠢ ᠦᠢᠯᠡᠳᠪᠤᠷᠢᠯᠠᠯ ᠤᠨ ᠶᠡᠭᠡ ᠪᠠᠶᠢᠴᠠᠭᠠᠯᠲᠠ ᠶᠢ ᠬᠦᠨᠵᠠᠬᠡᠢ ᠦᠷᠨᠢᠬᠦᠯᠵᠤ᠂ ᠠᠰᠠᠭᠤᠲᠠᠯ ᠤᠨ ᠬᠡᠮ ᠠᠷᠬᠠᠭ ᠢ ᠠᠷᠢᠯᠭᠠᠬᠤ ᠠᠵᠢᠯ ᠢ ᠰᠠᠶᠢᠲᠤᠷ ᠨᠠᠶᠢᠲᠠᠪᠤᠷᠢᠵᠢᠭᠤᠯᠵᠠᠢ᠃  ᠵᠦᠷᠢᠴᠠᠯ ᠵᠢᠭᠤᠷᠭᠠᠨ ᠢ ᠪᠠᠶᠢᠴᠠᠭᠠᠨ ᠨᠡᠮᠲᠠᠭᠠᠬᠤ ᠪᠠ ᠨᠡᠶᠢᠬᠡᠮ ᠤᠨ ᠠᠮᠤᠷ ᠲᠦᠪᠰᠢᠨ ᠢ ᠶᠡᠷᠤᠩᠬᠡᠶᠢᠯᠠᠨ ᠵᠠᠰᠠᠬᠤ  ᠎ ᠶᠢ ᠴᠢᠩᠭᠠᠳᠬᠠᠵᠤ᠂ ᠬᠢᠯᠢ ᠬᠢᠵᠠᠭᠠᠷ ᠤᠷᠤᠨ ᠤ ᠠᠮᠤᠷ ᠠᠮᠤᠭᠤᠯᠠᠩ᠂ ᠦᠨᠲᠤᠰᠤᠲᠠᠨ ᠤ ᠪᠦᠯᠬᠦᠮᠲᠠᠯ ᠤᠨ ᠤᠬᠢ ᠰᠠᠶᠢᠨ ᠪᠠᠶᠢᠲᠠᠯ ᠢ ᠤᠯᠠᠮ ᠨᠢᠬᠡ ᠠᠯᠬᠤᠮ ᠪᠠᠬᠢᠵᠢᠬᠦᠯᠵᠠᠢ᠃     ᠬᠤᠶᠠᠷ᠂ 2017 ᠤᠨ ᠤ ᠭᠤᠤᠯᠲᠠᠯᠭ᠎ᠠ ᠲᠠᠢ ᠠᠵᠢᠯ ᠤᠳ ᠤᠨ ᠪᠠᠶᠢᠷᠢᠯᠠᠭᠤᠯᠤᠯᠲᠠ     ᠠᠶᠢᠮᠠᠭ ᠤᠨ ᠨᠠᠮ ᠤᠨ ᠬᠤᠷᠢᠶᠠᠨ ᠤ 2017 ᠤᠨ ᠤ ᠠᠩᠬᠠᠲᠤᠭᠠᠷ ᠦᠷᠬᠡᠳᠬᠡᠭᠰᠠᠨ ᠬᠤᠷᠠᠯᠲᠤᠭᠠᠨ ᠤ ᠪᠠᠶᠢᠷᠢᠯᠠᠭᠤᠯᠤᠯᠲᠠ ᠶᠤᠰᠤᠭᠠᠷ ᠪᠤᠯ᠂ ᠦᠨᠤ ᠵᠢᠯ ᠤᠨ ᠤᠷᠢᠳᠴᠢᠯᠠᠭᠰᠠᠨ ᠬᠤᠭᠤᠴᠠᠭᠠᠨ ᠤ ᠬᠦᠭᠵᠢᠯᠲᠠ ᠶᠢᠨ ᠭᠤᠤᠯ ᠬᠠᠷᠠᠯᠲᠠ ᠨᠢ᠄ ᠭᠠᠵᠠᠷ ᠤᠷᠤᠨ ᠤ ᠦᠢᠯᠡᠳᠪᠤᠷᠢᠯᠠᠯ ᠤᠨ ᠶᠡᠷᠤᠩᠬᠡᠢ ᠦᠷᠲᠡᠭ ᠲᠤ 1138  ᠳ᠋ᠦᠡᠭᠰᠢᠭᠤᠷ ᠲᠦᠬᠦᠷᠢᠭ ᠪᠡᠶᠡᠯᠡᠬᠦᠯᠵᠤ᠂ 8%᠎ ᠪᠠᠷ ᠨᠡᠮᠡᠭᠲᠠᠬᠦᠯᠤᠨ᠎ᠠ︔  ᠪᠦᠬᠦ ᠨᠡᠶᠢᠬᠡᠮ ᠤᠨ ᠲᠤᠭᠲᠠᠮᠠᠯ ᠬᠦᠷᠤᠩᠬᠡ ᠶᠢᠨ ᠪᠠᠯᠠ ᠤᠷᠤᠭᠤᠯᠤᠯᠲᠠ ᠳᠤ 807  ᠳ᠋ᠦᠡᠭᠰᠢᠭᠤᠷ ᠲᠦᠬᠦᠷᠢᠭ ᠢ ᠪᠡᠶᠡᠯᠠᠬᠦᠯᠵᠤ᠂ 14%᠎ ᠪᠠᠷ ᠨᠡᠮᠡᠭᠲᠠᠬᠦᠯᠤᠨ᠎ᠠ︔ ᠤᠯᠠᠨ ᠨᠠᠶᠢᠲᠠ ᠶᠢᠨ ᠡᠳ᠋ ᠤᠨ ᠵᠠᠰᠠᠭ ᠤᠨ ᠲᠦᠰᠤᠪ ᠤᠨ ᠤᠷᠤᠯᠭ᠎ᠠ ᠶᠢ 112.4  ᠳ᠋ᠦᠡᠭᠰᠢᠭᠤᠷ ᠲᠦᠬᠦᠷᠢᠭ ᠲᠤ ᠬᠦᠷᠤᠬᠦᠯᠵᠤ᠂ 7%᠎ ᠪᠠᠷ ᠨᠡᠮᠡᠭᠲᠠᠬᠦᠯᠤᠨ᠎ᠠ︔ ᠨᠠᠶᠢᠬᠡᠮ ᠤᠨ ᠬᠡᠷᠡᠭᠯᠠᠬᠡᠨ ᠤ ᠲᠠᠸᠠᠷ ᠤᠨ ᠵᠢᠵᠢᠭᠯᠡᠨ ᠬᠤᠲᠠᠯᠲᠤᠬᠤ ᠶᠡᠷᠤᠩᠬᠡᠢ ᠬᠡᠮᠵᠢᠶ᠎ᠠ ᠶᠢ 269  ᠳ᠋ᠦᠡᠭᠰᠢᠭᠤᠷ ᠲᠦᠬᠦᠷᠢᠭ ᠲᠤ ᠬᠦᠷᠤᠬᠦᠯᠵᠤ᠂ 10%᠎ ᠪᠠᠷ ᠨᠡᠮᠡᠭᠲᠠᠬᠦᠯᠤᠨ᠎ᠠ︔ ᠬᠤᠲᠠ ᠬᠦᠲᠡᠭᠡ ᠶᠢᠨ ᠪᠠᠶᠢᠡᠭᠭᠤ ᠶᠢᠨ ᠰᠠᠭᠤᠭᠠᠯᠢ ᠠᠷᠠᠳ ᠤᠨ ᠬᠦᠮᠤᠨ ᠲᠤᠮᠲᠠᠴᠢ ᠳᠤ ᠲᠤᠬᠢᠷᠠᠭᠤᠯᠵᠤ ᠪᠤᠯᠬᠤᠶᠢᠴᠠ ᠤᠷᠤᠯᠭ᠎ᠠ ᠶᠢ 35700 ᠲᠦᠬᠦᠷᠢᠭ ᠪᠠ 14375 ᠲᠦᠬᠦᠷᠢᠭ ᠲᠤ ᠬᠦᠷᠤᠬᠦᠯᠵᠤ᠂ ᠲᠤᠰᠪᠤᠷᠢ 8.5% ᠪᠠ 9%᠎ ᠪᠠᠷ ᠨᠡᠮᠡᠭᠲᠠᠬᠦᠯᠤᠨ᠎ᠠ᠃ ᠲᠠᠬᠡᠷ᠎ᠠ ᠲᠤᠷᠠᠲᠤᠭᠰᠠᠨ ᠬᠠᠷᠠᠯᠲᠠ ᠶᠢ ᠪᠠᠶᠠᠯᠠᠬᠦᠯᠬᠦ ᠳᠤ ᠲᠤᠤᠷᠠᠬᠢ ᠬᠡᠲᠤᠨ ᠵᠦᠢᠯ ᠤᠨ ᠠᠵᠢᠯ ᠤᠳ ᠢ ᠭᠤᠤᠯᠲᠠᠯᠭ᠎ᠠ ᠲᠠᠢ ᠠᠳᠬᠤᠨ᠎ᠠ᠄     ︵ᠨᠢᠬᠡ︶  ᠠᠵᠤ ᠠᠬᠤᠢ ᠶᠢᠨ ᠨᠡᠮᠡᠭᠲᠠᠯ ᠢ ᠬᠦᠴᠤᠯᠠᠨ ᠲᠤᠭᠲᠠᠪᠤᠷᠢᠵᠢᠭᠤᠯᠵᠤ᠂ ᠠᠵᠤ ᠠᠬᠤᠢ ᠶᠢᠨ ᠦᠷᠬᠦᠯᠵᠢᠯᠡᠭᠰᠠᠨ ᠡᠷᠠᠬᠦᠯ ᠬᠦᠭᠵᠢᠯᠲᠠ ᠶᠢ ᠠᠬᠢᠭᠤᠯᠤᠨ᠎ᠠ᠃ ᠨᠢᠬᠡ ᠳᠤ ᠭᠤᠤᠯᠲᠠᠯᠭᠠᠲᠤ ᠲᠦᠷᠤᠯ ᠵᠦᠢᠯ ᠤᠨ ᠪᠦᠲᠤᠬᠡᠨ ᠪᠠᠶᠢᠭᠤᠯᠤᠯᠲᠠ ᠶᠢ ᠯᠠᠪᠲᠠᠭᠤᠨ ᠪᠡᠲᠤᠲᠠᠢ ᠰᠠᠶᠢᠲᠤᠷ ᠠᠳᠬᠤᠨ᠎ᠠ᠃ ᠦᠨᠤ ᠵᠢᠯ᠂ ᠠᠶᠢᠮᠠᠭ ᠤᠨ ᠨᠠᠮ ᠤᠨ ᠬᠤᠷᠢᠶ᠎ᠠ᠂ ᠵᠠᠬᠢᠷᠭ᠎ᠠ ᠠᠴᠠ ᠠᠶᠢᠮᠠᠭ ᠤᠨ ᠲᠠᠰ ᠤᠨ ᠭᠤᠤᠯᠳᠡᠯᠭᠠᠳᠦ ᠲᠦᠷᠤᠯ ᠵᠦᠢᠯ ᠢ 190 ᠵᠦᠢᠯ ᠢᠶᠠᠷ ᠠᠩᠬ᠎ᠠ ᠠᠯᠬᠤᠮ ᠲᠤᠭᠲᠠᠭᠠᠵᠤ᠂ ᠶᠠᠷᠤᠩᠬᠡᠢ ᠪᠠᠯᠨ ᠤᠷᠤᠭᠤᠯᠤᠯᠲᠠ ᠶᠢ 2584  ᠳ᠋ᠦᠡᠭᠰᠢᠭᠤᠷ ᠲᠦᠬᠦᠷᠢᠭ  ᠪᠤᠯᠭᠠᠵᠦ᠂ ᠵᠢᠯ ᠤᠨ ᠲᠤᠲᠤᠷ᠎ᠠ 675  ᠳ᠋ᠦᠡᠭᠰᠢᠭᠤᠷ ᠲᠦᠬᠦᠷᠢᠭ ᠤᠨ ᠪᠠᠯᠠ ᠤᠷᠤᠭᠤᠯᠤᠯᠲᠠ ᠶᠢ ᠪᠠᠶᠠᠯᠠᠬᠦᠯᠬᠦ ᠪᠠᠷ ᠲᠦᠯᠤᠪᠯᠠᠪᠠ᠃ ᠭᠤᠤᠯᠲᠠᠯᠭᠠᠲᠤ ᠲᠦᠷᠤᠯ ᠵᠦᠢᠯ ᠤᠨ ᠪᠦᠲᠤᠬᠡᠨ ᠪᠠᠶᠢᠭᠤᠯᠤᠯᠲᠠ ᠶᠢᠨ ᠬᠠᠷᠢᠭᠤᠴᠠᠬᠤ ᠲᠦᠷᠢᠮ ᠢ ᠴᠢᠩᠭ᠎ᠠ ᠨᠠᠶᠢᠲᠠᠪᠤᠷᠢᠵᠢᠭᠤᠯᠵᠤ᠂  ︽ᠨᠢᠬᠡ ᠲᠦᠷᠤᠯ ᠵᠦᠢᠯ᠂ ᠨᠢᠬᠡ ᠤᠲᠤᠷᠢᠲᠤᠯᠭ᠎ᠠ᠂ ᠨᠢᠬᠡ ᠪᠠᠭ︾᠎ ᠤᠨ ᠠᠵᠢᠯ ᠎ ᠤᠨ ᠵᠤᠬᠢᠴᠠᠮᠵᠢ ᠶᠢ ᠦᠷᠬᠦᠯᠵᠢᠯᠠᠨ ᠬᠡᠷᠡᠭᠵᠢᠬᠦᠯᠵᠤ᠂ 4 ᠳ᠋ᠤᠬᠡᠷ  ᠰᠠᠷ᠎ᠠ ᠶᠢᠨ ᠰᠠᠬᠦᠯᠴᠢ ᠳᠤ ᠪᠦᠬᠦ ᠲᠠᠯ᠎ᠠ ᠪᠠᠷ ᠠᠵᠢᠯ ᠡᠬᠢᠯᠠᠬᠦᠯᠵᠤ ᠪᠦᠲᠤᠬᠡᠨ ᠪᠠᠶᠢᠭᠤᠯᠬᠤ ᠶᠢ ᠦᠨᠠᠨᠬᠦ ᠪᠡᠲᠤᠯᠠᠨ᠎ᠠ᠃ ᠡᠬᠢ ᠰᠤᠷᠪᠤᠯᠵᠢ ᠪᠠᠷ ᠢᠶᠠᠨ ᠲᠦᠷᠤᠯ ᠵᠦᠢᠯ ᠰᠤᠯᠢᠬᠤ ᠰᠠᠳᠬᠢᠴᠠ ᠶᠢᠨ ᠪᠠᠶᠢᠴᠠ ᠪᠠᠨ ᠬᠤᠪᠢᠷᠠᠭᠤᠯᠵᠤ᠂ ᠰᠠᠭᠤᠷᠢ ᠲᠦᠬᠦᠬᠡᠷᠤᠮᠵᠢ᠂ ᠠᠵᠤ ᠦᠢᠯᠠᠰ ᠤᠨ ᠬᠦᠭᠵᠢᠯᠲᠠ᠂ ᠨᠠᠶᠢᠬᠡᠮ ᠤᠨ ᠠᠵᠢᠯ ᠦᠢᠯᠠᠰ᠂ ᠠᠮᠢ ᠠᠬᠤᠢ ᠤᠷᠴᠢᠨ ᠲᠤᠭᠤᠷᠢᠨ ᠵᠠᠷᠬᠡ ᠭᠤᠤᠯᠲᠠᠯᠠᠭ᠎ᠠ ᠲᠠᠢ ᠬᠦᠷᠢᠶ᠎ᠠ ᠬᠡᠪᠴᠢᠶ᠎ᠠ ᠳᠤ ᠬᠠᠨᠲᠤᠭᠤᠯᠵᠤ᠂ ᠠᠷᠠᠯᠵᠢᠶᠠᠴᠢᠨ ᠤᠷᠢᠵᠤ ᠪᠠᠯᠠ ᠲᠠᠲᠠᠬᠤ ᠶᠢ ᠰᠠᠶᠢᠲᠤᠷ ᠠᠳᠬᠤᠨ᠎ᠠ᠃ ᠵᠠᠰᠠᠭ ᠤᠨ ᠶᠠᠪᠤᠲᠠᠯ ᠤᠨ ᠦᠢᠯᠠᠴᠢᠯᠠᠬᠡᠨ ᠤ ᠤᠷᠴᠢᠨ ᠢ ᠰᠠᠶᠢᠲᠤᠷ ᠰᠠᠶᠢᠵᠢᠷᠠᠭᠤᠯᠵᠤ᠂ ᠢᠲᠠᠬᠡᠮᠵᠢ ᠶᠢᠨ ᠰᠢᠰᠲ᠋ᠧᠮ ᠎ ᠤᠨ ᠪᠠᠶᠢᠭᠤᠯᠤᠯᠲᠠ ᠶᠢ ᠴᠢᠩᠭᠠᠳᠬᠠᠵᠤ ︽ᠲᠤᠲᠤᠨᠤᠰᠤᠭ︾᠂ ︽ᠴᠢᠬᠡᠴᠢ︾ ᠵᠠᠰᠠᠭ ᠬᠤᠲᠠᠯᠲᠤᠭᠠᠨ ᠤ ᠰᠢᠨ᠎ᠠ ᠬᠡᠯᠪᠡᠷᠢ ᠶᠢᠨ ᠬᠠᠷᠢᠴᠠᠭ᠎ᠠ ᠶᠢ ᠪᠠᠶᠢᠭᠤᠯᠵᠤ᠂ ᠲᠤᠲᠤᠨᠤᠰᠤᠭ ᠠᠮᠤᠭᠤᠯᠠᠩ ᠪᠠᠶᠠᠨ ᠬᠤᠲᠠᠯᠲᠤᠭᠠᠴᠢᠨ ᠤ ᠠᠬᠤᠢ ᠪᠠᠶᠢᠲᠠᠯ ᠢ ᠪᠤᠢ ᠪᠤᠯᠭᠠᠨ᠎ᠠ᠃ ᠬᠤᠶᠠᠷ ᠲᠤ ᠠᠵᠤ ᠠᠬᠤᠢ ᠶᠢᠨ ᠠᠵᠢᠯᠯᠠᠯᠲᠠ ᠶᠢᠨ ᠵᠤᠬᠢᠴᠠᠭᠤᠯᠭ᠎ᠠ ᠶᠢ ᠦᠨᠠᠨᠬᠦ ᠴᠢᠩᠭᠠᠳᠬᠠᠨ᠎ᠠ᠃ ᠲᠠᠬᠡᠲᠤ ᠱᠠᠲᠤᠨ ᠤ ᠡᠯ᠎ᠠ ᠵᠦᠢᠯ ᠤᠨ ᠲᠦᠷᠤ ᠶᠢᠨ ᠪᠤᠲᠤᠯᠭ᠎ᠠ ᠶᠢ ᠨᠠᠷᠢᠨ ᠬᠢᠨᠠᠮᠠᠭᠠᠢ ᠨᠠᠶᠢᠲᠠᠪᠤᠷᠢᠵᠢᠭᠤᠯᠵᠤ᠂ ᠦᠨᠠᠨ ᠪᠤᠲᠠᠲᠠᠢ ᠬᠡᠷᠡᠭᠵᠢᠬᠦᠯᠵᠤ ᠪᠤᠯᠤᠮᠠᠷ ᠠᠷᠭ᠎ᠠ ᠪᠡᠷᠢᠯ ᠤᠳ ᠢ ᠲᠤᠭᠲᠠᠭᠠᠵᠤ᠂ ᠠᠷᠭ᠎ᠠ ᠪᠦᠬᠦᠨ ᠢ ᠰᠦᠪᠡᠭᠴᠢᠯᠠᠵᠤ ᠠᠵᠤ ᠠᠬᠤᠶᠢᠯᠠᠯ ᠤᠨ ᠦᠢᠯᠡᠳᠪᠤᠷᠢᠯᠠᠯ ᠡᠵᠡᠩᠨᠠᠯᠲᠠ ᠶᠢᠨ ᠦᠪᠡᠷ ᠤᠨ ᠦᠷᠲᠡᠭ ᠢ ᠪᠠᠭᠤᠷᠠᠭᠤᠯᠤᠨ᠎ᠠ᠃ ᠪᠠᠶᠢᠡᠭᠭᠤᠵᠢᠭᠤᠯᠤᠭᠰᠠᠨ ᠵᠤᠬᠢᠴᠠᠭᠤᠯᠭ᠎ᠠ ᠶᠢ ᠵᠠᠲᠠᠯᠬᠤ ᠵᠤᠬᠢᠴᠠᠮᠵᠢ ᠪᠠᠶᠢᠭᠤᠯᠤᠨ ᠲᠠᠬᠦᠯᠲᠠᠷᠵᠢᠬᠦᠯᠵᠤ᠂  ᠠᠵᠦ ᠠᠬᠤᠶᠢᠯᠠᠯ  ᠎ ᠢ ᠪᠦᠬᠦ ᠬᠦᠴᠦ ᠪᠠᠷ ᠵᠢᠯᠦᠭᠤᠳᠦᠨ ᠬᠠᠪᠰᠦᠷᠴᠦ ᠤᠷ᠎ᠠ ᠮᠠᠷᠬᠡᠵᠢᠯ  ᠎ ᠢ ᠨᠢ ᠦᠬᠡᠷᠠᠴᠢᠯᠠᠨ ᠲᠡᠪᠰᠢᠬᠦᠯᠵᠦ᠂ ᠦᠢᠯᠡᠳᠪᠦᠷᠢᠯᠠᠯ ᠤᠨ ᠬᠡᠪᠴᠢᠶ᠎ᠠ ᠶᠢ ᠨᠢ ᠦᠷᠬᠡᠳᠬᠡᠵᠦ᠂  ᠭᠠᠳᠡᠨᠠᠬᠢ ᠵᠠᠬ᠎ᠠ ᠲᠠᠯᠬᠡᠬᠦᠷ ᠢ ᠨᠢ ᠨᠡᠮᠡᠭᠳᠡᠬᠦᠯᠦᠨ᠂ ᠡᠵᠡᠩᠨᠠᠯᠳᠡ ᠶᠢᠨ ᠦᠷ᠎ᠠ ᠠᠰᠢᠭ ᠢ ᠨᠢ ᠤᠯᠠᠮ ᠢᠶᠠᠷ ᠨᠡᠮᠡᠭᠳᠡᠬᠦᠯᠦᠨ᠎ᠠ᠃ ᠬᠤᠴᠦᠷᠦᠩᠭᠤᠢ ᠦᠢᠯᠡᠳᠪᠦᠷᠢᠯᠠᠯ ᠤᠨ ᠴᠢᠳᠡᠪᠦᠷᠢ ᠶᠢ ᠰᠢᠭᠰᠢᠭᠳᠡᠬᠦᠯᠬᠦ ᠠᠵᠢᠯ ᠢ  ᠦᠷᠬᠦᠯᠵᠢᠯᠠᠨ ᠶᠠᠪᠦᠭᠤᠯᠵᠦ᠂ ᠮᠠᠷᠬᠡᠵᠢᠯ ᠤᠨ ᠬᠠᠮᠢᠶᠠᠷᠦᠯᠳᠡ ᠶᠢᠨ ᠰᠢᠨ᠎ᠠ ᠡᠬᠦᠳᠦᠯᠳᠡ᠂ ᠨᠠᠶᠢᠯᠠᠬᠦᠯᠦᠨ ᠲᠠᠬᠢᠨ ᠵᠤᠬᠢᠶᠠᠨ ᠪᠠᠶᠢᠭᠤᠯᠬᠤ᠂ ᠲᠡᠳᠬᠦᠵᠦ ᠠᠪᠦᠷᠠᠬᠤ ᠵᠠᠷᠬᠡ ᠤᠯᠠᠨ ᠵᠦᠢᠯ ᠤᠨ ᠠᠷᠭ᠎ᠠ ᠪᠠᠷᠢᠯ ᠢᠶᠠᠷ᠂ ᠨᠢᠬᠡ ᠪᠦᠯᠤᠭ᠌ ᠠᠵᠤ ᠠᠬᠤᠶᠢᠯᠠᠯ ᠢ ᠰᠢᠭᠰᠢᠭᠲᠡᠬᠦᠯᠤᠨ ᠭᠠᠷᠭᠠᠵᠤ᠂ ᠠᠵᠤ ᠠᠬᠤᠶᠢᠯᠠᠯ ᠤᠨ ᠭᠦᠭᠵᠢᠯᠲᠠ ᠶᠢᠨ ᠠᠮᠢᠵᠢᠷᠠᠯ  ᠎ ᠤᠨ ᠬᠦᠴᠤᠨ ᠢ ᠨᠡᠮᠡᠭᠲᠠᠬᠦᠯᠵᠤ᠂ ᠠᠵᠤ ᠠᠬᠤᠶᠢᠯᠠᠯ ᠤᠨ ᠲᠤᠭᠲᠠᠭᠤᠨ ᠠᠵᠢᠯᠯᠠᠯᠲᠠ ᠶᠢ ᠠᠬᠢᠭᠤᠯᠤᠨ᠎ᠠ᠃ ᠶᠠᠰᠤ ᠴᠢᠨᠠᠷ ᠤᠨ ᠨᠠᠷᠠᠲᠤ ᠲᠠᠮᠲᠡᠭᠲᠤ ᠶᠢᠨ ᠪᠠᠶᠢᠯᠲᠤᠬᠤ ᠪᠤᠲᠤᠯᠭ᠎ᠠ ᠶᠢ ᠶᠡᠬᠡᠪᠡᠷ ᠬᠡᠷᠡᠭᠵᠢᠬᠦᠯᠵᠤ᠂ ᠶᠠᠰᠤ ᠴᠢᠨᠠᠷ ᠢᠶᠠᠷ ᠦᠢᠯᠠᠰ  ᠪᠤᠰᠬᠠᠬᠤ᠂ ᠨᠠᠷᠠᠲᠤ ᠲᠠᠮᠲᠡᠭᠲᠤ ᠎ ᠪᠠᠷ ᠠᠵᠤ ᠠᠬᠤᠶᠢᠯᠠᠯ ᠢᠶᠠᠨ ᠬᠦᠭᠵᠢᠬᠦᠯᠬᠦ ᠶᠢ ᠪᠡᠷᠢᠮᠲᠠᠯᠠᠵᠤ᠂ ᠶᠠᠰᠤ ᠴᠢᠨᠠᠷ ᠢᠶᠠᠨ ᠲᠠᠬᠡᠭᠰᠢᠯᠠᠬᠦᠯᠬᠦ ᠠᠵᠢᠯᠯᠠᠭ᠎ᠠ ᠲᠤᠮᠲᠠ ᠠᠵᠤ ᠠᠬᠤᠶᠢᠯᠠᠯ ᠤᠨ ᠦᠷᠢᠰᠤᠯᠲᠤᠬᠦ ᠴᠢᠲᠠᠪᠤᠷᠢ ᠶᠢ ᠤᠯᠠᠮ ᠢᠶᠠᠷ ᠨᠡᠮᠡᠭᠲᠠᠬᠦᠯᠤᠨ᠎ᠠ᠃ ᠭᠤᠷᠪᠠ ᠳᠤ ᠪᠠᠯᠠ  ᠬᠤᠷᠠᠮᠳᠦᠭᠤᠯᠵᠦ ᠪᠠᠯᠨ ᠤᠷᠤᠭᠤᠯᠬᠤ ᠠᠷᠭ᠎ᠠ  ᠵᠠᠮ ᠢ ᠤᠯᠠᠮ ᠨᠢᠬᠡ ᠠᠯᠬᠤᠮ ᠦᠷᠬᠡᠳᠬᠡᠨ᠎ᠠ᠃ ᠪᠠᠩᠬᠢ ᠪᠤᠯᠤᠨ ᠠᠵᠤ ᠠᠬᠤᠶᠢᠯᠠᠯ ᠤᠨ ᠵᠤᠯᠭᠠᠯᠲᠠ ᠶᠢ ᠴᠢᠩᠭᠠᠳᠬᠠᠵᠤ᠂ ᠢᠲᠠᠬᠡᠮᠵᠢᠲᠤ ᠵᠢᠬᠡᠯᠠᠯᠬᠡ ᠶᠢᠨ ᠬᠡᠪᠴᠢᠶ᠎ᠠ ᠶᠢ ᠦᠷᠬᠡᠳᠬᠡᠵᠤ ᠂ ᠤᠯᠠᠨ ᠠᠷᠭ᠎ᠠ ᠵᠠᠮ ᠢᠶᠠᠷ ᠪᠠᠯᠠ ᠬᠤᠷᠠᠮᠳᠦᠭᠤᠯᠬᠤ ᠶᠢ ᠠᠬᠢᠭᠤᠯᠤᠨ᠎ᠠ᠃ ᠵᠠᠰᠠᠭ ᠤᠨ ᠤᠷᠲᠤᠨ ᠤ ᠪᠠᠯᠠ ᠤᠷᠤᠭᠤᠯᠬᠤ ᠶᠢ ᠰᠢᠯᠢᠲᠡᠭᠵᠢᠬᠦᠯᠵᠤ᠂ ᠵᠠᠰᠠᠭ ᠤᠨ ᠤᠷᠲᠤᠨ ᠠᠴᠠ ᠪᠠᠯᠠ ᠬᠤᠷᠠᠮᠳᠦᠭᠤᠯᠬᠤ ᠪᠠᠯᠠ ᠤᠷᠤᠭᠤᠯᠬᠤ ᠲᠠᠪᠴᠠᠩ ᠤᠨ ᠪᠠᠶᠢᠭᠤᠯᠤᠯᠲᠠ ᠶᠢ ᠶᠠᠪᠤᠭᠤᠯᠵᠤ᠂ ᠵᠠᠰᠠᠭ ᠤᠨ ᠤᠷᠲᠤᠨ ᠤ ᠴᠢᠨᠠᠷᠲᠠᠢ ᠪᠡᠯᠠ  ᠬᠤᠷᠠᠮᠳᠦᠭᠤᠯᠬᠤ ᠺᠤᠮᠫᠠᠨᠢ ᠪᠤᠯᠤᠨ  ᠪᠠᠳᠦᠯᠠᠭᠠᠨ  ᠎ ᠤ ᠪᠠᠶᠢᠭᠤᠯᠤᠮᠵᠢ ᠶᠢᠨ ᠪᠡᠯᠠ ᠬᠤᠷᠠᠮᠳᠦᠭᠤᠯᠬᠤ ᠬᠡᠪᠴᠢᠶ᠎ᠠ ᠶᠢ ᠦᠷᠬᠡᠳᠬᠡᠵᠤ᠂ ᠡᠳ᠋ ᠎ ᠤᠨ ᠵᠠᠰᠠᠭ ᠤᠨ ᠪᠡᠯᠠ ᠮᠦᠡᠭᠬᠦᠨ ᠤ ᠵᠢᠯᠤᠭᠤᠲᠤᠮᠵᠢ ᠶᠢᠨ ᠦᠢᠯᠠᠲᠤᠯ ᠢ ᠨᠢ ᠪᠡᠲᠠᠷᠠᠭᠤᠯᠤᠨ᠎ᠠ᠃ ᠠᠷᠠᠳ ᠤᠨ  ᠬᠤᠭᠤᠷᠦᠨᠳᠦᠬᠢ ᠪᠡᠯᠠ ᠬᠦᠷᠤᠩᠬᠡ ᠶᠢᠨ ᠠᠮᠢᠵᠢᠷᠠᠯ ᠤᠨ ᠬᠦᠴᠤᠨ ᠢ ᠪᠠᠳᠡᠷᠠᠭᠤᠯᠬᠤ ᠶᠢ ᠴᠢᠬᠤᠯᠠᠴᠢᠯᠠᠵᠦ᠂ ᠵᠠᠰᠠᠭ ᠎ ᠤᠨ ᠤᠷᠲᠤᠨ ᠬᠢᠬᠡᠳ ᠨᠠᠶᠢᠬᠡᠮ ᠤᠨ ᠪᠠᠯᠡ ᠬᠦᠷᠤᠩᠬᠡ ᠶᠢᠨ ᠬᠤᠷᠰᠢᠬᠤ ᠬᠡᠪ ᠵᠠᠭᠪᠤᠷ ᠢ ᠲᠠᠬᠦᠯᠲᠠᠷᠵᠢᠬᠦᠯᠵᠤ᠂ ᠰᠠᠭᠤᠷᠢ ᠲᠦᠬᠦᠬᠡᠷᠤᠮᠵᠢ᠂ ᠠᠷᠠᠳ ᠤᠨ ᠠᠮᠢᠲᠤᠷᠠᠯ ᠤᠨ ᠠᠵᠢᠯ ᠦᠢᠯᠠᠰ ᠤᠨ ᠬᠡᠪᠴᠢᠶᠠᠨ ᠳᠠᠬᠢ PPP ᠲᠦᠷᠤᠯ ᠵᠦᠢᠯ ᠤᠨ ᠬᠡᠷᠡᠭᠵᠢᠬᠦᠯᠤᠯᠲᠠ ᠶᠢᠨ ᠬᠦᠷᠢᠶ᠎ᠠ ᠬᠡᠪᠴᠢᠶ᠎ᠠ ᠶᠢ ᠦᠷᠬᠡᠳᠬᠡᠵᠤ᠂ ᠨᠠᠩ ᠤᠯᠠᠨ ᠨᠠᠶᠢᠬᠡᠮ ᠤᠨ ᠪᠡᠯᠠ ᠬᠦᠷᠤᠩᠬᠡ ᠶᠢ ᠬᠦᠲᠠᠯᠬᠡᠵᠤ ᠪᠠᠶᠢᠭᠠᠳ ᠤᠯᠠᠨ ᠨᠠᠶᠢᠲᠠ ᠶᠢᠨ ᠠᠰᠢᠭᠲᠤ ᠪᠡᠯᠠ ᠤᠷᠤᠭᠤᠯᠤᠯᠲᠠ ᠳᠤ ᠤᠷᠤᠯᠴᠠᠭᠤᠯᠤᠨ᠎ᠠ᠃ ᠤᠯᠠᠨ ᠲᠠᠰ ᠲᠠᠪᠬᠤᠷᠭ᠎ᠠ ᠶᠢᠨ  ᠬᠦᠷᠤᠩᠬᠡ ᠶᠢᠨ ᠵᠠᠬ᠎ᠠ ᠲᠠᠯᠬᠡᠬᠦᠷ ᠤᠨ ᠪᠦᠲᠤᠬᠡᠨ ᠪᠠᠶᠢᠭᠤᠯᠤᠯᠲᠠ ᠶᠢᠨ ᠲᠦᠷᠤ ᠶᠢᠨ ᠪᠤᠲᠤᠯᠭ᠎ᠠ ᠶᠢ ᠰᠠᠶᠢᠲᠤᠷ ᠠᠰᠢᠭᠯᠠᠵᠤ᠂ ᠨᠠᠩ ᠤᠯᠠᠨ ᠠᠵᠤ ᠠᠬᠤᠶᠢᠯᠠᠯ ᠤᠨ ᠰᠲ᠋ᠤᠺ ᠤᠨ ᠵᠠᠬ᠎ᠠ ᠲᠠᠯᠬᠡᠬᠦᠷ ᠲᠤ ᠭᠠᠷᠬᠤ᠂ ᠫᠠᠶᠢᠰᠠ ᠡᠯᠬᠦᠬᠦ ᠶᠢ ᠵᠢᠯᠤᠭᠤᠲᠤᠨ ᠵᠤᠷᠢᠭᠵᠢᠭᠤᠯᠵᠤ᠂ ᠰᠢᠭᠤᠳ ᠪᠠᠯᠠ ᠬᠤᠷᠠᠮᠳᠦᠭᠤᠯᠬᠤ ᠬᠡᠪᠴᠢᠶ᠎ᠠ ᠶᠢ ᠦᠷᠬᠡᠳᠬᠡᠨ᠎ᠠ᠃     ︵ᠬᠤᠶᠠᠷ︶ ᠬᠡᠯᠪᠡᠷᠢ ᠪᠠᠨ ᠬᠤᠪᠢᠷᠠᠭᠤᠯᠤᠨ ᠲᠠᠰ ᠲᠠᠪᠰᠢᠬᠦᠯᠬᠦ ᠶᠢ ᠬᠦᠴᠤᠲᠠᠢ ᠠᠬᠢᠭᠤᠯᠵᠤ᠂ ᠬᠦᠭᠵᠢᠯᠲᠠ ᠎ ᠶᠢᠨ ᠶᠠᠰᠤ ᠴᠢᠨᠠᠷ ᠦᠷ᠎ᠠ ᠠᠰᠢᠭ ᠢ ᠲᠠᠬᠡᠭᠰᠢᠯᠠᠬᠦᠯᠤᠨ᠎ᠠ᠃ ᠨᠢᠬᠡ ᠳᠤ ᠮᠠᠯ ᠠᠵᠤ ᠠᠬᠤᠢ ᠶᠢᠨ ᠬᠠᠨᠭ᠍ᠭᠠᠯᠭ᠎ᠠ ᠶᠢᠨ ᠲᠠᠯ᠎ᠠ ᠶᠢᠨ ᠪᠦᠲᠤᠴᠠ ᠶᠢᠨ ᠴᠢᠨᠠᠷᠲᠠᠢ ᠦᠬᠡᠷᠠᠴᠢᠯᠠᠯᠲᠠ ᠶᠢ ᠬᠦᠴᠤᠲᠠᠢ ᠠᠬᠢᠭᠤᠯᠤᠨ᠎ᠠ᠃ ︽ᠬᠤᠨᠢ ᠶᠢ ᠴᠦᠬᠡᠯᠠᠵᠤ ᠦᠬᠡᠷ ᠢᠯᠠᠬᠦᠤ ᠮᠠᠯᠵᠢᠬᠤ︾ ᠪᠠᠶᠢᠯᠲᠤᠬᠤ ᠪᠤᠲᠤᠯᠭ᠎ᠠ ᠶᠢ ᠬᠦᠨᠵᠠᠬᠡᠢ ᠬᠡᠷᠡᠭᠵᠢᠬᠦᠯᠵᠤ᠂ ᠰᠢᠯᠢᠲᠡᠭ ᠡᠬᠦᠯᠲᠠᠷ ᠤᠨ ᠦᠬᠡᠷ ᠮᠠᠯᠵᠢᠬᠤ ᠠᠵᠤ ᠦᠢᠯᠠᠰ ᠢ ᠲᠦᠷᠬᠡᠨ ᠬᠦᠭᠵᠢᠬᠦᠯᠵᠤ  ᠂   ᠬᠡᠪᠴᠢᠶᠠᠵᠢᠬᠦᠯᠤᠭ᠍ᠰᠠᠨ ᠲᠠᠵᠢᠬᠡᠨ ᠦᠷᠠᠵᠢᠬᠦᠯᠬᠦ ᠎ ᠪᠠᠷ ᠰᠢᠪᠲᠤᠯᠤᠯᠲᠠ ᠪᠤᠯᠭᠠᠵᠤ᠂ ᠨᠠᠷᠢᠯᠢᠭ ᠡᠳ᠋ᠰᠢᠬᠦᠯᠬᠦ ᠪᠠᠷ ᠲᠤᠯᠭᠠᠭᠤᠷᠢ ᠪᠤᠯᠭᠠᠵᠤ᠂ ᠲᠦᠷᠤ ᠶᠢᠨ ᠪᠤᠲᠤᠯᠭ᠎ᠠ ᠪᠠᠷ ᠲᠠᠳᠬᠦᠨ ᠲᠠᠭᠠᠭᠤᠯᠬᠤ ᠶᠢ ᠴᠢᠩᠭᠠᠷᠠᠭᠤᠯᠵᠤ᠂ ᠠᠰᠢᠭ ᠲᠤᠰᠠ ᠶᠢᠨ ᠬᠤᠯᠪᠤᠭᠠᠲᠤ ᠵᠤᠬᠢᠴᠠᠮᠵᠢ ᠶᠢ ᠲᠠᠬᠦᠯᠲᠠᠷᠵᠢᠬᠦᠯᠵᠤ᠂ ᠭᠠᠲᠠᠨ᠎ᠠ ᠠᠴᠠ ᠤᠷᠤᠭᠤᠯᠬᠤ᠂ ᠲᠠᠯᠬᠡᠷᠠᠬᠦᠯᠤᠨ ᠦᠷᠠᠵᠢᠬᠦᠯᠬᠦ ᠪᠠᠷ ᠲᠠᠮᠵᠢᠨ ᠴᠢᠨᠠᠷ ᠢ ᠲᠠᠬᠡᠭᠰᠢᠯᠠᠬᠦᠯᠵᠤ ᠬᠡᠮᠵᠢᠶ᠎ᠠ ᠪᠠᠨ ᠨᠡᠮᠡᠭᠲᠠᠬᠦᠯᠤᠨ᠎ᠠ᠃ ᠦᠨᠤ ᠵᠢᠯ ᠬᠤᠰᠢᠭᠤ ᠰᠢᠶᠠᠨ ᠬᠤᠲᠠ ᠤᠷᠤᠨ ᠪᠤᠯᠭᠠᠨ ᠨᠠᠭᠠᠲᠤ ᠵᠠᠭ᠎ᠠ ᠳᠠᠭᠠᠨ 3 ᠲᠤᠰᠬᠠᠢ  ᠬᠤᠷᠰᠢᠶᠠᠵᠢᠯ ︵300 ᠲᠤᠯᠤᠭᠠᠢ ᠠᠴᠠ ᠲᠠᠬᠡᠭᠰᠢ ᠦᠬᠡᠷ︶᠂ 1 ᠬᠡᠪᠴᠢᠶᠠᠵᠢᠭ᠍ᠰᠡᠨ ᠦᠰᠬᠡᠨ ᠦᠷᠠᠵᠢᠬᠦᠯᠬᠦ ᠲᠠᠯᠠᠪᠠᠢ ︵2000 ᠲᠤᠯᠤᠭᠠᠢ  ᠎ ᠠᠴᠠ ᠲᠠᠬᠡᠭᠰᠢ︶᠂100 ᠤᠲᠤ ᠦᠶ᠎ᠠ ᠶᠢᠨ ᠬᠡᠷ ᠪᠦᠯᠢ ᠎ ᠶᠢᠨ ᠮᠠᠯᠵᠢᠯ ᠤᠨ ᠲᠠᠯᠠᠪᠠᠢ ︵50 ᠲᠤᠯᠤᠭᠠᠢ ᠠᠴᠠ ᠲᠠᠬᠡᠭᠰᠢ︶᠎ ᠶᠢ ᠲᠤᠰᠪᠤᠷᠢ ᠪᠠᠶᠢᠭᠤᠯᠤᠨ᠎ᠠ᠃ ᠬᠤᠨᠢᠨ ᠮᠢᠬᠠᠨ ᠤ ᠪᠦᠬᠦ ᠠᠵᠤ ᠦᠢᠯᠠᠰ ᠤᠨ ᠬᠡᠯᠬᠢᠶᠠᠰᠤ ᠶᠢᠨ ᠮᠦᠷᠲᠠᠨ ᠪᠠᠶᠢᠴᠠᠭᠠᠬᠤ ᠰᠢᠰᠲ᠋ᠧᠮ ᠤᠨ ᠪᠠᠶᠢᠭᠤᠯᠤᠯᠲᠠ ᠶᠢᠨ ᠲᠤᠷᠰᠢᠯᠭ᠎ᠠ ᠪᠡᠷᠢᠯ ᠢ ᠳ᠋ᠦᠡᠭᠨᠠᠨ ᠰᠠᠶᠢᠵᠢᠷᠠᠭᠤᠯᠵᠤ᠂ ︽ ᠰᠢᠯᠢ ᠶᠢᠨ ᠭᠤᠤᠯ ᠬᠤᠨᠢᠨ ᠮᠢᠬ᠎ᠠ  ︾᠎ ᠶᠢᠨ ᠲᠤᠮᠲᠠᠲᠤ ᠤᠯᠤᠰ ᠤᠨ ᠨᠠᠷᠠᠲᠤ ᠲᠠᠸᠠᠷ ᠤᠨ ᠲᠠᠮᠲᠡᠭ ᠤᠨ ᠲᠠᠪᠠᠭᠤᠯᠢᠭ ᠢ ᠪᠠᠲᠠᠷᠠᠭᠤᠯᠵᠤ᠂ ᠤᠷᠤᠨ ᠨᠤᠲᠤᠭ ᠤᠨ ᠰᠢᠯᠢᠲᠡᠭ ᠡᠬᠦᠯᠲᠠᠷ ᠢᠶᠠᠨ ᠴᠠᠪᠡᠷᠰᠢᠬᠦᠯᠤᠨ ᠪᠤᠵᠠᠭᠠᠶᠢᠷᠠᠭᠤᠯᠬᠤ ᠶᠢ ᠤᠯᠠᠮ ᠰᠠᠶᠢᠨ ᠠᠳᠬᠤᠵᠤ᠂ ᠵᠢᠯᠤᠭᠤ ᠪᠤᠯᠬᠤ ᠠᠵᠤ ᠠᠬᠤᠶᠢᠯᠠᠯ᠂ ᠲᠤᠰᠬᠠᠢ ᠬᠤᠷᠰᠢᠶᠠᠵᠢᠯ᠂ ᠬᠡᠷ ᠪᠦᠯᠢ ᠶᠢᠨ ᠮᠠᠯᠵᠢᠯ ᠤᠨ ᠲᠠᠯᠠᠪᠠᠢ ᠵᠠᠷᠬᠡ ᠡᠵᠡᠩᠨᠠᠯᠲᠠ ᠶᠢᠨ ᠭᠤᠤᠯ ᠴᠤᠭᠴᠠ ᠶᠢ ᠪᠤᠶᠢᠵᠢᠭᠤᠯᠤᠨ ᠬᠦᠭᠵᠢᠬᠦᠯᠬᠦ ᠶᠢ  ᠤᠯᠠᠮ ᠨᠢᠬᠡ ᠠᠯᠬᠤᠮ ᠰᠠᠶᠢᠨ ᠠᠳᠬᠤᠵᠤ᠂ ᠦᠰᠬᠡᠨ ᠦᠷᠠᠵᠢᠬᠦᠯᠬᠦ᠂ ᠡᠳ᠋ᠰᠢᠬᠦᠯᠤᠨ ᠪᠤᠯᠪᠡᠰᠤᠷᠠᠭᠤᠯᠬᠤ᠂ ᠬᠦᠢᠯᠬᠡᠬᠡ᠂ ᠡᠵᠡᠩᠨᠠᠨ ᠪᠤᠷᠤᠯᠠᠭᠤᠯᠬᠤ ᠵᠠᠷᠬᠡ ᠡᠯ᠎ᠠ ᠭᠤᠭᠴᠤᠭ᠎ᠠ ᠶᠢ ᠰᠠᠶᠢᠲᠤᠷ ᠠᠳᠬᠤᠵᠤ᠂ ᠮᠠᠯ ᠤᠨ ᠠᠰᠢᠭ ᠰᠢᠮ᠎ᠠ ᠶᠢᠨ ᠭᠠᠷᠤᠯᠲᠠ ᠶᠢᠨ ᠵᠠᠬ᠎ᠠ ᠲᠠᠯᠬᠡᠬᠦᠷ ᠲᠠᠬᠢ ᠡᠵᠠᠯᠠᠬᠦ ᠨᠤᠷᠮ᠎ᠠ ᠶᠢ ᠲᠠᠬᠡᠭᠰᠢᠯᠠᠬᠦᠯᠵᠤ᠂ ᠴᠢᠨᠠᠷ ᠰᠠᠶᠢᠨ ᠦᠨ᠎ᠠ ᠦᠨᠲᠤᠷ ᠪᠤᠯᠭᠠᠬᠤ ᠪᠠᠨ ᠪᠡᠶᠠᠯᠠᠬᠦᠯᠤᠨ᠎ᠠ᠃ ᠲᠠᠷᠢᠬᠤ ᠲᠠᠯᠠᠪᠠᠢ ᠪᠠᠨ ᠲᠤᠭᠲᠠᠪᠤᠷᠢᠵᠢᠭᠤᠯᠬᠤ ᠪᠠ ᠪᠦᠲᠤᠴᠠ ᠶᠢ ᠰᠢᠯᠢᠲᠡᠭᠵᠢᠬᠦᠯᠬᠦ ᠶᠢ ᠪᠡᠷᠢᠮᠲᠠᠯᠠᠵᠤ᠂ ᠲᠦᠬᠦᠬᠡᠷᠤᠮᠵᠢᠲᠤ ᠲᠠᠷᠢᠶᠠᠯᠠᠩ᠂ ᠤᠰᠤ ᠠᠷᠪᠢᠯᠠᠬᠤ ᠲᠠᠷᠢᠶᠠᠯᠠᠩ ᠢ ᠬᠦᠭᠵᠢᠬᠦᠯᠬᠦ ᠪᠠᠨ ᠲᠦᠷᠬᠡᠳᠬᠡᠵᠤ᠂ ᠭᠤᠸ᠋ᠨ ᠵᠢᠮᠢᠰ᠂ ᠢᠲᠠᠰᠢᠨ ᠨᠤᠭᠤᠭ᠎ᠠ᠂ ᠬᠤᠯᠢᠰᠢᠨ ᠠᠮᠤ᠂  ᠲᠤᠰᠦᠯᠢᠭ᠋ ᠵᠦᠢᠯ ᠵᠠᠷᠬᠡ ᠤᠨᠴᠠᠯᠢᠭᠲᠤ ᠠᠵᠤ ᠠᠬᠤᠢ ᠶᠢᠨ ᠲᠠᠷᠢᠮᠠᠯ ᠤᠨ ᠬᠤᠪᠢ ᠶᠢᠨ ᠵᠢᠩ ᠢ ᠨᠡᠮᠡᠭᠲᠠᠬᠦᠯᠵᠤ᠂ ︽ᠠᠮᠤ ᠪᠤᠲᠠᠭ᠎ᠠ ᠶᠢ ᠲᠠᠵᠢᠬᠡᠯ ᠪᠤᠷᠲᠤᠭ᠎ᠠ ᠪᠤᠯᠭᠠᠬᠤ︾᠎ ᠶᠢ ᠶᠡᠬᠡᠪᠡᠷ ᠠᠬᠢᠭᠤᠯᠵᠤ᠂ ᠲᠠᠷᠢᠶᠠᠯᠠᠬᠤ ᠤᠷᠤᠨ  ᠎ ᠤ ᠮᠠᠯ ᠠᠵᠤ ᠠᠬᠤᠢ ᠶᠢ ᠲᠦᠷᠬᠡᠨ ᠬᠦᠭᠵᠢᠬᠦᠯᠵᠤ᠂ ᠲᠠᠷᠢᠶᠠᠯᠠᠩ ᠤᠨ ᠶᠡᠷᠤᠩᠬᠢᠯᠡᠭᠰᠠᠨ ᠠᠵᠤ ᠠᠬᠤᠢ ᠶᠢᠨ  ᠦᠷ᠎ᠠ ᠠᠰᠢᠭ ᠢ ᠲᠡᠬᠡᠭᠰᠢᠯᠠᠬᠦᠯᠤᠨ᠎ᠠ᠃ ᠬᠤᠶᠠᠷ ᠲᠤ ᠪᠤᠬᠢᠷᠲᠤᠯ ᠦᠬᠡᠢ ᠴᠠᠪᠡᠷ ᠡᠨᠧᠷᠬᠢ ᠵᠠᠷᠬᠡ ᠤᠯᠠᠨ ᠡᠰᠢᠵᠢᠭᠰᠡᠨ ᠠᠵᠤ ᠦᠢᠯᠠᠰ ᠤᠨ ᠰᠢᠰᠲ᠋ᠧᠮ ᠢ ᠬᠦᠴᠤᠯᠠᠨ ᠪᠠᠶᠢᠭᠤᠯᠤᠨ᠎ᠠ᠃  ᠪᠤᠬᠢᠷᠲᠤᠯ ᠦᠬᠡᠢ ᠴᠠᠪᠡᠷ ᠡᠨᠧᠷᠬᠢ ᠭᠠᠲᠠᠭᠰᠢ ᠭᠠᠷᠭᠠᠬᠤ ᠰᠠᠭᠤᠷᠢᠨ ᠭᠠᠵᠠᠷ ᠤᠨ ᠪᠦᠲᠤᠬᠡᠨ ᠪᠠᠶᠢᠭᠤᠯᠤᠯᠲᠠ ᠬᠢᠬᠦ ᠶᠢ ᠲᠦᠷᠬᠡᠳᠬᠡᠨ᠎ᠠ᠃ ᠰᠢᠯᠢ ᠶᠢᠨ ᠭᠤᠤᠯ ᠠᠶᠢᠮᠠᠭ ᠠᠴᠠ ᠱᠠᠨᠳᠥ᠋ᠡᠭ ᠬᠦᠷᠬᠡᠬᠦ᠂ ᠰᠢᠯᠢ ᠶᠢᠨ ᠭᠤᠤᠯ ᠠᠶᠢᠮᠠᠭ ᠠᠴᠠ ᠵᠢᠶᠠᠩᠰᠤ ᠬᠦᠷᠬᠡᠬᠦ᠂ ᠬᠤᠶᠠᠷ ᠵᠤᠷᠪᠤᠰ ᠤᠨᠴᠠ ᠦᠨᠲᠤᠷ ᠬᠦᠴᠤᠲᠠᠯᠲᠤ ᠴᠠᠬᠢᠯᠭᠠᠨ ᠬᠦᠴᠤ ᠶᠢ ᠭᠠᠲᠠᠭᠰᠢ ᠲᠠᠮᠵᠢᠭᠤᠯᠬᠤ ᠵᠠᠮ ᠱᠤᠭᠤᠮ ᠳᠤ ᠲᠦᠰᠢᠭᠯᠡᠵᠤ᠂ ᠬᠤᠸ᠋ᠨ ᠷᠦᠨ᠂ ᠵᠢᠩ ᠨᠸᠡᠭ᠂  ᠮᠸᠡᠭ ᠨᠸᠡᠭ᠂ ᠳ᠋ᠨ ᠲᠠᠩ ᠵᠠᠷᠬᠡ ᠴᠠᠬᠢᠯᠭᠠᠨ ᠡᠨᠧᠷᠬᠢ ᠶᠢᠨ ᠢᠷᠠᠯᠲᠠ ᠶᠢᠨ ᠴᠢᠭ᠋ ᠤᠨ ᠲᠦᠷᠤᠯ ᠵᠦᠢᠯ ᠢ ᠲᠠᠷᠤᠶᠢᠬᠠᠨ ᠪᠠᠶᠢᠭᠤᠯᠵᠤ ᠠᠰᠢᠭᠯᠠᠯᠲᠠ ᠳᠤ ᠤᠷᠤᠭᠤᠯᠬᠤ ᠶᠢ ᠬᠦᠴᠤᠯᠠᠨ ᠠᠬᠢᠭᠤᠯᠵᠤ᠂ ᠤᠯᠤᠰ ᠤᠨ ᠲᠠᠮᠵᠢᠯᠬᠡ ᠶᠢ ᠤᠯᠬᠤ ᠪᠠᠷ ᠢᠲᠡᠪᠬᠢᠯᠠᠨ ᠬᠦᠴᠤᠯᠠᠵᠤ᠂  ᠲᠦᠬᠦᠷ ᠨᠠᠬᠦᠷᠠᠰᠤᠨ ᠠᠭᠤᠷᠬᠠᠢ ᠵᠢᠴᠢ ᠰᠢᠨ᠎ᠠ  ᠡᠨᠧᠷᠬᠢ ᠶᠢᠨ ᠲᠦᠷᠤᠯ ᠵᠦᠢᠯ ᠤᠨ ᠪᠦᠲᠤᠬᠡᠨ ᠪᠠᠶᠢᠭᠤᠯᠤᠯᠲᠠ ᠶᠢ ᠰᠠᠶᠢᠲᠤᠷ ᠠᠳᠬᠤᠨ᠎ᠠ᠃ ᠨᠠᠬᠦᠷᠠᠰᠤᠨ ᠨᠤᠨᠳᠠᠭ ᠶᠡᠷᠤᠩᠬᠡᠶᠢᠯᠠᠨ ᠠᠰᠢᠭᠯᠠᠬᠤ ᠲᠦᠷᠤᠯ ᠵᠦᠢᠯ ᠢ ᠡᠬᠢᠯᠠᠨ ᠪᠠᠶᠢᠭᠤᠯᠬᠤ ᠶᠢ ᠲᠦᠷᠬᠡᠨ ᠠᠬᠢᠭᠤᠯᠵᠤ᠂ ᠴᠠᠬᠢᠯᠭᠠᠨ ᠡᠨᠧᠷᠬᠢ ᠶᠢᠨ ᠢᠷᠠᠯᠲᠠ ᠶᠢᠨ  ᠴᠢᠭ᠋ ᠤᠨ ᠲᠦᠷᠤᠯ ᠵᠦᠢᠯ ᠲᠠᠢ ᠴᠤᠭ ᠲᠤᠨᠢ ᠪᠦᠲᠤᠬᠡᠨ ᠪᠠᠶᠢᠭᠤᠯᠵᠤ ᠠᠰᠢᠭᠯᠠᠯᠲᠠ ᠳᠤ ᠤᠷᠤᠭᠤᠯᠤᠨ᠎ᠠ᠃ ᠨᠠᠬᠦᠷᠠᠰᠤᠨ ᠠᠭᠤᠷᠬᠠᠢ ᠨᠠᠬᠡᠬᠡᠬᠦ ᠬᠡᠪᠴᠢᠶ᠎ᠠ ᠬᠢᠬᠡᠳ ᠬᠦᠴᠤᠯᠠᠴᠠ ᠶᠢ ᠵᠦᠢ ᠵᠤᠬᠢᠰᠲᠠᠢ ᠬᠢᠵᠠᠭᠠᠷᠯᠠᠵᠤ᠂ ᠨᠡᠬᠦᠷᠠᠰᠤᠨ ᠠᠭᠤᠷᠬᠠᠢ ᠶᠢᠨ ᠨᠡᠬᠡᠬᠡᠯᠲᠠ ᠪᠤᠯᠤᠨ ᠬᠤᠪᠢᠷᠠᠭᠤᠯᠤᠯᠲᠠ ᠶᠢᠨ ᠠᠵᠤ ᠠᠬᠤᠶᠢᠯᠠᠯ  ᠎ ᠢ ᠨᠢᠬᠡᠳᠦᠬᠦᠯᠬᠦ ᠶᠢ ᠲᠦᠷᠬᠡᠨ ᠠᠬᠢᠭᠤᠯᠵᠦ᠂ ᠨᠠᠬᠦᠷᠠᠰᠦᠨ ᠨᠠᠬᠡᠬᠡᠯᠲᠠ ᠎ ᠶᠢᠨ ᠠᠵᠤ ᠠᠬᠤᠶᠢᠯᠠᠯ ᠤᠨ ᠭᠠᠷᠲᠠᠮ ᠢ ᠲᠠᠷᠤᠶᠢᠬᠠᠨ ᠬᠦᠢᠴᠠᠳᠬᠡᠵᠤ᠂ ᠨᠠᠶᠢᠲᠠ ᠳᠤ ᠵᠠᠷᠯᠠᠬᠤ ᠦᠢᠯᠡᠳᠪᠤᠷᠢᠯᠠᠯ ᠤᠨ ᠴᠢᠲᠠᠪᠤᠷᠢ  ᠎ ᠶᠢ 8500 ᠲᠦᠮᠠᠨ ᠲᠤᠨ ᠳᠤ ᠬᠦᠷᠬᠡᠨ᠎ᠠ᠃ ᠤᠯᠠᠮᠵᠢᠯᠠᠯᠲᠤ ᠲᠠᠪᠠᠭᠤᠯᠢᠭ  ᠠᠵᠤ ᠦᠢᠯᠠᠰ ᠢ ᠰᠢᠨᠠᠴᠢᠯᠠᠵᠦ ᠲᠠᠰ ᠲᠠᠪᠰᠢᠬᠦᠯᠬᠦ ᠶᠢ ᠬᠦᠴᠤᠲᠠᠢ ᠠᠳᠬᠤᠨ᠎ᠠ᠃ ᠬᠤᠴᠤᠷᠤᠩᠭᠤᠢ ᠦᠢᠯᠡᠳᠪᠤᠷᠢᠯᠠᠯ ᠤᠨ ᠴᠢᠲᠠᠪᠤᠷᠢ ᠎ ᠶᠢ ᠪᠠᠭᠠᠰᠬᠠᠬᠤ ᠪᠠ ᠲᠠᠪᠠᠭᠤᠯᠢᠭ ᠤᠨᠴᠠᠯᠢᠭᠲᠤ ᠠᠵᠤ ᠦᠢᠯᠠᠰ ᠢ ᠪᠠᠬᠢᠵᠢᠬᠦᠯᠤᠨ ᠬᠦᠭᠵᠢᠬᠦᠯᠬᠦ ᠬᠠᠷᠢᠴᠠᠭ᠎ᠠ ᠶᠢ ᠵᠦᠪ ᠎ ᠢᠶᠠᠷ ᠰᠢᠢᠳᠪᠤᠷᠢᠯᠠᠵᠤ᠂ ᠨᠠᠬᠦᠷᠠᠰᠤᠨ ᠠᠭᠤᠷᠬᠠᠢ᠂ ᠴᠠᠬᠢᠯᠭᠠᠨ ᠬᠦᠴᠤ᠂ ᠴᠢᠯᠠᠭᠤᠨ ᠲᠤᠰᠤ᠂ ᠬᠢᠮᠢ ᠶᠢᠨ ᠦᠢᠯᠡᠳᠪᠤᠷᠢ᠂ ᠦᠡᠭᠬᠡᠲᠤ ᠲᠠᠮᠦᠷᠯᠢᠭ ᠰᠤᠩᠭᠤᠨ ᠪᠤᠯᠪᠡᠰᠤᠷᠠᠭᠤᠯᠬᠤ᠂ ᠪᠡᠷᠢᠯᠭ᠎ᠠ ᠶᠢᠨ ᠮᠠᠲ᠋ᠧᠷᠢᠶᠠᠯ᠂ ᠮᠠᠯ ᠲᠠᠷᠢᠶᠠᠯᠠᠩ ᠤᠨ ᠭᠠᠷᠤᠯᠲᠠ ᠶᠢ ᠡᠳ᠋ᠰᠢᠬᠦᠯᠤᠨ ᠪᠤᠯᠪᠡᠰᠤᠷᠠᠭᠤᠯᠬᠤ ᠵᠠᠷᠬᠡ ᠭᠤᠤᠯᠲᠠᠯᠠᠭ᠎ᠠ ᠲᠠᠢ ᠠᠵᠤ ᠦᠢᠯᠠᠰ ᠢᠶᠠᠨ ᠰᠢᠨᠠᠴᠢᠯᠠᠨ ᠦᠬᠡᠷᠠᠴᠢᠯᠠᠵᠤ ᠲᠠᠰ ᠲᠠᠪᠰᠢᠬᠦᠯᠬᠦ ᠶᠢ ᠰᠠᠶᠢᠲᠤᠷ ᠠᠳᠬᠤᠵᠤ᠂ ᠠᠵᠤ ᠦᠢᠯᠠᠰ ᠤᠨ ᠬᠡᠯᠬᠢᠶᠠᠰᠤ ᠶᠢ ᠤᠷᠲᠤᠳᠬᠠᠵᠤ᠂ ᠬᠦᠭᠵᠢᠯᠲᠠ ᠶᠢᠨ ᠶᠠᠰᠤ ᠴᠢᠨᠠᠷ ᠪᠤᠯᠤᠨ ᠦᠷ᠎ᠠ ᠠᠰᠢᠭ ᠢ ᠲᠡᠬᠡᠭᠰᠢᠯᠠᠬᠦᠯᠤᠨ᠎ᠠ︔ ᠵᠠᠬᠦᠨ ᠦᠵᠤᠮᠤᠴᠢᠨ ᠬᠤᠰᠢᠭᠤᠨ  ᠎ ᠤ ᠵᠢᠩ ᠨᠸᠡᠭ ᠬᠦᠷᠠᠩ ᠨᠡᠬᠦᠷᠠᠰᠤᠨ ᠤ ᠴᠢᠨᠠᠷ ᠢ ᠲᠠᠬᠡᠭᠰᠢᠯᠠᠬᠦᠯᠬᠦ ᠲᠦᠷᠤᠯ ᠵᠦᠢᠯ ᠢ ᠵᠢᠯ ᠤᠨ ᠰᠠᠬᠦᠯᠴᠢ ᠳᠤ ᠪᠦᠲᠤᠬᠡᠨ ᠪᠠᠶᠢᠭᠤᠯᠵᠤ ᠲᠠᠭᠤᠰᠬᠠᠬᠤ ᠶᠢ ᠲᠦᠷᠬᠡᠳᠬᠡᠵᠤ᠂ 2018 ᠤᠨ ᠳᠤ ᠲᠤᠷᠰᠢᠨ ᠦᠢᠯᠡᠳᠪᠤᠷᠢᠯᠠᠨ᠎ᠠ︔ ᠲᠠᠯ᠎ᠠ ᠨᠤᠲᠤᠭ ᠤᠨ ᠬᠠᠷ᠎ᠠ ᠠᠷᠢᠬᠢ᠂ ᠬᠤᠨᠭ᠌ ᠵᠢᠩ ᠶᠤᠸ᠋ᠨᠨ ᠶᠠᠮᠠ ᠶᠢᠨ ᠦᠷ᠎ᠠ ᠶᠢᠨ ᠲᠤᠰᠤ᠂ ᠬᠦᠪᠡᠬᠡᠲᠤ ᠰᠢᠷ᠎ᠠ ᠬᠤᠰᠢᠭᠤᠨ ᠤ ᠴᠢᠯᠠᠭᠤᠨ ᠮᠠᠲ᠋ᠧᠷᠢᠶᠠᠯ᠂ ᠪᠠᠷᠠᠭᠤᠨ ᠰᠦᠨᠢᠳ ᠬᠤᠰᠢᠭᠤᠨ ᠤ ᠨᠤᠤᠰᠤ ᠨᠤᠯᠤᠤᠷ᠂ ᠰᠢᠯᠤᠭᠤᠨ ᠬᠦᠬᠡ ᠶᠢᠨ ᠴᠠᠭᠠᠨ ᠢᠲᠡᠬᠡᠨ ᠵᠠᠷᠬᠡ ᠤᠷᠤᠨ ᠨᠤᠲᠤᠭ  ᠎ ᠤᠨ ᠲᠠᠪᠠᠭᠤᠯᠢᠭ ᠤᠨᠴᠠᠯᠢᠭᠲᠤ ᠠᠵᠤ ᠦᠢᠯᠠᠰ ᠎ ᠤᠨ ᠬᠦᠭᠵᠢᠯᠲᠠ ᠶᠢ ᠬᠦᠴᠤᠲᠠᠢ ᠲᠠᠳᠬᠦᠨ᠎ᠠ᠃ ᠮᠠᠲᠡᠭᠡ ᠵᠠᠩᠬᠢ ᠶᠢᠨ ᠡᠬᠢ ᠰᠤᠷᠪᠤᠯᠵᠢ ᠶᠢ ᠨᠢᠬᠡᠲᠤᠬᠦᠯᠬᠦ ᠪᠠ ᠲᠤᠮᠤ  ᠲᠠᠶᠢᠳᠡ ᠶᠢᠨ ᠠᠵᠤ ᠦᠢᠯᠠᠰ ᠤᠨ ᠬᠦᠭᠵᠢᠯᠲᠠ ᠶᠢ ᠲᠦᠷᠬᠡᠨ ᠠᠬᠢᠭᠤᠯᠤᠨ᠎ᠠ᠃  ᠷᠤᠸ᠋ᠨᠨ ᠲᠦᠡᠭ ᠬᠦᠲᠠᠯᠬᠡᠬᠦ ᠬᠦᠴᠤ᠂ ᠦᠪᠤᠷ ᠮᠤᠩᠭᠤᠯ ᠤᠨ ᠨᠢᠬᠡᠲᠤᠮᠠᠯ  ᠬᠤᠯᠪᠦᠭ᠎ᠠ ᠶᠢᠨ ᠺᠤᠮᠫᠠᠨᠢ ᠲᠠᠢ ᠬᠠᠮᠵᠢᠯᠴᠠᠬᠤ ᠪᠠᠨ ᠴᠢᠩᠭᠠᠳᠬᠠᠵᠤ᠂ ᠲᠤᠮᠤ ᠲᠠᠶᠢᠳᠡ ᠶᠢᠨ ᠲᠦᠪ ᠤᠨ ᠮᠠᠰᠢᠨ ᠤ ᠬᠡᠷ ᠪᠤᠯᠤᠨ ᠵᠠᠰᠠᠭ ᠤᠨ ᠶᠠᠪᠤᠲᠠᠯ ᠤᠨ ᠮᠠᠲᠡᠭᠡ ᠵᠠᠩᠬᠢ ᠶᠢᠨ ᠡᠬᠢ ᠰᠤᠷᠪᠤᠯᠵᠢ ᠶᠢ ᠬᠠᠮᠲᠤᠪᠡᠷ ᠡᠳ᠋ᠯᠠᠬᠦ ᠲᠠᠪᠴᠠᠩ᠂ ᠵᠠᠰᠠᠭ ᠤᠨ ᠶᠠᠪᠤᠲᠠᠯ ᠤᠨ ᠤᠯᠠᠨ ᠨᠠᠶᠢᠲᠠ ᠶᠢᠨ ᠦᠢᠯᠠᠴᠢᠯᠠᠬᠡᠨ ᠤ ᠲᠠᠪᠴᠠᠩ ᠤᠨ ᠪᠠᠶᠢᠭᠤᠯᠤᠯᠲᠠ ᠶᠢ ᠲᠦᠯᠬᠢᠨ ᠠᠬᠢᠭᠤᠯᠤᠨ᠎ᠠ᠃ ᠰᠢᠯᠢ ᠶᠢᠨ ᠭᠤᠤᠯ ᠲᠤᠮᠤ  ᠲᠠᠶᠢᠳᠡ ᠶᠢᠨ ᠠᠵᠤ ᠦᠢᠯᠠᠰ ᠤᠨ ᠬᠦᠷᠢᠶᠠᠯᠠᠩ ᠲᠤᠭᠤᠷᠢᠭ ᠤᠨ ᠪᠦᠲᠤᠬᠡᠨ ᠪᠠᠶᠢᠭᠤᠯᠤᠯᠲᠠ ᠶᠢ ᠲᠦᠷᠬᠡᠳᠬᠡᠨ ᠠᠬᠢᠭᠤᠯᠵᠤ᠂ ᠤᠶᠦᠨᠴᠢ ᠮᠠᠯ ᠠᠵᠤ ᠠᠬᠤᠢ᠂ ᠤᠶᠦᠨᠴᠢ ᠬᠤᠲᠠ᠂ ᠤᠶᠦᠨᠴᠢ ᠵᠤᠭᠠᠴᠠᠯ᠂ ᠤᠶᠦᠨᠴᠢ ᠰᠤᠷᠭᠠᠨ ᠬᠦᠮᠤᠵᠢᠯ᠂ ᠤᠶᠦᠨᠴᠢ ᠡᠮᠴᠢᠯᠡᠭᠡ᠂ ᠤᠶᠦᠨᠴᠢ ᠠᠶᠤᠯᠬᠦᠢ ᠵᠠᠷᠬᠡ ᠬᠡᠷᠡᠭᠯᠠᠬᠡᠨ ᠤ ᠵᠢᠱᠢᠶ᠎ᠠ ᠦᠵᠠᠬᠦᠯᠬᠦ ᠢᠨᠵᠧᠨᠧᠷᠢᠩ ᠢ ᠶᠠᠬᠡᠪᠡᠷ ᠬᠡᠷᠡᠭᠵᠢᠬᠦᠯᠵᠤ᠂ ᠮᠠᠲᠡᠭᠡ ᠵᠠᠩᠬᠢᠵᠢᠯᠲᠠ ᠪᠠᠷ ᠤᠲᠤᠷᠢᠲᠤᠮᠵᠢ ᠪᠤᠯᠭᠠᠵᠤ᠂  ᠠᠵᠤ ᠦᠢᠯᠠᠰ ᠤᠨ ᠲᠠᠰ ᠲᠠᠪᠬᠤᠷᠭ᠎ᠠ ᠪᠤᠯᠤᠨ ᠠᠵᠤ ᠠᠬᠤᠢ ᠨᠠᠶᠢᠬᠡᠮ ᠤᠨ ᠬᠠᠮᠢᠶᠠᠷᠤᠯᠲᠠ ᠶᠢᠨ ᠰᠢᠨᠵᠢᠯᠠᠬᠦ ᠤᠬᠠᠭᠠᠨᠴᠢᠯᠠᠬᠤ ᠬᠢᠷᠢ ᠲᠦᠪᠰᠢᠨ ᠢ ᠲᠠᠬᠡᠭᠰᠢᠯᠠᠬᠦᠯᠤᠨ᠎ᠠ᠃ ᠤᠲᠤ ᠦᠶ᠎ᠠ ᠶᠢᠨ ᠦᠢᠯᠠᠴᠢᠯᠠᠬᠡᠨ ᠤ ᠦᠢᠯᠠᠰ ᠢ ᠲᠦᠷᠬᠡᠳᠬᠡᠨ ᠬᠦᠭᠵᠢᠬᠦᠯᠤᠨ᠎ᠠ᠃ ᠬᠦᠭᠵᠢᠯᠲᠠ ᠶᠢᠨ ᠲᠦᠯᠤᠪᠵᠢᠬᠦᠯᠬᠡ ᠶᠢ ᠲᠤᠭᠲᠠᠭᠠᠨ ᠲᠠᠬᠦᠯᠲᠠᠷᠵᠢᠬᠦᠯᠵᠤ᠂ ᠲᠦᠬᠦᠷ ᠲᠦᠷᠤ ᠶᠢᠨ ᠪᠤᠲᠤᠯᠭ᠎ᠠ ᠶᠢ ᠨᠠᠶᠢᠲᠠᠪᠤᠷᠢᠵᠢᠭᠤᠯᠵᠤ᠂ ᠰᠤᠶᠤᠯ ᠬᠡᠬᠡᠷᠠᠯ᠂ ᠪᠡᠶ᠎ᠡ ᠲᠠᠮᠢᠷ᠂ ᠡᠷᠠᠬᠦᠯ ᠡᠩᠬᠡ᠂ ᠨᠠᠰᠤᠵᠢᠯ᠂ ᠮᠦᠡᠭᠬᠦᠨ ᠬᠦᠢᠯᠬᠡᠬᠡ᠂ ᠪᠤᠲᠠᠰ ᠤᠨ ᠬᠦᠢᠯᠬᠡᠬᠡ᠂ ᠬᠤᠲᠠᠯᠲᠤᠭᠠᠨ ᠤ ᠶᠠᠪᠤᠲᠠᠯ ᠤᠨ ᠦᠵᠠᠬᠦᠯᠤᠯᠬᠡ ᠵᠠᠷᠬᠡ ᠠᠵᠤ ᠦᠢᠯᠠᠰ ᠢ ᠰᠠᠶᠢᠲᠤᠷ ᠠᠳᠬᠤᠵᠤ᠂ ᠦᠢᠯᠠᠴᠢᠯᠠᠬᠡᠨ ᠤ ᠦᠢᠯᠠᠰ ᠤᠨ ᠬᠡᠯᠪᠡᠷᠢ ᠪᠠᠨ ᠬᠤᠪᠢᠷᠠᠭᠤᠯᠵᠤ ᠲᠠᠰ ᠲᠠᠪᠰᠢᠬᠦᠯᠬᠦ ᠶᠢ ᠠᠬᠢᠭᠤᠯᠵᠤ᠂ ᠠᠵᠢᠯ ᠤᠯᠭᠤᠯᠲᠠ ᠪᠤᠯᠤᠨ ᠬᠤᠲᠠ ᠬᠦᠲᠡᠭᠡ ᠶᠢᠨ ᠰᠠᠭᠤᠭᠠᠯᠢ ᠠᠷᠠᠳ ᠤᠨ ᠤᠷᠤᠯᠭ᠎ᠠ ᠪᠠᠨ ᠨᠡᠮᠡᠭᠲᠠᠬᠦᠯᠬᠦ ᠶᠢ ᠲᠠᠶᠢᠴᠢᠯᠠᠨ᠎ᠠ᠃ ᠭᠤᠷᠪᠠ ᠳᠤ᠂ ᠪᠤᠬᠢᠷᠳᠤᠯ ᠥᠬᠡᠢ ᠳᠠᠯ᠎ᠠ ᠨᠤᠳᠤᠭ ᠤᠨ ᠪᠥᠬᠦ  ᠬᠢᠵᠠᠭᠠᠷ ᠲᠠᠬᠢ ᠵᠤᠭᠠᠴᠠᠯ ᠤᠨ ᠬᠥᠭᠵᠢᠯᠳᠡ ᠶᠢ ᠠᠬᠢᠭᠤᠯᠤᠨ᠎ᠠ᠃  ᠪᠥᠬᠦ ᠬᠢᠵᠠᠭᠠᠷ ᠲᠠᠬᠢ ᠵᠤᠭᠠᠴᠠᠯ ᠤᠨ ᠳᠥᠷᠢ ᠪᠠᠶᠢᠳᠠᠯ ᠢ ᠢᠳᠡᠪᠬᠢᠳᠡᠢ ᠪᠤᠢ ᠪᠤᠯᠭᠠᠵᠤ᠂  ᠪᠥᠬᠦ ᠠᠶᠢᠮᠠᠭ ᠤᠨ ᠪᠥᠬᠦ ᠬᠢᠵᠠᠭᠠᠷ ᠲᠠᠬᠢ ᠵᠤᠭᠠᠴᠠᠯ ᠤᠨ  ᠬᠥᠭᠵᠢᠬᠦᠯᠥᠯᠳᠡ ᠶᠢᠨ ᠳᠠᠪᠤᠨ ᠵᠢᠯ ᠤᠨ ᠳᠥᠯᠥᠪᠵᠢᠬᠦᠯᠬᠡ ᠶᠢ ᠰᠠᠶᠢᠳᠤᠷ ᠳᠤᠭᠳᠠᠭᠠᠨ᠎ᠠ᠃  ᠪᠥᠬᠦ ᠤᠯᠤᠰ ᠲᠤ ᠨᠡᠷ᠎ᠡ ᠠᠯᠳᠠᠷᠰᠢᠭᠰᠠᠨ ᠪᠤᠬᠢᠷᠳᠤᠯ ᠥᠬᠡᠢ ᠳᠠᠯ᠎ᠠ ᠨᠤᠳᠤᠭ ᠤᠨ ᠰᠤᠶᠤᠯ ᠤᠨ ᠪᠥᠬᠦ ᠬᠢᠵᠠᠭᠠᠷ ᠲᠠᠬᠢ ᠵᠤᠭᠠᠴᠠᠯ ᠤᠨ ᠵᠢᠱᠢᠶ᠎ᠡ ᠥᠵᠡᠬᠦᠯᠬᠦ ᠳᠤᠭᠤᠷᠢᠭ ᠢ ᠪᠠᠶᠢᠭᠤᠯᠬᠤ ᠶᠢᠨ ᠳᠤᠭᠤᠷᠢᠨ ᠳᠤ᠂  ᠵᠤᠭᠠᠴᠠᠯ ᠤᠨ ᠡᠬᠢ  ᠪᠠᠶᠠᠯᠢᠭ ᠢ ᠨᠢᠬᠡᠳᠥᠬᠦᠯᠥᠨ ᠨᠡᠬᠡᠬᠡᠬᠦ ᠶᠢ ᠰᠠᠶᠢᠳᠤᠷ ᠠᠳᠬᠤᠵᠤ᠂  ᠭᠤᠤᠯ ᠨᠢ ᠶᠤᠸᠠᠨ ᠤ ᠳᠡᠬᠡᠳᠤ ᠨᠡᠶᠢᠰᠯᠠᠯ ᠤᠨ ᠪᠠᠭᠤᠷᠢ  ᠎ ᠶᠢᠨ ᠬᠠᠮᠠᠭᠠᠯᠠᠯᠳᠠ ᠶᠢᠨ ᠳᠡᠯᠬᠡᠨ ᠥᠵᠡᠬᠦᠯᠤᠯᠬᠡ᠂  ᠰᠢᠯᠢ ᠶᠢᠨ ᠥᠵᠡᠮᠵᠢ  ᠎ ᠶᠢᠨ ᠱᠤᠭᠤᠮ᠂  ᠰᠢᠯᠢ ᠶᠢᠨ ᠭᠤᠤᠯ ᠤᠨ ᠠᠮᠢ ᠠᠬᠤᠢ ᠶᠢᠨ ᠥᠵᠡᠮᠵᠢ ᠎ ᠶᠢᠨ ᠪᠥᠰᠡ᠂  ᠰᠢᠯᠤᠭᠤᠨ ᠬᠥᠬᠡ ᠬᠤᠰᠢᠭᠤᠨ ᠤ ᠪᠠᠭ᠎ᠠ ᠵᠢᠭᠠᠰᠤᠳᠠᠢ ᠵᠡᠷᠬᠡ ᠭᠤᠤᠯᠳᠠᠯᠭ᠎ᠠ ᠲᠠᠢ ᠲᠥᠷᠥᠯ ᠵᠥᠢᠯ ᠎ ᠤᠨ ᠪᠥᠲᠥᠬᠡᠨ ᠪᠠᠶᠢᠭᠤᠯᠤᠯᠳᠠ ᠶᠢ ᠳᠥᠯᠬᠢᠨ ᠠᠬᠢᠭᠤᠯᠵᠤ᠂ ᠲᠠᠷᠬᠠᠢ ᠪᠤᠳᠠᠷᠬᠠᠢ ᠥᠵᠡᠮᠵᠢ ᠶᠢᠨ ᠤᠷᠤᠨ ᠥᠵᠡᠮᠵᠢ ᠎ ᠶᠢᠨ ᠴᠡᠭ  ᠪᠤᠯᠤᠨ ᠵᠤᠭᠠᠴᠠᠯ ᠤᠨ ᠡᠬᠢ  ᠪᠠᠶᠠᠯᠢᠭ ᠢ ᠵᠤᠭᠠᠴᠠᠯ ᠤᠨ ᠱᠤᠭᠤᠮ ᠪᠤᠯᠭᠠᠨ ᠬᠡᠯᠬᠢᠵᠤ᠂ ᠪᠥᠬᠦ ᠬᠢᠵᠠᠭᠠᠷ ᠎ ᠲᠠᠬᠢ ᠵᠤᠭᠠᠴᠠᠯ ᠤᠨ ᠵᠤᠬᠢᠴᠠᠩᠭᠤᠢ ᠬᠥᠭᠵᠢᠯᠳᠡ ᠶᠢ ᠳᠥᠯᠬᠢᠨ ᠠᠬᠢᠭᠤᠯᠵᠤ᠂  ᠰᠤᠯᠢᠪᠴᠠᠭᠤᠯᠤᠨ ᠬᠥᠭᠵᠢᠬᠦᠯᠵᠤ᠂  ᠬᠤᠯᠪᠤᠭᠠᠯᠠᠨ ᠬᠥᠭᠵᠢᠬᠦᠯᠥᠨ᠎ᠠ᠃  ᠵᠤᠭᠠᠴᠠᠯ ᠤᠨ ᠤᠯᠠᠨ ᠨᠡᠶᠢᠳᠡ ᠶᠢᠨ ᠥᠢᠯᠡᠴᠢᠯᠡᠬᠡᠨ ᠤ ᠳᠥᠪᠰᠢᠨ ᠢ ᠳᠡᠭᠡᠭᠰᠢᠯᠡᠬᠦᠯᠬᠦ ᠪᠠᠷ ᠬᠥᠴᠥᠯᠡᠨ ᠴᠢᠷᠮᠡᠶᠢᠵᠤ᠂  ᠵᠤᠭᠠᠴᠠᠯ ᠤᠨ ᠥᠢᠯᠡᠴᠢᠯᠡᠬᠡᠨ ᠤ ᠵᠠᠬ᠎ᠠ ᠳᠡᠯᠬᠡᠬᠦᠷ ᠤᠨ ᠬᠢᠨᠡᠯᠳᠡ ᠬᠠᠮᠢᠶᠠᠷᠤᠯᠳᠠ ᠶᠢᠨ ᠡᠷᠴᠢᠮ ᠢᠶᠠᠨ ᠴᠢᠩᠭᠠᠯᠠᠵᠤ᠂  ᠵᠤᠭᠠᠴᠠᠯ ᠤᠨ ᠨᠡᠬᠡᠬᠡᠯᠳᠡ ᠬᠢᠬᠦ ᠵᠥᠪᠰᠢᠶᠡᠷᠡᠯ  ᠎ ᠢ ᠳᠥᠷᠢᠮᠵᠢᠬᠦᠯᠵᠤ᠂  ︽ᠮᠠᠯᠴᠢᠨ ᠠᠶᠢᠯ︾ ᠵᠡᠷᠬᠡ ᠬᠥᠳᠡᠭᠡ ᠳᠤᠰᠬᠤᠨ ᠤ ᠵᠤᠭᠠᠴᠠᠯ ᠤᠨ ᠥᠢᠯᠡᠰ ᠲᠠᠬᠢ ᠳᠥᠯᠥᠪᠵᠢᠭᠰᠡᠨ ᠵᠢᠯᠤᠭᠤᠳᠤᠯᠭ᠎ᠠ᠂  ᠳᠥᠷᠢᠮᠵᠢᠭᠰᠡᠨ ᠬᠠᠮᠢᠶᠠᠷᠤᠯᠳᠠ ᠪᠠᠨ ᠴᠢᠩᠭᠠᠳᠬᠠᠵᠤ᠂  ᠢᠳᠡᠬᠡᠨ ᠤᠮᠳᠠᠭᠠᠨ ᠬᠤᠨᠤᠭ ᠪᠠᠭᠤᠴᠠ ᠵᠡᠷᠬᠡ ᠵᠤᠭᠠᠴᠠᠯ ᠤᠨ ᠥᠢᠯᠡᠴᠢᠯᠡᠬᠡᠨ ᠤ  ᠠᠵᠢᠯ ᠲᠥᠷᠥᠯ ᠤᠨ ᠪᠠᠷᠢᠮᠵᠢᠶ᠎ᠠ ᠳᠤᠭᠳᠠᠭᠠᠨ᠎ᠠ᠃ ᠵᠤᠭᠠᠴᠠᠯ ᠤᠨ ᠵᠠᠮ ᠲᠠᠭᠠᠦ ᠭᠤᠸ᠋ᠯᠢᠭᠵᠢᠭᠤᠯᠤᠯᠳᠡ ᠨᠤᠭᠤᠭᠠᠷᠠᠭᠤᠯᠤᠯᠳᠠ ᠶᠢ ᠰᠠᠶᠢᠳᠤᠷ ᠠᠳᠬᠠᠵᠤ᠂  ᠤᠯᠤᠰ ᠤᠨ ︽ᠵᠤᠭᠠᠴᠠᠯ ᠤᠨ ᠵᠤᠷᠯᠥᠩ  ᠎ ᠲᠤ  ᠬᠤᠪᠢᠰᠦᠯ ᠭᠠᠷᠭᠠᠬᠤ︾ ᠲᠥᠷᠥ ᠶᠢᠨ ᠪᠤᠳᠤᠯᠭ᠎ᠠ ᠠᠷᠭ᠎ᠠ ᠬᠡᠮᠵᠢᠶ᠎ᠡ ᠶᠢ ᠨᠡᠶᠢᠳᠡᠪᠤᠷᠢᠵᠢᠭᠤᠯᠵᠤ᠂  ᠬᠤᠳᠠ ᠬᠥᠳᠡᠭᠡ ᠶᠢᠨ ᠵᠤᠭᠠᠴᠠᠯ ᠤᠨ ᠰᠠᠭᠤᠷᠢ ᠳᠥᠬᠦᠬᠡᠷᠥᠮᠵᠢ ᠶᠢᠨ ᠨᠥᠬᠦᠴᠡᠯ ᠢ ᠰᠠᠶᠢᠵᠢᠷᠠᠭᠤᠯᠵᠤ᠂  ᠵᠤᠭᠠᠴᠠᠯ ᠤᠨ ᠥᠢᠯᠡᠴᠢᠯᠡᠬᠡᠨ ᠤ ᠴᠢᠳᠡᠪᠬᠢ ᠶᠢ ᠳᠡᠭᠡᠭᠰᠢᠯᠡᠬᠦᠯᠥᠨ᠎ᠠ᠃  ᠵᠤᠭᠠᠴᠠᠯ ᠤᠨ ᠬᠥᠭᠵᠢᠬᠦᠯᠥᠯᠳᠡ ᠶᠢᠨ ᠰᠢᠨ᠎ᠡ ᠬᠡᠪ ᠪᠠᠶᠢᠳᠠᠯ ᠢ ᠪᠤᠢ ᠪᠤᠯᠭᠠᠬᠤ ᠶᠢ ᠳᠥᠷᠬᠡᠳᠬᠡᠵᠤ᠂ ᠥᠪᠡᠷᠮᠢᠴᠠ ᠤᠨᠴᠠᠯᠢᠭ ᠲᠠᠢ ᠰᠤᠶᠤᠯ ᠤᠨ ᠡᠬᠢ  ᠪᠠᠶᠠᠯᠢᠭ ᠢ ᠬᠥᠨᠵᠡᠬᠡᠢ ᠠᠭᠤᠳᠠᠯᠯᠠᠵᠤ᠂  ᠮᠤᠩᠭᠤᠯ ᠶᠤᠸᠠᠨ ᠤ ᠰᠤᠶᠤᠯ ᠤᠨ ᠬᠥᠭᠵᠢᠮᠳᠤ ᠵᠥᠴᠥᠬᠡ ᠵᠡᠷᠬᠡ ᠨᠢᠬᠡ ᠪᠥᠯᠥᠭ ᠨᠠᠷᠢᠯᠢᠭ ᠰᠤᠶᠤᠯ  ᠵᠤᠭᠠᠴᠠᠯ ᠤᠨ ᠲᠥᠷᠥᠯ ᠵᠥᠢᠯ ᠪᠤᠯᠤᠨ ᠪᠥᠲᠥᠬᠡᠭᠳᠡᠬᠦᠨ ᠢ ᠢᠳᠡᠪᠬᠢᠳᠡᠢ ᠳᠥᠰᠥᠪᠯᠡᠨ ᠭᠠᠷᠭᠠᠵᠤ᠂  ᠰᠢᠯᠢ ᠶᠢᠨ ᠭᠤᠤᠯ  ᠎ ᠤᠨ ᠳᠠᠯ᠎ᠠ ᠨᠤᠳᠤᠭ ᠤᠨ ᠰᠤᠶᠤᠯ᠂  ᠠᠷᠠᠳ ᠤᠨ  ᠵᠠᠩ  ᠥᠢᠯᠡ  ᠎ ᠶᠢ  ᠥᠨᠳᠥᠷ ᠬᠡᠮᠵᠢᠶᠡᠨ ᠠᠴᠠ᠂ ᠪᠥᠬᠦ ᠳᠠᠯ᠎ᠠ ᠪᠠᠷ ᠳᠡᠯᠬᠡᠨ ᠥᠵᠡᠬᠦᠯᠵᠤ᠂  ᠰᠤᠶᠤᠯ ᠬᠢᠬᠡᠳ ᠵᠤᠭᠠᠴᠠᠯ ᠤᠨ ᠬᠥᠨᠵᠡᠬᠡᠢ ᠠᠭᠤᠰᠤᠯᠴᠠᠯ ᠢ ᠠᠬᠢᠭᠤᠯᠤᠨ᠎ᠠ᠃     ︵ᠭᠤᠷᠪᠡ︶ ᠥᠬᠡᠷᠡᠴᠢᠯᠡᠯᠳᠡ ᠨᠡᠬᠡᠬᠡᠯᠳᠡ ᠶᠢ ᠬᠥᠴᠥᠯᠡᠨ ᠬᠥᠨᠵᠡᠬᠡᠶᠢᠷᠡᠬᠦᠯᠵᠤ᠂  ᠬᠥᠭᠵᠢᠬᠦᠯᠥᠯᠳᠡ ᠶᠢᠨ ᠳᠤᠳᠤᠭᠠᠳᠤ ᠶᠢᠨ ᠬᠥᠳᠡᠯᠬᠡᠬᠦ ᠬᠥᠴᠥᠨ ᠢ ᠠᠮᠢᠵᠢᠷᠠᠭᠤᠯᠤᠨ᠎ᠠ᠃  ᠡᠯ᠎ᠡ ᠬᠥᠷᠢᠶ᠎ᠡ ᠬᠡᠪᠴᠢᠶᠡᠨ ᠤ ᠥᠬᠡᠷᠡᠴᠢᠯᠡᠯᠳᠡ ᠶᠢ ᠥᠷᠬᠦᠯᠵᠢᠯᠡᠨ  ᠬᠥᠨᠵᠡᠬᠡᠶᠢᠷᠡᠬᠦᠯᠤᠨ᠎ᠠ᠃  ᠨᠠᠮ ᠤᠨ ᠳᠥᠪ ᠬᠤᠷᠢᠶ᠎ᠡ ᠪᠤᠯᠤᠨ ᠥᠪᠡᠷᠳᠡᠬᠡᠨ ᠵᠠᠰᠠᠬᠤ ᠤᠷᠤᠨ ᠤ ᠨᠠᠮ ᠎ ᠤᠨ ᠬᠤᠷᠢᠶᠠᠨ ᠤ ᠪᠠᠶᠢᠷᠢᠯᠠᠭᠤᠯᠤᠯᠳᠠ ᠶᠢᠨ ᠱᠭᠠᠷᠳᠠᠯᠭ᠎ᠠ ᠶᠤᠰᠤᠭᠠᠷ᠂  ︽ᠰᠢᠯᠢ ᠶᠢᠨ ᠭᠤᠤᠯ ᠠᠶᠢᠮᠠᠭ ᠤᠨ ᠴᠢᠬᠤᠯᠠ ᠥᠬᠡᠷᠡᠴᠢᠯᠡᠯᠳᠡ ᠶᠢᠨ ᠠᠷᠭ᠎ᠠ  ᠬᠡᠮᠵᠢᠶ᠎ᠡ ᠶᠢ ᠬᠡᠷᠡᠭᠵᠢᠬᠦᠯᠬᠦ ᠳᠥᠯᠥᠪᠵᠢᠬᠦᠯᠬᠡ ︵2015—2020 ᠤᠨ︶︾᠎ ᠶᠢ ᠨᠠᠶᠢᠳᠠᠪᠤᠷᠢᠵᠢᠭᠤᠯᠬᠤ ᠶᠢᠨ ᠳᠤᠭᠤᠷᠢᠨ ᠳᠤ᠂ 2017 ᠤᠨ ᠤ ᠥᠬᠡᠷᠡᠴᠢᠯᠡᠯᠳᠡ ᠶᠢᠨ ᠠᠵᠢᠯ ᠤᠨ ᠭᠤᠤᠯᠳᠠᠯᠭ᠎ᠠ ᠶᠢ ᠰᠤᠳᠤᠯᠤᠨ‌‍ᠲ᠋ᠤᠭᠳᠠᠭᠠᠵᠤ᠂  ᠭᠤᠤᠯᠳᠠᠯᠭ᠎ᠠ ᠲᠠᠢ ᠬᠥᠷᠢᠶ᠎ᠡ  ᠬᠡᠪᠴᠢᠶ᠎ᠡ ᠪᠤᠯᠤᠨ ᠵᠠᠩᠬᠢᠯᠠᠭ᠎ᠠ ᠶᠢᠨ ᠭᠤᠭᠴᠤᠭᠠᠨ ᠤ ᠥᠬᠡᠷᠡᠴᠢᠯᠡᠯᠳᠡ ᠶᠢᠨ ᠠᠵᠢᠯ ᠢ ᠯᠠᠪᠳᠠᠭᠤᠨ ᠢᠶᠠᠷ ᠳᠥᠯᠬᠢᠨ ᠠᠬᠢᠭᠤᠯᠵᠤ᠂  ᠵᠢᠯ ᠤᠨ ᠡᠬᠦᠷᠬᠡ ᠪᠠᠨ ᠨᠠᠷᠢᠯᠢᠭᠵᠢᠭᠤᠯᠵᠤ᠂  ᠠᠵᠢᠯ ᠤᠨ  ᠳᠠᠩᠰᠠ ᠪᠠᠶᠢᠭᠤᠯᠵᠤ᠂  ᠵᠤᠷᠪᠤᠰ  ᠳᠠᠷᠠᠭᠠᠯᠠᠨ ᠰᠤᠳᠤᠯᠤᠨ ᠨᠡᠶᠢᠳᠡᠪᠤᠷᠢᠵᠢᠭᠤᠯᠵᠤ᠂  ᠡᠯ᠎ᠡ ᠲᠥᠷᠥᠯ ᠤᠨ ᠥᠬᠡᠷᠡᠴᠢᠯᠡᠯᠳᠡ ᠶᠢᠨ ᠠᠷᠭ᠎ᠠ ᠬᠡᠮᠵᠢᠶ᠎ᠡ ᠶᠢ ᠪᠤᠳᠠᠳᠠᠢ ᠨᠡᠶᠢᠳᠡᠪᠤᠷᠢᠵᠢᠭᠤᠯᠬᠤ ᠶᠢ  ᠪᠠᠳᠤᠯᠠᠨ᠎ᠠ᠃  ᠰᠢ ᠵᠢᠩ ᠫᠢᠩ ᠶᠡᠷᠥᠩᠬᠡᠢ ᠱᠥᠵᠢ ᠶᠢᠨ ᠵᠢᠭᠠᠨ ᠭᠠᠷᠭᠠᠭᠰᠠᠨ ᠭᠤᠷᠪᠡᠨ  ᠭᠤᠤᠯᠳᠠᠯᠭ᠎ᠠ ᠲᠠᠢ ᠥᠬᠡᠷᠡᠴᠢᠯᠡᠯᠳᠡ ᠶᠢᠨ ᠡᠬᠦᠷᠬᠡ ᠶᠢ ᠨᠠᠷᠢᠨ ᠬᠢᠨᠠᠮᠠᠭᠠᠢ ᠨᠠᠶᠢᠳᠡᠪᠤᠷᠢᠵᠢᠭᠤᠯᠵᠤ᠂  ᠠᠮᠢ ᠠᠬᠤᠢ ᠶᠢᠨ ᠪᠤᠯᠪᠠᠰᠤᠨ ᠤ ᠳᠥᠷᠢᠮ ᠤᠨ ᠪᠠᠶᠢᠭᠤᠯᠤᠯᠳᠠ ᠶᠢ ᠴᠢᠩᠭᠠᠳᠬᠠᠬᠤ᠂ ᠵᠢᠯᠤᠭᠤ ᠪᠤᠯᠬᠤ ᠠᠵᠤ ᠠᠬᠤᠶᠢᠯᠠᠯ ᠬᠢᠬᠡᠳ ᠮᠠᠯᠴᠢᠨ ᠲᠠᠷᠢᠶᠠᠴᠢᠨ ᠤ ᠠᠰᠢᠭ ᠳᠤᠰᠠ ᠶᠢᠨ ᠬᠤᠯᠪᠤᠭᠠᠳᠤ ᠵᠤᠬᠢᠴᠠᠮᠵᠢ ᠶᠢ ᠳᠡᠬᠦᠯᠳᠡᠷᠵᠢᠬᠦᠯᠬᠦ᠂  ᠤᠷᠤᠰ ᠮᠤᠩᠭᠤᠯ ᠎ ᠯᠤᠭ᠎ᠠ ᠶᠢᠨ ᠬᠠᠮᠳᠤᠷᠠᠯᠴᠠᠭᠠᠨ ᠤ ᠵᠤᠬᠢᠴᠠᠮᠵᠢ ᠶᠢ ᠰᠢᠨᠡᠳᠬᠡᠬᠦ ᠳᠠᠯ᠎ᠠ ᠪᠠᠷ ᠵᠤᠷᠢᠭᠳᠡᠢ ᠰᠥᠪᠡᠭᠴᠢᠯᠡᠵᠤ᠂  ᠵᠤᠷᠢᠭᠳᠡᠢ ᠥᠢᠯᠡᠳᠥᠯᠬᠡᠵᠢᠬᠦᠯᠵᠤ᠂    ᠥᠨᠡᠨᠬᠦ ᠪᠥᠲᠥᠮᠵᠢᠳᠡᠢ᠂  ᠳᠠᠪᠳᠠᠨ ᠳᠥᠬᠡᠮᠡᠯᠵᠢᠬᠦᠯᠵᠤ ᠪᠤᠯᠬᠤ ᠨᠢᠬᠡ ᠪᠥᠯᠥᠭ‌ᠥᠬᠡᠷᠡᠴᠢᠯᠡᠯᠳᠡ ᠶᠢᠨ ᠥᠷ᠎ᠡ ᠪᠥᠲᠥᠮᠵᠢ ᠶᠢ ᠪᠤᠢ ᠪᠤᠯᠭᠠᠨ᠎ᠠ᠃  ᠠᠵᠤ ᠠᠬᠤᠢ ᠶᠢᠨ ᠪᠠᠶᠢᠭᠤᠯᠤᠯ ᠤᠨ ᠥᠬᠡᠷᠡᠴᠢᠯᠡᠯᠳᠡ ᠶᠢᠨ ᠨᠡᠨᠬᠦ  ︽ᠭᠤᠤᠯ︾᠎ ᠢ ᠠᠳᠬᠤᠬᠤ ᠶᠢᠨ ᠳᠤᠭᠤᠷᠢᠨ ᠳᠤ᠂  ︽ ᠪᠠᠭᠤᠯᠭᠠᠬᠤ ᠬᠠᠮᠢᠶᠠᠷᠬᠤ ᠥᠢᠯᠡᠴᠢᠯᠡᠬᠦ︾  ᠎ ᠶᠢ ᠬᠠᠷᠢᠯᠴᠠᠨ ᠤᠶᠠᠯᠳᠤᠭᠤᠯᠵᠤ᠂  ᠵᠠᠰᠠᠭ ᠵᠠᠬᠢᠷᠭᠠᠨ ᠤ  ᠬᠢᠨᠡᠨ ᠵᠥᠪᠰᠢᠶᠡᠷᠡᠯ᠂ ᠤᠯᠤᠰ ᠤᠨ  ᠡᠳ᠋ ᠬᠥᠷᠥᠩᠬᠡ ᠤᠯᠤᠰ ᠤᠨ ᠠᠵᠤ ᠠᠬᠤᠶᠢᠯᠠᠯ᠂  ᠡᠳ᠋ ᠭᠠᠶᠢᠯᠢ ᠮᠥᠩᠬᠦᠨ ᠬᠥᠢᠯᠬᠡᠬᠡᠨ᠂  ᠰᠢᠨᠵᠢᠯᠡᠬᠦ ᠮᠡᠷᠬᠡᠵᠢᠯ ᠎ ᠤᠨ ᠪᠠᠶᠢᠭᠤᠯᠤᠯ᠂  ᠨᠡᠶᠢᠬᠡᠮ ᠤᠨ ᠠᠵᠢᠯ ᠥᠢᠯᠡᠰ᠂   ᠮᠠᠯᠵᠢᠬᠤ ᠳᠠᠷᠢᠶᠠᠯᠠᠬᠤ ᠤᠷᠤᠨ ᠵᠡᠷᠬᠡ  ᠳᠠᠯ᠎ᠠ ᠶᠢᠨ ᠥᠬᠡᠷᠡᠴᠢᠯᠡᠯᠳᠡ ᠶᠢᠨ ᠠᠵᠢᠯ ᠢ ᠲᠥᠷᠬᠡᠳᠬᠡᠨ ᠠᠬᠢᠭᠤᠯᠵᠤ  ᠂  ᠠᠵᠤ ᠠᠬᠤᠢ ᠨᠡᠶᠢᠬᠡᠮ ᠤᠨ ᠬᠥᠭᠵᠢᠬᠦᠯᠥᠯᠳᠡ ᠳᠤ ᠰᠢᠨ᠎ᠡ ᠬᠥᠳᠡᠯᠬᠡᠬᠦ ᠬᠥᠴᠥᠨ ᠲᠠᠢ ᠪᠤᠯᠭᠠᠨ᠎ᠠ᠃  ᠭᠠᠳᠠᠭᠠᠳᠤ ᠲᠠᠢ ᠴᠢᠯᠥᠬᠡᠳᠡᠢ ᠶᠠᠪᠤᠯᠴᠠᠬᠤ ᠶᠢ ᠪᠥᠬᠦ ᠳᠠᠯ᠎ᠠ ᠪᠠᠷ ᠥᠷᠬᠡᠳᠬᠡᠨ᠎ᠡ᠃  ᠤᠯᠤᠰ ᠤᠨ ︽ᠨᠢᠬᠡ ᠪᠥᠰᠡ ᠨᠢᠬᠡ ᠵᠠᠮ︾᠂  ᠳᠤᠮᠳᠠᠳᠤ ᠤᠷᠤᠰ ᠮᠤᠩᠭᠤᠯ  ᠎ ᠤᠨ  ᠠᠵᠤ ᠠᠬᠤᠢ ᠶᠢᠨ ᠬᠤᠩᠬᠢᠯ ᠤᠨ ᠪᠥᠲᠥᠬᠡᠨ ᠪᠠᠶᠢᠭᠤᠯᠤᠯᠳᠠ ᠵᠡᠷᠬᠡ ᠪᠠᠶᠢᠯᠳᠤᠬᠤ ᠪᠤᠳᠤᠯᠭ᠎ᠠ ᠳᠤ ᠬᠥᠨᠵᠡᠬᠡᠢ ᠨᠢᠬᠡᠳᠥᠬᠦᠯᠵᠤ ᠂  ᠪᠤᠭᠤᠮᠳᠠ ᠶᠢᠨ ᠬᠤᠪᠤᠷ ᠳᠠᠪᠠᠭᠤᠯᠢᠭ ᠢᠶᠠᠨ ᠬᠥᠢᠴᠡᠳ ᠪᠠᠳᠠᠷᠠᠭᠤᠯᠵᠤ᠂  ᠤᠮᠠᠷᠠᠰᠢ ᠨᠡᠬᠡᠬᠡᠯᠳᠡ ᠶᠢᠨ ᠤᠷᠢᠳᠠᠴᠢ ᠤᠷᠤᠨ  ᠎ ᠤ ᠪᠥᠲᠥᠬᠡᠨ ᠪᠠᠶᠢᠭᠤᠯᠤᠯᠳᠠ ᠶᠢ ᠳᠥᠷᠬᠡᠳᠬᠡᠨ᠎ᠡ᠃  ᠡᠷᠢᠶᠡᠨ ᠬᠤᠳᠠ ᠶᠢᠨ ᠤᠯᠤᠰ ᠤᠨ ᠭᠤᠤᠯᠳᠠᠯᠭ᠎ᠠ ᠎ ᠲᠠᠢ ᠨᠡᠬᠡᠬᠡᠯᠳᠡ ᠶᠢᠨ ᠳᠤᠷᠰᠢᠯᠳᠡ ᠶᠢᠨ ᠤᠷᠤᠨ ᠪᠤᠯᠤᠨ ᠵᠡᠬᠦᠨ ᠬᠠᠳᠡᠪᠴᠢ ᠶᠢᠨ ᠥᠪᠡᠷᠳᠡᠬᠡᠨ ᠵᠠᠰᠠᠬᠤ ᠤᠷᠤᠨ ᠤ ᠭᠤᠤᠯᠳᠠᠯᠭ᠎ᠠ ᠲᠠᠢ ᠨᠡᠬᠡᠬᠡᠯᠳᠡ ᠶᠢᠨ ᠳᠤᠷᠰᠢᠯᠳᠡ ᠶᠢᠨ ᠤᠷᠤᠨ ᠤ ᠪᠥᠲᠥᠬᠡᠨ ᠪᠠᠶᠢᠭᠤᠯᠤᠯᠳᠡ ᠶᠢ ᠬᠥᠨᠵᠡᠬᠡᠢ ᠳᠥᠯᠬᠢᠨ ᠠᠬᠢᠭᠤᠯᠵᠤ᠂  ᠡᠷᠢᠶᠡᠨ ᠬᠤᠳᠠ — ᠵᠠᠮ ᠤᠨ ᠡᠬᠦᠳᠡ  ᠬᠢᠯᠢ ᠠᠯᠤᠰᠯᠠᠭᠰᠠᠨ ᠠᠵᠤ ᠠᠬᠤᠢ ᠶᠢᠨ ᠬᠠᠮᠳᠤᠷᠠᠯᠴᠠᠭᠠᠨ ᠤ ᠳᠥᠪ ᠤᠷᠤᠨ ᠤ ᠰᠠᠭᠤᠷᠢ ᠳᠥᠬᠦᠬᠡᠷᠥᠮᠵᠢ᠂  ᠬᠢᠯᠢ ᠶᠢᠨ ᠠᠷᠠᠳ ᠤᠨ ᠵᠠᠬ᠎ᠠ ᠶᠢᠨ ᠠᠷᠠᠯᠵᠢᠶᠡᠨ ᠎ ᠤ ᠤᠷᠤᠨ ᠤ ᠬᠤᠶᠠᠳᠤᠭᠠᠷ ᠬᠤᠭᠤᠴᠠᠭᠠᠨ ᠤ ᠪᠠᠷᠢᠯᠭ᠎ᠠ ᠵᠡᠷᠬᠡ ᠪᠥᠲᠥᠬᠡᠨ ᠪᠠᠶᠢᠭᠤᠯᠤᠯᠳᠠ ᠵᠢᠨ‌ᠢᠨᠵᠧᠨᠧᠷᠢᠩ ᠢ ᠰᠠᠶᠢᠳᠤᠷ ᠠᠳᠬᠤᠵᠤ᠂  ᠡᠷᠢᠶᠡᠨ ᠬᠤᠳᠠ— ᠤᠯᠠᠭᠠᠨᠪᠠᠭᠠᠳᠤᠷ  ᠬᠢᠯᠢ ᠠᠯᠤᠰᠯᠠᠭᠰᠠᠨ ᠵᠠᠰᠠᠮᠠᠯ ᠵᠠᠮ ᠤᠨ ᠳᠡᠰ ᠳᠡᠪᠰᠢᠬᠦᠯᠬᠦ᠂  ᠳᠡᠮᠤᠷ ᠵᠠᠮ ᠤᠨ ᠴᠠᠬᠢᠯᠭᠠᠨᠵᠢᠭᠰᠠᠨ ᠥᠬᠡᠷᠡᠴᠢᠯᠡᠯᠳᠡ ᠪᠤᠯᠤᠨ ᠵᠡᠬᠦᠨ ᠬᠠᠳᠠᠪᠴᠢ — ᠴᠤᠶᠢᠪᠠᠯᠰᠠᠩ᠂  ᠪᠠᠷᠠᠭᠤᠨ ᠤᠷᠳᠤ  ᠬᠢᠯᠢ ᠠᠯᠤᠰᠯᠠᠭᠰᠠᠨ ᠳᠡᠮᠤᠷ ᠵᠠᠮ᠂  ᠵᠠᠰᠠᠮᠠᠯ ᠵᠠᠮ ᠤᠨ ᠪᠥᠲᠥᠬᠡᠨ ᠪᠠᠶᠢᠭᠤᠯᠤᠯᠳᠠ ᠶᠢ ᠢᠳᠡᠪᠬᠢᠳᠡᠢ ᠳᠥᠯᠬᠢᠨ ᠠᠬᠢᠭᠤᠯᠵᠤ᠂  ᠡᠷᠢᠶᠡᠨ ᠬᠤᠳᠠ ᠶᠢᠨ ᠤᠯᠠᠨ ᠤᠯᠤᠰ ᠤᠨ ᠠᠭᠠᠷ ᠤᠨ ᠠᠶᠠᠯᠠᠯ ᠤᠨ ᠪᠤᠭᠤᠮᠳᠠ ᠭᠠᠷᠭᠠᠬᠤ᠂  ᠰᠢᠯᠢ ᠶᠢᠨ ᠬᠤᠳᠠ ᠶᠢᠨ ᠠᠭᠠᠷ ᠤᠨ ᠠᠶᠠᠯᠠᠯ ᠤᠨ ᠪᠤᠭᠤᠮᠳᠠ ᠶᠢ ᠳᠥᠷ ᠨᠡᠬᠡᠬᠡᠬᠦ ᠶᠢ ᠠᠬᠢᠭᠤᠯᠵᠤ᠂  ᠠᠪᠠᠭ᠎ᠠ ᠬᠤᠰᠢᠭᠤᠨ  ᠎ ᠤ ᠨᠠᠷᠠᠨᠪᠤᠯᠠᠭ ᠲᠤ ᠬᠢᠯᠢ ᠶᠢᠨ ᠠᠷᠠᠳ ᠤᠨ ᠵᠠᠮ ᠢ ᠨᠡᠪᠳᠡᠷᠡᠬᠦᠯᠬᠦ ᠎ ᠪᠠᠷ ᠬᠥᠴᠥᠯᠡᠨ ᠴᠢᠷᠮᠡᠶᠢᠵᠤ᠂  ᠪᠤᠭᠤᠮᠳᠠ ᠪᠠᠷ ᠥᠩᠬᠡᠷᠡᠬᠦ ᠤᠷᠴᠢᠨ ᠳᠤᠭᠤᠷᠢᠨ ᠢ ᠰᠠᠶᠢᠵᠢᠷᠠᠭᠤᠯᠵᠤ᠂  ᠠᠷᠠᠯᠵᠢᠶᠡᠨ ᠎ ᠤ ᠳᠥᠬᠦᠮᠴᠢᠯᠡᠯᠳᠡ ᠶᠢᠨ ᠳᠥᠪᠰᠢᠨ ᠢ ᠳᠡᠭᠡᠭᠰᠢᠯᠡᠬᠦᠯᠥᠨ᠎ᠠ᠃  ᠠᠵᠤ ᠠᠬᠤᠢ ᠠᠷᠠᠯᠵᠢᠶ᠎ᠡ ᠪᠤᠯᠤᠨ ᠬᠥᠮᠥᠨ ᠰᠤᠶᠤᠯ ᠎ ᠤᠨ ᠰᠤᠯᠢᠯᠴᠠᠭᠠᠨ ᠤ  ᠬᠠᠮᠳᠤᠷᠠᠯᠴᠠᠭᠠᠨ ᠢ ᠬᠥᠨᠵᠡᠬᠡᠶᠢᠷᠡᠬᠦᠯᠵᠤ᠂  ᠳᠤᠮᠳᠠᠳᠤ ᠤᠷᠤᠰ ᠮᠤᠩᠭᠤᠯ ᠤᠨ ᠤᠯᠠᠨ ᠤᠯᠤᠰ ᠤᠨ ᠤᠷᠤᠨ ᠪᠥᠰᠡ ᠶᠢᠨ ᠥᠯᠡᠳᠪᠤᠷᠢᠯᠡᠯ ᠤᠨ  ᠴᠢᠳᠠᠪᠤᠷᠢ ᠶᠢᠨ ᠬᠠᠮᠳᠤᠷᠠᠯᠴᠠᠭᠠᠨ ᠢ ᠴᠢᠩᠭᠠᠳᠬᠠᠵᠤ᠂  ᠪᠤᠭᠤᠮᠳᠠ ᠶᠢᠨ ᠤᠨᠴᠠᠭᠠᠢ ᠬᠢᠨᠡᠯᠳᠡ  ᠬᠠᠮᠢᠶᠠᠷᠤᠯᠳᠠ ᠶᠢᠨ ᠳᠠᠯᠠᠪᠤᠷ ᠤᠨ ᠪᠥᠲᠥᠬᠡᠨ ᠪᠠᠶᠢᠭᠤᠯᠤᠯᠳᠠ ᠶᠢ ᠠᠬᠢᠭᠤᠯᠵᠤ ᠂  ᠳᠤᠮᠳᠠᠳᠤ ᠮᠤᠩᠭᠤᠯ ᠤᠨ ᠥᠵᠡᠰᠬᠦᠯᠡᠩ᠂  ︽ᠡᠷᠢᠶᠡᠨ ᠤ ᠬᠡᠯᠡᠯᠴᠡᠬᠡᠷ︾ ᠵᠡᠷᠬᠡ ᠲᠠᠪᠴᠠᠩ ᠢ ᠠᠰᠢᠭᠯᠠᠵᠤ᠂  ᠥᠢᠯᠡᠴᠢᠯᠡᠬᠡᠨ ᠤ ᠠᠷᠠᠯᠵᠢᠶ᠎ᠠ᠂  ᠪᠤᠭᠤᠮᠳᠠ ᠶᠢᠨ ᠪᠤᠳᠠᠰ ᠤᠨ ᠬᠥᠢᠯᠬᠡᠬᠡᠨ᠂  ᠬᠢᠯᠢ ᠠᠯᠤᠰᠯᠠᠭᠰᠠᠨ ᠵᠤᠭᠠᠴᠠᠯ ᠵᠢᠴᠢ ᠰᠤᠷᠭᠠᠨ ᠬᠥᠮᠥᠵᠢᠯ᠂  ᠡᠮ ᠡᠮᠨᠡᠯᠬᠡ᠂  ᠰᠤᠶᠤᠯ᠂  ᠪᠡᠶ᠎ᠡ ᠲᠠᠮᠢᠷ ᠵᠡᠷᠬᠡ ᠬᠥᠷᠢᠶ᠎ᠡ ᠬᠡᠪᠴᠢᠶᠡᠨ ᠳᠤ  ᠬᠠᠮᠳᠤᠷᠠᠯᠴᠠᠭ᠎ᠠ ᠪᠠᠨ ᠴᠢᠩᠭᠠᠳᠬᠠᠵᠤ᠂  ᠬᠠᠷᠢᠯᠴᠠᠨ ᠠᠰᠢᠭ ᠬᠥᠷᠳᠡᠬᠡᠵᠤ  ᠬᠠᠮᠳᠤᠪᠠᠷ ᠠᠮᠵᠢᠯᠳᠡ ᠤᠯᠤᠨ᠎ᠠ᠃  ᠳᠤᠳᠤᠭᠠᠳᠤ ᠭᠠᠳᠠᠭᠠᠳᠤ  ᠬᠤᠯᠪᠤᠯᠴᠠᠨ ᠬᠥᠳᠡᠯᠥᠯᠴᠡᠵᠤ᠂  ᠬᠤᠶᠡᠷ ᠳᠠᠯ᠎ᠠ ᠪᠠᠷ ᠬᠥᠴᠥᠯᠡᠬᠦ ᠶᠢ ᠪᠠᠷᠢᠮᠳᠠᠯᠠᠵᠤ᠂  ᠤᠯᠤᠰ ᠠᠴᠠ ᠪᠡᠬᠡᠵᠢᠩ ᠲᠡᠶᠡᠨᠵᠢᠨ ᠾᠧᠪᠸᠢ  ᠎ ᠶᠢ ᠵᠤᠬᠢᠴᠠᠯᠳᠤᠭᠤᠯᠤᠨ ᠬᠥᠭᠵᠢᠬᠦᠯᠬᠦ᠂  ᠵᠡᠬᠦᠨ ᠬᠤᠶᠢᠳᠤ ᠤᠷᠤᠨ ᠢ  ᠬᠥᠭᠵᠢᠬᠡᠨ ᠮᠠᠨᠳᠤᠭᠤᠯᠬᠤ ᠰᠢᠨ᠎ᠡ ᠨᠢᠬᠡ ᠡᠬᠡᠯᠵᠢ ᠶᠢᠨ ᠲᠥᠷᠥ ᠶᠢᠨ ᠪᠤᠳᠤᠯᠭ᠎ᠠ ᠶᠢ ᠬᠡᠷᠡᠭᠵᠢᠬᠦᠯᠬᠦ ᠠᠰᠢᠭᠳᠠᠢ ᠳᠤᠬᠢᠶᠠᠯ ᠢ ᠡᠵᠡᠮᠳᠡᠵᠤ᠂  ᠬᠥᠭᠵᠢᠭᠰᠡᠨ ᠭᠠᠵᠠᠷ ᠤᠷᠤᠨ ᠤ ᠨᠥᠯᠥᠬᠡᠯᠡᠨ ᠳᠠᠶᠢᠴᠢᠯᠠᠬᠤ ᠶᠢ ᠰᠠᠨᠠᠭᠠᠴᠢᠯᠠᠭ᠎ᠠ ᠠᠴᠠ ᠎ ᠪᠠᠨ ᠬᠥᠯᠢᠶᠡᠨ ᠠᠪᠴᠤ᠂  ᠠᠵᠤ ᠥᠢᠯᠡᠰ ᠤᠨ ᠰᠢᠯᠵᠢᠯᠳᠡ ᠶᠢ ᠥᠨᠳᠥᠷ ᠡᠬᠢᠯᠡᠯᠳᠡ ᠥᠨᠳᠥᠷ ᠳᠥᠪᠰᠢᠨ ᠢᠶᠠᠷ ᠳᠠᠭᠠᠭᠠᠨ ᠡᠬᠦᠷᠬᠡᠯᠡᠵᠤ᠂  ᠬᠥᠭᠵᠢᠬᠦᠯᠥᠯᠳᠡ ᠶᠢᠨ ᠠᠮᠢᠵᠢᠷᠠᠯ ᠤᠨ  ᠬᠥᠴᠥᠨ᠂  ᠳᠤᠳᠤᠭᠠᠳᠤ ᠶᠢᠨ ᠬᠥᠳᠡᠯᠬᠡᠬᠦ ᠬᠥᠴᠥᠨ ᠪᠤᠯᠤᠨ ᠪᠥᠬᠦᠯᠢ ᠴᠤᠭᠴᠠ ᠶᠢᠨ ᠥᠷᠢᠰᠥᠯᠳᠥᠬᠦ ᠬᠥᠴᠥᠨ ᠢᠶᠠᠨ ᠪᠥᠲᠥᠮᠵᠢᠳᠡᠢ ᠳᠡᠭᠡᠭᠰᠢᠯᠡᠬᠦᠯᠥᠨ᠎ᠡ᠃     ︵ᠳᠥᠷᠪᠡ︶  ᠠᠮᠢ ᠠᠬᠤᠢ ᠶᠢᠨ ᠪᠤᠯᠪᠠᠰᠤᠨ ᠢ ᠬᠥᠴᠥᠳᠡᠢ ᠠᠬᠢᠭᠤᠯᠵᠤ᠂  ᠠᠮᠢ ᠠᠬᠤᠢ ᠶᠢᠨ ᠠᠶᠤᠯᠬᠦᠢ ᠎ ᠶᠢᠨ ᠬᠠᠯᠬᠠᠪᠴᠢ ᠶᠢ ᠪᠠᠬᠢᠵᠢᠬᠦᠯᠥᠨ᠎ᠠ᠃  ᠠᠮᠢ ᠠᠬᠤᠢ ᠶᠢᠨ ᠬᠤᠷᠢᠭ᠎ᠠ ᠱᠤᠭᠤᠮ ᠤᠨ ᠪᠠᠷᠢᠮᠵᠢᠶ᠎ᠡ ᠳᠤᠭᠳᠠᠭᠠᠨ ᠬᠡᠷᠡᠭᠵᠢᠬᠦᠯᠥᠨ᠎ᠠ᠃  ᠠᠮᠢ ᠠᠬᠤᠢ ᠶᠢᠨ ᠬᠤᠷᠢᠭ᠎ᠠ ᠱᠤᠭᠤᠮ ᠢ ᠳᠤᠭᠳᠠᠭᠠᠬᠤ ᠠᠵᠢᠯ ᠢ ᠳᠠᠭᠤᠰᠬᠠᠵᠤ᠂  ᠠᠮᠢ ᠠᠬᠤᠢ ᠶᠢᠨ ᠬᠤᠷᠢᠭ᠎ᠠ ᠱᠤᠭᠤᠮ ᠤᠨ ᠬᠢᠨᠡᠯᠳᠡ ᠬᠠᠮᠢᠶᠠᠷᠤᠯᠳᠡ ᠶᠢᠨ ᠠᠷᠭ᠎ᠠ ᠳᠤᠭᠳᠠᠭᠠᠵᠤ᠂  ᠲᠠᠯ᠎ᠠ ᠨᠤᠳᠤᠭ ᠤᠨ ᠠᠮᠢ ᠠᠬᠤᠢ ᠶᠢᠨ ᠬᠠᠮᠭᠠᠯᠠᠯᠳᠠ ᠶᠢᠨ ᠰᠠᠨᠠᠯ ᠢ  ᠰᠤᠳᠤᠯᠤᠨ ᠳᠤᠭᠳᠠᠭᠠᠵᠤ᠂  ᠠᠮᠢ ᠠᠬᠤᠢ ᠶᠢᠨ ᠬᠠᠮᠠᠭᠠᠯᠠᠯᠳᠡ ᠶᠢᠨ ᠬᠤᠷᠢᠭ᠎ᠠ ᠱᠤᠭᠤᠮ ᠤᠨ ᠪᠠᠷᠢᠮᠵᠢᠶ᠎ᠡ ᠶᠢ ᠳᠤᠳᠤᠷᠬᠠᠶᠢᠯᠠᠵᠤ᠂  ᠠᠮᠢ ᠠᠬᠤᠢ ᠶᠢᠨ ᠡᠬᠢ ᠪᠠᠶᠠᠯᠢᠭ  ᠡᠳ᠋ ᠬᠥᠷᠥᠩᠬᠡ ᠎ ᠶᠢᠨ ᠥᠭᠴᠢᠬᠡ ᠶᠢᠨ ᠬᠥᠰᠥᠨᠥᠭ ᠢ ᠡᠮᠬᠢᠳᠬᠡᠵᠤ᠂  ᠳᠠᠯ᠎ᠠ ᠨᠤᠳᠤᠭ ᠤᠨ ᠠᠮᠢ ᠠᠬᠤᠢ ᠶᠢᠨ ᠤᠷᠴᠢᠨ ᠳᠤᠭᠤᠷᠢᠨ ᠢ ᠬᠤᠬᠢᠷᠠᠭᠤᠯᠤᠭᠰᠠᠨ ᠬᠠᠷᠢᠭᠤᠴᠠᠯᠭ᠎ᠠ ᠨᠡᠬᠡᠮᠵᠢᠯᠡᠬᠦ ᠵᠤᠬᠢᠴᠠᠮᠵᠢ ᠶᠢ ᠡᠬᠢᠯᠡᠬᠦᠯᠥᠨ ᠬᠡᠷᠡᠭᠵᠢᠬᠦᠯᠵᠤ᠂  ᠥᠷᠬᠦᠯᠵᠢᠯᠡᠬᠦᠯᠥᠨ ᠬᠡᠷᠡᠭᠵᠢᠬᠦᠯᠥᠰᠢᠳᠡᠢ ᠠᠮᠢ ᠠᠬᠤᠢ ᠶᠢᠨ ᠬᠠᠮᠠᠭᠠᠯᠠᠯᠳᠠ ᠶᠢᠨ ᠳᠥᠷᠢᠮ ᠢ ᠳᠤᠭᠳᠠᠭᠠᠨ᠎ᠠ᠃  ᠰᠢᠨ᠎ᠡ ᠨᠢᠬᠡ ᠡᠬᠡᠯᠵᠢ ᠶᠢᠨ ᠨᠤᠳᠤᠭ ᠪᠡᠯᠴᠢᠬᠡᠷ ᠤᠨ ᠠᠮᠢ ᠠᠬᠤᠢ ᠶᠢᠨ ᠱᠠᠩᠨᠠᠯ ᠨᠥᠬᠦᠪᠤᠷᠢ  ᠎ ᠶᠢᠨ ᠲᠥᠷᠥ ᠶᠢᠨ ᠪᠤᠳᠤᠯᠭ᠎ᠠ ᠎ ᠶᠢ ᠨᠠᠷᠢᠨ ᠬᠢᠨᠡᠮᠡᠭᠠᠢ ᠨᠠᠶᠢᠳᠠᠪᠤᠷᠢᠵᠢᠭᠤᠯᠤᠨ᠎ᠠ᠃  ᠪᠡᠯᠴᠢᠬᠡᠷᠯᠡᠬᠦᠯᠬᠦ ᠶᠢ ᠵᠤᠭᠰᠤᠭᠠᠬᠤ᠂  ᠮᠠᠯ ᠪᠡᠯᠴᠢᠬᠡᠷ ᠤᠨ ᠲᠡᠩᠴᠡᠬᠦᠷᠢ ᠶᠢ ᠪᠠᠳᠤᠯᠠᠬᠤ ᠪᠡ ᠪᠠᠶᠢᠭᠠᠯᠢᠯᠢᠭ ᠨᠤᠳᠤᠭ ᠪᠡᠯᠴᠢᠬᠡᠷ ᠤᠨ ᠳᠠᠭᠠᠭᠠᠴᠠ ᠶᠢ ᠬᠠᠷᠭᠤᠭᠤᠯᠤᠨ ᠳᠤᠭᠳᠠᠭᠠᠭᠰᠠᠨ ᠪᠠᠷᠢᠮᠵᠢᠶ᠎ᠠ ᠶᠢ ᠴᠢᠩᠭ᠎ᠠ ᠬᠡᠷᠡᠭᠵᠢᠬᠦᠯᠵᠤ᠂  ᠨᠤᠳᠤᠭ ᠪᠡᠯᠴᠢᠬᠡᠷ ᠤᠨ ᠬᠠᠤᠯᠢ  ᠬᠡᠷᠡᠭᠵᠢᠬᠦᠯᠬᠦ ᠬᠢᠨᠡᠯᠳᠡ ᠬᠠᠮᠢᠶᠠᠷᠤᠯᠳᠡ ᠶᠢᠨ ᠡᠷᠴᠢᠮ ᠢᠶᠠᠨ ᠴᠢᠩᠭᠠᠯᠠᠵᠤ᠂  ᠶᠡᠭᠡ ᠬᠥᠴᠥ ᠭᠠᠷᠭᠠᠵᠤ ᠪᠠᠶᠢᠭᠠᠳ᠂ ᠪᠠᠶᠢᠭᠠᠯᠢᠯᠢᠭ ᠨᠤᠳᠤᠭ ᠪᠡᠯᠴᠢᠬᠡᠷ ᠤᠨ ᠳᠠᠭᠠᠭᠠᠴᠠ ᠠᠴᠠ ᠬᠡᠳᠤᠷᠡᠭᠰᠡᠨ ᠮᠠᠯ ᠢ ᠴᠥᠬᠡᠳᠬᠡᠵᠤ  ᠪᠡᠯᠴᠢᠬᠡᠷ ‍ᠤᠨ‌‍ᠲ᠋ᠠᠭᠠᠭᠠᠴᠠ ᠳᠤ ᠳᠤᠬᠢᠷᠠᠭᠤᠯᠤᠨ᠎ᠠ᠃  ᠠᠮᠢ ᠠᠬᠤᠢ ᠶᠢ ᠰᠡᠷᠬᠦᠬᠡᠬᠦ ᠢᠨᠵᠧᠨᠧᠷᠢᠩ ᠢ ᠬᠥᠴᠥᠳᠡᠢ ᠬᠡᠷᠡᠭᠵᠢᠬᠦᠯᠥᠨ᠎ᠠ᠃  ᠪᠡᠬᠡᠵᠢᠩ ᠲᠢᠶᠡᠨᠵᠢᠨ ᠤ  ᠰᠠᠯᠬᠢ ᠡᠯᠡᠰᠤᠨ ᠤ ᠡᠬᠢ ᠶᠢ ᠵᠠᠰᠠᠬᠤ᠂  ᠲᠠᠷᠢᠶᠠᠯᠠᠬᠤ ᠶᠢ ᠵᠤᠭᠰᠤᠭᠠᠨ ᠡᠪᠡᠰᠤ ᠮᠤᠳᠤ ᠳᠠᠷᠢᠬᠤ᠂  ᠭᠤᠤᠯᠳᠠᠯᠭ᠎ᠠ ᠲᠠᠢ ᠤᠷᠤᠨ ᠪᠥᠰᠡ ᠶᠢᠨ ᠤᠶᠢᠵᠢᠭᠤᠯᠤᠯᠳᠠ ᠪᠤᠯᠤᠨ ᠡᠯᠡᠰᠤ ᠮᠠᠩᠬ᠎ᠠ᠂  ᠨᠤᠭᠤ ᠭᠠᠵᠠᠷ᠂ ᠤᠰᠤᠨ ᠰᠢᠰᠲ᠋ᠧᠮ ᠵᠡᠷᠬᠡ ᠭᠤᠤᠯᠳᠠᠯᠭ᠎ᠠ ᠲᠠᠢ ᠠᠮᠢ ᠠᠬᠤᠢ ᠶᠢ ᠰᠡᠷᠬᠦᠬᠡᠬᠦ ᠢᠨᠵᠧᠨᠧᠷᠢᠩ  ᠎ ᠢ ᠰᠠᠶᠢᠳᠤᠷ ᠵᠤᠬᠢᠶᠠᠨ ᠪᠠᠶᠢᠭᠤᠯᠤᠨ ᠬᠡᠷᠡᠭᠵᠢᠬᠦᠯᠵᠤ᠂  ᠠᠭᠤᠷᠬᠠᠢ ᠶᠢᠨ ᠤᠶᠢᠷ᠎ᠡ ᠬᠠᠪᠢ ᠶᠢᠨ ᠤᠷᠴᠢᠨ ᠳᠤᠭᠤᠷᠢᠨ ᠢ ᠶᠡᠷᠥᠩᠬᠡᠶᠢᠯᠡᠨ ᠵᠠᠰᠠᠬᠤ ᠡᠷᠴᠢᠮ ᠎ ᠢᠶᠠᠨ ᠴᠢᠩᠭᠠᠯᠠᠵᠤ᠂ ᠠᠮᠢ ᠠᠬᠤᠢ ᠶᠢᠨ ᠬᠠᠮᠠᠭᠠᠯᠠᠯᠳᠠ  ᠪᠥᠲᠥᠬᠡᠨ ᠪᠠᠶᠢᠭᠤᠯᠤᠯᠳᠠ ᠶᠢᠨ ᠥᠷ᠎ᠡ ᠪᠥᠲᠥᠮᠵᠢ ᠶᠢ ᠥᠷᠬᠡᠳᠬᠡᠨ ᠪᠠᠬᠢᠵᠢᠬᠦᠯᠥᠨ᠎ᠠ᠃  ᠤᠷᠴᠢᠨ ᠳᠤᠭᠤᠷᠢᠨ ᠤ ᠬᠠᠮᠠᠭᠠᠯᠠᠯᠳᠠ ᠶᠢᠨ ᠡᠷᠴᠢᠮ ᠢᠶᠠᠨ  ᠴᠢᠩᠭᠠᠯᠠᠨ᠎ᠠ᠃  ᠠᠭᠠᠷ᠂ ᠤᠰᠤ᠂  ᠬᠥᠷᠥᠰᠤ ᠰᠢᠷᠤᠢ ᠶᠢᠨ ᠪᠤᠬᠢᠷᠳᠤᠯ ᠢ  ᠶᠡᠷᠥᠩᠬᠡᠶᠢᠯᠡᠨ ᠵᠠᠰᠠᠨ ᠰᠡᠷᠬᠡᠶᠢᠯᠡᠬᠦ  ᠎ ᠶᠢ ᠬᠥᠨᠵᠡᠬᠡᠢ ᠥᠷᠨᠢᠬᠦᠯᠵᠤ᠂  ᠥᠪᠡᠷᠳᠡᠬᠡᠨ ᠵᠠᠰᠠᠬᠤ ᠤᠷᠤᠨ ᠠᠴᠠ ᠪᠠᠭᠤᠯᠭᠠᠭᠰᠠᠨ ᠤᠷᠴᠢᠨ ᠳᠤᠭᠤᠷᠢᠨ ᠤ ᠬᠠᠮᠠᠭᠠᠯᠠᠯᠳᠠ ᠶᠢᠨ ᠬᠢᠵᠠᠭᠠᠷᠯᠠᠬᠤ ᠴᠢᠨᠡᠷᠳᠡᠢ  ᠬᠥᠢᠴᠡᠳᠬᠡᠯ ᠳᠤᠭ᠎ᠠ ᠶᠢ ᠪᠡᠶᠡᠯᠡᠬᠦᠯᠬᠦ ᠶᠢ  ᠪᠠᠳᠤᠯᠠᠨ᠎ᠠ᠃  ᠳᠥᠪ ᠤᠨ ᠤᠷᠴᠢᠨ ᠳᠤᠭᠤᠷᠢᠨ ᠤ ᠬᠠᠮᠠᠭᠠᠯᠠᠯᠳᠠ ᠶᠢᠨ ᠱᠠᠭᠠᠷᠳᠠᠨ ᠪᠠᠶᠢᠴᠠᠭᠠᠬᠤ ᠳᠤᠭᠤᠶᠢᠯᠠᠩ ᠤᠨ ᠳᠤᠰᠬᠠᠭᠰᠠᠨ ᠬᠠᠯᠠᠵᠦ ᠰᠠᠶᠢᠵᠢᠷᠠᠭᠤᠯᠬᠤ ᠰᠠᠨᠠᠯ ᠢ ᠨᠠᠶᠢᠳᠡᠪᠤᠷᠢᠵᠢᠭᠤᠯᠬᠤ ᠶᠢ ᠨᠠᠷᠢᠨ ᠬᠢᠨᠠᠮᠠᠭᠠᠢ ᠰᠠᠶᠢᠳᠤᠷ ᠠᠳᠬᠤᠵᠤ᠂  ᠰᠢᠯᠢ ᠶᠢᠨ ᠭᠤᠤᠯ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠵᠡᠷᠬᠡ ᠭᠤᠤᠯᠳᠠᠯᠭ᠎ᠠ ᠲᠠᠢ ᠤᠷᠤᠨ ᠪᠥᠰᠡ ᠶᠢᠨ ᠬᠠᠤᠯᠢ ᠳᠥᠷᠢᠮ ᠡᠴᠠ‌ᠵᠥ᠋ᠷᠢᠴᠡᠭᠰᠡᠨ ᠨᠡᠬᠡᠬᠡᠯᠳᠡ ᠵᠢᠴᠢ ᠰᠡᠷᠬᠦᠬᠡᠨ ᠵᠠᠰᠠᠬᠤ ᠠᠰᠠᠭᠤᠳᠠᠯ ᠢ ᠳᠤᠶᠢᠯᠪᠤᠷᠢᠳᠡᠢ ᠰᠢᠢᠳᠪᠤᠷᠢᠯᠡᠵᠤ᠂  ᠬᠤᠳᠠ ᠪᠠᠯᠭᠠᠰᠤᠨ ᠤ ᠪᠤᠵᠠᠷ ᠤᠰᠤ ᠶᠢ ᠰᠢᠢᠳᠪᠤᠷᠢᠯᠡᠬᠦ ᠳᠥᠬᠦᠬᠡᠷᠥᠮᠵᠢ ᠶᠢᠨ ᠬᠤᠭᠤᠯᠠᠢ ᠭᠤᠤᠷᠰᠤ ᠶᠢ ᠢᠵᠢ ᠪᠥᠷᠢᠳᠥᠬᠦᠯᠬᠦ ᠎ ᠶᠢ ᠵᠢᠯ ᠤᠨ ᠳᠤᠳᠤᠷ᠎ᠠ ᠪᠡᠶᠡᠯᠡᠬᠦᠯᠵᠤ᠂  ᠳᠤᠭᠳᠠᠭᠤᠨ ᠠᠵᠢᠯᠯᠠᠭᠤᠯᠵᠤ᠂  ᠪᠠᠷᠢᠮᠵᠢᠶ᠎ᠡ  ᠶᠤᠰᠤᠭᠠᠷ ᠭᠠᠳᠠᠭᠰᠢᠯᠠᠭᠤᠯᠵᠤ᠂  ᠰᠥᠯᠵᠢᠶᠡᠨ ᠳᠡᠭᠡᠷ᠎ᠡ ᠬᠢᠨᠡᠨ ᠬᠡᠮᠵᠢᠬᠦ  ᠎ ᠶᠢ ᠪᠡᠶᠡᠯᠡᠬᠦᠯᠥᠨ᠎ᠠ᠃       ︵ᠳᠠᠪᠤ︶  ᠬᠤᠳᠠ ᠬᠥᠳᠡᠭᠡ ᠶᠢᠨ ᠨᠢᠬᠡᠳᠥᠯᠳᠡᠢ ᠳᠥᠯᠥᠪᠵᠢᠬᠦᠯᠬᠡ ᠶᠢ ᠬᠥᠴᠥᠳᠡᠢ ᠠᠬᠢᠭᠤᠯᠵᠤ᠂  ᠪᠥᠬᠦ ᠳᠠᠯ᠎ᠠ ᠶᠢᠨ ᠵᠤᠬᠢᠴᠠᠩᠭᠤᠢ ᠬᠥᠭᠵᠢᠯᠳᠡ ᠶᠢ ᠳᠥᠯᠬᠢᠨ ᠠᠬᠢᠭᠤᠯᠤᠨ᠎ᠠ᠃ ᠬᠥᠮᠥᠨ ᠢᠶᠠᠷ ᠭᠤᠤᠯ ᠪᠤᠯᠭᠠᠭᠰᠠᠨ ᠰᠢᠨ᠎ᠡ ᠬᠡᠯᠪᠡᠷᠢ ᠶᠢᠨ ᠬᠤᠳᠠ ᠪᠠᠯᠭᠠᠰᠤᠵᠢᠭᠤᠯᠤᠯᠳᠠ ᠶᠢ ᠳᠥᠷᠬᠡᠳᠬᠡᠨ ᠠᠬᠢᠭᠤᠯᠤᠨ᠎ᠠ᠃  ᠬᠤᠳᠠ ᠪᠠᠯᠭᠠᠰᠤᠨ ᠤ ᠳᠥᠯᠥᠪᠵᠢᠬᠦᠯᠬᠡ ᠪᠥᠲᠥᠬᠡᠨ ᠪᠠᠶᠢᠭᠤᠯᠤᠯᠳᠠ ᠬᠠᠮᠢᠶᠠᠷᠤᠯᠳᠠ ᠶᠢᠨ ᠳᠡᠰ ᠳᠡᠪᠰᠢᠬᠦᠯᠬᠦ ᠭᠤᠷᠪᠡᠨ ᠵᠢᠯ ᠤᠨ  ᠠᠵᠢᠯᠯᠠᠭᠠᠨ ᠢ ᠪᠥᠬᠦ ᠳᠠᠯ᠎ᠠ ᠪᠠᠷ ᠬᠡᠷᠡᠭᠵᠢᠬᠦᠯᠵᠤ᠂ 2019 ᠤᠨ ᠪᠤᠯᠬᠤ ᠳᠤ᠂  ᠥᠪᠡᠷᠳᠡᠬᠡᠨ ᠵᠠᠰᠠᠬᠤ ᠤᠷᠤᠨ ᠤ  ᠬᠤᠳᠠ ᠪᠠᠯᠭᠠᠰᠤᠵᠢᠭᠤᠯᠤᠯᠳᠠ ᠶᠢᠨ ᠶᠠᠪᠤᠴᠠ ᠳᠤ ᠡᠮᠤᠨ᠎ᠡ ᠡᠩᠨᠡᠬᠡᠨ ᠳᠤ  ᠤᠷᠤᠨ᠎ᠠ᠃  ᠥᠨᠥ ᠵᠢᠯ ᠬᠤᠳᠠ ᠶᠢᠨ ᠶᠠᠪᠤᠳᠠᠯ ᠤᠨ ᠰᠠᠭᠤᠷᠢ ᠳᠥᠬᠦᠬᠡᠷᠥᠮᠵᠢ ᠶᠢᠨ ᠪᠡᠯᠡ ᠤᠷᠤᠭᠤᠯᠤᠯᠳᠠ ᠶᠢ 120  ᠳ᠋ᠥᠩᠰᠢᠭᠤᠷ ᠳᠥᠬᠦᠷᠢᠭ ᠠᠴᠠ ᠳᠡᠭᠡᠭᠰᠢ ᠳᠤ ᠬᠥᠷᠥᠬᠦᠯᠬᠦ ᠪᠠᠷ ᠬᠥᠴᠥᠯᠡᠨ ᠴᠢᠷᠮᠡᠶᠢᠨ᠎ᠠ᠃  ᠤᠶᠤᠨᠴᠢ ᠬᠤᠳᠠ ᠶᠢᠨ ᠪᠥᠲᠥᠬᠡᠨ ᠪᠠᠶᠢᠭᠤᠯᠤᠯᠳᠠ ᠶᠢ ᠳᠥᠷᠬᠡᠳᠬᠡᠨ ᠠᠬᠢᠭᠤᠯᠵᠤ᠂  ᠳᠤᠮᠤ  ᠳᠠᠶᠢᠳᠠ᠂  ᠪᠤᠳᠠᠰ ᠤᠨ ᠰᠥᠯᠵᠢᠶ᠎ᠡ ᠵᠡᠷᠬᠡ ᠤᠳᠤ ᠥᠶ᠎ᠡ ᠶᠢᠨ ᠮᠡᠳᠡᠭᠡ ᠵᠠᠩᠬᠢ ᠶᠢᠨ  ᠮᠡᠷᠬᠡᠵᠢᠯ ᠬᠢᠬᠡᠳ ᠬᠤᠳᠠ ᠪᠠᠯᠭᠠᠰᠤᠨ ᠤ ᠬᠠᠮᠢᠶᠠᠷᠤᠯᠳᠠ ᠥᠢᠯᠡᠴᠢᠯᠡᠭᠡ ᠶᠢᠨ ᠬᠥᠨᠵᠡᠬᠡᠢ ᠠᠭᠤᠰᠤᠯᠴᠡᠯ ᠎ ᠢ ᠢᠳᠡᠪᠬᠢᠳᠡᠢ ᠠᠬᠢᠭᠤᠯᠵᠤ᠂  ᠬᠤᠳᠠ ᠪᠠᠯᠭᠠᠰᠤᠨ ᠤ ᠬᠠᠮᠢᠶᠠᠷᠤᠯᠳᠠ  ᠎ ᠶᠢ ᠨᠠᠷᠢᠯᠢᠭᠵᠢᠭᠤᠯᠵᠤ᠂  ᠬᠥᠮᠥᠨᠴᠢ ᠴᠢᠨᠡᠷ ᠎ ᠤᠨ ᠳᠥᠪᠰᠢᠨ ᠢ ᠳᠡᠭᠡᠭᠰᠢᠯᠡᠬᠦᠯᠥᠨ᠎ᠠ᠃  ᠵᠢᠯ ᠤᠨ ᠳᠤᠳᠤᠷ᠎ᠠ ᠰᠢᠯᠢ ᠶᠢᠨ ᠬᠤᠳᠠ᠂  ᠡᠷᠢᠶᠡᠨ ᠬᠤᠳᠠ ᠶᠢ ᠪᠥᠬᠦ ᠤᠯᠤᠰ ᠤᠨ ᠪᠤᠯᠪᠠᠰᠤᠨ ᠬᠤᠳᠠ ᠶᠢᠨ ᠡᠩᠨᠡᠬᠡᠨ ᠳᠤ ᠤᠷᠤᠭᠤᠯᠬᠤ ᠪᠠᠷ ᠬᠥᠴᠥᠯᠡᠨ ᠴᠢᠷᠮᠡᠶᠢᠵᠤ᠂  ᠰᠢᠯᠢ ᠶᠢᠨ ᠬᠤᠳᠠ᠂  ᠡᠷᠢᠶᠡᠨ ᠬᠤᠳᠠ᠂  ᠪᠠᠷᠠᠭᠤᠨ ᠥᠵᠥᠮᠥᠴᠢᠨ ᠬᠤᠰᠢᠭᠤ ᠶᠢ ᠤᠯᠤᠰ ᠶᠢᠨ ᠤᠶᠤᠨᠴᠢ ᠬᠤᠳᠠ ᠶᠢᠨ ᠳᠤᠷᠰᠢᠯᠳᠡ ᠶᠢᠨ ᠴᠢᠭ᠋ ᠲᠤ ᠤᠷᠤᠭᠤᠯᠬᠤ ᠪᠠᠷ ᠴᠢᠷᠮᠡᠶᠢᠨ᠎ᠠ᠃  ᠡᠷᠥᠬᠡ ᠠᠮᠠ ᠶᠢᠨ ᠳᠥᠷᠢᠮ ᠤᠨ ᠥᠬᠡᠷᠡᠴᠢᠯᠡᠯᠳᠡ ᠎ ᠶᠢ ᠬᠥᠨᠵᠡᠬᠡᠶᠢᠷᠡᠬᠦᠯᠵᠤ᠂  ᠬᠤᠳᠠ ᠳᠤ ᠤᠷᠤᠭᠰᠠᠨ ᠮᠠᠯᠴᠢᠨ ᠲᠠᠷᠢᠶᠡᠴᠢᠨ ᠤ ᠭᠠᠵᠠᠷ ᠨᠤᠳᠤᠭ ᠳᠠᠭᠠᠭᠠᠴᠢᠯᠠᠬᠤ᠂  ᠬᠠᠮᠳᠤ ᠶᠢᠨ ᠠᠰᠢᠭ ᠤᠷᠤᠯᠭ᠎ᠠ ᠶᠢ ᠬᠤᠪᠢᠶᠠᠷᠢᠯᠠᠬᠤ ᠵᠡᠷᠬᠡ ᠠᠰᠢᠭ ᠳᠤᠰᠠ ᠶᠢ ᠬᠠᠮᠠᠭᠠᠯᠬᠠᠰᠠᠨ ᠰᠠᠭᠤᠷᠢᠨ ᠳᠡᠬᠡᠷ᠎ᠡ᠂ ᠬᠤᠳᠠ ᠳᠤ ᠳᠤᠭᠳᠠᠭᠤᠨ ᠠᠵᠢᠯ  ᠤᠯᠵᠤ ᠠᠮᠢᠳᠤᠷᠠᠵᠤ ᠴᠢᠳᠠᠬᠤ ᠮᠠᠯᠴᠢᠨ ᠲᠠᠷᠢᠶᠡᠴᠢᠨ ᠬᠤᠳᠠ ᠳᠤ ᠡᠷᠥᠬᠡ ᠠᠮᠠ ᠎ ᠶᠢᠨ ᠳᠠᠩᠰᠠ ᠪᠠᠨ ᠤᠷᠤᠭᠤᠯᠬᠤ  ᠎ ᠶᠢ ᠠᠬᠢᠭᠤᠯᠵᠤ᠂  ᠮᠠᠯᠵᠢᠬᠤ ᠳᠠᠷᠢᠶᠠᠯᠠᠬᠤ ᠤᠷᠤᠨ ᠤ ᠬᠥᠮᠥᠨ ᠠᠮᠠ ᠶᠢ ᠰᠢᠯᠵᠢᠬᠦᠯᠥᠨ ᠬᠤᠳᠠ ᠶᠢᠨ ᠠᠷᠠᠳ ᠪᠤᠯᠭᠠᠬᠤ ᠶᠢ ᠳᠥᠷᠬᠡᠳᠬᠡᠨ᠎ᠡ᠃  ᠬᠥᠮᠥᠷᠬᠡ ᠶᠢᠨ ᠬᠠᠳᠠᠭᠠᠯᠭᠳᠠᠴᠠ ᠶᠢ ᠪᠠᠭᠠᠰᠬᠠᠬᠤ ᠠᠵᠢᠯ ᠢ ᠯᠠᠪᠳᠠᠭᠤᠨ ᠰᠠᠶᠢᠳᠤᠷ ᠥᠷᠨᠢᠬᠦᠯᠵᠤ᠂  ᠬᠡᠷ ᠪᠠᠶᠢᠰᠢᠩ ᠭᠠᠵᠠᠷ ᠬᠥᠷᠥᠩᠬᠡ ᠶᠢᠨ ᠨᠡᠬᠡᠬᠡᠯᠳᠡ ᠎ ᠶᠢᠨ ᠭᠠᠵᠠᠷ ᠤᠨ ᠬᠠᠩᠭᠠᠯᠭ᠎ᠠ ᠶᠢ ᠴᠢᠩᠭ᠎ᠠ ᠬᠢᠵᠠᠭᠠᠷᠯᠡᠵᠤ᠂  ᠬᠡᠷ ᠪᠠᠶᠢᠰᠢᠩ ᠭᠠᠵᠠᠷ ᠬᠥᠷᠥᠩᠬᠡ ᠶᠢᠨ ᠵᠠᠬ᠎ᠠ ᠳᠡᠯᠬᠡᠬᠦᠷ ᠤᠨ ᠬᠢᠨᠡᠯᠳᠡ ᠬᠠᠮᠢᠶᠠᠷᠤᠯᠳᠠ ᠶᠢ ᠴᠢᠩᠭᠠᠳᠬᠠᠵᠤ᠂ 25800  ᠢᠵᠢ᠂ 260 ᠳᠥᠮᠡᠨ  ᠬᠠᠪᠳᠠᠭᠠᠢ ᠳᠥᠷᠪᠡᠯᠵᠢᠨ ᠮᠧᠲᠷ  ᠲᠠᠸᠠᠷ ᠤᠨ ᠬᠡᠷ ᠢ ᠬᠤᠳᠠᠯᠳᠤᠵᠤ ᠭᠠᠷᠭᠠᠨ᠂  ᠬᠡᠷ ᠪᠠᠶᠢᠰᠢᠩ ᠭᠠᠵᠠᠷ ᠬᠥᠷᠥᠩᠬᠡ ᠶᠢᠨ ᠡᠷᠡᠬᠦᠯ ᠬᠥᠭᠵᠢᠯᠳᠡ ᠶᠢ ᠠᠬᠢᠭᠤᠯᠤᠨ᠎ᠠ᠃  ᠥᠵᠡᠰᠬᠦᠯᠡᠩᠳᠤ ᠬᠥᠳᠡᠭᠡ ᠳᠤᠰᠬᠤᠨ ᠢ ᠪᠠᠶᠢᠭᠤᠯᠬᠤ ᠪᠠᠷ ᠭᠤᠤᠯᠳᠠᠯᠭ᠎ᠠ ᠪᠤᠯᠭᠠᠭᠰᠠᠨ ᠰᠢᠨ᠎ᠡ  ᠮᠠᠯᠵᠢᠬᠤ ᠲᠠᠷᠢᠶᠠᠯᠠᠬᠤ ᠤᠷᠤᠨ ᠤ ᠪᠥᠲᠥᠬᠡᠨ ᠪᠠᠶᠢᠭᠤᠯᠤᠯᠳᠠ ᠶᠢ ᠳᠥᠷᠬᠡᠳᠬᠡᠨ ᠠᠬᠢᠭᠤᠯᠤᠨ᠎ᠠ ᠃  ᠥᠵᠡᠰᠬᠦᠯᠡᠩᠳᠤ ᠬᠥᠳᠡᠭᠡ  ᠳᠤᠰᠬᠤᠨ ᠢ ᠪᠠᠶᠢᠭᠤᠯᠬᠤ ᠶᠡᠷᠥᠩᠬᠡᠢ ᠳᠥᠯᠥᠪᠵᠢᠬᠦᠯᠬᠡ ᠪᠤᠯᠤᠨ ᠬᠡᠷᠡᠭᠵᠢᠬᠦᠯᠬᠦ ᠳᠥᠰᠥᠯ ᠢ  ᠰᠤᠳᠤᠯᠤᠨ‌‍ᠲ᠋ᠤᠭᠳᠠᠭᠠᠵᠤ᠂ ᠠᠵᠢᠯ ᠤᠨ ᠬᠠᠷᠠᠯᠳᠠ ᠪᠠᠨ ᠰᠢᠨᠵᠢᠯᠡᠬᠦ ᠤᠬᠠᠭᠠᠨᠴᠢ ᠪᠠᠷ ᠳᠤᠭᠳᠠᠭᠠᠵᠤ᠂  ᠵᠢᠯ ᠤᠨ ᠡᠬᠦᠷᠬᠡ ᠪᠠ ᠳᠥᠯᠬᠢᠨ ᠠᠬᠢᠭᠤᠯᠬᠤ ᠠᠷᠭ᠎ᠠ ᠬᠡᠮᠵᠢᠶ᠎ᠡ  ᠎ ᠶᠢ ᠨᠠᠷᠢᠯᠢᠭᠵᠢᠭᠤᠯᠵᠤ᠂  ᠰᠢᠨ᠎ᠡ ᠮᠠᠯᠵᠢᠬᠤ ᠲᠠᠷᠢᠶᠠᠯᠠᠬᠤ ᠤᠷᠤᠨ ᠤ ᠪᠥᠲᠥᠬᠡᠨ ᠪᠠᠶᠢᠭᠤᠯᠤᠯᠳᠠ ᠶᠢᠨ ᠳᠡᠰ ᠳᠡᠪᠰᠢᠬᠦᠯᠬᠦ ᠶᠢ ᠬᠥᠴᠥᠳᠡᠢ ᠳᠥᠯᠬᠢᠨ ᠠᠬᠢᠭᠤᠯᠤᠨ᠎ᠠ ᠃  ᠮᠠᠯᠵᠢᠬᠤ ᠲᠠᠷᠢᠶᠠᠯᠠᠬᠤ ᠤᠷᠤᠨ ᠤ ᠰᠠᠭᠤᠷᠢ ᠳᠥᠬᠦᠬᠡᠷᠥᠮᠵᠢ ᠶᠢᠨ ᠪᠥᠲᠥᠬᠡᠨ ᠪᠠᠶᠢᠭᠤᠯᠤᠯᠳᠠ ᠪᠤᠯᠤᠨ ᠤᠷᠤᠰᠢᠨ ᠰᠠᠭᠤᠷᠢᠰᠢᠬᠤ ᠤᠷᠴᠢᠨ ᠳᠤᠭᠤᠷᠢᠨ ᠢ ᠴᠡᠭᠴᠡᠯᠡᠨ ᠵᠠᠰᠠᠭᠰᠠᠨ ᠥᠷ᠎ᠡ ᠪᠥᠲᠥᠮᠵᠢ ᠶᠢ ᠪᠠᠬᠢᠵᠶᠬᠦᠯᠵᠤ᠂  ᠤᠷᠳᠤ ᠬᠤᠭᠤᠴᠠᠭᠠᠨ ᠤ  ᠪᠥᠲᠥᠮᠵᠢᠳᠡᠢ ᠬᠠᠮᠢᠶᠠᠷᠤᠨ ᠬᠠᠮᠠᠭᠠᠯᠠᠬᠤ  ᠵᠤᠬᠢᠴᠠᠮᠵᠢ ᠶᠢ ᠪᠠᠶᠢᠭᠤᠯᠵᠤ᠂  ᠥᠷᠬᠡᠨ ᠤᠯᠠᠨ ᠮᠠᠯᠴᠢᠨ ᠲᠠᠷᠢᠶᠡᠴᠢᠨ ᠳᠤ ᠤᠷᠳᠤ ᠬᠤᠭᠤᠴᠠᠭ᠎ᠠ ᠪᠠᠷ ᠠᠰᠢᠭ ᠬᠥᠷᠳᠡᠬᠡᠨ᠎ᠠ᠃  ᠮᠠᠯᠵᠢᠬᠤ ᠲᠠᠷᠢᠶᠡᠯᠠᠬᠤ ᠤᠷᠤᠨ ᠤ  ᠰᠤᠷᠭᠠᠨ ᠬᠥᠮᠥᠵᠢᠯ᠂  ᠡᠷᠡᠬᠦᠯ ᠬᠠᠮᠠᠭᠠᠯᠠᠯ᠂  ᠰᠤᠶᠤᠯ ᠬᠡᠬᠡᠷᠡᠯ᠂  ᠨᠡᠶᠢᠬᠡᠮ ᠤᠨ ᠪᠠᠳᠤᠯᠠᠭ᠎ᠠ ᠵᠡᠷᠬᠡ ᠡᠯ᠎ᠡ ᠵᠥᠢᠯ ᠎ ᠤᠨ  ᠨᠡᠶᠢᠬᠡᠮ ᠤᠨ ᠠᠵᠢᠯ ᠥᠢᠯᠡᠰ ᠢ ᠰᠠᠶᠢᠳᠤᠷ ᠠᠳᠬᠤᠵᠤ᠂  ᠤᠯᠠᠨ ᠨᠡᠶᠢᠳᠡ ᠶᠢᠨ ᠥᠨᠳᠥᠰᠥᠨ ᠥᠢᠯᠡᠴᠢᠯᠡᠬᠡᠨ ᠎ ᠢ ᠮᠠᠯᠵᠢᠬᠤ ᠲᠠᠷᠢᠶᠠᠯᠠᠬᠤ  ᠤᠷᠤᠨ ᠳᠤ ᠬᠥᠷᠬᠡᠬᠦ᠂  ᠬᠤᠳᠠ ᠶᠢᠨ ᠪᠤᠯᠪᠠᠰᠤᠨ ᠠᠮᠢᠳᠤᠷᠠᠯ ᠤᠨ ᠠᠷᠭ᠎ᠠ ᠪᠠᠷ ᠮᠠᠯᠵᠢᠬᠤ ᠲᠠᠷᠢᠶᠠᠯᠠᠬᠤ ᠤᠷᠤᠨ ᠢ ᠨᠥᠯᠥᠬᠡᠯᠡᠨ  ᠳᠠᠭᠠᠭᠤᠯᠬᠤ ᠶᠢ ᠤᠯᠠᠮ ᠨᠢᠬᠡ ᠠᠯᠬᠤᠮ ᠳᠥᠯᠬᠢᠨ ᠠᠬᠢᠭᠤᠯᠵᠤ᠂  ᠮᠠᠯᠴᠢᠨ ᠲᠠᠷᠢᠶᠡᠴᠢᠨ  ᠤᠯᠠᠨ‌‍ᠲ᠋ᠥ᠋ᠮᠡᠨ ᠤ ᠵᠤᠯ ᠵᠢᠷᠭᠠᠯ ᠤᠨ ᠵᠢᠭᠠᠯᠳᠠ ᠳᠤᠭ᠎ᠠ ᠶᠢ ᠠᠯᠬᠤᠮ ᠠᠯᠬᠤᠮ ᠢᠶᠠᠷ ᠳᠡᠭᠡᠭᠰᠢᠯᠡᠬᠦᠯᠥᠨ᠎ᠠ ᠃  ᠮᠠᠯᠵᠢᠬᠤ ᠲᠠᠷᠢᠶᠡᠯᠠᠬᠤ ᠤᠷᠤᠨ ᠤ  ᠮᠡᠳᠡᠭᠡ ᠵᠠᠩᠬᠢ ᠶᠢᠨ  ᠰᠥᠯᠵᠢᠶᠡᠨ  ᠎ ᠤ  ᠪᠥᠲᠥᠬᠡᠨ ᠪᠠᠶᠢᠭᠤᠯᠤᠯᠳᠠ ᠶᠢ ᠳᠥᠷᠬᠡᠳᠬᠡᠨ ᠠᠬᠢᠭᠤᠯᠵᠤ᠂  ᠴᠠᠬᠢᠯᠭᠠᠨ ᠬᠤᠯᠪᠤᠭᠠᠨ ᠤ  ᠨᠡᠶᠢᠳᠡᠮ ᠤᠨ ᠥᠢᠯᠡᠴᠢᠯᠡᠬᠡᠨ ᠤ  ᠳᠤᠷᠰᠢᠯᠳᠡ ᠴᠢᠭ᠋ ᠤᠨ ᠠᠵᠢᠯ ᠢ ᠨᠠᠷᠢᠨ ᠬᠢᠨᠠᠮᠭᠠᠢ ᠰᠠᠶᠢᠳᠤᠷ  ᠠᠳᠬᠤᠵᠤ᠂  ᠮᠠᠯᠵᠢᠬᠤ ᠲᠠᠷᠢᠶᠠᠯᠠᠬᠤ ᠤᠷᠤᠨ ᠤ ᠮᠡᠳᠡᠭᠡ ᠵᠢᠩᠬᠢᠵᠢᠯᠳᠡ ᠶᠢᠨ ᠳᠥᠪᠰᠢᠨ ᠢ ᠳᠡᠭᠡᠭᠰᠢᠯᠡᠬᠦᠯᠥᠨ᠎ᠠ᠃     ︵ᠵᠢᠷᠭᠤᠭ᠎ᠠ︶ ᠰᠠᠭᠤᠷᠢ ᠳᠥᠬᠦᠬᠡᠷᠥᠮᠵᠢ  ᠎ ᠶᠢᠨ ᠨᠥᠬᠦᠴᠡᠯ ᠢ ᠬᠥᠴᠥᠯᠠᠨ ᠰᠠᠶᠢᠵᠢᠷᠠᠭᠤᠯᠵᠤ᠂  ᠬᠥᠭᠵᠢᠯᠳᠡ ᠎ ᠶᠢᠨ ᠪᠠᠳᠤᠯᠠᠭ᠎ᠠ ᠶᠢᠨ ᠴᠢᠳᠠᠪᠤᠷᠢ ᠶᠢ ᠳᠡᠭᠡᠭᠰᠢᠯᠡᠬᠦᠯᠥᠨ᠎ᠠ᠃ ᠥᠪᠡᠷᠳᠡᠬᠡᠨ ᠵᠠᠰᠠᠬᠤ ᠤᠷᠤᠨ ᠤ ︽ᠳᠤᠯᠤᠭᠠᠨ ᠰᠥᠯᠵᠢᠶᠡᠨ︾᠎ ᠤ ᠰᠢᠰᠲ᠋ᠧᠮ ᠶᠢᠨ ᠪᠥᠲᠥᠬᠡᠨ ᠪᠠᠶᠢᠭᠤᠯᠤᠯᠳᠠ ᠶᠢᠨ ᠪᠠᠶᠢᠷᠢᠰᠢᠭᠤᠯᠤᠯᠳᠠ ᠶᠢ ᠨᠡᠷᠢᠨ ᠬᠢᠨᠠᠮᠠᠭᠠᠢ ᠨᠠᠶᠢᠳᠠᠪᠤᠷᠢᠵᠢᠭᠤᠯᠵᠤ᠂  ᠤᠯᠤᠰ ᠠᠴᠠ ᠪᠥᠲᠥᠮᠵᠢᠳᠡᠢ ᠪᠡᠯᠡ ᠤᠷᠤᠭᠤᠯᠤᠯᠳᠠ ᠶᠢ ᠥᠷᠬᠡᠳᠬᠡᠬᠦ᠂  ᠳᠤᠮᠳᠠ  ᠪᠠᠷᠠᠭᠤᠨ ᠬᠡᠰᠡᠭ ᠤᠨ ᠤᠷᠤᠨ ᠤ ᠰᠠᠭᠤᠷᠢ ᠳᠥᠬᠦᠬᠡᠷᠥᠮᠵᠢ ᠶᠢᠨ ᠪᠥᠲᠥᠬᠡᠨ ᠪᠠᠶᠢᠭᠤᠯᠤᠯᠳᠠ ᠶᠢ ᠳᠡᠮᠵᠢᠬᠦ ᠪᠠ ᠥᠪᠡᠷᠳᠡᠬᠡᠨ ᠵᠠᠰᠠᠬᠤ ᠤᠷᠤᠨ ᠠᠴᠠ ᠤᠳᠤ ᠥᠶ᠎ᠡ ᠶᠢᠨ ᠰᠠᠭᠤᠷᠢ ᠳᠥᠬᠦᠬᠡᠷᠥᠮᠵᠢ ᠶᠢᠨ ᠰᠥᠯᠵᠢᠶ᠎ᠡ ᠶᠢᠨ ᠪᠥᠲᠥᠬᠡᠨ ᠪᠠᠶᠢᠭᠤᠯᠤᠯᠳᠠ ᠶᠢ ᠠᠬᠢᠭᠤᠯᠬᠤ ᠠᠰᠢᠭᠳᠡᠢ ᠳᠤᠬᠢᠶᠠᠯ ᠢ ᠡᠵᠡᠮᠳᠡᠵᠤ᠂  ᠵᠤᠬᠢᠬᠤ ᠬᠡᠮᠵᠢᠶ᠎ᠡ ᠪᠠᠷ ᠤᠷᠢᠳᠴᠢᠯᠠᠭᠤᠯᠬᠤ᠂  ᠵᠤᠬᠢᠰᠳᠡᠢ ᠪᠠᠶᠢᠷᠢᠯᠠᠭᠤᠯᠬᠤ᠂  ᠰᠥᠯᠵᠢᠶ᠎ᠡ ᠶᠢ ᠳᠡᠬᠦᠯᠳᠡᠷᠵᠢᠬᠦᠯᠬᠦ᠂  ᠶᠠᠰᠤ ᠴᠢᠨᠡᠷ ᠢ ᠳᠡᠭᠡᠭᠰᠢᠯᠡᠬᠦᠯᠬᠦ ᠵᠠᠷᠴᠢᠮ ᠶᠤᠰᠤᠭᠠᠷ᠂  ᠬᠥᠨᠵᠡᠬᠡᠢ ᠰᠤᠳᠤᠯᠤᠨ ᠳᠥᠯᠥᠪᠯᠡᠵᠤ᠂  ᠲᠥᠷᠥᠯ ᠵᠥᠢᠯ ᠢ ᠢᠳᠡᠪᠬᠢᠳᠡᠢ ᠡᠷᠡᠮᠡᠯᠵᠠᠯᠠᠨ ᠤᠯᠵᠤ᠂  ᠪᠡᠯᠡ ᠤᠷᠤᠭᠤᠯᠤᠯᠳᠠ ᠶᠢᠨ ᠠᠷᠭ᠎ᠠ ᠵᠠᠮ ᠢᠶᠠᠨ ᠥᠷᠬᠡᠳᠬᠡᠵᠤ᠂  ᠰᠠᠭᠤᠷᠢ ᠳᠥᠬᠦᠬᠡᠷᠥᠮᠵᠢ ᠶᠢᠨ ᠪᠡᠯᠡ ᠤᠷᠤᠭᠤᠯᠤᠯᠳᠠ ᠪᠠ ᠪᠥᠲᠥᠬᠡᠨ ᠪᠠᠶᠢᠭᠤᠯᠤᠯᠳᠠ ᠶᠢᠨ ᠡᠷᠴᠢᠮ ᠢᠶᠠᠨ ᠴᠢᠩᠭᠠᠯᠠᠵᠤ᠂  ᠪᠥᠬᠦ  ᠬᠢᠵᠠᠭᠠᠷ ᠢ ᠪᠥᠷᠬᠦᠭᠰᠡᠨ ᠂  ᠴᠢᠳᠠᠪᠬᠢ ᠨᠢ ᠪᠥᠷᠢᠨ ᠳᠥᠬᠦᠷ᠂  ᠤᠶᠤᠨᠴᠢ ᠥᠨᠳᠥᠷ ᠥᠷ᠎ᠡ ᠠᠰᠢᠭ ᠲᠠᠢ᠂  ᠠᠮᠤᠷ ᠳᠥᠪᠰᠢᠨ ᠳᠥᠬᠦᠮ ᠳᠥᠳᠡ ᠤᠳᠤ ᠥᠶ᠎ᠡ ᠶᠢᠨ ᠰᠠᠭᠤᠷᠢ ᠳᠥᠬᠦᠬᠡᠷᠥᠮᠵᠢ ᠶᠢᠨ  ᠰᠥᠯᠵᠢᠶᠡᠨ ᠤ ᠰᠢᠰᠲ᠋ᠧᠮ ᠢ ᠳᠥᠷᠬᠡᠨ ᠪᠠᠶᠢᠭᠤᠯᠤᠨ᠎ᠠ᠃  ︽ ᠨᠢᠬᠡ ᠪᠥᠯᠥᠭ ᠢ ᠨᠢ ᠢᠳᠡᠪᠬᠢᠳᠡᠢ ᠳᠥᠯᠥᠪᠯᠡᠵᠤ  ᠭᠠᠷᠭᠠᠪᠠᠯ᠂  ᠨᠢᠬᠡ ᠪᠥᠯᠥᠭ ᠵᠶ᠋ᠠᠨ‌‍ᠲ᠋ᠥ᠋ᠷᠬᠡᠳᠬᠡᠨ ᠠᠬᠢᠭᠤᠯᠵᠤ᠂ ᠨᠢᠬᠡ ᠪᠥᠯᠥᠭ ᠢᠶᠠᠨ ᠪᠠᠶᠢᠭᠤᠯᠬᠤ ᠶᠢ ᠪᠠᠳᠤᠯᠠᠬᠤ︾ ᠱᠠᠭᠠᠷᠳᠠᠯᠭ᠎ᠠ ᠶᠤᠰᠤᠭᠠᠷ᠂  ᠵᠢᠯ ᠤᠨ ᠳᠤᠳᠤᠷ᠎ᠠ ᠰᠠᠭᠤᠷᠢ ᠳᠥᠬᠦᠬᠡᠷᠥᠮᠵᠢ ᠶᠢᠨ ᠪᠥᠲᠥᠬᠡᠨ ᠪᠠᠶᠢᠭᠤᠯᠤᠯᠳᠠ ᠳᠤ 315 ᠳ᠋ᠥᠩᠰᠢᠭᠤᠷ ᠳᠥᠬᠦᠷᠢᠭ ᠪᠡᠯᠡ ᠤᠷᠤᠭᠤᠯᠬᠤ ᠎ ᠪᠠᠷ ᠬᠥᠴᠥᠯᠡᠨ ᠴᠢᠷᠮᠡᠶᠢᠨ᠎ᠠ᠃  ᠳᠤᠯᠤᠨ ᠨᠤᠤᠷ — ᠹᠧᠩᠨᠢᠩ ᠳᠡᠮᠤᠷ ᠵᠠᠮ ᠤᠨ  ᠪᠡᠬᠡᠵᠢᠩ ᠬᠥᠷᠬᠦ ᠬᠡᠰᠡᠭ᠂  ᠡᠷᠢᠶᠡᠨ— ᠮᠠᠨᠵᠤᠤᠷ ᠳᠡᠭᠡᠳᠤ ᠳᠡᠰ ᠤᠨ ᠵᠠᠰᠠᠮᠠᠯ ᠵᠠᠮ ᠤᠨ ᠪᠥᠲᠥᠬᠡᠨ ᠪᠠᠶᠢᠭᠤᠯᠤᠯᠳᠠ ᠶᠢᠨ ᠠᠬᠢᠴᠠ ᠶᠢ ᠳᠥᠷᠬᠡᠳᠬᠡᠵᠤ᠂  ᠰᠢᠯᠢ ᠶᠢᠨ ᠬᠤᠳᠠ — ᠴᠢᠭᠤᠯᠤᠯᠳᠤ ᠬᠠᠭᠠᠯᠭ᠎ᠠ ᠳᠥᠷᠬᠡᠨ ᠬᠤᠷᠳᠤᠴᠠᠳᠤ ᠳᠡᠮᠤᠷ ᠵᠠᠮ᠂  ᠰᠢᠯᠢ ᠶᠢᠨ ᠬᠤᠳᠠ ᠨᠢᠰᠬᠡᠯ ᠤᠨ ᠪᠠᠭᠤᠳᠠᠯ ᠤᠨ ᠥᠷᠬᠡᠳᠬᠡᠨ ᠪᠠᠶᠢᠭᠤᠯᠬᠤ ᠵᠡᠷᠬᠡ ᠭᠤᠤᠯᠳᠠᠯᠭ᠎ᠠ ᠲᠠᠢ ᠲᠥᠷᠥᠯ ᠵᠥᠢᠯ ᠢ ᠡᠷᠳᠡ ᠨᠢᠬᠡᠨ ᠡᠳᠤᠷ ᠵᠥᠪᠰᠢᠶᠡᠷᠡᠬᠦᠯᠥᠨ ᠠᠵᠢᠯ ᠢᠶᠠᠨ ᠡᠬᠢᠯᠡᠬᠦᠯᠬᠦ ᠶᠢ ᠢᠳᠡᠪᠬᠢᠳᠡᠢ ᠳᠥᠯᠬᠢᠨ ᠠᠬᠢᠭᠤᠯᠵᠤ ᠂  ᠰᠢᠯᠤᠭᠤᠨ ᠴᠠᠭᠠᠨ ᠬᠤᠰᠢᠭᠤ — ᠪᠠᠷᠭᠤᠨ ᠰᠥᠨᠢᠳ 500 ᠺᠢᠯᠤᠸᠠᠲ ᠥᠨᠳᠥᠷ ᠬᠥᠴᠥᠳᠡᠯᠳᠤ ᠴᠠᠬᠢᠯᠭᠠᠨ ᠱᠤᠭᠤᠮ᠂  ᠤᠯᠠᠭᠠᠢ ᠤᠰᠤᠨ ᠴᠥᠬᠦᠷᠥᠮ ᠤᠨ ᠳᠥᠭᠰᠢᠬᠦᠷᠢ ᠶᠢ ᠠᠷᠢᠯᠭᠠᠨ ᠪᠠᠬᠢᠵᠢᠬᠦᠯᠬᠦ᠂  ᠮᠠᠯᠵᠢᠬᠤ ᠲᠠᠷᠢᠶᠡᠯᠠᠬᠤ ᠤᠷᠤᠨ ᠤ ᠥᠷᠬᠡᠨ ᠪᠥᠰᠡ ᠪᠤᠯᠤᠨ ᠴᠢᠮᠡᠭᠡ ᠬᠤᠯᠪᠤᠭᠠᠨ ᠤ  ᠳᠥᠬᠦᠬᠡᠷᠥᠮᠵᠢ ᠶᠢᠨ ᠪᠥᠲᠥᠬᠡᠨ ᠪᠠᠶᠢᠭᠤᠯᠤᠯᠳᠠ ᠵᠡᠷᠬᠡ ᠴᠢᠬᠤᠯᠠ ᠢᠨᠵᠧᠨᠧᠷᠢᠩ ᠨᠤᠭᠤᠳ ᠢ ᠰᠠᠶᠢᠳᠤᠷ ᠠᠳᠬᠤᠵᠤ᠂ ᠰᠠᠭᠤᠷᠢ ᠳᠥᠬᠦᠬᠡᠷᠥᠮᠵᠢ ᠶᠢᠨ ᠪᠡᠯᠡ ᠤᠷᠤᠭᠤᠯᠤᠯᠳᠠ ᠎ ᠶᠢᠨ ᠬᠡᠪᠴᠢᠶ᠎ᠡ ᠶᠢ  ᠴᠢᠷᠮᠡᠶᠢᠨ‌ᠥᠷᠬᠡᠳᠬᠡᠵᠤ᠂  ᠬᠥᠭᠵᠢᠯᠳᠡ ᠶᠢᠨ ᠳᠤᠯᠭᠠᠭᠤᠷᠢᠯᠠᠨ ᠪᠠᠳᠤᠯᠠᠬᠤ ᠴᠢᠳᠠᠪᠤᠷᠢ ᠶᠢ ᠳᠠᠰᠤᠷᠠᠯᠳᠠ ᠥᠬᠡᠢ ᠳᠡᠭᠡᠭᠰᠢᠯᠡᠬᠦᠯᠥᠨ᠎ᠠ᠃     ︵ᠳᠤᠯᠤᠭ᠎ᠠ︶  ᠠᠷᠠᠳ ᠤᠨ  ᠠᠮᠢᠳᠤᠷᠠᠯ ᠢ ᠰᠠᠶᠢᠵᠢᠷᠠᠭᠤᠯᠬᠤ ᠶᠢ ᠬᠥᠴᠥᠯᠡᠨ ᠪᠠᠳᠤᠯᠠᠵᠤ᠂  ᠤᠯᠠᠨ ᠳᠥᠮᠡᠨ ᠎ ᠤ ᠵᠤᠯ ᠵᠢᠷᠭᠠᠯ  ᠎ ᠢ ᠳᠠᠰᠤᠷᠠᠯᠳᠠ ᠥᠬᠡᠢ ᠨᠡᠮᠡᠭᠳᠡᠬᠦᠯᠥᠨ᠎ᠠ᠃  ᠨᠢᠬᠡ ᠳᠤ ᠶᠠᠳᠠᠭᠤ ᠠᠴᠠ  ᠠᠩᠬᠢᠵᠢᠷᠠᠭᠤᠯᠬᠤ ᠰᠢᠪᠳᠤᠯᠤᠯᠳᠠ ᠶᠢ ᠬᠥᠴᠥᠳᠡᠢ ᠳᠥᠯᠬᠢᠨ ᠠᠬᠢᠭᠤᠯᠤᠨ᠎ᠠ᠃  ᠤᠨᠤᠪᠴᠢᠳᠤ ᠪᠤᠳᠤᠯᠭ᠎ᠠ ᠬᠡᠷᠡᠭᠵᠢᠬᠦᠯᠬᠦ᠂  ᠤᠨᠤᠪᠴᠢᠳᠠᠢ ᠳᠥᠯᠬᠢᠨ ᠠᠬᠢᠭᠤᠯᠬᠤ᠂  ᠤᠨᠤᠪᠴᠢᠳᠠᠢ ᠨᠡᠶᠢᠳᠡᠪᠤᠷᠢᠵᠢᠭᠤᠯᠬᠤ ᠶᠢ ᠪᠠᠷᠢᠮᠳᠠᠯᠠᠵᠤ᠂  ︽ᠭᠤᠷᠪᠠ  ᠎ ᠶᠢ ᠬᠥᠳᠡᠭᠡ ᠬᠥᠷᠬᠡᠵᠤ ᠭᠤᠷᠪᠡ ᠶᠢ ᠡᠷᠥᠬᠡ ᠳᠤ ᠬᠥᠷᠬᠡᠬᠦ︾  ᠂  ᠪᠤᠰᠤᠳ ᠭᠠᠵᠠᠷ ᠰᠢᠯᠵᠢᠬᠦᠯᠥᠨ ᠶᠠᠳᠠᠭᠤ  ᠎ ᠶᠢ ᠳᠡᠳᠬᠦᠬᠦ᠂  ᠮᠥᠩᠬᠦᠨ ᠬᠥᠢᠯᠬᠡᠬᠡᠨ  ᠎ ᠢᠶᠠᠷ ᠶᠠᠳᠠᠭᠤ  ᠎ ᠶᠢ ᠳᠡᠳᠬᠦᠨ ᠠᠷᠠᠳ ᠢᠶᠠᠨ ᠪᠠᠶᠠᠵᠢᠭᠤᠯᠬᠤ ᠵᠡᠷᠬᠡ ᠳᠤᠰᠬᠠᠢ ᠲᠥᠷᠥᠯ ᠢᠶᠠᠷ ᠶᠠᠳᠠᠭᠤ ᠶᠢ ᠳᠡᠳᠬᠦᠬᠦ ᠢᠨᠵᠧᠨᠧᠷᠢᠩ  ᠎ ᠢ ᠯᠠᠪᠳᠠᠭᠤᠨ ᠢᠶᠠᠷ ᠳᠥᠯᠬᠢᠨ ᠠᠬᠢᠭᠤᠯᠵᠤ᠂  ᠴᠢᠭ᠋ ᠳᠤᠭᠳᠠᠭᠠᠨ ᠳᠡᠳᠬᠦᠨ ᠳᠡᠮᠵᠢᠬᠦ᠂  ᠰᠤᠷᠭᠠᠨ ᠬᠥᠮᠥᠵᠢᠯ ᠢᠶᠠᠷ  ᠶᠠᠳᠠᠭᠤ ᠶᠢ ᠳᠡᠳᠬᠦᠬᠦ᠂  ᠡᠷᠡᠬᠦᠯ  ᠴᠢᠬᠢᠷᠠᠭ ᠢᠶᠠᠷ ᠶᠠᠳᠠᠭᠤ ᠶᠢ ᠳᠡᠳᠬᠦᠬᠦ᠂  ᠵᠤᠭᠠᠴᠠᠯ ᠢᠶᠠᠷ ᠶᠠᠳᠠᠭᠤ ᠶᠢ ᠳᠡᠳᠬᠦᠬᠦ ᠵᠡᠷᠬᠡ ᠠᠵᠢᠯ ᠲᠥᠷᠥᠯ  ᠎ ᠢᠶᠠᠷ  ᠶᠠᠳᠠᠭᠤ ᠶᠢ ᠳᠡᠳᠬᠦᠬᠦ ᠠᠵᠢᠯ ᠢ ᠨᠢᠬᠡᠳᠥᠯᠳᠡᠢ ᠳᠥᠯᠥᠪᠵᠢᠬᠦᠯᠥᠨ ᠰᠠᠶᠢᠳᠤᠷ ᠠᠳᠬᠤᠵᠤ᠂  ᠶᠠᠳᠠᠭᠤ ᠠᠴᠠ ᠠᠩᠬᠢᠵᠢᠷᠠᠭᠤᠯᠬᠤ ᠵᠢᠯ ᠤᠨ ᠡᠬᠦᠷᠬᠡ ᠪᠠᠨ ᠪᠡᠶᠡᠯᠡᠬᠦᠯᠬᠦ ᠶᠢ ᠪᠠᠳᠤᠯᠠᠨ᠎ᠠ᠃  ᠶᠠᠳᠠᠭᠤ ᠶᠢ ᠳᠡᠳᠬᠦᠬᠦ ᠪᠡᠯᠡ ᠤᠷᠤᠭᠤᠯᠤᠯᠳᠠ ᠶᠢᠨ ᠡᠷᠴᠢᠮ ᠎ ᠢᠶᠠᠨ ᠥᠨᠡᠨᠬᠦ ᠴᠢᠩᠭᠠᠯᠠᠵᠤ᠂  ᠡᠳ᠋ ᠤᠨ ᠵᠠᠰᠠᠭ ᠤᠨ ᠪᠡᠯᠡ ᠮᠥᠩᠬᠦ ᠶᠢᠨ ᠬᠥᠰᠢᠬᠦᠷᠬᠡ ᠶᠢᠨ ᠥᠢᠯᠡᠳᠥᠯ ᠢ ᠪᠠᠳᠠᠷᠠᠭᠤᠯᠵᠤ᠂  ᠨᠡᠩ ᠤᠯᠠᠨ ᠢᠳᠡᠬᠡᠮᠵᠢᠳᠤ ᠵᠢᠬᠡᠯᠡᠯᠬᠡ ᠪᠠ ᠨᠡᠶᠢᠬᠡᠮ ᠤᠨ ᠪᠡᠯᠡ ᠮᠥᠩᠬᠦ ᠶᠢ ᠳᠡᠳᠡᠨ ᠶᠠᠳᠠᠭᠤ ᠶᠢ  ᠳᠡᠳᠬᠦᠬᠦᠯᠥᠨ᠎ᠠ᠃  ᠤᠨᠴᠠᠯᠢᠭᠳᠤ ᠳᠠᠪᠠᠭᠤᠯᠢᠭ ᠠᠵᠤ ᠥᠢᠯᠡᠰ᠂  ᠰᠠᠭᠤᠷᠢ ᠳᠥᠬᠦᠬᠡᠷᠥᠮᠵᠢ ᠶᠢᠨ ᠰᠥᠯᠵᠢᠶ᠎ᠡ ᠪᠤᠯᠤᠨ ᠤᠯᠠᠨ ᠨᠡᠶᠢᠳᠡ ᠶᠢᠨ ᠥᠨᠳᠥᠰᠥᠨ ᠥᠢᠯᠡᠴᠢᠯᠡᠬᠡᠨ ᠤ  ᠰᠢᠰᠲ᠋ᠧᠮ ᠤᠨ ᠪᠥᠲᠥᠬᠡᠨ  ᠪᠠᠶᠢᠭᠤᠯᠤᠯᠳᠠ ᠶᠢ ᠬᠥᠴᠥᠳᠡᠢ ᠳᠥᠯᠬᠢᠨ ᠠᠬᠢᠭᠤᠯᠵᠤ᠂  ᠤᠨᠤᠪᠴᠢᠳᠡᠢ ᠶᠠᠳᠠᠭᠤ ᠶᠢ  ᠳᠡᠳᠬᠦᠬᠦ ᠪᠠ ᠠᠷᠠᠳ ᠢᠶᠠᠨ ᠪᠠᠶᠠᠵᠢᠭᠤᠯᠬᠤ ᠠᠵᠤ ᠥᠢᠯᠡᠰ ᠤᠨ ᠰᠠᠭᠤᠷᠢ ᠶᠢ ᠳᠠᠰᠤᠷᠠᠯᠳᠡ ᠥᠬᠡᠢ ᠪᠠᠬᠢᠵᠢᠬᠦᠯᠵᠤ᠂ ᠶᠠᠳᠠᠭᠤ ᠬᠥᠴᠢᠷᠳᠡᠯᠳᠡᠢ ᠭᠠᠵᠠᠷ ᠤᠷᠤᠨ ᠢ  ᠪᠡᠶ᠎ᠡ ᠪᠠᠨ ᠳᠠᠭᠠᠭᠠᠨ ᠬᠥᠭᠵᠢᠬᠦ ᠵᠠᠮ ᠳᠤ ᠲᠠᠷᠤᠢ ᠳᠥᠷᠬᠡᠨ ᠤᠷᠤᠭᠤᠯᠤᠨ᠎ᠠ᠃  ᠶᠠᠳᠠᠭᠤ ᠠᠴᠠ ᠠᠩᠬᠢᠵᠢᠷᠠᠭᠤᠯᠤᠭᠰᠠᠨ ᠬᠥᠮᠥᠨ ᠠᠮᠠ ᠶᠢᠨ ᠡᠷᠥᠬᠡ  ᠠᠮᠠ ᠶᠢᠨ ᠳᠠᠩᠰᠠ ᠪᠠᠨ ᠤᠷᠤᠭᠤᠯᠬᠤ ᠠᠵᠢᠯ ᠢ ᠨᠠᠷᠢᠨ ᠬᠢᠨᠠᠮᠭᠠᠢ ᠰᠠᠶᠢᠳᠤᠷ ᠬᠢᠵᠤ᠂  ᠡᠯ᠎ᠡ ᠵᠥᠢᠯ ᠤᠨ ᠳᠠᠩᠰᠠ ᠡᠪᠬᠢᠮᠠᠯ ᠪᠢᠴᠢᠭ ᠮᠠᠲ᠋ᠧᠷᠢᠶᠡᠯ ᠵᠡᠷᠬᠡ ᠵᠥᠬᠡᠯᠡᠨ ᠳᠤᠨᠤᠭ ᠎ ᠤᠨ ᠳᠥᠷᠢᠮᠵᠢᠭᠰᠡᠨ ᠪᠠᠶᠢᠭᠤᠯᠤᠯᠳᠠ ᠶᠢ ᠴᠢᠩᠭᠠᠳᠬᠠᠵᠤ᠂  ᠬᠢᠨᠡᠨ ᠰᠢᠯᠭᠠᠵᠤ ᠥᠨᠡᠯᠡᠬᠦ ᠶᠢ ᠴᠢᠩᠭᠠᠳᠬᠠᠵᠤ᠂  ᠶᠠᠳᠠᠭᠤ ᠠᠴᠠ ᠠᠩᠬᠢᠵᠢᠷᠠᠭᠤᠯᠬᠤ ᠰᠢᠪᠳᠤᠯᠤᠯᠳᠠ ᠶᠢᠨ ᠬᠠᠷᠠᠯᠳᠠ ᠶᠢ ᠥᠨᠡᠨ ᠪᠤᠳᠠᠳᠠᠢ ᠪᠡᠶᠡᠯᠡᠬᠦᠯᠬᠦ ᠶᠢ ᠪᠠᠳᠤᠯᠠᠨ᠎ᠠ᠃  ᠬᠤᠶᠠᠷ ᠲᠤ ᠠᠵᠢᠯ  ᠤᠯᠭᠤᠬᠤ ᠥᠢᠯᠡᠰ ᠪᠤᠰᠬᠠᠬᠤ ᠶᠢ ᠢᠳᠡᠪᠬᠢᠳᠡᠢ ᠠᠬᠢᠭᠤᠯᠤᠨ᠎ᠠ᠃   ᠤᠯᠠᠨ‌ᠨᠡᠶᠢᠳᠡ ᠪᠠᠷ ᠎ ᠢᠶᠠᠨ ᠥᠢᠯᠡᠰ ᠪᠤᠰᠬᠠᠬᠤ᠂  ᠪᠥᠬᠦ ᠨᠡᠶᠢᠳᠡ ᠪᠠᠷ ᠢᠶᠠᠨ ᠰᠢᠨ᠎ᠡ ᠶᠢ  ᠡᠬᠦᠳᠬᠦ ᠶᠢ ᠬᠥᠨᠵᠡᠬᠡᠢ ᠳᠥᠯᠬᠢᠨ ᠠᠬᠢᠭᠤᠯᠵᠤ᠂  ᠥᠢᠯᠡᠰ ᠪᠤᠰᠬᠠᠬᠤ ᠬᠥᠷᠢᠶᠡᠯᠡᠩ᠂  ᠥᠢᠯᠡᠰ ᠪᠤᠰᠬᠠᠭᠴᠢᠳ ᠤᠨ ᠤᠷᠤᠨ ᠵᠠᠢ ᠵᠡᠷᠬᠡ  ᠪᠤᠶᠢᠵᠢᠭᠤᠯᠬᠤ ᠳᠠᠪᠴᠠᠩ ᠎ ᠤᠨ ᠪᠥᠲᠥᠬᠡᠨ ᠪᠠᠶᠢᠭᠤᠯᠤᠯᠳᠠ ᠶᠢ  ᠰᠠᠶᠢᠳᠤᠷ ᠠᠳᠬᠤᠵᠤ᠂  ᠥᠢᠯᠡᠰ ᠪᠤᠰᠬᠠᠬᠤ ᠬᠥᠰᠡᠯ ᠵᠤᠷᠢᠯᠳᠡ ᠪᠠ ᠴᠢᠳᠠᠪᠤᠷᠢ ᠎ ᠲᠠᠢ ᠨᠡᠩ ᠤᠯᠠᠨ ᠬᠥᠮᠥᠰ  ᠪᠡᠶ᠎ᠡ ᠪᠠᠨ ᠳᠠᠭᠠᠭᠠᠨ ᠥᠢᠯᠡᠰ ᠪᠤᠰᠬᠠᠬᠤ ᠶᠢ ᠳᠡᠮᠵᠢᠨ᠎ᠡ᠃  ᠥᠨᠳᠥᠷ ᠳᠡᠭᠡᠳᠤ ᠰᠤᠷᠭᠠᠭᠤᠯᠢ ᠠᠴᠠ  ᠳᠡᠬᠦᠰᠥᠭᠰᠡᠨ ᠤᠶᠤᠳᠠᠨ᠂  ᠴᠡᠷᠢᠭ ᠠᠴᠠ ᠰᠢᠯᠵᠢᠭᠰᠡᠨ ᠺᠠᠳ᠋ᠷ᠂  ᠴᠡᠷᠢᠭ ᠠᠴᠠ ᠬᠠᠯᠠᠭᠳᠠᠭᠰᠠᠨ ᠪᠠᠶᠢᠯᠳᠤᠭᠴᠢ ᠪᠤᠯᠤᠨ ᠥᠢᠯᠡᠳᠪᠤᠷᠢᠯᠡᠯ ᠤᠨ ᠴᠢᠳᠠᠪᠤᠷᠢ ᠶᠢ ᠪᠠᠭᠠᠰᠬᠠᠭᠰᠠᠨ ᠪᠠ ᠥᠢᠯᠡᠳᠪᠤᠷᠢᠯᠡᠯ ᠢᠶᠠᠨ ᠵᠤᠭᠰᠤᠭᠠᠭᠰᠠᠨ ᠠᠵᠤ ᠠᠬᠤᠶᠢᠯᠠᠯ ᠤᠨ ᠠᠵᠢᠯᠳᠠᠨ᠂  ᠰᠢᠯᠵᠢᠬᠦᠯᠥᠨ ᠬᠤᠳᠠ ᠳᠤ ᠤᠷᠤᠭᠰᠠᠨ ᠮᠠᠯᠴᠢᠨ ᠳᠠᠷᠢᠶᠡᠴᠢᠨ ᠬᠢᠬᠡᠳ ᠬᠥᠴᠢᠷᠳᠡᠯᠳᠡᠢ ᠤᠯᠠᠨ ᠳᠥᠮᠡᠨ ᠵᠡᠷᠬᠡ ᠭᠤᠤᠯᠳᠠᠯᠭ᠎ᠠ ᠲᠠᠢ ᠬᠥᠮᠥᠰ ᠤᠨ ᠠᠵᠢᠯ ᠤᠯᠭᠤᠯᠳᠠ ᠶᠢ  ᠭᠤᠤᠯᠳᠠᠯᠭ᠎ᠠ ᠲᠠᠢ ᠰᠠᠶᠢᠳᠤᠷ ᠠᠳᠬᠤᠵᠤ᠂  ᠠᠵᠢᠯ ᠤᠯᠭᠤᠯᠳᠠ ᠶᠢᠨ ᠳᠤᠭᠳᠠᠭᠤᠨ ᠢ ᠪᠠᠳᠤᠯᠠᠨ᠎ᠠ᠃  ᠵᠢᠯ ᠤᠨ ᠳᠤᠳᠤᠷ᠎ᠠ ᠬᠤᠳᠠ ᠪᠠᠯᠭᠠᠰᠤᠨ ᠤ 2.2 ᠳᠥᠮᠡᠨ ᠬᠥᠮᠥᠨ ᠳᠤ ᠰᠢᠨ᠎ᠡ ᠪᠠᠷ ᠠᠵᠢᠯ ᠤᠯᠭᠤᠵᠤ᠂ ᠮᠠᠯᠵᠢᠬᠤ  ᠲᠠᠷᠢᠶᠠᠯᠠᠬᠤ ᠤᠷᠤᠨ ᠤ ᠬᠥᠳᠡᠯᠮᠤᠷᠢ ᠬᠥᠴᠥᠨ ᠠᠴᠠ 2 ᠳᠥᠮᠡᠨ ᠬᠥᠮᠥᠨ ᠢ ᠰᠢᠯᠵᠢᠬᠦᠯᠥᠨ ᠠᠵᠢᠯ ᠤᠯᠭᠤᠨ᠎ᠠ᠃  ᠭᠤᠷᠪᠡ ᠳᠤ  ᠨᠡᠶᠢᠬᠡᠮ ᠤᠨ ᠪᠠᠳᠤᠯᠠᠭ᠎ᠠ ᠶᠢᠨ ᠳᠥᠪᠰᠢᠨ ᠢ ᠬᠥᠴᠥᠯᠡᠨ ᠳᠡᠭᠡᠭᠰᠢᠯᠡᠬᠦᠯᠥᠨ᠎ᠡ᠃  ᠨᠠᠰᠤᠵᠢᠯ ᠤᠨ ᠥᠨᠳᠥᠰᠥᠨ ᠳᠡᠭᠠᠳᠬᠠᠯ᠂  ᠡᠮ ᠡᠮᠨᠡᠯᠬᠡ ᠶᠢᠨ ᠥᠨᠳᠥᠰᠥᠨ ᠳᠠᠭᠠᠳᠬᠠᠯ ᠵᠡᠷᠬᠡ ᠨᠡᠶᠢᠬᠡᠮ ᠤᠨ ᠪᠠᠳᠤᠯᠠᠭ᠎ᠠ ᠶᠢᠨ ᠲᠥᠷᠥ ᠶᠢᠨ ᠪᠤᠳᠤᠯᠭ᠎ᠠ ᠶᠢ ᠪᠥᠬᠦ ᠳᠠᠯ᠎ᠠ ᠪᠠᠷ ᠨᠡᠶᠢᠳᠡᠪᠤᠷᠢᠵᠢᠭᠤᠯᠵᠤ᠂  ᠬᠤᠳᠠ ᠬᠥᠳᠡᠭᠡ ᠶᠢᠨ ᠰᠠᠭᠤᠭᠠᠯᠢ ᠠᠷᠠᠳ ᠎ ᠤᠨ ᠡᠮ ᠡᠮᠨᠡᠯᠬᠡ ᠶᠢᠨ ᠥᠨᠳᠥᠰᠥᠨ ᠳᠠᠭᠠᠳᠬᠠᠯ ᠤᠨ ᠳᠥᠷᠢᠮ ᠢ  ᠳᠥᠷᠬᠡᠨ ᠨᠢᠬᠡᠳᠥᠬᠦᠯᠵᠤ᠂  ᠬᠠᠮᠤᠭ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢ ᠬᠤᠳᠠ ᠬᠥᠳᠡᠭᠡ ᠨᠢᠬᠡᠳᠥᠯᠳᠡᠢ ᠳᠥᠯᠥᠪᠵᠢᠬᠦᠯᠬᠦ ᠠᠵᠢᠯ ᠢ ᠪᠥᠬᠦ ᠳᠠᠯ᠎ᠠ ᠎ ᠪᠠᠷ ᠥᠷᠨᠢᠬᠦᠯᠵᠤ᠂  ᠡᠮᠴᠢᠯᠡᠭᠡ ᠨᠠᠰᠤᠵᠢᠯ ᠢ ᠤᠶᠠᠯᠳᠤᠭᠤᠯᠤᠭᠰᠠᠨ ᠨᠠᠰᠤᠵᠢᠯ ᠤᠨ ᠰᠢᠨ᠎ᠡ ᠬᠡᠪ ᠵᠠᠭᠪᠤᠷ ᠢ ᠢᠳᠡᠪᠬᠢᠳᠡᠢ ᠳᠥᠯᠬᠢᠨ ᠠᠬᠢᠭᠤᠯᠵᠤ᠂  ᠮᠠᠯᠵᠢᠬᠤ ᠤᠷᠤᠨ ᠤ ᠳᠥᠪ ᠪᠠᠯᠭᠠᠰᠤ ᠪᠥᠬᠦᠨ ᠨᠢᠬᠡ ᠶᠡᠷᠥᠩᠬᠡᠶᠢᠯᠡᠭᠰᠡᠨ ᠴᠢᠨᠡᠷᠳᠡᠢ ᠬᠠᠮ ᠬᠡᠯᠪᠡᠷᠢ ᠶᠢᠨ ᠨᠠᠰᠤᠵᠢᠯ ᠤᠨ ᠪᠠᠶᠢᠭᠤᠯᠤᠮᠵᠢ ᠶᠢ ᠪᠠᠶᠢᠭᠤᠯᠤᠨ᠎ᠠ᠃  ᠤᠷᠤᠨ ᠰᠠᠭᠤᠴᠠ ᠶᠢᠨ ᠪᠠᠳᠤᠯᠠᠭ᠎ᠠ ᠶᠢᠨ ᠠᠵᠢᠯ ᠢ ᠬᠥᠴᠥᠳᠡᠢ ᠳᠥᠯᠬᠢᠨ ᠠᠬᠢᠭᠤᠯᠵᠤ᠂  ᠳᠥᠬᠦᠮ ᠪᠥᠲᠥᠴᠡᠳᠤ ᠤᠷᠤᠨ ᠰᠠᠭᠤᠴᠠ ᠶᠢᠨ ᠳᠤᠭᠤᠷᠢᠭ ᠢ ᠥᠬᠡᠷᠡᠴᠢᠯᠡᠬᠦ ᠠᠵᠢᠯ ᠢ ᠯᠠᠪᠳᠠᠭᠤᠨ ᠥᠷᠨᠢᠬᠦᠯᠵᠤ᠂  ᠪᠡᠯᠡᠨ ᠵᠤᠭᠤᠰ ᠥᠭᠴᠥ ᠳᠥᠪᠬᠢᠨᠡᠬᠦᠯᠬᠦ ᠨᠤᠷᠮ᠎ᠠ ᠶᠢ 95%᠎ ᠠᠴᠠ ᠳᠡᠭᠡᠭᠰᠢ  ᠪᠤᠯᠭᠠᠨ᠎ᠠ᠃  ᠳᠥᠷᠪᠡ ᠳᠤ ᠨᠡᠶᠢᠬᠡᠮ ᠤᠨ ᠠᠵᠢᠯ ᠥᠢᠯᠡᠰ ᠢ ᠶᠡᠬᠡᠪᠡᠷ ᠬᠥᠭᠵᠢᠬᠦᠯᠥᠨ᠎ᠠ᠃  ᠰᠤᠷᠭᠠᠨ ᠬᠥᠮᠥᠵᠢᠯ ᠤᠨ ᠶᠠᠰᠤ ᠴᠢᠨᠠᠷ ᠢ ᠰᠠᠶᠢᠵᠢᠷᠠᠭᠤᠯᠬᠤ ᠭᠤᠷᠪᠡᠨ ᠵᠢᠯ ᠤᠨ ᠠᠵᠢᠯᠯᠠᠭ᠎ᠠ ᠎ ᠶᠢᠨ ᠳᠥᠯᠥᠥᠪᠯᠡᠭᠡ ᠶᠢ ᠯᠠᠪᠳᠠᠭᠤᠨ ᠢᠶᠠᠷ ᠳᠥᠯᠬᠢᠨ ᠠᠬᠢᠭᠤᠯᠵᠤ᠂  ᠰᠤᠷᠭᠠᠭᠤᠯᠢ ᠶᠢᠨ ᠨᠠᠰᠤᠨ ᠠᠴᠠ ᠡᠮᠤᠨᠡᠬᠢ ᠰᠤᠷᠭᠠᠨ ᠬᠥᠮᠥᠵᠢᠯ᠂  ᠠᠯᠪᠠᠨ ᠵᠢᠷᠤᠮ ᠤᠨ ᠰᠤᠷᠭᠠᠨ ᠬᠥᠮᠥᠵᠢᠯ᠂ ᠥᠨᠳᠥᠷ ᠳᠤᠮᠳᠠᠳᠤ ᠶᠢᠨ ᠰᠤᠷᠭᠠᠨ ᠬᠥᠮᠥᠵᠢᠯ ᠎ ᠢ ᠨᠢᠬᠡᠳᠥᠯᠳᠡᠢ ᠳᠥᠯᠥᠪᠵᠢᠬᠦᠯᠥᠨ ᠰᠠᠶᠢᠳᠤᠷ ᠠᠳᠬᠤᠵᠤ᠂ ᠠᠶᠢᠮᠠᠭ ᠤᠨ ᠮᠤᠩᠭᠤᠯ ᠳᠤᠮᠳᠠᠳᠤ ᠰᠤᠷᠭᠠᠭᠤᠯᠢ ᠶᠢᠨ ᠤᠷᠤᠨ ᠰᠠᠭᠤᠴᠠ ᠶᠢ ᠰᠢᠨ᠎ᠡ ᠪᠠᠷ ᠪᠠᠶᠢᠭᠤᠯᠬᠤ ᠵᠡᠷᠬᠡ ᠪᠠᠷᠢᠯᠭ᠎ᠠ ᠶᠢ ᠳᠥᠷᠬᠡᠳᠬᠡᠨ ᠠᠬᠢᠭᠤᠯᠵᠤ᠂  ᠰᠢᠯᠢ ᠶᠢᠨ ᠭᠤᠤᠯ ᠠᠵᠢᠯ ᠮᠡᠷᠬᠡᠵᠢᠯ ᠤᠨ ᠳᠡᠭᠡᠳᠤ ᠰᠤᠷᠭᠠᠭᠤᠯᠢ ᠶᠢ ᠪᠥᠬᠦ ᠤᠯᠤᠰ ᠤᠨ ᠬᠢᠯᠢ ᠬᠢᠵᠠᠭᠠᠷ ᠤᠨ ᠴᠥᠬᠡᠨ ᠳᠤᠭᠠᠳᠤ ᠥᠨᠳᠥᠰᠥᠳᠡᠨ ᠤ ᠭᠠᠵᠠᠷ ᠤᠷᠤᠨ ᠤ ᠭᠤᠤᠯᠳᠠᠯᠭ᠎ᠠ ᠲᠠᠢ ᠵᠢᠱᠢᠶ᠎ᠡ ᠥᠵᠡᠬᠦᠯᠬᠦ ᠳᠡᠭᠡᠳᠤ ᠰᠤᠷᠭᠠᠭᠤᠯᠢ ᠪᠠ ᠪᠥᠬᠦ ᠤᠯᠤᠰ ᠤᠨ ᠭᠤᠤᠯᠳᠠᠯᠭ᠎ᠠ ᠲᠠᠢ ᠬᠡᠷᠡᠭᠯᠡᠬᠡᠨ ᠤ  ᠴᠢᠳᠠᠪᠤᠷᠢᠳᠡᠨ ᠢ ᠬᠥᠮᠥᠵᠢᠬᠦᠯᠬᠦ ᠰᠠᠭᠤᠷᠢᠨ ᠪᠤᠯᠭᠠᠬᠤ ᠶᠢ ᠬᠥᠴᠥᠳᠡᠢ ᠳᠡᠮᠵᠢᠨ᠎ᠡ᠃  ︽ᠡᠷᠡᠬᠦᠯ ᠡᠩᠬᠡ ᠰᠢᠯᠢ ᠶᠢᠨ ᠭᠤᠤᠯ︾  ᠎ ᠤᠨ ᠪᠠᠶᠢᠭᠤᠯᠤᠯᠳᠠ ᠶᠢ ᠬᠥᠨᠵᠡᠬᠡᠢ ᠠᠬᠢᠭᠤᠯᠵᠤ᠂  ᠠᠶᠢᠮᠠᠭ ᠤᠨ ᠡᠮᠨᠡᠯᠬᠡ ᠶᠢᠨ ᠬᠤᠷᠢᠶᠠᠨ ᠤ ᠶᠡᠷᠥᠩᠬᠡᠶᠢᠯᠡᠭᠰᠡᠨ ᠠᠰᠠᠷ ᠢ ᠡᠬᠢᠯᠡᠨ ᠪᠠᠶᠢᠭᠤᠯᠵᠤ᠂  ᠠᠶᠢᠮᠠᠭ ᠤᠨ ᠡᠮᠨᠡᠯᠬᠡ ᠶᠢᠨ ᠬᠤᠷᠢᠶ᠎ᠡ ᠤᠯᠤᠰ ᠤᠨ ᠭᠤᠷᠪᠠᠳᠤᠭᠠᠷ ᠳᠡᠰ ᠤᠨ ᠬᠥᠬᠡᠭᠴᠢᠨ ᠡᠮᠨᠡᠯᠬᠡ ᠶᠢᠨ ᠬᠤᠷᠢᠶ᠎ᠠ ᠪᠠᠶᠢᠭᠤᠯᠬᠤ ᠶᠢ ᠢᠳᠡᠪᠬᠢᠳᠡᠢ ᠳᠥᠯᠬᠢᠨ ᠠᠬᠢᠭᠤᠯᠵᠤ᠂  ᠮᠤᠩᠭᠤᠯ ᠡᠮᠨᠡᠯᠬᠡ ᠶᠢᠨ ᠬᠤᠷᠢᠶᠠᠨ ᠤ ᠤᠨᠴᠠᠯᠢᠭᠳᠤ ᠥᠢᠯᠡᠴᠢᠯᠡᠬᠡᠨ ᠤ ᠳᠥᠪᠰᠢᠨ ᠢ ᠳᠡᠭᠡᠭᠰᠢᠯᠡᠬᠦᠯᠵᠤ᠂  ᠬᠤᠰᠢᠭᠤ ᠰᠢᠶᠡᠨ ᠤ  ᠱᠠᠳᠤᠨ ᠤ ᠡᠮᠨᠡᠯᠬᠡ ᠶᠢᠨ ᠬᠤᠷᠢᠶᠠᠨ ᠤ ᠥᠢᠯᠡᠴᠢᠯᠡᠬᠦ ᠴᠢᠳᠠᠪᠤᠷᠢ ᠪᠤᠯᠤᠨ ᠰᠤᠮᠤ ᠰᠢᠶᠠᠩ ᠪᠠᠯᠭᠠᠰᠤᠨ ᠤ ᠡᠷᠡᠬᠦᠯ ᠬᠠᠮᠠᠭᠠᠯᠠᠯ ᠤᠨ ᠬᠤᠷᠢᠶᠡᠨ ᠤ ᠪᠠᠷᠢᠮᠵᠢᠶᠠᠵᠢᠭᠰᠠᠨ ᠪᠠᠶᠢᠭᠤᠯᠤᠯᠳᠠ ᠶᠢ ᠴᠢᠩᠭᠠᠳᠬᠠᠵᠤ᠂  ᠡᠮᠴᠢᠯᠡᠭᠡ ᠶᠢᠨ ᠥᠢᠯᠡᠴᠢᠯᠡᠬᠡᠨ ᠤ ᠶᠠᠰᠤ ᠴᠢᠨᠠᠷ ᠢ ᠪᠥᠬᠦ ᠳᠠᠯ᠎ᠠ ᠪᠠᠷ ᠳᠡᠭᠡᠭᠰᠢᠯᠡᠬᠦᠯᠥᠨ᠎ᠡ᠃  ᠰᠤᠶᠤᠯ ᠤᠨ ᠥᠢᠯᠡᠰ ᠢ ᠮᠠᠨᠳᠤᠭᠤᠯᠤᠨ ᠬᠥᠭᠵᠢᠬᠦᠯᠵᠤ᠂  ᠰᠤᠶᠤᠯ ᠤᠨ ᠨᠠᠷᠢᠯᠢᠭ ᠪᠥᠲᠥᠬᠡᠭᠳᠡᠬᠦᠨ ᠢ ᠡᠬᠦᠳᠴᠥ᠂  ᠥᠨᠳᠥᠰᠥᠳᠡᠨ ᠤ  ᠰᠤᠶᠤᠯ ᠢ ᠠᠭᠤᠳᠠᠯᠤᠨ ᠡᠮᠬᠢᠳᠬᠡᠵᠤ᠂  ᠰᠤᠶᠤᠯ ᠤᠨ ᠰᠠᠭᠤᠷᠢ ᠳᠥᠬᠦᠬᠡᠷᠥᠮᠵᠢ ᠶᠢᠨ ᠪᠥᠲᠥᠬᠡᠨ ᠪᠠᠶᠢᠭᠤᠯᠤᠯᠳᠠ ᠶᠢ ᠴᠢᠩᠭᠠᠳᠬᠠᠵᠤ᠂  ᠤᠯᠠᠨ ᠳᠥᠮᠡᠨ ᠤ  ᠤᠯᠠᠨ ᠳᠡᠰ ᠳᠠᠪᠬᠤᠷᠭ᠎ᠠ ᠶᠢᠨ ᠰᠤᠶᠤᠯ ᠤᠨ ᠬᠡᠷᠡᠭᠴᠡᠭᠡ ᠶᠢ ᠳᠠᠰᠤᠷᠠᠯᠳᠠ ᠥᠬᠡᠢ ᠬᠠᠩᠭᠠᠨ᠎ᠠ᠃  ᠠᠷᠠᠳ ᠨᠡᠶᠢᠳᠡ ᠶᠢᠨ  ᠡᠷᠡᠬᠦᠯ ᠴᠢᠬᠢᠷᠠᠭ ᠤᠨ  ᠠᠵᠢᠯᠯᠠᠭ᠎ᠠ ᠶᠢ ᠥᠷᠬᠡᠨ ᠢᠶᠠᠷ ᠥᠷᠨᠢᠬᠦᠯᠵᠤ᠂  ᠤᠯᠠᠨ ᠳᠥᠮᠡᠨ ᠤ ᠪᠡᠶ᠎ᠠ ᠳᠠᠮᠢᠷ ᠪᠤᠯᠤᠨ ᠤᠷᠤᠯᠳᠤᠭᠠᠨ ᠤ ᠪᠡᠶ᠎ᠡ ᠳᠠᠮᠢᠷ ᠤᠨ ᠬᠥᠳᠡᠯᠬᠡᠬᠡᠨ ᠤ ᠪᠥᠬᠦ ᠳᠠᠯ᠎ᠠ ᠶᠢᠨ ᠬᠥᠭᠵᠢᠯᠳᠡ ᠶᠢ ᠠᠬᠢᠭᠤᠯᠤᠨ᠎ᠠ᠃     ︵ᠨᠠᠶᠮᠠ︶  ᠨᠡᠶᠢᠬᠡᠮ ᠤᠨ ᠡᠶ᠎ᠡ ᠵᠤᠬᠢᠴᠠᠯ ᠪᠤᠯᠤᠨ ᠳᠤᠭᠳᠠᠭᠤᠨ ᠢ ᠰᠠᠶᠢᠳᠤᠷ ᠬᠠᠮᠠᠭᠠᠯᠠᠵᠤ᠂  ᠡᠬᠡ ᠤᠷᠤᠨ ᠎ ᠤ ᠤᠮᠠᠷᠠᠳᠤ ᠬᠢᠯᠢ ᠶᠢᠨ ᠠᠮᠤᠷ ᠳᠤᠭᠳᠠᠭᠤᠨ ᠤ ᠬᠠᠯᠬᠠᠪᠴᠢ ᠶᠢ ᠪᠠᠬᠢᠵᠢᠬᠦᠯᠥᠨ᠎ᠠ᠃  ᠠᠶᠤᠯᠬᠦᠢ ᠥᠢᠯᠡᠳᠪᠤᠷᠢᠯᠡᠯ ᠎ ᠤᠨ ᠠᠵᠢᠯ ᠢ ᠥᠨᠡᠨᠬᠦ  ᠴᠢᠩᠭᠠᠳᠬᠠᠨ᠎ᠠ᠃ ᠠᠶᠤᠯᠬᠦᠢ ᠥᠢᠯᠡᠳᠪᠤᠷᠢᠯᠡᠯ ᠤᠨ ᠶᠡᠭᠡ ᠪᠠᠶᠢᠴᠠᠭᠠᠯᠳᠠ ᠶᠢ  ᠬᠥᠨᠵᠡᠬᠡᠢ ᠥᠷᠨᠢᠬᠦᠯᠵᠤ᠂  ᠥᠢᠯᠡᠳᠪᠤᠷᠢᠯᠡᠯ  ᠎ ᠤᠨ ᠠᠶᠤᠯᠬᠦᠢ᠂  ᠢᠳᠡᠬᠡᠨ ᠤ ᠵᠥᠢᠯ ᠡᠮ ᠤᠨ ᠵᠥᠢᠯ ᠤᠨ ᠠᠶᠤᠯᠬᠦᠢ᠂  ᠵᠠᠮ ᠬᠠᠷᠢᠯᠴᠠᠭ᠎ᠠ ᠪᠤᠯᠤᠨ ᠤᠯᠠᠨ ᠬᠥᠮᠥᠨ ᠬᠤᠷᠠᠭᠰᠠᠨ ᠳᠠᠯᠠᠪᠤᠷ ᠵᠡᠷᠬᠡ ᠤᠯᠠᠨ ᠨᠡᠶᠢᠳᠡ ᠶᠢᠨ ᠠᠶᠤᠯᠬᠦᠢ ᠶᠢᠨ ᠪᠠᠳᠤᠯᠠᠭ᠎ᠠ ᠎ ᠶᠢᠨ ᠠᠵᠢᠯ ᠢ ᠪᠥᠬᠦ ᠳᠠᠯ᠎ᠠ ᠪᠠᠷ ᠰᠠᠶᠢᠳᠤᠷ ᠠᠳᠬᠤᠵᠤ᠂  ᠠᠶᠤᠯᠬᠦᠢ ᠥᠢᠯᠡᠳᠪᠤᠷᠢᠯᠡᠯ ᠤᠨ  ᠬᠤᠷᠢᠭ᠎ᠠ ᠱᠤᠭᠤᠮ ᠢ ᠴᠢᠩᠭ᠎ᠠ ᠰᠠᠬᠢᠨ᠎ᠠ᠃  ᠬᠢᠨᠠᠨ ᠬᠠᠮᠢᠶᠡᠷᠴᠥ ᠬᠠᠤᠯᠢ ᠬᠡᠷᠡᠭᠵᠢᠬᠦᠯᠬᠦ ᠪᠠᠶᠢᠭᠤᠯᠤᠯ ᠢ ᠤᠯᠠᠮ ᠨᠢᠬᠡ ᠠᠯᠬᠤᠮ ᠳᠡᠬᠦᠯᠳᠡᠷᠵᠢᠬᠦᠯᠵᠤ᠂  ᠬᠢᠨᠠᠨ ᠬᠠᠮᠢᠶᠠᠷᠬᠤ ᠰᠠᠯᠠᠭ᠎ᠠ ᠮᠥᠴᠢᠷ ᠤᠨ  ᠳᠤᠳᠤᠭᠠᠳᠤᠬᠢ ᠡᠷᠬᠡ ᠳᠤᠰᠢᠶᠠᠯ ᠢ  ᠨᠢᠬᠡᠳᠬᠡᠵᠤ ᠂  ᠬᠢᠨᠠᠨ ᠬᠠᠮᠢᠶᠡᠷᠬᠤ ᠬᠥᠴᠥᠨ ᠢ ᠨᠢᠬᠡᠳᠬᠡᠵᠤ ᠰᠢᠯᠢᠳᠡᠭᠵᠢᠬᠦᠯᠤᠨ ᠳᠤᠬᠢᠷᠠᠭᠤᠯᠬᠤ ᠳᠥᠰᠥᠯ ᠢ ᠰᠤᠳᠤᠯᠤᠨ ᠳᠤᠭᠳᠠᠭᠠᠵᠤ᠂  ᠬᠠᠤᠯᠢ ᠬᠡᠷᠡᠭᠵᠢᠬᠦᠯᠬᠦ ᠡᠮᠤᠨ᠎ᠡ ᠹᠷᠤᠨᠲ ᠤᠨ ᠬᠥᠴᠥᠨ ᠢ ᠭᠤᠤᠯᠳᠠᠯᠭ᠎ᠠ ᠲᠠᠢ ᠴᠢᠩᠭᠠᠳᠬᠠᠵᠤ᠂  ᠬᠢᠨᠠᠨ ᠬᠠᠮᠢᠶᠡᠷᠴᠥ ᠬᠠᠤᠯᠢ ᠬᠡᠷᠡᠭᠵᠢᠬᠦᠯᠬᠦ ᠴᠢᠳᠠᠪᠤᠷᠢ ᠶᠢ ᠳᠡᠭᠡᠭᠰᠶᠯᠡᠬᠦᠯᠥᠨ᠎ᠡ᠃ ᠠᠶᠤᠯᠬᠦᠢ ᠶᠢᠨ ᠰᠠᠭᠤᠷᠢ  ᠎ ᠶᠢ ᠪᠠᠳᠤᠯᠬᠠᠤ ᠴᠢᠳᠠᠪᠤᠷᠢ ᠶᠢᠨ ᠪᠠᠶᠢᠭᠤᠯᠤᠯᠳᠠ ᠶᠢ ᠴᠢᠩᠭᠠᠳᠬᠠᠵᠤ᠂  ᠠᠶᠤᠯᠬᠦᠢ ᠥᠢᠯᠡᠳᠪᠤᠷᠢᠯᠡᠯ ᠤᠨ ᠪᠡᠯᠡ ᠤᠷᠤᠭᠤᠯᠤᠯᠳᠠ ᠶᠢᠨ ᠡᠷᠴᠢᠮ ᠢᠶᠠᠨ ᠴᠢᠩᠭᠠᠯᠠᠵᠤ᠂ ᠠᠶᠤᠯᠬᠦᠢ ᠶᠢᠨ ᠬᠢᠨᠠᠨ ᠬᠠᠮᠢᠶᠡᠷᠬᠤ ᠬᠥᠷᠢᠶ᠎ᠡ ᠬᠡᠪᠴᠢᠶᠡᠨ ᠳᠠᠬᠢ ᠳᠤᠮᠤ ᠲᠠᠶᠢᠳᠠ ᠶᠢᠨ ᠬᠡᠷᠡᠭᠯᠡᠬᠦᠨ ᠢ ᠳᠥᠷᠬᠡᠳᠬᠡᠨ ᠠᠬᠢᠭᠤᠯᠵᠤ᠂  ᠭᠤᠤᠯᠳᠠᠯᠭ᠎ᠠ ᠲᠠᠢ ᠠᠵᠢᠯ ᠲᠥᠷᠥᠯ᠂  ᠭᠤᠤᠯᠳᠠᠯᠭ᠎ᠠ ᠲᠠᠢ ᠠᠵᠤ ᠠᠬᠤᠶᠢᠯᠠᠯ᠂ ᠭᠤᠤᠯᠳᠠᠯᠭ᠎ᠠ ᠲᠠᠢ  ᠭᠤᠭᠴᠤᠭ᠎ᠠ ᠶᠢ ᠰᠥᠯᠵᠢᠶᠡᠨ ᠳᠡᠭᠡᠷ᠎ᠡ ᠬᠢᠨᠠᠨ ᠬᠠᠮᠢᠶᠡᠷᠬᠤ ᠶᠢ ᠪᠡᠶᠡᠯᠡᠬᠦᠯᠵᠤ᠂ ᠠᠶᠤᠯᠬᠦᠢ ᠥᠢᠯᠡᠳᠪᠤᠷᠢᠯᠡᠯ ᠤᠨ ᠬᠢᠨᠠᠯᠳᠡ ᠬᠠᠮᠢᠶᠡᠷᠤᠯᠳᠠ ᠶᠢᠨ ᠳᠥᠪᠰᠢᠨ ᠢᠶᠠᠨ ᠳᠡᠭᠡᠭᠰᠢᠯᠡᠬᠦᠯᠥᠨ᠎ᠡ᠃ ᠬᠢᠯᠢ ᠬᠢᠵᠠᠭᠠᠷ ᠤᠨ ᠠᠮᠤᠷ ᠳᠤᠭᠳᠠᠭᠤᠨ ᠢ ᠪᠥᠬᠦ ᠬᠥᠴᠥ ᠪᠠᠷ ᠢᠶᠠᠨ ᠬᠠᠮᠠᠭᠠᠯᠠᠨ᠎ᠠ᠃  ᠵᠥᠷᠢᠴᠡᠯ ᠮᠥᠷᠬᠦᠯᠳᠥᠬᠡᠨ ᠢ ᠪᠠᠶᠢᠴᠠᠭᠠᠨ ᠰᠢᠢᠳᠪᠤᠷᠢᠯᠡᠬᠦ ᠶᠢ ᠬᠥᠨᠵᠡᠬᠡᠢ ᠥᠷᠨᠢᠬᠦᠯᠵᠤ᠂  ᠵᠠᠳᠠᠯᠤᠨ  ᠰᠤᠳᠤᠯᠵᠤ ᠮᠠᠭᠠᠳᠯᠠᠬᠤ ᠪᠠ ᠰᠥᠯᠵᠢᠶᠡᠨ ᠳᠡᠭᠡᠷᠡᠬᠢ ᠶᠠᠷᠢᠶ᠎ᠡ ᠬᠡᠯᠡᠯᠴᠡᠬᠡᠨ  ᠎ ᠤ ᠬᠢᠨᠡᠯᠳᠡ ᠬᠠᠮᠢᠶᠠᠷᠤᠯᠳᠠ ᠶᠢ ᠴᠢᠩᠭᠠᠳᠬᠠᠵᠤ᠂  ᠴᠠᠭ ᠳᠤᠬᠠᠢ ᠳᠤᠨᠢ ᠰᠠᠨᠠᠭᠠᠴᠢᠯᠠᠭ᠎ᠠ ᠠᠴᠠ ᠪᠠᠨ ᠰᠢᠢᠳᠪᠤᠷᠢᠯᠡᠵᠤ᠂  ᠤᠯᠠᠨ ᠳᠥᠮᠡᠨᠴᠢ ᠴᠢᠨᠡᠷᠳᠡᠢ ᠬᠡᠷᠡᠭ ᠪᠠ ᠡᠷᠡᠬᠦᠥ ᠶᠢᠨ ᠳᠤᠮᠤ ᠬᠡᠷᠡᠭ ᠡᠬᠦᠰᠬᠦ ᠶᠢ ᠡᠷᠡᠰ ᠰᠡᠷᠬᠡᠶᠢᠯᠡᠨ ᠬᠤᠷᠢᠭᠯᠠᠨ᠎ᠠ᠃  ᠵᠠᠬᠢᠳᠡᠯ ᠰᠤᠷᠪᠤᠯᠵᠢᠯᠡᠯ ᠤᠨ ᠠᠵᠢᠯ ᠎ ᠤᠨ ᠬᠠᠷᠢᠭᠤᠴᠠᠯᠭ᠎ᠠ ᠶᠢᠨ ᠳᠥᠷᠢᠮ ᠢ ᠴᠢᠩᠭ᠎ᠠ ᠬᠡᠷᠡᠭᠵᠢᠬᠦᠯᠵᠤ᠂  ᠤᠯᠠᠨ ᠳᠥᠮᠡᠨ ᠤ ᠬᠠᠤᠯᠢ ᠶᠤᠰᠤᠨ ᠤ  ᠱᠠᠭᠠᠷᠳᠠᠯᠭ᠎ᠠ ᠶᠢ ᠪᠥᠲᠥᠮᠵᠢᠳᠡᠢ ᠠᠷᠭ᠎ᠠ ᠪᠠᠷ ᠴᠠᠭ ᠳᠠᠷᠤᠢ ᠳᠤᠨᠢ ᠳᠤᠬᠠᠢ ᠶᠢᠨ ᠭᠠᠵᠠᠷ ᠲᠤᠨᠢ ᠰᠢᠢᠳᠪᠤᠷᠢᠯᠡᠵᠤ ᠥᠭᠬᠦᠨ᠎ᠡ᠃  ᠨᠡᠶᠢᠬᠡᠮ ᠤᠨ ᠵᠠᠰᠠᠯᠳᠠ ᠶᠢ ᠴᠢᠩᠭᠠᠳᠬᠠᠨ ᠰᠢᠨ᠎ᠡ ᠶᠢ ᠡᠬᠦᠳᠴᠥ᠂  ᠶᠡᠷᠥᠩᠬᠡᠶᠢᠯᠡᠭᠰᠡᠨ ᠰᠡᠷᠬᠡᠶᠢᠯᠡᠨ ᠬᠤᠷᠢᠭᠯᠠᠬᠤ ᠰᠢᠰᠲ᠋ᠧᠮ ᠢ ᠳᠡᠬᠦᠯᠳᠡᠷᠵᠢᠬᠦᠯᠵᠤ᠂  ᠬᠠᠤᠯᠢ ᠪᠤᠰᠤ ᠶᠠᠯᠠᠳᠤ ᠠᠵᠢᠯᠯᠠᠭ᠎ᠠ  ᠎ ᠳᠤ ᠬᠠᠤᠯᠢ ᠶᠤᠰᠤᠭᠠᠷ ᠴᠢᠩᠭ᠎ᠠ ᠴᠤᠬᠢᠯᠳᠡ ᠥᠭᠴᠥ᠂  ᠰᠥᠷᠳᠡᠬᠦᠯᠥᠯ ᠤᠨ  ᠠᠵᠢᠯᠯᠠᠭ᠎ᠠ ᠶᠢ ᠴᠢᠩᠭ᠎ᠠ ᠰᠡᠷᠬᠡᠶᠢᠯᠡᠵᠤ᠂  ᠤᠯᠠᠨ ᠳᠥᠮᠡᠨ ᠤ ᠠᠮᠤᠷ ᠳᠥᠪᠰᠢᠨ ᠤ ᠨᠠᠶᠢᠳᠡᠪᠦᠷᠢᠳᠦ ᠰᠡᠳᠬᠢᠯᠬᠡ ᠶᠢ ᠳᠠᠰᠤᠷᠠᠯᠳᠠ ᠥᠬᠡᠢ ᠨᠡᠮᠡᠭᠳᠡᠬᠦᠯᠥᠨ᠎ᠡ᠃  ᠬᠠᠤᠯᠢ ᠳᠥᠬᠡᠮᠡᠯᠵᠢᠬᠦᠯᠬᠦ ᠰᠤᠷᠳᠠᠯ ᠤᠬᠠᠭᠤᠯᠭ᠎ᠠ  ᠎ ᠶᠢ ︽ᠵᠢᠷᠭᠤᠭ᠎ᠠ ᠳᠤ ᠬᠥᠷᠬᠡᠬᠦ︾  ᠠᠵᠢᠯᠯᠠᠭ᠎ᠠ ᠶᠢ ᠬᠥᠨᠵᠡᠬᠡᠢ ᠥᠷᠨᠢᠬᠦᠯᠵᠤ᠂  ᠺᠠᠳ᠋ᠷ ᠤᠯᠠᠨ ᠳᠥᠮᠡᠨ ᠤ ᠬᠠᠤᠯᠢ ᠶᠢᠨ ᠥᠵᠡᠯ ᠤᠬᠠᠮᠰᠠᠷ ᠢ ᠥᠨᠡᠨᠬᠦ ᠳᠡᠭᠡᠭᠰᠢᠯᠡᠬᠦᠯᠵᠤ᠂  ︽ ᠬᠠᠤᠯᠢ ᠪᠠᠷ ᠰᠢᠯᠢ ᠶᠢᠨ ᠭᠤᠤᠯ ᠢᠶᠠᠨ ᠵᠠᠰᠠᠬᠤ︾  ᠪᠠᠶᠢᠭᠤᠯᠤᠯᠳᠠ ᠶᠢ ᠪᠥᠬᠦ ᠳᠠᠯ᠎ᠠ ᠪᠠᠷ ᠳᠥᠯᠬᠢᠨ  ᠠᠬᠢᠭᠤᠯᠤᠨ᠎ᠠ᠃  ᠨᠠᠮ ᠤᠨ ᠥᠨᠳᠥᠰᠥᠳᠡᠨ ᠤ ᠲᠥᠷᠥ ᠶᠢᠨ ᠪᠤᠳᠤᠯᠭ᠎ᠠ ᠶᠢ ᠪᠥᠬᠦ ᠳᠠᠯ᠎ᠠ ᠪᠠᠷ  ᠳᠤᠤᠱᠯᠠᠭᠤᠯᠤᠨ ᠨᠡᠶᠢᠳᠡᠪᠤᠷᠢᠵᠢᠭᠤᠯᠵᠤ᠂  ︽ ᠬᠢᠯᠢ ᠬᠢᠵᠠᠭᠠᠷ ᠢᠶᠠᠨ ᠮᠠᠨᠳᠤᠭᠤᠯᠤᠨ ᠬᠥᠭᠵᠢᠬᠦᠯᠵᠤ ᠠᠷᠠᠳ ᠢᠶᠠᠨ ᠪᠠᠶᠠᠵᠢᠭᠤᠯᠬᠤ︾  ᠠᠵᠢᠯᠯᠠᠭ᠎ᠠ᠂  ᠬᠤᠶᠠᠷ ᠢ ᠬᠥᠷᠢᠶᠡᠯᠡᠨ ᠬᠠᠮᠳᠤᠪᠡᠷ ᠪᠠᠶᠢᠭᠤᠯᠬᠤ ᠪᠠ ᠴᠡᠷᠢᠭ ᠭᠠᠵᠠᠷ ᠤᠷᠤᠨ ᠴᠡᠷᠢᠭ ᠠᠷᠠᠳ ᠬᠠᠷᠢᠯᠴᠠᠨ ᠠᠭᠤᠰᠤᠯᠴᠠᠨ ᠬᠥᠭᠵᠢᠬᠦᠯᠬᠦ ᠶᠢ  ᠬᠥᠨᠵᠡᠬᠡᠢ ᠳᠥᠯᠬᠢᠨ ᠠᠬᠢᠭᠤᠯᠵᠤ  ᠂ ᠡᠬᠡ ᠤᠷᠤᠨ ᠤ  ᠤᠮᠡᠷᠡᠳᠤ ᠬᠢᠯᠢ ᠶᠢᠨ ᠠᠮᠤᠷ ᠳᠤᠭᠳᠠᠭᠤᠨ ᠬᠠᠯᠬᠠᠪᠴᠢ ᠶᠢ ᠥᠨᠡᠨᠬᠦ ᠪᠠᠬᠢᠵᠢᠬᠦᠯᠥᠨ᠎ᠠ᠃     ᠡᠷᠬᠢᠯᠡᠭᠴᠢ ᠨᠠᠷ᠂  ᠬᠡᠰᠢᠬᠦᠳ ᠡ᠂  ᠥᠨᠥ ᠵᠢᠯ ᠤᠨ ᠠᠵᠤ ᠠᠬᠤᠢ ᠨᠡᠶᠢᠬᠡᠮ ᠤᠨ ᠬᠥᠭᠵᠢᠯᠳᠡ ᠶᠢᠨ ᠡᠯ᠎ᠡ ᠲᠥᠷᠥᠯ ᠤᠨ ᠠᠵᠢᠯ ᠢᠶᠠᠨ ᠰᠠᠶᠢᠳᠤᠷ ᠬᠢᠬᠦ ᠳᠤ᠂  ᠠᠶᠢᠮᠠᠭ ᠤᠨ ᠠᠷᠠᠳ ᠤᠨ ᠳᠥᠯᠥᠬᠡᠯᠡᠭᠴᠢᠳ ᠤᠨ ᠶᠡᠭᠡ ᠬᠤᠷᠠᠯ ᠎ ᠤᠨ ᠠᠵᠢᠯ ᠤᠨ ᠵᠥᠪᠯᠡᠯ ᠪᠤᠯᠤᠨ ᠡᠷᠬᠢᠯᠡᠭᠴᠢ ᠨᠠᠷ᠂  ᠬᠡᠰᠢᠬᠦᠳ ᠲᠠ ᠪᠥᠬᠦᠨ ᠤ ᠬᠥᠴᠥᠳᠡᠢ ᠲᠡᠮᠵᠢᠯᠬᠡ ᠪᠠ ᠢᠳᠡᠪᠬᠢᠳᠡᠢ ᠤᠷᠤᠯᠴᠠᠯᠭ᠎ᠠ ᠠᠴᠠ ᠰᠠᠯᠵᠤ ᠴᠢᠳᠠᠬᠤ ᠥᠬᠡᠢ ᠶᠤᠮ᠃  ᠪᠢᠳᠡ ᠵᠤᠷᠢᠭ ᠢᠶᠠᠨ ᠬᠦᠪᠴᠢᠯᠠᠵᠦ ᠬᠥᠴᠥ ᠎ ᠪᠠᠨ ᠬᠠᠮᠳᠤᠳᠬᠠᠵᠤ᠂ ᠢᠳᠡᠪᠬᠢᠳᠡᠢ ᠤᠷᠤᠭᠰᠢᠯᠠᠨ ᠳᠠᠪᠰᠢᠵᠤ᠂  ᠪᠥᠬᠦ ᠠᠶᠢᠮᠠᠭ ᠤᠨ ᠠᠵᠤ ᠠᠬᠤᠢ ᠨᠡᠶᠢᠬᠡᠮ ᠤᠨ ᠥᠷᠬᠦᠯᠵᠢᠯᠡᠭᠰᠡᠨ ᠡᠷᠡᠬᠦᠯ ᠬᠥᠭᠵᠢᠯᠳᠡ ᠶᠢᠨ ᠰᠢᠨ᠎ᠡ ᠪᠠᠶᠢᠳᠠᠯ ᠢ ᠬᠠᠮᠳᠤᠪᠡᠷ ᠡᠬᠦᠳᠴᠥ ᠪᠠᠶᠢᠭᠠᠳ᠂  ᠰᠢᠯᠢᠳᠡᠭ ᠬᠢᠷᠢ ᠪᠥᠲᠥᠮᠵᠢ ᠪᠠᠷ ᠢᠶᠠᠨ ᠥᠪᠡᠷᠳᠡᠬᠡᠨ ᠵᠠᠰᠠᠬᠤ ᠤᠷᠤᠨ ᠪᠠᠶᠢᠭᠤᠯᠤᠭᠳᠠᠭᠰᠠᠨ 70  ᠵᠢᠯ ᠤᠨ ᠤᠢ ᠶᠢ ᠪᠡᠯᠬᠡᠯᠡᠵᠤ ᠂  ᠨᠠᠮ ᠤᠨ ᠠᠷᠪᠠ ᠶᠢᠰᠥᠳᠥᠬᠡᠷ ᠶᠡᠭᠡ ᠬᠤᠷᠠᠯ ᠤᠨ ᠠᠮᠵᠢᠯᠳᠡ ᠲᠠᠢ ᠬᠤᠷᠠᠯᠳᠤᠬᠤ ᠶᠢ ᠤᠭᠳᠤᠵᠠᠭᠠᠶ᠎ᠠ᠃ ᠳᠠᠯᠠᠷᠬᠠᠯ᠎ᠠ  ︕
 
ᠢᠷᠡᠯᠲᠡ᠄ ᠰᠢᠯᠢ ᠶᠢᠨ ᠭᠤᠤᠯ ᠠᠶᠢᠮᠠᠭ ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号