ᠴᠠᠰᠤ ᠮᠥᠰᠤᠨ ᠳᠤ ᠮᠠᠰᠢᠨ ᠲᠡᠷᠭᠡ ᠪᠠᠨ ᠬᠡᠷᠬᠢᠨ ᠠᠷᠠᠴᠢᠯᠠᠬᠤ ᠪᠤᠢ
ᠨᠡᠶᠢᠲᠡᠯᠡᠭᠰᠡᠨ ᠴᠠᠭ᠄
2018/4/12
    ᠡᠪᠦᠯ ᠤᠨ ᠴᠠᠭ ᠮᠠᠰᠢᠨ ᠲᠡᠷᠭᠡᠨ ᠤ ᠰᠢᠯ ᠳᠡᠭᠡᠷ᠎ᠡ ᠠᠮᠠᠷᠬᠠᠨ ᠮᠥᠰᠦ ᠬᠦᠯᠳᠡᠵᠦ᠂ ᠴᠡᠪᠡᠷᠯᠡᠵᠦ ᠠᠷᠢᠯᠭᠠᠬᠤ  ᠳᠤ ᠬᠦᠴᠢᠷᠲᠠᠢ ᠪᠠᠶᠢᠳᠠᠭ᠂ ᠡᠭᠦᠨ ᠳᠤ ᠡᠮᠦᠨ᠎ᠡ ᠤᠷᠤᠢ ᠨᠢ ᠪᠦᠭᠡᠷᠡᠩᠬᠡᠢ ᠰᠤᠩᠭᠢᠨ᠎ᠠ ᠶᠢ ᠭᠡᠷᠴᠢᠭᠡᠳ ᠭᠡᠷᠴᠢᠭᠰᠡᠨ ᠲᠠᠯ᠎ᠠ ᠪᠠᠷ ᠲᠡᠷᠭᠡᠨ ᠰᠢᠯ ᠢᠶᠠᠨ ᠵᠦᠯᠭᠦᠪᠡᠯ ᠴᠠᠩᠳᠤᠬᠤ ᠠᠴᠠ ᠰᠡᠷᠭᠡᠶᠢᠯᠡᠵᠦ ᠴᠢᠳᠠᠨ᠎ᠠ᠃       ★ ᠮᠠᠰᠢᠨ ᠲᠡᠷᠭᠡᠨ ᠤ ᠠᠷᠤ ᠬᠠᠷᠠᠭᠠᠨ ᠲᠤᠯᠢ ᠪᠠᠨ ᠰᠦᠯᠢᠶᠤᠤ ᠤᠭᠤᠲᠠ ᠪᠠᠷ ᠤᠷᠢᠶᠠᠵᠤ ᠪᠠᠬᠢᠯᠡᠨ ᠳᠤᠭᠲᠠᠭᠠᠨ ᠲᠠᠯᠪᠢᠪᠠᠯ ᠴᠠᠩᠳᠤᠬᠤ ᠠᠴᠠ ᠰᠡᠷᠭᠡᠶᠢᠯᠡᠵᠦ ᠴᠢᠳᠠᠨ᠎ᠠ᠃         ★ ᠵᠥᠭᠡᠯᠡᠨ ᠪᠦᠰ ᠲᠡᠭᠡᠷ᠎ᠡ ᠭᠠᠳᠠᠷ ᠬᠡᠷᠡᠭᠯᠡᠬᠦ ᠰᠫᠢᠷᠲ ᠳᠤᠰᠤᠭᠠᠵᠤ ᠪᠤᠷᠤᠭᠠᠨ ᠤ ᠤᠰᠤ ᠶᠢᠨ ᠬᠤᠰᠤᠭᠤᠷ  ᠢᠶᠠᠷ ᠵᠦᠯᠭᠦᠪᠡᠯ ᠲᠡᠷᠭᠡᠨ ᠰᠢᠯ ᠲᠠᠢ ᠪᠠᠷᠢᠯᠳᠤᠨ ᠬᠥᠯᠳᠡᠬᠦ ᠠᠴᠠ ᠰᠡᠷᠭᠡᠶᠢᠯᠡᠵᠦ ᠴᠢᠳᠠᠨ᠎ᠠ᠃       ★ ᠲᠡᠷᠭᠡᠨ ᠤᠨᠢᠰᠤ ᠶᠢᠨ ᠨᠥᠬᠡ ᠳᠤ ᠮᠥᠰᠤ ᠪᠠᠷᠢᠯᠳᠤᠨ ᠬᠥᠯᠳᠡᠭᠰᠡᠨ ᠪᠠᠶᠢᠪᠠᠯ ᠲᠡᠷᠭᠡᠨ ᠳᠦᠯᠬᠢᠭᠦᠷ ᠢᠶᠠᠨ ᠬᠡᠲᠡ ᠪᠠᠷ ᠬᠠᠯᠠᠭᠠᠭᠤᠯᠤᠭᠠᠳ ᠠᠯᠭᠤᠷ ᠢᠶᠠᠷ ᠳᠦᠯᠬᠢᠨ ᠤᠷᠤᠭᠤᠯᠪᠠᠯ ᠪᠤᠯᠴᠢᠬᠠᠨ᠎ᠠ᠃         ★ ᠭᠠᠷ ᠳᠤᠷᠭᠤᠭᠤᠷ ᠬᠦᠯᠳᠡᠪᠡᠯ ᠨᠢᠭᠡᠳᠦᠭᠡᠷ ᠵᠠᠯᠭᠠᠯᠲᠠ ᠪᠤᠶᠤ ᠤᠬᠤᠷᠢᠬᠤ ᠵᠠᠯᠭᠠᠯᠲᠠ ᠶᠢ ᠵᠠᠯᠭᠠᠨ ᠲᠡᠷᠭᠡ  ᠪᠠᠨ ᠠᠯᠭᠤᠷ ᠢᠶᠠᠷ ᠨᠠᠰᠢ ᠴᠠᠰᠢ ᠬᠦᠳᠡᠯᠭᠡᠨ᠎ᠡ᠂ ᠢᠩᠭᠢᠭᠡᠳ ᠪᠤᠯᠬᠤ ᠦᠭᠡᠢ ᠪᠤᠯ ᠦᠯᠢᠭᠦᠷ ᠢᠶᠠᠷ ᠲᠡᠷᠭᠡᠨ ᠤ ᠬᠤᠶᠢᠲᠤ ᠬᠤᠶᠠᠷ ᠬᠦᠷᠳᠤ ᠶᠢ ᠬᠦᠴᠦ ᠲᠠᠢ ᠬᠡᠳᠦ ᠢᠰᠭᠦᠯᠪᠡᠯ ᠪᠤᠯᠴᠢᠬᠠᠨ᠎ᠠ᠃         ★ ᠲᠡᠷᠭᠡᠨ ᠬᠦᠷᠳᠦ ᠭᠠᠵᠠᠷ ᠲᠠᠢ ᠪᠠᠷᠢᠯᠳᠤᠨ ᠬᠦᠯᠳᠡᠭᠰᠡᠨ ᠦᠶ᠎ᠡ ᠳᠤ ᠬᠠᠷ᠎ᠠ ᠢᠳᠡ ᠪᠠᠷ ᠲᠡᠷᠭᠡ ᠪᠠᠨ ᠬᠦᠳᠡᠯᠭᠡᠬᠦ ᠨᠢ ᠵᠤᠬᠢᠰ ᠦᠭᠡᠢ᠂ ᠬᠠᠷᠢᠨ ᠤᠷᠢᠳ ᠢᠶᠠᠷ ᠬᠦᠷᠵᠡ ᠪᠠᠷ ᠲᠡᠷᠭᠡᠨ ᠬᠦᠷᠳᠤ ᠶᠢᠨ ᠮᠥᠰᠦ ᠶᠢ ᠠᠷᠢᠯᠭᠠᠨ ᠴᠡᠪᠡᠷᠯᠡᠭᠰᠡᠨ ᠤ ᠳᠠᠷᠠᠭ᠎ᠠ ᠨᠢᠭᠡᠳᠦᠭᠡᠷ ᠵᠠᠯᠭᠠᠯᠲᠠ ᠪᠠ ᠤᠬᠤᠷᠢᠬᠤ ᠵᠠᠯᠭᠠᠯᠲᠠ ᠶᠢ ᠵᠠᠯᠭᠠᠵᠤ ᠲᠡᠷᠭᠡ ᠪᠠᠨ ᠠᠭᠠᠵᠢᠮᠠᠬᠠᠨ ᠬᠦᠳᠡᠯᠭᠡᠬᠦ ᠬᠡᠷᠡᠭᠲᠡᠢ᠃
 
ᠢᠷᠡᠯᠲᠡ᠄ ᠥᠪᠥᠷ ᠮᠤᠩᠭᠤᠯ ᠤᠨ ᠠᠮᠢᠳᠤᠷᠠᠯ ᠭᠠᠷᠠᠭ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号