| 8 ᠰᠠᠷ᠎ᠠ ᠶᠢᠨ 7 ᠤ ᠦᠳᠡ ᠶᠢᠨ ᠡᠮᠦᠨ᠎ᠠ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠦᠪ | ᠬᠤᠷᠢᠶ᠎ᠠ ᠶᠢᠨ ᠤᠯᠤᠰ ᠲᠦᠷᠦ ᠶᠢᠨ ᠲᠤᠪᠴᠢᠶ᠎ᠠ ᠶᠢᠨ ᠪᠠᠶᠢᠩᠭᠤ ᠶᠢᠨ ᠬᠡᠰᠢᠭᠦᠨ᠂ ᠪᠦᠬᠦ ᠤᠯᠤᠰ ᠤᠨ ᠤᠯᠤᠰ | ᠲᠦᠷᠦ ᠶᠢᠨ ᠵᠦᠪᠯᠡᠯᠭᠡᠨ ᠤ ᠲᠡᠷᠢᠭᠦᠯᠡᠭᠴᠢ᠂ ᠲᠦᠪ ᠤᠨ ᠲᠦᠯᠦᠭᠡᠯᠡᠭᠴᠢᠳ ᠤᠨ ᠪᠦᠯᠬᠦᠮ ᠤᠨ ᠲᠠᠷᠤᠭ᠎ᠠ ᠢᠤᠢ ᠵᠧᠩ | ᠱᠧᠩ ᠲᠦᠪ ᠤᠨ ᠲᠦᠯᠦᠭᠡᠯᠡᠭᠴᠢᠳ ᠤᠨ ᠪᠦᠯᠬᠦᠮ ᠢ ᠲᠠᠭᠠᠭᠤᠯᠤᠨ ᠦᠪᠦᠷ ᠮᠤᠩᠭᠤᠯ ᠤᠨ ᠦᠪᠡᠷᠳᠡᠭᠡᠨ ᠵᠠᠰᠠᠬᠤ | ᠤᠷᠤᠨ ᠳᠤ ᠲᠤᠷᠠᠰᠬᠠᠯ ᠤᠨ ᠪᠤᠳᠠᠰ ᠪᠡᠯᠡᠭᠯᠡᠬᠦ ᠶᠤᠰᠤᠯᠠᠯ ᠳᠤ ᠤᠷᠤᠯᠴᠠᠵᠠᠢ᠃ ᠲᠦᠪ ᠤᠨ ᠲᠦᠯᠦᠭᠡᠯᠡᠭᠴᠢᠳ ᠤᠨ | ᠪᠦᠯᠬᠦᠮ ᠦᠪᠦᠷ ᠮᠤᠩᠭᠤᠯ ᠳᠤ ᠶᠡᠷᠦᠩᠬᠡᠢ ᠱᠦᠵᠢ ᠰᠢ ᠶᠢᠨ ᠫᠢᠩ ᠤᠨ ᠪᠢᠴᠢᠭᠰᠡᠨ ᠪᠢᠴᠢᠭᠡᠰᠦ ᠲᠠᠢ ᠪᠠᠶᠠᠷ ᠤᠨ | ᠢᠯᠡᠷᠭᠡᠶᠢᠯᠡᠯ᠂ ᠪᠢᠴᠢᠭᠡᠰᠦ ᠶᠢᠨ ᠲᠠᠯᠪᠢᠭᠤᠷ ᠵᠡᠷᠭᠡ ᠲᠤᠷᠠᠰᠬᠠᠯ ᠤᠨ ᠪᠤᠳᠠᠰ ᠪᠡᠯᠡᠭᠯᠡᠪᠡ᠃ | ᠪᠠᠶᠠᠷ ᠤᠨ ᠢᠯᠡᠷᠭᠡᠶᠢᠯᠡᠯ ᠲᠦᠪ ᠶᠡᠭᠡᠮᠰᠦᠭ ᠮᠦᠷᠳᠡᠭᠡᠨ ᠰᠦᠷ ᠵᠢᠪᠬᠤᠭ᠎ᠠ ᠲᠠᠢ᠂ ᠶᠡᠷᠦᠩᠬᠡᠢ ᠱᠦᠵᠢ ᠰᠢ ᠶᠢᠨ | ᠫᠢᠩ ᠤᠨ ᠪᠢᠴᠢᠭᠰᠡᠨ ︽ᠦᠵᠡᠰᠭᠦᠯᠡᠩᠳᠦ ᠰᠠᠶᠢᠬᠠᠨ ᠦᠪᠦᠷ ᠮᠤᠩᠭᠤᠯ ᠢᠶᠠᠨ ᠪᠦᠳᠦᠭᠡᠨ ᠪᠠᠶᠢᠭᠤᠯᠵᠤ᠂ ᠠᠭᠤᠤ ᠶᠡᠭᠡ | ᠲᠤᠮᠳᠠᠳᠤ ᠶᠢᠨ ᠵᠡᠭᠦᠳᠦ ᠪᠠᠨ ᠬᠠᠮᠳᠤᠪᠡᠷ ᠲᠡᠷᠬᠡᠯᠰᠢᠭᠦᠯᠦᠶ᠎ᠠ︾ ᠭᠡᠬᠦ ᠪᠢᠴᠢᠭᠡᠰᠦ ᠵᠢᠴᠢ ᠮᠤᠩᠭᠤᠯ ᠤᠷᠴᠢᠭᠤᠯᠭ᠎ᠠ ᠨᠢ | ᠢᠯᠡᠷᠭᠡᠶᠢᠯᠡᠯ ᠤᠨ ᠲᠦᠪ ᠲᠤᠮᠳᠠ ᠲᠤᠳᠤᠬᠠᠨ ᠬᠠᠷᠠᠬᠳᠠᠨ᠎ᠠ᠃ ᠢᠯᠡᠷᠭᠡᠶᠢᠯᠡᠯ ᠤᠨ ᠬᠦᠪᠡᠭᠡ ᠪᠠᠷ ᠰᠡᠶᠢᠯᠦᠭᠰᠡᠨ 70 | ᠦᠯᠵᠡᠶᠢᠳᠤ ᠡᠭᠦᠯᠡᠨ ᠬᠡ ᠨᠢ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ 70 ᠵᠢᠯ ᠤᠨ ᠬᠡᠷᠡᠯ | ᠰᠠᠴᠤᠷᠠᠩᠭᠤᠢ ᠲᠡᠤᠭᠡᠨ ᠶᠠᠪᠤᠴᠠ ᠶᠢ ᠲᠦᠯᠦᠭᠡᠯᠡᠵᠤ᠂ ᠢᠯᠡᠷᠭᠡᠶᠢᠯᠡᠯ ᠤᠨ ᠭᠤᠣᠯ ᠭᠡᠰᠡᠭ ᠨᠢ ᠲᠤᠮᠳᠠᠳᠤ ᠶᠢᠨ | ᠤᠯᠠᠭᠠᠨ ᠦᠩᠭᠡ ᠪᠠᠷ ᠲᠡᠪᠢᠰᠭᠡᠷ ᠦᠩᠭᠡ ᠪᠤᠯᠭᠠᠵᠤ᠂ ᠠᠯᠳᠠᠨ ᠰᠢᠷᠭᠠᠯ ᠦᠡᠭᠭᠡ ᠲᠠᠢ ᠤᠷᠳᠤᠯᠵᠢᠨ ᠬᠡ ᠪᠠᠷ | ᠡᠮᠵᠢᠶᠠᠷᠯᠡᠵᠤ᠂ ᠠᠵᠠ ᠵᠢᠷᠭᠠᠯ᠂ ᠦᠯᠵᠡᠢ ᠭᠡᠰᠢᠭ᠂ ᠦᠨᠢ ᠮᠦᠩᠭᠡ ᠶᠢ ᠪᠡᠯᠭᠡᠳᠡᠵᠠᠢ᠃ | ᠲᠤᠷᠠᠰᠬᠠᠯ ᠤᠨ ᠪᠤᠳᠠᠰ ᠪᠡᠯᠡᠭᠯᠡᠬᠦ ᠶᠤᠰᠤᠯᠠᠯ ᠲᠡᠭᠡᠷ᠎ᠡ᠂ ᠢᠤᠢ ᠵᠧᠩ ᠱᠧᠩ ᠪᠠ ᠦᠪᠡᠷᠳᠡᠭᠡᠨ ᠵᠠᠰᠠᠬᠤ | ᠤᠷᠤᠨ ᠤ ᠨᠠᠮ ᠤᠨ ᠬᠤᠷᠢᠶ᠎ᠠ ᠶᠢᠨ ᠱᠦᠵᠢ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠡᠭᠭᠤ ᠶᠢᠨ | ᠬᠤᠷᠢᠶ᠎ᠠ ᠶᠢᠨ ᠡᠷᠬᠢᠯᠡᠭᠴᠢ ᠯᠢ ᠵᠢᠢ ᠾᠧᠩ ᠬᠠᠮᠳᠤᠪᠡᠷ ᠶᠡᠷᠦᠩᠬᠡᠢ ᠱᠦᠵᠢ ᠰᠢ ᠶᠢᠨ ᠫᠢᠩ ᠤᠨ ᠪᠢᠴᠢᠭᠡᠰᠦ ᠲᠠᠢ | ᠪᠠᠶᠠᠷ ᠤᠨ ᠢᠯᠡᠷᠭᠡᠶᠢᠯᠡᠯ ᠢ ᠰᠡᠭᠦᠪᠡ᠃ | ᠲᠤᠮᠳᠠᠳᠤ ᠤᠯᠤᠰ ᠤᠨ ᠡᠪ ᠬᠠᠮᠳᠤ ᠨᠠᠮ ᠤᠨ ᠲᠦᠪ ᠬᠤᠷᠢᠶ᠎ᠠ ᠶᠢᠨ ᠤᠯᠤᠰ ᠲᠦᠷᠦ ᠶᠢᠨ ᠲᠤᠪᠴᠢᠶ᠎ᠠ ᠶᠢᠨ | ᠬᠡᠰᠢᠭᠦᠨ᠂ ᠲᠦᠷᠦ ᠶᠢᠨ ᠶᠠᠪᠤᠳᠠᠯ ᠤᠨ ᠬᠤᠷᠢᠶ᠎ᠠ ᠶᠢᠨ ᠲᠡᠳ᠋ ᠶᠡᠷᠦᠩᠬᠡᠢ ᠰᠠᠶᠢᠳ᠂ ᠲᠦᠪ ᠤᠨ ᠲᠦᠯᠦᠭᠡᠯᠡᠭᠴᠢᠳ ᠤᠨ | ᠪᠦᠯᠬᠦᠮ ᠤᠨ ᠲᠡᠳ᠋ ᠲᠠᠷᠤᠭ᠎ᠠ ᠯᠢᠦ ᠶᠠᠨ ᠳ᠋ᠦᠩ ᠪᠠᠶᠠᠷ ᠤᠨ ᠦᠭᠡ ᠳᠡᠭᠡᠨ᠂ ᠶᠡᠷᠦᠩᠬᠡᠢ ᠱᠦᠵᠢ ᠰᠢ ᠶᠢᠨ ᠫᠢᠩ | ᠢᠮᠠᠬᠳᠠ ᠦᠨᠳᠦᠰᠦᠳᠡᠨ ᠤ ᠠᠵᠢᠯ ᠢ ᠲᠦᠢᠯ ᠢᠶᠠᠷ ᠬᠠᠯᠠᠮᠵᠢᠯᠠᠵᠤ᠂ ᠦᠨᠳᠦᠰᠦᠳᠡᠨ ᠤ ᠤᠷᠤᠨ ᠤᠨ ᠪᠠᠶᠢᠳᠠᠯ ᠢ ᠮᠠᠰᠢ | ᠠᠩᠬᠠᠷᠴᠣ᠂ ᠦᠪᠤᠷ ᠮᠤᠩᠭᠤᠯ ᠤᠨ ᠦᠨᠳᠤᠰᠤᠳᠠᠨ ᠨᠦᠭᠦᠳ ᠤᠨ ᠠᠷᠠᠳ ᠲᠦᠮᠡᠨ ᠢ ᠮᠠᠰᠢ ᠬᠠᠯᠠᠮᠵᠢᠯᠠᠵᠣ᠂ | ᠦᠪᠡᠷᠳᠡᠭᠡᠨ ᠵᠠᠰᠠᠬᠤ ᠣᠷᠣᠨ ᠪᠠᠶᠢᠭᠤᠯᠣᠭᠳᠠᠭᠰᠠᠨ 70 ᠵᠢᠯ ᠤᠨ ᠣᠢ ᠶᠢ ᠪᠡᠯᠭᠡᠯᠡᠬᠦ ᠶᠢᠨ ᠲᠦᠯᠦᠭᠡ ᠪᠠᠶᠠᠷᠳᠠᠢ ᠪᠠᠷ | ᠪᠢᠴᠢᠭᠡᠰᠦ ᠪᠢᠴᠢᠨ ᠦᠭᠴᠡᠢ᠃ ᠶᠡᠷᠦᠩᠬᠡᠢ ᠱᠦᠵᠢ ᠰᠢ ᠶᠢᠨ ᠫᠢᠩ ᠤᠨ ᠪᠢᠴᠢᠭᠡᠰᠦ ᠳᠤ ᠦᠪᠦᠷ ᠮᠤᠩᠭᠤᠯ ᠤᠨ | ᠰᠠᠷᠠᠭᠤᠯ ᠢᠷᠡᠭᠡᠳᠦᠢ᠂ ᠢᠷᠠᠭᠤ ᠠᠯᠳᠠᠷᠳᠦ ᠲᠡᠤᠭᠡᠨ ᠡᠭᠦᠷᠭᠡ ᠶᠢ ᠭᠦᠨᠵᠡᠭᠡᠢ ᠳᠣᠰᠬᠠᠵᠣ᠂ ᠦᠪᠦᠷ ᠮᠤᠩᠭᠤᠯ ᠪᠤᠯᠤᠨ | ᠪᠦᠬᠦ ᠤᠯᠤᠰ ᠤᠨ ᠦᠨᠳᠦᠰᠦᠳᠡᠨ ᠨᠦᠭᠦᠳ ᠤᠨ ᠠᠷᠠᠳ ᠲᠦᠮᠡᠨ ᠴᠢᠩ ᠰᠡᠳᠬᠢᠯ ᠠᠴᠠ ᠪᠠᠨ ᠪᠦᠯᠬᠦᠮᠳᠡᠨ᠂ | ᠵᠤᠷᠢᠭ ᠰᠢᠭᠤᠳᠤᠨ ᠬᠠᠳᠠᠭᠤᠵᠢᠯᠳᠠᠢ ᠲᠠᠮᠠᠴᠡᠬᠦ ᠶᠢ ᠴᠠᠭ ᠢᠮᠠᠭᠳᠠ ᠵᠤᠷᠢᠬᠵᠢᠭᠤᠯᠵᠤ᠂ ᠨᠠᠮ ᠤᠨ ᠲᠦᠪ | ᠬᠤᠷᠢᠶ᠎ᠠ ᠶᠢᠨ ᠦᠪᠦᠷ ᠮᠤᠩᠭᠤᠯ ᠤᠨ ᠤᠷᠢᠳᠤᠬᠢ ᠪᠠᠨ ᠵᠠᠯᠭᠠᠮᠵᠢᠯᠠᠨ ᠬᠤᠶᠢᠰᠢᠬᠢ ᠳᠤ ᠵᠠᠮ ᠨᠡᠭᠡᠭᠡᠭᠦ᠂ ᠲᠠᠬᠢᠨ ᠰᠢᠨ᠎ᠠ | ᠬᠠᠭᠤᠳᠠᠰᠦ ᠶᠢ ᠪᠢᠴᠢᠭᠯᠡᠭᠦ ᠬᠦᠰᠡᠯ ᠨᠡᠶᠢᠳᠡᠯᠭ᠎ᠠ ᠶᠢ ᠠᠴᠢᠶᠠᠯᠠᠵᠤ ᠪᠠᠶᠢᠨ᠎ᠠ ᠭᠡᠵᠤ ᠵᠢᠭᠠᠵᠤ ᠭᠠᠷᠭᠠᠪᠠ᠃ | ᠯᠢᠦ ᠶᠠᠨ ᠳ᠋ᠦᠩ᠂ ᠲᠦᠪ ᠠᠴᠠ ᠪᠠᠶᠠᠷ ᠤᠨ ᠢᠯᠡᠷᠭᠡᠶᠢᠯᠡᠯ ᠪᠡᠯᠡᠭᠯᠡᠭᠰᠡᠨ ᠨᠢ᠂ ᠦᠪᠦᠷ ᠮᠤᠩᠭᠤᠯ ᠢ | ᠦᠪᠡᠷᠳᠡᠭᠡᠨ ᠵᠠᠰᠬᠠᠤ ᠤᠷᠤᠨ ᠪᠠᠶᠢᠭᠤᠯᠤᠬᠳᠠᠬᠰᠠᠨ 70 ᠵᠢᠯ ᠤᠨ ᠤᠢ ᠪᠠᠷ ᠢᠶᠠᠨ ᠰᠢᠨ᠎ᠠ ᠭᠠᠷᠤᠭ᠎ᠠ ᠪᠤᠯᠭᠠᠵᠤ᠂ | ᠤᠭ ᠰᠠᠨᠠᠭ᠎ᠠ ᠪᠠᠨ ᠦᠯᠦ ᠮᠠᠷᠳᠠᠨ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ᠂ ᠪᠦᠯᠬᠦᠮᠳᠡᠨ ᠲᠡᠮᠡᠴᠡᠵᠤ᠂ | ᠴᠤᠴᠠᠯᠳᠠ ᠦᠭᠡᠢ ᠤᠷᠤᠬᠰᠢᠯᠠᠵᠣ᠂ ᠪᠦᠬᠦ ᠤᠯᠤᠰ ᠤᠨ ᠦᠨᠳᠦᠰᠦᠳᠡᠨ ᠨᠦᠭᠦᠳ ᠤᠨ ᠠᠷᠠᠳ ᠲᠦᠮᠡᠨ ᠲᠠᠢ ᠬᠠᠮᠳᠤ | ᠡᠭᠡ ᠤᠯᠤᠰ ᠤᠨ ᠢᠶᠠᠨ ᠲᠦᠯᠦᠭᠡ ᠵᠤᠷᠢᠬᠳᠠᠢ ᠪᠠᠷ ᠬᠠᠷᠢᠭᠤᠴᠠᠯᠭ᠎ᠠ ᠡᠬᠦᠷᠭᠡᠯᠡᠨ᠂ ᠠᠭᠤᠤ ᠶᠡᠭᠡ ᠰᠡᠷᠭᠦᠨ | ᠮᠠᠨᠳᠤᠯᠳᠠ ᠶᠢᠨ ᠲᠤᠮᠳᠠᠳᠤ ᠶᠢᠨ ᠵᠡᠭᠦᠳᠦ ᠶᠢ ᠡᠷᠳᠡᠭᠡᠨ ᠲᠡᠷᠬᠡᠯᠰᠢᠭᠦᠯᠭᠦ ᠶᠢ ᠬᠦᠰᠡᠵᠤ ᠪᠠᠶᠢᠭ᠎ᠠ ᠶᠠᠪᠣᠳᠠᠯ ᠪᠣᠯᠣᠨ᠎ᠠ | ᠬᠡᠪᠠ᠃ | ᠲᠦᠪ ᠤᠨ ᠲᠦᠯᠦᠭᠡᠯᠡᠭᠴᠢᠳ ᠤᠨ ᠪᠦᠯᠬᠦᠮ ᠤᠨ ᠪᠡᠯᠡᠭᠯᠡᠭᠰᠡᠨ ᠲᠤᠷᠠᠰᠬᠠᠯ ᠤᠨ ᠪᠤᠳᠠᠰ ᠨᠢ ᠦᠪᠦᠷ | ᠮᠤᠩᠭᠤᠯ ᠤᠨ ᠦᠨᠳᠦᠰᠦᠳᠡᠨ ᠨᠦᠭᠦᠳ ᠤᠨ ᠤᠯᠠᠨ ᠲᠦᠮᠡᠨ ᠤ ᠪᠤᠳᠠᠳᠤ ᠬᠡᠷᠡᠭᠴᠡᠭᠡ ᠶᠢ ᠭᠦᠢᠴᠡᠳ ᠪᠤᠳᠤᠯᠬᠢᠯᠠᠵᠣ᠂ | ᠦᠨᠳᠦᠰᠦᠳᠡᠨ ᠤ ᠤᠨᠴᠠᠯᠢᠭ ᠲᠠᠢ ᠮᠦᠷᠳᠡᠭᠡᠨ ᠲᠤᠬᠠᠢ ᠶᠢᠨ ᠭᠠᠵᠠᠷ ᠤᠨ ᠵᠠᠩ ᠵᠠᠩᠰᠢᠯ ᠲᠠᠢ ᠨᠡᠶᠢᠴᠡᠵᠤ᠂ | ᠲᠤᠷᠠᠰᠬᠠᠯ ᠤᠨ ᠠᠴᠢ ᠬᠤᠯᠪᠣᠭᠳᠠᠯ ᠲᠠᠢ ᠮᠦᠷᠳᠡᠭᠡᠨ ᠪᠤᠳᠠᠳᠠᠢ ᠶᠢ ᠡᠷᠬᠢᠮᠯᠡᠭᠰᠡᠨ ᠪᠤᠷᠤᠬᠵᠢᠭᠤᠨ ᠵᠦᠢᠯᠡᠰ ᠪᠤᠯᠤᠨ᠎ᠠ᠃ | ᠲᠤᠷᠠᠰᠬᠠᠯ ᠤᠨ ᠪᠤᠳᠠᠰ ᠨᠢ ᠨᠡᠶᠢᠳᠡ 9 ᠲᠦᠷᠦᠯ᠂ ᠡᠭᠦᠨ ᠳᠤ ᠪᠠᠶᠠᠷ ᠤᠨ ᠢᠯᠡᠷᠭᠡᠶᠢᠯᠡᠯ᠂ ᠲᠠᠯᠪᠢᠭᠤᠷ᠂ ᠰᠦ ᠲᠠᠢ | ᠴᠠᠢ ᠶᠢᠨ ᠬᠡᠷᠡᠭᠰᠡᠯ᠂ ᠤᠯᠠᠨ ᠵᠠᠭᠤᠴᠢᠳᠣ ᠵᠢᠭᠠᠨ ᠰᠤᠷᠭᠠᠯᠳᠠ ᠶᠢᠨ ᠨᠢᠭᠡ ᠴᠤᠬᠴᠠᠵᠢᠭᠤᠯᠤᠬᠰᠠᠨ ᠮᠠᠰᠢᠨ᠂ ᠭᠡᠩᠭᠡᠷᠭᠡ | ᠪᠦᠷᠢᠶ᠎ᠠ ᠶᠢᠨ ᠠᠩᠬᠢ ᠶᠢᠨ ᠬᠦᠭᠵᠢᠮ ᠤᠨ ᠵᠢᠮᠰᠡᠭ᠂ ᠵᠢᠷᠣᠭᠳᠣ ᠨᠣᠮ ᠳᠡᠪᠳᠡᠷ ᠪᠣᠯᠣᠨ ᠰᠢᠨᠵᠢᠯᠡᠭᠦ ᠤᠬᠠᠭᠠᠨ | ᠮᠡᠷᠭᠡᠵᠢᠯ ᠤᠨ ᠲᠤᠷᠰᠢᠯᠳᠠ ᠶᠢᠨ ᠨᠠᠭᠠᠳᠤᠮ ᠤᠨ ᠪᠠᠭᠠᠵᠢ᠂ ᠲᠤᠮᠤ ᠬᠡᠯᠪᠡᠷᠢ ᠶᠢᠨ ᠬᠤᠪᠴᠠᠰᠦ ᠤᠬᠢᠶᠠᠬᠤ ᠮᠠᠰᠢᠨ | ᠵᠡᠷᠭᠡ ᠪᠤᠢ᠃ | ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠲᠡᠳ᠋ | ᠲᠠᠷᠤᠭ᠎ᠠ᠂ ᠲᠦᠪ ᠤᠨ ᠲᠦᠯᠦᠭᠡᠯᠡᠭᠴᠢᠳ ᠤᠨ ᠪᠦᠯᠬᠦᠮ ᠤᠨ ᠲᠡᠳ᠋ ᠲᠠᠷᠤᠭ᠎ᠠ ᠵᠠᠩ ᠫᠢᠩ ᠲᠤᠷᠠᠰᠬᠠᠯ ᠤᠨ | ᠪᠤᠳᠠᠰ ᠤᠨ ᠨᠠᠷᠢᠨ ᠲᠠᠩᠰᠠ ᠶᠢ ᠤᠩᠰᠢᠨ ᠨᠡᠶᠢᠳᠡᠯᠡᠵᠦ᠂ ᠲᠦᠪ ᠤᠨ ᠲᠦᠯᠦᠭᠡᠯᠡᠭᠴᠢᠳ ᠤᠨ ᠪᠦᠯᠬᠦᠮ ᠤᠨ ᠲᠡᠳ᠋ | ᠲᠠᠷᠤᠭ᠎ᠠ ᠰᠦᠨ ᠴᠦᠨ ᠯᠠᠨ᠂ ᠸᠠᠩ ᠵᠧᠩ ᠸᠧᠢ᠂ ᠵᠠᠩ ᠶᠠᠩ ᠨᠠᠷ ᠶᠤᠰᠤᠯᠠᠯ ᠳᠤ ᠤᠷᠤᠯᠴᠠᠵᠠᠢ᠃ | ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠲᠡᠳ᠋ ᠱᠦᠵᠢ᠂ ᠦᠪᠡᠷᠳᠡᠭᠡᠨ ᠵᠠᠰᠠᠬᠤ ᠤᠷᠤᠨ ᠤ | ᠲᠡᠷᠢᠭᠦᠯᠡᠭᠴᠢ ᠪᠦ᠋ ᠰᠢᠶᠤᠤ ᠯᠢᠨ ᠶᠤᠰᠤᠯᠠᠯ ᠢ ᠡᠷᠬᠢᠯᠡᠵᠤ᠂ ᠦᠪᠡᠷᠳᠡᠭᠡᠨ ᠵᠠᠰᠠᠬᠤ ᠤᠷᠤᠨ ᠤ ᠤᠯᠤᠰ ᠲᠦᠷᠦ ᠶᠢᠨ | ᠵᠦᠪᠯᠡᠯᠭᠡᠨ ᠤ ᠲᠡᠷᠢᠭᠦᠯᠡᠭᠴᠢ ᠷᠸᠠ ᠶᠠ ᠫᠢᠩ᠂ ᠦᠪᠦᠷ ᠮᠤᠩᠭᠤᠯ ᠤᠨ ᠴᠡᠷᠢᠭ ᠤᠨ ᠲᠤᠭᠤᠷᠢᠭ ᠤᠨ ᠺᠤᠮᠠᠨᠳᠠᠯᠠᠬᠴᠢ | ᠯᠧᠩ ᠵᠢᠶᠧ ᠰᠦᠩ᠂ ᠦᠪᠦᠷ ᠮᠤᠩᠭᠤᠯ ᠤᠨ ᠴᠡᠷᠢᠭ ᠤᠨ ᠲᠤᠭᠤᠷᠢᠭ ᠤᠨ ᠺᠤᠮᠢᠰᠰᠠᠷ ᠸᠠᠩ ᠪᠢᠩ ᠶᠤᠸᠠᠢ ᠵᠡᠷᠭᠡ | ᠦᠪᠡᠷᠳᠡᠭᠡᠨ ᠵᠠᠰᠠᠬᠤ ᠤᠷᠤᠨ ᠤ ᠤᠳᠤᠷᠢᠳᠤᠯᠭ᠎ᠠ᠂ ᠦᠪᠡᠷᠳᠡᠭᠡᠨ ᠵᠠᠰᠠᠬᠤ ᠤᠷᠤᠨ ᠤ ᠬᠠᠮᠢᠶ᠎ᠠ ᠪᠦᠬᠦᠢ ᠰᠠᠯᠠᠭ᠎ᠠ | ᠮᠦᠴᠢᠷ᠂ ᠨᠢᠭᠡᠴᠡ ᠶᠢᠨ ᠬᠠᠷᠢᠭᠤᠴᠠᠯᠭᠠᠳᠠᠨ ᠨᠦᠬᠦᠳ ᠵᠢᠴᠢ ᠡᠯ᠎ᠠ ᠦᠨᠳᠦᠰᠦᠳᠡᠨ ᠡᠯ᠎ᠠ ᠡᠳᠡᠭᠡᠳ ᠤᠨ | ᠲᠦᠯᠦᠭᠡᠯᠡᠭᠴᠢᠳ ᠶᠤᠰᠤᠯᠠᠯ ᠳᠤ ᠤᠷᠤᠯᠴᠠᠵᠠᠢ᠃ |