ᠪᠠᠷᠠᠭᠤᠨ ᠦᠵᠦᠮᠦᠴᠢᠨ ᠬᠤᠰᠢᠭᠤᠨ ᠤ ᠨᠤᠳᠤᠭ ᠲᠤ ᠭᠠᠩ ᠭᠠᠴᠢᠬ ᠦᠷᠭᠦᠯᠵᠢᠯᠡᠵᠤ᠂ ᠵᠠᠷᠢᠮ ᠭᠠᠵᠠᠷ | ᠤᠷᠤᠨ ᠳᠤ ᠭᠠᠩ ᠤᠨ ᠪᠠᠶᠢᠳᠠᠯ ᠭᠡᠴᠡᠭᠦᠳᠡᠨ᠂ ᠵᠤᠨ ᠤ ᠬᠠᠯᠠᠭᠤᠨ ᠴᠠᠭ ᠢᠶᠠᠷ ᠴᠤ ᠮᠠᠯ ᠤᠨᠤᠭ᠎ᠠ ᠪᠠᠨ ᠳᠡᠵᠢᠭᠡᠵᠤ | ᠡᠭᠢᠯᠡᠭᠰᠡᠨ ᠠᠴᠠ ᠮᠠᠯᠴᠢᠳ ᠤᠨ ᠳᠤᠮᠳᠠ ᠡᠪᠡᠰᠤ ᠪᠤᠷᠳᠤᠭ᠎ᠠ ᠳᠤᠳᠠᠬᠳᠠᠬᠤ ᠠᠰᠠᠭᠤᠳᠠᠯ ᠭᠠᠷᠤᠬᠰᠠᠨ ᠪᠠᠶᠢᠯ᠎ᠠ᠃ | ᠡᠨᠡᠬᠦ ᠪᠠᠶᠢᠳᠠᠯ ᠳᠤᠤᠷ᠎ᠠ ᠳᠤᠰ ᠬᠤᠰᠢᠭᠤ ᠨᠦᠭᠡᠴᠡ ᠡᠪᠡᠰᠤ ᠪᠠᠨ ᠭᠢᠮᠳᠠ ᠦᠨ᠎ᠡ ᠪᠠᠷ ᠮᠠᠯᠴᠢᠳ ᠲᠤ ᠬᠠᠨᠭ᠍ᠭᠠᠨ | ᠦᠭᠭᠦ᠂ ᠭᠠᠳᠠᠨ᠎ᠠ ᠠᠴᠠ ᠭᠢᠮᠳᠠ ᠦᠨ᠎ᠡ ᠶᠢᠨ ᠨᠤᠭᠤᠭᠠᠨ ᠳᠠᠷᠤᠰᠢ ᠬᠠᠷᠢᠯᠴᠠᠨ ᠤᠷᠤᠭᠤᠯᠬᠤ᠂ ᠮᠠᠯᠴᠢᠳ ᠤᠨ | ᠦᠪᠡᠷᠰᠡᠳ ᠢᠶᠠᠨ ᠬᠠᠷᠢᠯᠴᠠᠨ ᠭᠠᠳᠠᠨ᠎ᠠ ᠠᠴᠠ ᠡᠪᠡᠰᠦ ᠤᠷᠤᠭᠤᠯᠬᠤ ᠶᠢ ᠵᠤᠷᠢᠬᠵᠢᠭᠤᠯᠬᠤ ᠵᠢᠴᠢ ᠡᠪᠡᠰᠤ ᠪᠤᠷᠳᠤᠭ᠎ᠠ | ᠤᠷᠤᠭᠤᠯᠬᠤ ᠳᠤ ᠨᠦᠭᠦᠪᠦᠷᠢ ᠤᠯᠭᠤᠬᠤ ᠵᠡᠷᠭᠡ ᠠᠷᠭ᠎ᠠ ᠭᠡᠮᠵᠢᠶ᠎ᠡ ᠠᠪᠤᠬᠰᠠᠨ ᠢᠶᠠᠷ 1 ᠲᠦᠮᠡ 6600 ᠳᠤᠨ | ᠪᠠᠴᠢᠮ ᠭᠡᠷᠡᠭᠰᠡᠭᠦ ᠡᠪᠡᠰᠤᠨ ᠤ ᠠᠰᠠᠭᠤᠳᠠᠯ ᠢ ᠰᠢᠢᠳᠪᠦᠷᠢᠯᠡᠭᠰᠡᠨ ᠪᠠᠶᠢᠨ᠎ᠠ᠃ | ᠪᠠᠷᠠᠭᠤᠨ ᠦᠵᠦᠮᠦᠴᠢᠨ ᠬᠤᠰᠢᠭᠤ ᠭᠠᠮᠰᠢᠬ ᠲᠠᠢ ᠳᠡᠮᠡᠴᠡᠭᠦ ᠰᠠᠭᠤᠷᠢᠨ ᠭᠠᠵᠠᠷ ᠲᠠᠭᠠᠨ ᠬᠠᠳᠠᠭᠠᠯᠠᠵᠤ ᠪᠠᠶᠢᠬᠰᠠᠨ | ᠨᠦᠭᠡᠴᠡ ᠡᠪᠡᠰᠤ ᠪᠠᠨ ᠭᠠᠩ ᠤᠨ ᠪᠠᠶᠢᠳᠠᠯ ᠤᠨ ᠭᠦᠨᠳᠤ ᠨᠤᠴᠢᠳᠠᠢ ᠪᠠᠶᠢᠳᠠᠯ ᠢ ᠦᠨᠳᠦᠰᠦᠯᠡᠨ ᠭᠡᠳᠤᠨ ᠰᠤᠮᠤ | ᠪᠠᠯᠭᠠᠰᠤᠨ ᠳᠠᠭᠠᠨ ᠬᠤᠪᠢᠶᠠᠷᠢᠯᠠᠬᠰᠠᠨ ᠢᠶᠠᠨ ᠳᠠᠭᠢᠨ ᠡᠪᠡᠰᠤᠨ ᠤ ᠭᠠᠷᠤᠯᠳᠠ ᠶᠢᠨ ᠤᠷᠤᠨ᠂ ᠬᠠᠳᠠᠭᠠᠯᠠᠬᠰᠠᠨ | ᠬᠤᠭᠤᠴᠠᠭᠠᠨ ᠤ ᠠᠳᠠᠯᠢ ᠪᠤᠰᠤ ᠶᠢ ᠦᠨᠳᠦᠰᠦᠯᠡᠨ ᠳᠤᠨ ᠪᠦᠷᠢ ᠶᠢ ᠨᠢ 556 ᠲᠦᠭᠦᠷᠢᠭ᠂ 616 ᠲᠦᠭᠦᠷᠢᠭ᠂ | 736 ᠲᠦᠭᠦᠷᠢᠭ ᠤᠨ ᠭᠢᠮᠳᠡ ᠦᠨ᠎ᠡ ᠪᠠᠷ ᠮᠠᠯᠴᠢᠳ ᠲᠤ ᠬᠤᠳᠠᠯᠳᠤᠨ ᠦᠭᠴᠦ ᠪᠤᠢ᠃ ᠤᠯᠠᠭᠠᠨᠬᠠᠭᠠᠯᠭ᠎ᠠ | ᠰᠤᠮᠤᠨ ᠤ ᠢᠯᠠᠯᠳᠠ ᠭᠠᠴᠠᠭᠠᠨ ᠤ ᠮᠠᠯᠴᠢᠨ ᠪᠠᠭᠠᠳᠤᠷ 7 ᠳ᠋ᠤᠭᠠᠷ ᠰᠠᠷ᠎ᠠ ᠶᠢᠨ 6 ᠤ ᠡᠳᠤᠷ ᠤᠨ ᠦᠷᠯᠦᠭᠡ ᠡᠷᠳᠡᠯᠡᠨ | ᠰᠤᠮᠤ᠂ ᠭᠠᠴᠠᠭ᠎ᠠ ᠬᠤᠶᠠᠷ ᠱᠠᠳᠤᠨ ᠤ ᠭᠢᠵᠤ ᠦᠭᠭᠦᠭᠰᠡᠨ ᠨᠦᠭᠡᠴᠡ ᠡᠪᠡᠰᠤᠨ ᠠᠴᠠ ᠬᠤᠳᠠᠯᠳᠤᠨ ᠠᠪᠬᠤ ᠭᠡᠷᠡᠴᠢ | ᠳᠡᠮᠳᠡᠭ ᠢᠶᠠᠨ ᠠᠪᠴᠤ ᠬᠤᠰᠢᠭᠤᠨ ᠤ ᠪᠠᠨ ᠭᠠᠮᠰᠢᠭ ᠲᠠᠢ ᠳᠡᠮᠡᠴᠡᠭᠦ ᠰᠠᠭᠤᠷᠢᠨ ᠭᠠᠵᠠᠷ ᠲᠤ ᠬᠠᠳᠠᠭᠠᠯᠠᠵᠤ ᠪᠠᠶᠢᠭ᠎ᠠ | ᠨᠦᠭᠡᠴᠡ ᠡᠪᠡᠰᠤᠨ ᠠᠴᠠ ᠠᠪᠬᠤ ᠪᠠᠷ ᠭᠦᠷᠦᠭᠡᠳ ᠢᠷᠡᠭᠰᠡᠨ ᠪᠠᠶᠢᠯ᠎ᠠ᠃ ︽ᠮᠠᠨ ᠤ ᠳᠡᠨᠳᠡ ᠤᠳᠤᠬᠠᠨ ᠪᠤᠯᠳᠠᠯ᠎ᠠ | ᠳᠤᠰᠤᠯ ᠪᠤᠷᠤᠭᠠᠨ ᠴᠤ ᠤᠷᠤᠭ᠎ᠠ ᠦᠭᠡᠢ ᠪᠤᠯᠬᠤᠷ ᠨᠤᠳᠤᠭ ᠪᠡᠯᠴᠢᠭᠡᠷ ᠶᠡᠭᠡᠪᠡᠷ ᠭᠠᠨᠭ᠍ᠳᠠᠬᠰᠠᠨ᠃ ᠳᠡᠭᠡᠭᠡᠳ ᠪᠢᠳᠡ | ᠠᠷᠭ᠎ᠠ ᠪᠤᠰᠤ ᠡᠪᠡᠰᠤ ᠬᠤᠳᠠᠯᠳᠤᠨ ᠠᠪᠴᠤ ᠮᠠᠯ ᠢᠶᠠᠨ ᠳᠡᠵᠢᠭᠡᠭᠦ ᠪᠠᠷ ᠪᠤᠢ᠃ ᠮᠠᠨ ᠤ ᠬᠢ ᠨᠢᠭᠡ ᠳᠤᠨ ᠳᠡᠭᠡᠨ | 556 ᠲᠦᠭᠦᠷᠢᠭ ᠤᠨ ᠦᠷᠳᠡᠭ ᠲᠠᠢ ᠡᠪᠡᠰᠤ ᠠᠴᠠ 7.32 ᠲᠤᠨ ᠠᠪᠬᠤ ᠪᠠᠷ ᠳᠤᠬᠳᠠᠬᠰᠠᠨ᠃ ᠡᠨᠡ ᠡᠪᠡᠰᠤ ᠨᠢ | ᠭᠠᠳᠠᠨ᠎ᠠ ᠵᠠᠬ᠎ᠠ ᠳᠡᠭᠡᠷ᠎ᠡ ᠬᠤᠳᠠᠯᠳᠤᠵᠤ ᠪᠠᠶᠢᠬᠤ ᠡᠪᠡᠰᠤ ᠶᠢ ᠪᠤᠳᠤᠪᠠᠯ ᠶᠡᠭᠡ ᠭᠢᠮᠳᠠᠬᠠᠨ︾ ᠭᠡᠵᠤ ᠪᠠᠭᠠᠳᠤᠷ | ᠶᠠᠷᠢᠭᠠᠳ ᠡᠪᠡᠰᠤ ᠪᠠᠨ ᠳᠡᠭᠡᠭᠡᠵᠤ ᠡᠷᠳᠡᠭᠡᠨ ᠪᠤᠴᠠᠬᠤ ᠪᠠᠷ ᠶᠠᠭᠠᠷᠠᠵᠤ ᠭᠠᠷᠤᠯ᠎ᠠ᠃ | ᠳᠤᠰ ᠬᠤᠰᠢᠭᠤ ᠪᠠᠰᠠ ᠾᠧᠪᠸᠢ ᠮᠤᠵᠢ ᠶᠢᠨ ᠳᠠᠩᠱᠠᠨ ᠬᠤᠳᠠ ᠶᠢᠨ ᠨᠢᠭᠡᠨ ᠠᠵᠤ ᠠᠬᠤᠢᠢᠯᠠᠯ ᠠᠴᠠ | ᠨᠤᠭᠤᠭᠠᠨ ᠳᠠᠷᠤᠰᠢ ᠤᠷᠤᠭᠤᠯᠵᠤ᠂ ᠮᠠᠯᠴᠢᠳ ᠤᠨ ᠪᠠᠴᠢᠮ ᠭᠡᠷᠡᠭᠰᠡᠭᠦ ᠡᠪᠡᠰᠤᠨ ᠤ ᠠᠰᠠᠭᠤᠳᠠᠯ ᠢ ᠰᠢᠢᠳᠪᠦᠷᠢᠯᠡᠵᠤ | ᠪᠤᠢ᠃ ︽ᠮᠠᠨ ᠤ ᠬᠤᠰᠢᠭᠤ ᠾᠧᠪᠸᠢ ᠮᠤᠵᠢ ᠶᠢᠨ ᠳᠠᠩᠱᠠᠨ ᠬᠤᠳᠠ ᠠᠴᠠ 1100 ᠳᠤᠨ ᠨᠤᠭᠤᠭᠠᠨ ᠳᠠᠷᠤᠰᠢ | ᠤᠷᠤᠭᠤᠯᠤᠨ ᠠᠪᠴᠢᠷᠠᠵᠤ᠂ 800 ᠳᠤᠨ ᠢ ᠨᠢ ᠨᠢᠭᠡᠨᠳᠡ ᠨᠤᠭᠤᠭᠠᠨ ᠳᠠᠷᠤᠰᠢ ᠠᠪᠬᠤ ᠪᠠᠷ ᠳᠤᠬᠳᠠᠬᠰᠠᠨ ᠮᠠᠯᠴᠢᠨ | ᠡᠷᠤᠭᠡ ᠳᠤ ᠳᠤᠨ ᠪᠦᠷᠢ ᠶᠢ ᠨᠢ 390 ᠲᠦᠭᠦᠷᠢᠭ ᠢᠶᠠᠷ ᠭᠦᠷᠭᠡᠨ ᠦᠭᠴᠤ᠂ ᠦᠯᠡᠳᠡᠭᠰᠡᠨ ᠢ ᠨᠢ ᠭᠠᠮᠰᠢᠬ ᠲᠠᠢ | ᠳᠡᠮᠡᠴᠡᠭᠦ ᠡᠪᠡᠰᠤ ᠪᠤᠷᠳᠤᠭᠠᠨ ᠤ ᠰᠠᠭᠤᠷᠢᠨ ᠭᠠᠵᠠᠷ ᠲᠤ ᠬᠠᠳᠠᠭᠠᠯᠠᠨ᠂ ᠭᠡᠷᠡᠭᠴᠡᠭᠡ ᠲᠠᠢ ᠮᠠᠯᠴᠢᠳ ᠲᠤ ᠬᠠᠨᠭ᠍ᠭᠠᠨ | ᠦᠭᠭᠦ ᠪᠠᠷ ᠪᠡᠯᠡᠭᠡᠨ ᠪᠤᠯᠭᠠᠬᠰᠠᠨ︾ ᠭᠡᠵᠤ ᠳᠤᠰ ᠬᠤᠰᠢᠭᠤᠨ ᠤ ᠮᠠᠯ ᠠᠵᠤ ᠠᠬᠤᠢ ᠶᠢᠨ ᠳᠤᠪᠴᠢᠶᠠᠨ ᠤ ᠳᠡᠳ᠋ | ᠳᠠᠷᠤᠭ᠎ᠠ ᠪᠠᠳᠤ ᠭᠠᠳᠠᠨ᠎ᠠ ᠠᠴᠠ ᠨᠤᠭᠤᠭᠠᠨ ᠳᠠᠷᠤᠰᠢ ᠤᠷᠤᠭᠤᠯᠤᠬᠰᠠᠨ ᠳᠤᠬᠠᠢ ᠪᠠᠨ ᠶᠠᠷᠢᠯ᠎ᠠ᠃ | ᠤᠢᠢᠯᠠᠭᠠᠬᠰᠠᠨ ᠢᠶᠠᠷ᠂ ᠨᠤᠭᠤᠭᠠᠨ ᠳᠠᠷᠤᠰᠢ ᠬᠤᠳᠠᠯᠳᠤᠨ ᠠᠪᠤᠬᠰᠠᠨ ᠡᠷᠤᠭᠡ ᠳᠤ ᠬᠤᠰᠢᠭᠤᠨ ᠠᠴᠠ ᠪᠠᠨ ᠪᠠᠰᠠ | ᠵᠦᠭᠡᠭᠡᠪᠦᠷᠢ ᠶᠢᠨ ᠰᠦᠢᠳᠭᠡᠯ ᠭᠡᠵᠤ ᠨᠢᠭᠡ ᠳᠤᠨ ᠳᠡᠭᠡᠷ᠎ᠡ ᠨᠢ 40 ᠲᠦᠭᠦᠷᠢᠭ ᠤᠨ ᠨᠦᠭᠦᠪᠦᠷᠢ ᠤᠯᠭᠤᠵᠤ᠂ | ᠳᠡᠳᠡᠨ ᠤ ᠨᠤᠭᠤᠭᠠᠨ ᠳᠠᠷᠤᠰᠢ ᠪᠠᠨ ᠴᠠᠭ ᠳᠤᠬᠠᠢ ᠳᠤᠨᠢ ᠤᠷᠤᠭᠤᠯᠬᠤ ᠳᠤ ᠲᠦᠭᠦᠮ ᠦᠵᠡᠭᠦᠯᠵᠠᠢ᠃ | ᠪᠠᠷᠠᠭᠤᠨ ᠦᠵᠦᠮᠦᠴᠢᠨ ᠬᠤᠰᠢᠭᠤᠨ ᠤ ᠮᠠᠯᠴᠢᠳ ᠴᠤ ᠦᠪᠡᠷᠳᠡᠭᠡᠨ ᠵᠡᠭᠦᠨ ᠦᠵᠦᠮᠦᠴᠢᠨ ᠬᠤᠰᠢᠭᠤ᠂ | ᠤᠯᠠᠭᠠᠢ ᠬᠠᠮᠢᠶᠠᠷᠤᠯᠳᠠ ᠶᠢᠨ ᠤᠷᠤᠨ ᠵᠡᠷᠭᠡ ᠭᠠᠵᠠᠷ ᠢᠶᠠᠷ ᠭᠦᠷᠴᠤ ᠡᠪᠡᠰᠤ ᠪᠤᠷᠳᠤᠭ᠎ᠠ ᠬᠠᠷᠢᠯᠴᠠᠨ ᠤᠷᠤᠭᠤᠯᠵᠤ | ᠪᠠᠶᠢᠪᠠ᠃ ᠭᠠᠳᠠᠨ᠎ᠠ ᠠᠴᠠ 50 ᠲᠤᠨ ᠡᠪᠡᠰᠦ ᠤᠷᠤᠭᠤᠯᠵᠤ ᠠᠪᠴᠢᠷᠠᠨ ᠪᠠᠭᠤᠯᠭᠠᠵᠤ ᠪᠠᠶᠢᠬᠰᠠᠨ ᠪᠠᠶᠠᠨᠬᠤᠰᠢᠭᠤ | ᠰᠤᠮᠤᠨ ᠤ ᠤᠨᠳᠤᠷᠠᠢ ᠭᠠᠴᠠᠭᠠᠨ ᠤ ᠮᠠᠯᠴᠢᠨ ᠰᠠᠶᠢᠨᠴᠤᠬᠳᠤ᠄ ︽ᠮᠠᠨ ᠤ ᠬᠢ ᠡᠨᠡ ᠡᠪᠡᠰᠤ ᠶᠢ ᠨᠢᠭᠡ ᠳᠤᠨ ᠢ ᠨᠢ | 900 ᠲᠦᠭᠦᠷᠢᠭ ᠢᠶᠠᠷ ᠵᠡᠭᠦᠨ ᠦᠵᠦᠮᠦᠴᠢᠨ ᠬᠤᠰᠢᠭᠤᠨ ᠤ ᠬᠠᠳᠠᠪᠴᠢ ᠪᠠᠯᠭᠠᠰᠤᠨ ᠠᠴᠠ ᠤᠷᠤᠭᠤᠯᠵᠤ | ᠠᠪᠴᠢᠷᠠᠬᠰᠠᠨ᠃ ᠭᠠᠳᠠᠨ᠎ᠠ ᠶᠢᠨ ᠮᠠᠶᠢᠮᠠᠶᠢᠴᠢᠨ ᠤ ᠤᠷᠤᠭᠤᠯᠵᠤ ᠠᠪᠴᠢᠷᠠᠨ ᠬᠤᠳᠠᠯᠳᠤᠵᠤ ᠪᠠᠶᠢᠬᠤ ᠶᠢ ᠪᠤᠳᠤᠪᠠᠯ | ᠨᠢᠭᠡ ᠳᠤᠨ ᠳᠡᠭᠡᠷ᠎ᠡ 200 ᠲᠦᠭᠦᠷᠢᠭ ᠭᠢᠮᠳᠠᠬᠠᠨ᠃ ᠳᠠᠭᠢᠪᠠᠯ ᠬᠤᠰᠢᠭᠤᠨ ᠠᠴᠠ ᠳᠡᠭᠡᠭᠡᠪᠦᠷᠢ ᠶᠢᠨ ᠰᠦᠢᠳᠭᠡᠯ | ᠭᠡᠵᠤ ᠨᠢᠭᠡ ᠳᠤᠨ ᠳᠡᠭᠡᠷ᠎ᠡ 60 ᠲᠦᠭᠦᠷᠢᠭ ᠤᠨ ᠨᠦᠭᠦᠪᠦᠷᠢ ᠦᠭᠴᠤ ᠪᠠᠶᠢᠭ᠎ᠠ ᠪᠤᠯᠬᠤᠷ ᠳᠡᠭᠡᠭᠡᠪᠦᠷᠢ ᠶᠢᠨ | ᠭᠦᠯᠦᠰᠦᠨ ᠤ ᠶᠡᠭᠡᠨᠭᠭᠢ ᠠᠰᠠᠭᠤᠳᠠᠯ ᠢ ᠴᠤ ᠰᠢᠢᠳᠪᠦᠷᠢᠯᠡᠭᠰᠡᠨ︾ ᠭᠡᠵᠤ ᠪᠠᠶᠢᠪᠠ᠃ ᠪᠦᠷᠢᠳᠭᠡᠯ ᠢ ᠦᠨᠳᠦᠰᠦᠯᠡᠪᠡᠯ᠂ | 7 ᠳ᠋ᠤᠭᠠᠷ ᠰᠠᠷ᠎ᠠ ᠶᠢᠨ 6 ᠤ ᠡᠳᠤᠷ ᠪᠤᠯᠳᠠᠯ᠎ᠠ ᠪᠦᠭᠦ ᠬᠤᠰᠢᠭᠤᠨ ᠤ ᠮᠠᠯᠴᠢᠳ ᠭᠠᠳᠠᠨ᠎ᠠ ᠠᠴᠠ ᠨᠢᠭᠡᠨᠳᠡ 1 ᠲᠦᠮᠡ | 1500 ᠲᠤᠨ ᠪᠠᠴᠢᠮ ᠭᠡᠷᠡᠭᠰᠡᠭᠦ ᠡᠪᠡᠰᠤ ᠤᠷᠤᠭᠤᠯᠤᠭᠠᠳ ᠪᠠᠶᠢᠭ᠎ᠠ ᠠᠵᠢ᠃ |