ᠮᠠᠨ ᠤ ᠠᠶᠢᠮᠠᠭ ᠭᠠᠨᠭ᠌ ᠲᠠᠢ ᠲᠡᠮᠡᠴᠡᠭᠦ ᠠᠵᠢᠯ ᠢ ᠪᠦᠬᠦ ᠬᠦᠴᠦᠨ ᠢᠶᠠᠷ ᠰᠠᠶᠢᠲᠤᠷ ᠬᠢᠵᠤ ᠪᠤᠢ
ᠨᠡᠶᠢᠲᠡᠯᠡᠭᠰᠡᠨ ᠴᠠᠭ᠄
2017/6/22
   ᠲᠡᠭᠡᠷ᠎ᠡ ᠬᠠᠭᠠᠰ ᠵᠢᠯ ᠳᠤ᠂ ᠮᠠᠨ ᠤ ᠠᠶᠢᠮᠠᠭ ᠤᠨ ᠤᠯᠠᠩᠭᠢ ᠭᠠᠵᠠᠷ ᠤᠷᠤᠨ ᠳᠤ ᠶᠡᠭᠡ ᠰᠠᠯᠬᠢ ᠡᠯᠡᠰᠦᠨ ᠰᠢᠭᠤᠷᠭ᠎ᠠ ᠲᠡᠭᠳᠡᠵᠦ᠂ ᠬᠤᠷ᠎ᠠ ᠲᠤᠨᠤᠳᠠᠰᠦ ᠬᠤᠮᠰᠠᠳᠠᠵᠦ᠂ ᠭᠠᠨᠭ᠌ ᠬᠠᠭᠰᠠᠷᠠᠭᠠᠨ ᠪᠤᠯᠵᠦ᠂ ᠮᠠᠯᠴᠢᠨ ᠲᠠᠷᠢᠶᠠᠴᠢᠨ ᠤ ᠦᠢᠯᠡᠳᠪᠦᠷᠢᠯᠡᠯ ᠠᠮᠢᠳᠦᠷᠠᠯ ᠢ ᠨᠦᠯᠦᠭᠡᠯᠡᠭᠰᠡᠨ ᠪᠠᠶᠢᠨ᠎ᠠ᠃        ᠤᠳᠤᠬᠠᠨ᠂ ᠪᠦᠭᠦ ᠠᠶᠢᠮᠠᠭ ᠤᠨ 1.88 ᠳ᠋ᠦᠡᠭᠰᠢᠭᠤᠷ ᠮᠦ ᠨᠤᠳᠤᠭ ᠪᠡᠯᠴᠢᠭᠡᠷ᠂ 105 ᠲᠦᠮᠡᠨ ᠮᠦ ᠲᠠᠷᠢᠶᠠᠨ ᠭᠠᠵᠠᠷ ᠭᠠᠨᠭ᠍ᠳᠠᠵᠦ᠂ 13 ᠬᠤᠰᠢᠭᠤ ᠰᠢᠶᠠᠨ ᠬᠤᠳᠠ ︵ᠤᠷᠤᠨ︶ ᠶᠢᠨ 70 ᠰᠤᠮᠤ ᠰᠢᠶᠠᠩ ᠪᠠᠯᠭᠠᠰᠦ᠂ 27.13 ᠲᠦᠮᠡᠨ ᠭᠦᠮᠦᠨ ᠵᠢᠴᠢ 643 ᠲᠦᠮᠡᠨ ᠮᠠᠯ ᠨᠦᠯᠦᠭᠡᠯᠡᠭᠳᠡᠵᠦ᠂ ᠡᠭᠦᠨ ᠳᠤ 5.99 ᠲᠦᠮᠡᠨ ᠭᠦᠮᠦᠨ᠂ 166 ᠲᠦᠮᠡᠨ ᠮᠠᠯ ᠤᠨ ᠤᠤᠭᠤᠬᠤ ᠤᠰᠤ ᠬᠤᠮᠰᠠᠳᠠᠵᠠᠢ᠃    ᠠᠶᠢᠮᠠᠭ ᠤᠨ ᠨᠠᠮ ᠤᠨ ᠬᠤᠷᠢᠶ᠎ᠠ᠂ ᠵᠠᠬᠢᠷᠭ᠎ᠠ ᠭᠠᠨᠭ᠌ ᠤᠨ ᠡᠨᠡᠭᠦ ᠭᠦᠨᠳᠦ ᠨᠤᠴᠢᠳᠠᠢ ᠪᠠᠶᠢᠳᠠᠯ ᠢ ᠲᠡᠭᠡᠳᠦ ᠭᠡᠮᠵᠢᠶ᠎ᠡ ᠪᠠᠷ ᠴᠢᠬᠤᠯᠠᠴᠢᠯᠠᠵᠦ ᠢᠳᠡᠪᠬᠢᠳᠠᠢ ᠠᠷᠭ᠎ᠠ ᠭᠡᠮᠵᠢᠶ᠎ᠡ ᠠᠪᠴᠠᠢ᠃ ᠠᠶᠢᠮᠠᠭ ᠤᠨ ᠵᠠᠬᠢᠷᠭ᠎ᠠ ᠶᠢᠨ ᠭᠤᠤᠯ ᠤᠳᠤᠷᠢᠳᠤᠯᠭ᠎ᠠ ᠴᠠᠭ ᠲᠤᠬᠠᠢ ᠳᠤᠨᠢ ᠲᠤᠰᠬᠠᠢ ᠰᠡᠳᠦᠪᠳᠦ ᠬᠤᠷᠠᠯ ᠬᠤᠷᠠᠯᠳᠤᠭᠤᠯᠤᠨ ᠭᠠᠨᠭ᠌ ᠲᠠᠢ ᠲᠡᠮᠡᠴᠡᠭᠦ ᠠᠵᠢᠯ ᠢ ᠰᠤᠳᠤᠯᠤᠨ ᠪᠠᠶᠢᠷᠢᠯᠠᠭᠤᠯᠬᠤ ᠶᠢᠨ ᠬᠠᠮᠳᠦ᠂ ᠲᠤᠰᠬᠠᠶᠢᠯᠠᠨ ᠭᠠᠨᠭ᠌ ᠲᠠᠢ ᠲᠡᠮᠡᠴᠡᠭᠦ ᠪᠠᠷ 3000 ᠲᠦᠮᠡᠨ ᠲᠦᠭᠦᠷᠢᠭ ᠤᠨ ᠠᠶᠢᠮᠠᠭ ᠤᠨ ᠲᠠᠷᠤᠭ᠎ᠠ ᠶᠢᠨ ᠪᠡᠯᠡᠳᠭᠡᠯ ᠮᠦᠡᠭᠭᠦ ᠪᠠᠭᠤᠯᠭᠠᠯ᠎ᠠ᠃ ᠡᠭᠦᠨ ᠠᠴᠠ ᠭᠠᠳᠠᠨ᠎ᠠ᠂ ᠤᠳᠤ ᠶᠠᠭ ᠦᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠠᠴᠠ ᠭᠠᠨᠭ᠌ ᠲᠠᠢ ᠲᠡᠮᠡᠴᠡᠵᠦ ᠭᠠᠮᠰᠢᠭ ᠠᠴᠠ ᠠᠪᠤᠷᠬᠠᠤ ᠨᠦᠬᠦᠪᠦᠷᠢ ᠮᠦᠡᠭᠭᠦ ᠶᠢ ᠢᠳᠡᠪᠬᠢᠳᠠᠢ ᠡᠷᠡᠮᠡᠯᠵᠡᠯᠡᠵᠦ᠂ ᠪᠠᠴᠢᠮ ᠪᠠᠶᠢᠳᠠᠯ ᠢ ᠠᠷᠭᠠᠴᠠᠬᠤ ᠤᠰᠤᠨ ᠰᠤᠷᠪᠤᠯᠵᠢ ᠶᠢᠨ ᠪᠦᠳᠦᠭᠡᠨ ᠪᠠᠶᠢᠭᠤᠯᠤᠯᠳᠠ᠂ ᠭᠠᠨᠭ᠌ ᠲᠠᠢ ᠲᠡᠮᠡᠴᠡᠭᠦ ᠲᠤᠨᠤᠭ ᠲᠦᠭᠦᠭᠡᠷᠦᠮᠵᠢ ᠶᠢ ᠵᠠᠰᠠᠨ ᠰᠡᠯᠪᠢᠭᠦ᠂ ᠭᠦᠮᠦᠨ ᠤ ᠭᠦᠴᠦ ᠪᠠᠷ ᠪᠤᠷᠤᠭᠠᠨ ᠤᠷᠤᠭᠤᠯᠬᠤ ᠵᠡᠷᠭᠡ ᠠᠵᠢᠯ ᠳᠤ ᠭᠡᠷᠡᠭᠯᠡᠭᠦ ᠪᠠᠷ ᠲᠦᠯᠦᠪᠯᠡᠵᠦ᠂ ᠮᠠᠯᠵᠢᠬᠤ ᠲᠠᠷᠢᠶᠠᠯᠬᠠᠤ ᠦᠢᠯᠡᠳᠪᠦᠷᠢᠯᠡᠯ ᠪᠤᠯᠤᠨ ᠮᠠᠯᠴᠢᠨ ᠲᠠᠷᠢᠶᠠᠴᠢᠨ ᠤ ᠠᠮᠢᠳᠦᠷᠠᠯ ᠢ ᠪᠦᠭᠦ ᠭᠦᠴᠦᠨ ᠢᠶᠠᠷ ᠪᠠᠳᠤᠯᠠᠵᠦ ᠪᠤᠢ᠃      ᠤᠶᠢᠷ᠎ᠠ ᠳᠤ᠂ ᠭᠠᠨᠭ᠌ ᠲᠠᠢ ᠲᠡᠮᠡᠴᠡᠭᠦ ᠦᠶᠡᠷ ᠤᠰᠤᠳᠤᠯ ᠢ ᠰᠡᠷᠭᠡᠶᠢᠯᠡᠭᠦ ᠵᠢᠴᠢ ᠠᠮᠢᠳᠠᠨ ᠤ ᠤᠨᠴᠠ ᠶᠡᠭᠡ ᠬᠢᠵᠢᠭ ᠭᠡᠮ ᠢ ᠰᠡᠷᠭᠡᠶᠢᠯᠡᠭᠦ ᠪᠦᠭᠦ ᠠᠶᠢᠮᠠᠭ ᠤᠨ ᠲᠧᠯᠸᠢᠰ ᠤᠳᠠᠰᠤᠳᠦ ᠬᠤᠷᠠᠯ ᠬᠤᠷᠠᠯᠳᠤᠭᠤᠯᠵᠦ᠂ ᠭᠠᠨᠭ᠌ ᠲᠠᠢ ᠲᠡᠮᠡᠴᠡᠭᠦ ᠡᠯ᠎ᠡ ᠲᠦᠷᠦᠯ ᠤᠨ ᠠᠵᠢᠯ ᠢ ᠲᠠᠬᠢᠨ ᠰᠤᠳᠤᠯᠤᠨ ᠪᠠᠶᠢᠷᠢᠯᠠᠭᠤᠯᠵᠠᠢ᠃ ᠬᠤᠷᠠᠯ ᠠᠴᠠ ᠰᠤᠳᠤᠯᠤᠨ ᠲᠤᠭᠳᠠᠭᠠᠭᠰᠠᠨ ᠠᠷᠭ᠎ᠠ ᠭᠡᠮᠵᠢᠶ᠎ᠡ ᠳᠤ᠄ ᠬᠠᠮᠢᠶ᠎ᠠ ᠪᠦᠭᠦᠢ ᠰᠠᠯᠠᠭ᠎ᠠ ᠮᠦᠴᠢᠷ ᠴᠠᠭ ᠠᠭᠤᠷ ᠢ ᠬᠢᠨᠠᠨ ᠭᠡᠮᠵᠢᠭᠦ ᠪᠠᠨ ᠤᠯᠠᠮ ᠴᠢᠩᠭᠠᠳᠬᠠᠵᠦ᠂ ᠭᠠᠨᠭ᠌ ᠤᠨ ᠪᠠᠶᠢᠳᠠᠯ ᠢ ᠤᠷᠢᠳᠴᠢᠯᠠᠨ ᠰᠤᠳᠤᠯᠤᠨ ᠵᠠᠳᠠᠯᠵᠦ ᠲᠤᠭᠳᠠᠭᠠᠨ᠂ ᠰᠡᠷᠭᠡᠶᠢᠯᠡᠭᠦ ᠠᠷᠭ᠎ᠠ ᠭᠡᠮᠵᠢᠶ᠎ᠠ ᠶᠢ ᠤᠯᠠᠨ ᠠᠷᠭ᠎ᠠ ᠵᠠᠮ ᠢᠶᠠᠷ ᠮᠡᠳᠡᠭᠡᠯᠡᠵᠦ᠂ ᠮᠠᠯᠴᠢᠨ ᠲᠠᠷᠢᠶᠠᠴᠢᠨ ᠡᠷᠦᠭᠡ ᠶᠢᠨ ᠦᠢᠯᠡᠳᠪᠦᠷᠢᠯᠡᠯ ᠵᠢᠴᠢ ᠭᠠᠮᠰᠢᠭᠳᠠᠭᠰᠠᠨ ᠪᠠᠶᠢᠳᠠᠯ ᠢ ᠴᠠᠭ ᠲᠤᠬᠠᠢ ᠳᠤᠨᠢ ᠤᠶᠢᠯᠠᠭᠠᠨ᠎ᠠ᠃ ᠠᠰᠢᠭᠳᠠᠢ ᠲᠤᠬᠢᠶᠠᠯ ᠢ ᠵᠠᠪᠳᠤᠵᠦ᠂ ᠭᠦᠮᠦᠨ ᠤ ᠭᠦᠴᠦ ᠪᠠᠷ ᠪᠤᠷᠤᠭᠠᠨ ᠤᠷᠤᠭᠤᠯᠬᠤ ᠠᠵᠢᠯ ᠢ ᠢᠳᠡᠪᠬᠢᠳᠠᠢ ᠬᠢᠨ᠎ᠡ᠃ ᠤᠰᠤᠨ ᠠᠰᠢᠬᠯᠠᠯᠳᠠ ᠶᠢᠨ ᠪᠦᠳᠦᠭᠡᠨ ᠪᠠᠶᠢᠭᠤᠯᠤᠯᠳᠠ ᠶᠢ ᠠᠬᠢᠭᠤᠯᠵᠦ᠂ ᠭᠠᠨᠭ᠌ ᠲᠠᠢ ᠲᠡᠮᠡᠴᠡᠭᠦ ᠦᠢᠯᠡᠴᠢᠯᠡᠭᠡᠨ ᠤ ᠡᠩᠨᠡᠭᠡ ᠶᠢᠨ ᠦᠢᠯᠡᠳᠦᠯ ᠢ ᠪᠠᠳᠠᠷᠠᠭᠤᠯᠵᠦ᠂ ᠭᠦᠮᠦᠨ ᠮᠠᠯ ᠤᠨ ᠤᠤᠭᠤᠬᠤ ᠤᠰᠤᠨ ᠤ ᠠᠰᠠᠭᠤᠳᠠᠯ ᠪᠤᠯᠤᠨ ᠮᠠᠯ ᠲᠠᠷᠢᠶᠠᠯᠠᠩ ᠤᠨ ᠦᠢᠯᠡᠳᠪᠦᠷᠢᠯᠡᠯ ᠤᠨ ᠱᠠᠭᠠᠷᠳᠠᠯᠭ᠎ᠠ ᠶᠢ ᠪᠦᠭᠦ ᠭᠦᠴᠦᠨ ᠢᠶᠠᠷ ᠪᠠᠳᠤᠯᠠᠨ᠎ᠠ᠃ ᠬᠠᠮᠢᠶ᠎ᠠ ᠪᠦᠭᠦᠢ ᠰᠠᠯᠠᠭ᠎ᠠ ᠮᠦᠴᠢᠷ᠂ ᠰᠤᠮᠤ ᠰᠢᠶᠠᠩ ᠪᠠᠯᠭᠠᠰᠦ ᠵᠢᠴᠢ ᠭᠠᠴᠠᠭ᠎ᠠ ᠲᠤᠰᠬᠤᠨ ᠤ ᠺᠠᠳ᠋ᠷ ᠢ ᠵᠤᠬᠢᠶᠠᠨ ᠪᠠᠶᠢᠭᠤᠯᠵᠦ᠂ ᠰᠢᠨ᠎ᠡ ᠡᠭᠡᠯᠵᠢ ᠶᠢᠨ ᠨᠤᠳᠤᠭ ᠪᠡᠯᠴᠢᠭᠡᠷ ᠠᠮᠢ ᠠᠬᠤᠢ ᠶᠢᠨ ᠨᠦᠭᠦᠪᠦᠷᠢ ᠱᠠᠩᠨᠠᠯ ᠤᠨ ᠲᠦᠷᠦ ᠶᠢᠨ ᠪᠤᠳᠤᠯᠭ᠎ᠠ᠂ ︽ᠬᠤᠨᠢ ᠶᠢ ᠴᠦᠭᠡᠴᠢᠯᠡᠵᠦ ᠦᠭᠡᠷ ᠮᠠᠯᠵᠢᠬᠤ︾ ᠪᠠᠶᠢᠯᠳᠤᠬᠤ ᠪᠤᠳᠤᠯᠭ᠎ᠠ ᠶᠢ ᠭᠦᠨᠵᠡᠭᠡᠢ ᠤᠬᠠᠭᠤᠯᠵᠦ᠂ ᠵᠠᠬ᠎ᠠ ᠲᠡᠯᠭᠡᠭᠦᠷ ᠤᠨ ᠪᠠᠶᠢᠳᠠᠯ ᠢ ᠭᠦᠢᠴᠡᠳ ᠵᠠᠳᠠᠯᠵᠦ᠂ ᠮᠠᠯᠴᠢᠨ ᠲᠠᠷᠢᠶᠠᠴᠢᠨ ᠢ ᠵᠢᠯᠤᠭᠤᠳᠤᠨ ᠮᠠᠯ ᠲᠠᠷᠢᠶᠠᠯᠠᠩ ᠤᠨ ᠪᠦᠳᠦᠴᠡ ᠶᠢ ᠨᠢ ᠵᠤᠬᠢᠰᠳᠠᠢ ᠲᠤᠬᠢᠷᠠᠭᠤᠯᠬᠤ ᠶᠢᠨ ᠬᠠᠮᠳᠦ ᠮᠡᠷᠭᠡᠵᠢᠯ ᠤᠨ ᠵᠢᠯᠤᠭᠤᠳᠤᠮᠵᠢ ᠶᠢ ᠴᠢᠩᠭᠠᠳᠬᠠᠵᠦ᠂ ᠲᠡᠳᠡᠨ ᠤ ᠰᠢᠨᠵᠢᠯᠡᠭᠦ ᠤᠬᠠᠭᠠᠨᠴᠢ ᠪᠠᠷ ᠭᠠᠨᠭ᠌ ᠲᠠᠢ ᠲᠡᠮᠡᠴᠡᠭᠦ ᠳᠤᠨᠢ ᠬᠠᠪᠰᠤᠷᠤᠯᠭ᠎ᠠ ᠦᠵᠡᠭᠦᠯᠭᠦ ᠵᠡᠷᠭᠡ ᠶᠢ ᠪᠠᠭᠳᠠᠭᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号