ᠮᠠᠨ ᠤ  ᠠᠶᠢᠮᠠᠭ  ︽ᠲᠤᠯᠤᠭᠠᠨ ᠲᠤᠤᠷ ᠲᠤᠯᠤᠭᠠᠨ ᠠᠵᠤ ᠦᠢᠯᠡᠰ︾ ᠪᠡ ᠭᠤᠤᠯᠳᠠᠯᠭᠠᠲᠤ ᠲᠦᠷᠦᠯ ᠵᠦᠢᠯ ᠤᠨ ᠪᠦᠲᠤᠬᠡᠨ ᠪᠠᠶᠢᠭᠤᠯᠤᠯᠲᠠ ᠶᠢ ᠲᠦᠷᠭᠡᠳᠬᠡᠨ ᠠᠬᠢᠭᠤᠯᠵᠤ ᠪᠠᠶᠢᠨ᠎ᠠ
ᠨᠡᠶᠢᠲᠡᠯᠡᠭᠰᠡᠨ ᠴᠠᠭ᠄
2017/6/22
   ᠮᠠᠨ ᠤ ᠠᠶᠢᠮᠠᠭ ︽ᠲᠤᠯᠤᠭᠠᠨ ᠲᠤᠤᠷ ᠲᠤᠯᠤᠭᠠᠨ ᠠᠵᠤ ᠦᠢᠯᠡᠰ︾ ᠪᠡ ᠭᠤᠤᠯᠳᠠᠯᠭᠠᠲᠤ ᠲᠦᠷᠦᠯ ᠵᠦᠢᠯ ᠤᠨ ᠪᠦᠲᠤᠬᠡᠨ ᠪᠠᠶᠢᠭᠤᠯᠤᠯᠲᠠ ᠶᠢ ᠲᠦᠷᠭᠡᠳᠬᠡᠨ ᠠᠬᠢᠭᠤᠯᠵᠤ ᠪᠠᠶᠢᠨ᠎ᠠ  ᠃    ᠲᠤᠰ ᠰᠤᠨᠢᠨ ᠤ ᠮᠡᠳᠡᠭᠡ ᠡᠨᠡ ᠵᠢᠯ ᠤᠨ ᠲᠡᠭᠡᠷ᠎ᠡ ᠬᠠᠭᠠᠰ ᠵᠢᠯ᠂ ᠮᠠᠨ ᠤ ᠠᠶᠢᠮᠠᠭ ᠲᠤ ︽ᠲᠤᠯᠤᠭᠠᠠ ᠲᠤᠤᠷ︾᠎ ᠢ ᠪᠠᠶᠢᠭᠤᠯᠵᠦ᠂ ︽ᠲᠤᠯᠤᠭᠠᠨ ᠠᠵᠦ ᠦᠢᠯᠡᠰ︾᠎ ᠢ ᠬᠦᠭᠵᠢᠬᠦᠯᠬᠦ ᠭᠦᠭᠵᠢᠯᠲᠠ ᠶᠢᠨ ᠬᠠᠯᠠᠭᠤᠨ ᠦᠷᠨᠢᠯᠲᠡ ᠭᠠᠷᠴᠤ᠂ 5 ᠳ᠋ᠤᠭᠠᠷ ᠰᠠᠷ᠎ᠡ ᠶᠢᠨ ᠰᠡᠬᠦᠯᠴᠢ ᠪᠤᠯᠳᠠᠯ᠎ᠠ᠂ ︽ᠲᠤᠯᠤᠭᠠᠨ ᠲᠤᠤᠷ︾᠎ ᠤᠨ 40 ᠲᠦᠷᠦᠯ ᠵᠦᠢᠯ ᠪᠠᠷᠢᠯᠭ᠎ᠠ ᠡᠬᠢᠯᠡᠵᠤ᠂ ᠪᠠᠷᠢᠯᠭ᠎ᠠ ᠡᠬᠢᠯᠡᠭᠰᠡᠨ ᠨᠤᠷᠮ᠎ᠠ 52.6% ᠬᠦᠷᠴᠦ᠂ ᠶᠡᠷᠦᠩᠬᠡᠢ ᠪᠡᠯᠡ ᠤᠷᠤᠭᠤᠯᠤᠯᠲᠠ 22.7 ᠳ᠋ᠦᠩᠰᠢᠭᠤᠷ ᠲᠦᠭᠦᠷᠢᠭ ᠬᠦᠷᠪᠡ︔ ︽ᠲᠤᠯᠤᠭᠠᠨ ᠠᠵᠦ ᠦᠢᠯᠡᠰ︾᠎ ᠤᠨ 12 ᠲᠦᠷᠦᠯ ᠵᠦᠢᠯ ᠪᠠᠷᠢᠯᠭ᠎ᠠ ᠡᠬᠢᠯᠡᠵᠤ᠂ ᠪᠠᠷᠢᠯᠭ᠎ᠠ ᠡᠬᠢᠯᠡᠭᠰᠡᠨ ᠨᠤᠷᠮ᠎ᠠ 66.7% ᠬᠦᠷᠴᠦ᠂ ᠪᠡᠯᠡ ᠤᠷᠤᠭᠤᠯᠤᠯᠲᠠ ᠨᠢ 17.5 ᠳ᠋ᠦᠩᠰᠢᠭᠤᠷ ᠲᠦᠭᠦᠷᠢᠭ ᠬᠦᠷᠪᠡ᠂ ᠠᠶᠢᠮᠠᠭ ᠤᠨ ᠲᠡᠰ ᠤᠨ ᠭᠤᠤᠯᠳᠠᠯᠭᠠᠲᠤ ᠲᠦᠷᠦᠯ ᠵᠦᠢᠯ ᠤᠨ ᠪᠠᠷᠢᠯᠭ᠎ᠠ ᠡᠬᠢᠯᠡᠭᠰᠡᠨ ᠲᠦᠷᠦᠯ ᠵᠦᠢᠯ 118 ᠪᠠᠶᠢᠵᠦ᠂ ᠪᠠᠷᠢᠯᠭ᠎ᠠ ᠡᠬᠢᠯᠡᠭᠰᠡᠨ ᠨᠤᠷᠮ᠎ᠠ 62%᠂ ᠪᠡᠯᠡ ᠤᠷᠤᠭᠤᠯᠤᠯᠲᠠ 83 ᠳ᠋ᠦᠩᠰᠢᠭᠤᠷ ᠲᠦᠭᠦᠷᠢᠭ ᠬᠦᠷᠴᠡᠢ᠃    ᠲᠦᠷᠦᠯ ᠵᠦᠢᠯ ᠪᠠᠷᠢᠯᠭ᠎ᠠ ᠡᠬᠢᠯᠡᠭᠰᠡᠨ ᠤ ᠳᠠᠷᠠᠭ᠎ᠠ᠂ ᠮᠠᠨ ᠤ ᠠᠶᠢᠮᠠᠭ ᠲᠦᠷᠦᠯ ᠵᠦᠢᠯ ᠢᠶᠠᠷ ᠭᠦᠭᠵᠢᠯᠲᠡ ᠶᠢ ᠠᠬᠢᠭᠤᠯᠬᠤ ᠤᠶᠢᠯᠠᠭᠠᠭᠳᠠᠬᠤᠨ ᠢ ᠪᠠᠷᠢᠮᠳᠠᠯᠠᠵᠦ᠂ ᠰᠢᠨ᠎ᠡ ᠬᠡᠪ ᠪᠠᠶᠢᠳᠠᠯ ᠲᠤᠤᠷᠠᠬᠢ ᠤᠯᠤᠰ ᠤᠨ ᠪᠠ ᠥᠪᠡᠷᠲᠡᠭᠡᠨ ᠵᠠᠰᠠᠬᠤ ᠤᠷᠤᠨ ᠤ ᠠᠵᠦ ᠦᠢᠯᠡᠰ ᠤᠨ ᠲᠦᠷᠦ ᠶᠢᠨ ᠪᠤᠳᠤᠯᠭ᠎ᠠ ᠪᠡ ᠪᠡᠯᠡ ᠤᠷᠤᠭᠤᠯᠤᠯᠲᠠ ᠶᠢᠨ ᠭᠤᠤᠯᠳᠠᠯᠭ᠎ᠠ ᠳᠤ ᠬᠦᠨᠵᠡᠭᠡᠢ ᠰᠤᠳᠤᠯᠤᠯᠲᠠ ᠬᠢᠵᠦ᠂ ᠪᠦᠲᠦᠴᠡ ᠳᠤ ᠲᠤᠬᠢᠷᠠᠭᠤᠯᠤᠯᠲᠠ ᠬᠢᠬᠦ᠂ ᠲᠤᠲᠠᠭᠲᠠᠯ ᠢ ᠨᠦᠬᠦᠪᠦᠷᠢᠯᠡᠬᠦ᠂ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠭᠤᠤᠯᠳᠠᠯᠭᠠᠲᠤ ᠲᠦᠷᠦᠯ ᠵᠦᠢᠯ ᠢ ᠲᠦᠷᠭᠡᠳᠭᠡᠨ ᠠᠬᠢᠭᠤᠯᠵᠦ᠂ ᠤᠳᠤ ᠦᠶ᠎ᠡ ᠶᠢᠨ ᠮᠠᠯ ᠠᠵᠦ ᠠᠬᠤᠢ᠂ ᠴᠡᠪᠡᠷ ᠡᠨᠧᠷᠬᠢ᠂ ᠰᠤᠶᠤᠯ ᠵᠤᠭᠠᠴᠠᠯ ᠤᠨ ᠦᠢᠯᠡᠰ᠂ ᠳᠤᠮᠦ ᠳ᠋ᠠᠶᠢᠲ᠋ᠠ ᠶᠢᠨ ᠠᠵᠦ ᠦᠢᠯᠡᠰ᠂ ᠤᠯᠠᠨ ᠨᠡᠶᠢᠳᠡ ᠶᠢᠨ ᠦᠢᠯᠡᠴᠢᠯᠡᠭᠡ ᠶᠢᠨ ᠲᠦᠭᠦᠭᠡᠷᠦᠮᠵᠢ ᠵᠡᠷᠭᠡ ᠲᠡᠯ᠎ᠡ ᠪᠠᠷ ᠲᠤᠮᠤ ᠠᠬᠢᠯᠲᠠ ᠲᠠᠢ ᠪᠤᠯᠬᠤ ᠶᠢ ᠪᠠᠳᠤᠯᠠᠵᠠᠢ᠃ ᠡᠬᠦᠨ ᠤ ᠬᠠᠮᠲᠦ᠂ ᠨᠠᠰᠤᠳᠠᠶᠢᠴᠤᠳ ᠤᠨ ᠠᠰᠠᠷᠠᠮᠵᠢ᠂ ᠪᠤᠳᠠᠰ ᠤᠨ ᠬᠦᠢᠯᠭᠡᠭᠡ᠂ ᠰᠤᠷᠠᠭ ᠴᠢᠮᠡᠬᠡᠨ ᠤ ᠦᠢᠯᠡᠴᠢᠯᠡᠭᠡ ᠵᠡᠷᠭᠡ ᠠᠵᠢᠯ ᠤᠯᠭᠤᠯᠲᠠ ᠶᠢ ᠠᠬᠢᠭᠤᠯᠬᠤ᠂ ᠪᠤᠬᠢᠷᠳᠤᠯ ᠦᠬᠡᠢ ᠲᠤᠮᠳᠠ ᠪᠠᠭ᠎ᠠ ᠬᠡᠯᠪᠡᠷᠢ ᠶᠢᠨ ᠲᠦᠷᠦᠯ ᠵᠦᠢᠯ ᠤᠨ ᠪᠠᠶᠢᠭᠤᠯᠤᠯᠲᠠ ᠶᠢ ᠲᠦᠯᠦᠪᠵᠢᠬᠦᠯᠦᠨ ᠠᠬᠢᠭᠤᠯᠵᠦ᠂ ᠶᠡᠭᠡ ᠪᠠᠭ᠎ᠠ ᠲᠦᠷᠦᠯ ᠵᠦᠢᠯ ᠤᠨ ᠬᠠᠷᠢᠯᠴᠠᠨ ᠨᠥᠬᠦᠪᠦᠷᠢᠯᠡᠬᠦ ᠪᠠᠶᠢᠳᠠᠯ ᠢ ᠪᠤᠢ ᠪᠤᠯᠭᠠᠵᠠᠢ᠃    2017 — 2019 ᠤᠨ ᠤ ᠲᠦᠯᠦᠪᠵᠢᠬᠦᠯᠭᠡ ᠳᠤ᠂ ᠮᠠᠨ ᠤ ᠠᠶᠢᠮᠠᠭ ᠤᠨ ︽ᠲᠤᠯᠤᠭᠠᠨ ᠲᠤᠤᠷ︾᠎ ᠤᠨ ᠲᠦᠷᠦᠯ ᠵᠦᠢᠯ 257 ᠪᠠᠶᠢᠵᠦ᠂ ᠶᠡᠷᠦᠩᠬᠡᠢ ᠪᠡᠯᠡ ᠤᠷᠤᠭᠤᠯᠤᠯᠲᠠ 1003 ᠳ᠋ᠦᠩᠰᠢᠭᠤᠷ ᠲᠦᠭᠦᠷᠢᠭ ᠬᠦᠷᠴᠦ᠂ ᠡᠭᠦᠨ ᠳᠤ᠂ 2017 ᠤᠨ ᠳᠤ 76 ᠲᠦᠷᠦᠯ ᠵᠦᠢᠯ ᠪᠦᠲᠦᠭᠡᠨ ᠪᠠᠶᠢᠭᠤᠯᠵᠤ᠂ ᠲᠤᠰ ᠤᠨ ᠳᠠᠭᠠᠨ ᠪᠡᠶᠡᠯᠡᠬᠦᠯᠬᠦ ᠪᠡᠯᠡ ᠤᠷᠤᠭᠤᠯᠤᠯᠲᠠ ᠨᠢ 275 ᠳ᠋ᠦᠩᠰᠢᠭᠤᠷ ᠲᠦᠭᠦᠷᠢᠭ ᠪᠤᠯᠤᠨ᠎ᠠ᠃ 2017 — 2019 ᠤᠨ ᠳᠤ᠂ ᠪᠦᠬᠦ ᠠᠶᠢᠮᠠᠬ ᠢᠶᠠᠷ ᠢᠶᠠᠨ ︽ᠲᠤᠯᠤᠭᠠᠨ ᠠᠵᠦ ᠦᠢᠯᠡᠰ︾᠎ ᠤᠨ ᠲᠦᠷᠦᠯ ᠵᠦᠢᠯ 58᠎ ᠶᠢ ᠬᠡᠷᠡᠭᠵᠢᠬᠦᠯᠵᠦ᠂ ᠶᠡᠷᠦᠩᠬᠡᠢ ᠪᠡᠯᠡ ᠤᠷᠤᠭᠤᠯᠤᠯᠲᠠ 2000 ᠳ᠋ᠦᠩᠰᠢᠭᠤᠷ ᠲᠦᠭᠦᠷᠢᠭ ᠢ ᠲᠠᠪᠠᠵᠦ᠂ ᠡᠬᠦᠨ ᠳᠤ 2017 ᠤᠨ ᠳᠤ ᠬᠡᠷᠡᠭᠵᠢᠬᠦᠯᠬᠦ ᠲᠦᠷᠦᠯ ᠵᠦᠢᠯ 18 ᠪᠠᠶᠢᠵᠦ᠂ ᠶᠡᠷᠦᠩᠬᠡᠢ ᠪᠡᠯᠡ ᠤᠷᠤᠭᠤᠯᠤᠯᠲᠠ 115 ᠳ᠋ᠦᠩᠰᠢᠭᠤᠷ ᠲᠦᠭᠦᠷᠢᠭ ᠬᠦᠷᠬᠦ ᠪᠤᠯᠤᠨ᠎ᠠ᠃ ᠡᠨᠡ ᠵᠢᠯ᠂ ᠮᠠᠨ ᠤ ᠠᠶᠢᠮᠠᠭ ᠤᠨ ᠬᠡᠷᠡᠭᠵᠢᠬᠦᠯᠬᠦ ᠠᠶᠢᠮᠠᠭ ᠤᠨ ᠲᠡᠰ ᠤᠨ ᠭᠤᠤᠯᠳᠠᠯᠭᠠᠲᠤ ᠲᠦᠷᠦᠯ ᠵᠦᠢᠯ 190 ᠪᠠᠶᠢᠵᠦ᠂ ᠶᠡᠷᠦᠩᠬᠡᠢ ᠪᠡᠯᠡ ᠤᠷᠤᠭᠤᠯᠤᠯᠲᠠ 2589 ᠳ᠋ᠦᠩᠰᠢᠭᠤᠷ ᠲᠦᠭᠦᠷᠢᠭ ᠬᠦᠷᠴᠦ᠂ ᠲᠤᠰ ᠵᠢᠯ ᠳᠡᠭᠡᠨ 675 ᠳ᠋ᠦᠩᠰᠢᠭᠤᠷ ᠲᠦᠭᠦᠷᠢᠭ ᠪᠡᠯᠡ ᠤᠷᠤᠭᠤᠯᠵᠤ᠂ ᠡᠨᠡ ᠬᠠᠪᠤᠷ 17 ᠲᠦᠷᠦᠯ ᠵᠦᠢᠯ ᠢ ᠠᠵᠢᠯ ᠡᠬᠢᠯᠡᠬᠦᠯᠵᠤ᠂ ᠶᠡᠷᠦᠩᠬᠡᠢ ᠪᠡᠯᠡ ᠤᠷᠤᠭᠤᠯᠤᠯᠲᠠ 104.4 ᠳ᠋ᠦᠩᠰᠢᠭᠤᠷ ᠲᠦᠭᠦᠷᠢᠭ ᠪᠠᠶᠢᠵᠦ᠂ ᠲᠤᠰ ᠵᠢᠯ ᠤᠨ ᠪᠡᠶᠡᠯᠡᠬᠦᠯᠬᠦ ᠪᠡᠯᠡ ᠤᠷᠤᠭᠤᠯᠤᠯᠲᠠ 40.8 ᠳ᠋ᠦᠩᠰᠢᠭᠤᠷ ᠬᠦᠷᠬᠦ ᠪᠤᠯᠤᠨ᠎ᠠ᠃ ︽ᠲᠤᠯᠤᠭᠠᠨ ᠲᠤᠤᠷ᠂ ᠲᠤᠯᠤᠭᠠᠨ ᠠᠵᠦ ᠦᠢᠯᠡᠰ ᠪᠠ ᠭᠤᠤᠯᠳᠠᠯᠭᠠᠲᠤ ᠲᠦᠷᠦᠯ ᠵᠦᠢᠯ︾᠎ ᠤᠨ ᠪᠦᠳᠤᠬᠡᠨ ᠪᠠᠶᠢᠭᠤᠯᠤᠯᠲᠠ ᠪᠤᠯ ᠮᠠᠨ ᠤ ᠠᠶᠢᠮᠠᠭ ᠤᠨ ᠰᠢᠨ᠎ᠡ ᠪᠠᠶᠢᠳᠠᠯ᠂ ᠰᠢᠨ᠎ᠡ ᠬᠤᠪᠢᠷᠠᠯᠲᠠ ᠳᠤ ᠵᠤᠬᠢᠴᠠᠬᠤ ᠰᠢᠨ᠎ᠡ ᠱᠠᠭᠠᠷᠳᠠᠯᠭ᠎ᠠ ᠪᠤᠯᠤᠨ᠎ᠠ᠂ ᠪᠦᠬᠦ ᠠᠶᠢᠮᠠᠭ ᠤᠨ ︽ᠲᠤᠯᠤᠭᠠᠨ ᠲᠤᠤᠷ ᠲᠤᠯᠤᠭᠠᠨ ᠠᠵᠦ ᠦᠢᠯᠡᠰ ᠪᠠ ᠭᠤᠤᠯᠳᠠᠯᠭᠠᠲᠤ ᠲᠦᠷᠦᠯ ᠵᠦᠢᠯ︾᠎ ᠤᠨ ᠪᠦᠳᠤᠬᠡᠨ ᠪᠠᠶᠢᠭᠤᠯᠤᠯᠲᠠ ᠶᠢ ᠠᠬᠢᠭᠤᠯᠬᠤ ᠳᠤ ᠮᠠᠨ ᠤ ᠠᠶᠢᠮᠠᠭ ᠨᠢ ᠥᠪᠡᠷᠲᠡᠭᠡᠨ ᠵᠠᠰᠠᠬᠤ ᠤᠷᠤᠨ ᠤ ᠪᠠᠶᠢᠷᠢᠯᠠᠭᠤᠯᠤᠯᠲᠠ ᠱᠠᠭᠠᠷᠳᠠᠯᠭ᠎ᠠ ᠶᠤᠰᠤᠭᠠᠷ ᠪᠦᠬᠦ ᠠᠶᠢᠮᠠᠭ ᠤᠨ ᠲᠡᠮᠦᠷ ᠵᠠᠮ᠂ ᠵᠠᠰᠠᠮᠠᠯ ᠵᠠᠮ᠂ ᠠᠭᠠᠷ ᠤᠨ ᠠᠶᠠᠯᠠᠯ᠂ ᠬᠤᠲᠠ ᠶᠢᠨ ᠶᠠᠪᠤᠳᠠᠯ᠂ ᠤᠰᠤᠨ ᠠᠰᠢᠭᠯᠠᠯᠲᠠ᠂ ᠡᠨᠧᠷᠬᠢ᠂ ᠰᠤᠷᠠᠭ ᠵᠠᠩᠬᠢ ᠶᠢᠨ ᠲᠤᠰᠬᠠᠢ ᠲᠦᠷᠦᠯ ᠤᠨ ᠲᠦᠯᠦᠪᠵᠢᠬᠦᠯᠭᠡ ᠶᠢ ᠲᠦᠯᠦᠪᠯᠡᠨ ᠵᠤᠬᠢᠶᠠᠵᠦ᠂ ᠪᠠᠰᠠ ᠰᠢᠨ᠎ᠡ ᠡᠨᠧᠷᠬᠢ᠂ ᠰᠢᠨ᠎ᠠ ᠮᠠᠲ᠋ᠧᠷᠢᠶᠠᠯ᠂ ᠪᠤᠬᠢᠷᠲᠤᠯ ᠦᠬᠡᠢ ᠡᠨᠧᠷᠬᠢ ᠠᠷᠪᠢᠯᠠᠬᠤ᠂ ᠲᠡᠭᠡᠲᠦ ᠳᠡᠰ ᠤᠨ ᠲᠤᠨᠤᠭ ᠲᠦᠭᠦᠭᠡᠷᠦᠮᠵᠢ᠂ ᠲᠤᠮᠤ ᠳ᠋ᠠᠶᠢᠲ᠋ᠠ ᠶᠢᠨ ᠡᠭᠦᠯᠡᠨ ᠪᠤᠳᠤᠯᠲᠠ᠂ ᠠᠮᠢᠲᠤ ᠪᠤᠳᠠᠰ ᠤᠨ ᠮᠡᠷᠭᠡᠵᠢᠯ᠂ ᠮᠤᠩᠭᠤᠯ ᠬᠢᠳᠠᠳ ᠡᠮ ᠡᠮᠨᠡᠯᠬᠡ ᠵᠡᠷᠭᠡ ᠲᠤᠯᠤᠭᠠᠨ ᠶᠡᠭᠡ ᠪᠠᠶᠢᠯᠳᠤᠬᠤ ᠪᠤᠳᠤᠯᠭ᠎ᠠ ᠶᠢᠨ ᠰᠢᠨ᠎ᠡ ᠪᠠᠷ ᠬᠦᠭᠵᠢᠵᠦ ᠪᠠᠶᠢᠭ᠎ᠠ ᠠᠵᠦ ᠦᠢᠯᠡᠰ ᠤᠨ ᠭᠦᠭᠵᠢᠯᠲᠡ ᠶᠢ ᠲᠦᠯᠦᠪᠵᠢᠬᠦᠯᠵᠦ᠂ ᠡᠬᠦᠨ ᠤ ᠬᠠᠮᠲᠦ ᠪᠦᠬᠦ ᠠᠶᠢᠮᠠᠭ ᠤᠨ ᠮᠠᠯ ᠠᠵᠦ ᠠᠬᠤᠢ᠂ ᠴᠠᠬᠢᠯᠭᠠᠨ ᠬᠦᠴᠦᠨ᠂ ᠵᠠᠮ ᠬᠠᠷᠢᠯᠴᠠᠭ᠎ᠠ᠂ ᠰᠤᠷᠭᠠᠨ ᠬᠦᠮᠦᠵᠢᠯ ᠵᠡᠷᠭᠡ ᠭᠤᠤᠯᠳᠠᠯᠭᠠᠲᠤ ᠲᠦᠷᠦᠯ ᠵᠦᠢᠯ ᠤᠨ ᠪᠦᠳᠦᠭᠡᠨ ᠪᠠᠶᠢᠭᠤᠯᠤᠯᠲᠠ ᠶᠢ ᠪᠠᠰᠠ ᠯᠠᠪᠳᠠᠭᠤᠨ ᠠᠬᠢᠭᠤᠯᠵᠦ ᠪᠤᠢ᠃    ᠡᠨᠡ ᠵᠢᠯ ᠤᠨ ᠠᠶᠢᠮᠠᠭ ᠤᠨ ᠲᠠᠰ ᠤᠨ ᠭᠤᠤᠯᠳᠠᠯᠭᠠᠲᠤ ᠲᠦᠷᠦᠯ ᠵᠦᠢᠯ ᠤᠨ ᠲᠤᠬᠢᠷᠠᠭᠤᠯᠤᠯᠲᠠ ᠶᠢ ᠦᠨᠡᠨᠬᠦ ᠴᠢᠩᠭᠠᠳᠬᠠᠬᠤ ᠶᠢᠨ ᠲᠦᠯᠦᠬᠡ᠂ ᠮᠠᠨ ᠤ ᠠᠶᠢᠮᠠᠭ ᠬᠠᠷᠢᠭᠤᠴᠠᠯᠭ᠎ᠠ ᠶᠢᠨ ᠲᠦᠷᠢᠮ ᠢ ᠴᠢᠩᠭ᠎ᠠ ᠬᠡᠷᠡᠭᠵᠢᠬᠦᠯᠵᠦ᠂ ︽ᠲᠤᠭᠳᠠᠭᠰᠠᠨ ᠲᠦᠷᠦᠯ ᠵᠦᠢᠯ ᠢ ᠲᠤᠰᠬᠠᠢ ᠤᠳᠤᠷᠢᠳᠤᠯᠭ᠎ᠠ᠂ ᠲᠤᠰᠬᠠᠢ ᠤᠳᠤᠷᠢᠳᠬᠤ ᠪᠠᠭ ᠬᠠᠷᠢᠭᠤᠴᠠᠬᠤ︾ ᠠᠵᠢᠯ ᠤᠨ ᠲᠤᠭᠳᠠᠴᠠ ᠶᠢ ᠦᠷᠬᠦᠯᠵᠢᠯᠡᠨ ᠭᠡᠷᠡᠭᠵᠢᠬᠦᠯᠵᠤ᠂ ᠤᠨᠴᠠᠭᠠᠶᠢᠯᠠᠨ ᠨᠢᠭᠡ ᠪᠦᠯᠦᠭ ᠭᠤᠤᠯᠳᠠᠯᠭᠠᠳᠤ ᠲᠦᠷᠦᠯ ᠵᠦᠢᠯ ᠳᠠᠬᠢ ᠮᠦᠷᠲᠡᠨ ᠲᠤᠬᠢᠷᠠᠭᠤᠯᠤᠯᠲᠠ ᠪᠤᠯᠤᠨ ᠲᠠᠭᠠᠭᠠᠴᠢᠯᠠᠨ ᠠᠬᠢᠭᠤᠯᠬᠤ ᠶᠢ ᠴᠢᠩᠭᠠᠳᠬᠠᠵᠤ᠂ ᠬᠦᠴᠢᠷᠲᠡᠯ ᠢ ᠴᠠᠭ ᠲᠤᠬᠠᠢ ᠳᠤᠨᠢ ᠰᠢᠢᠳᠪᠦᠷᠢᠯᠡᠵᠤ᠂ ᠠᠵᠢᠯ ᠤᠨ ᠬᠠᠮᠳᠤᠷᠠᠯ ᠤᠨ ᠬᠦᠴᠦᠨ ᠢ ᠪᠤᠢ ᠪᠤᠯᠭᠠᠵᠤ᠂ ᠲᠦᠷᠦᠯ ᠵᠦᠢᠯ ᠢ ᠲᠦᠷᠭᠡᠨ ᠪᠠᠶᠢᠭᠤᠯᠤᠨ ᠠᠰᠢᠭᠯᠠᠯᠳᠠ ᠳᠤ ᠤᠷᠤᠭᠤᠯᠬᠤ ᠶᠢ ᠪᠠᠳᠤᠯᠠᠵᠠᠢ᠃ ᠡᠬᠦᠨ ᠤ ᠬᠠᠮᠳᠤ᠂ ᠬᠠᠮᠢᠶ᠎ᠠ ᠪᠦᠬᠦᠢ ᠰᠠᠯᠠᠭ᠎ᠠ ᠮᠦᠴᠢᠷ ᠭᠤᠤᠯᠳᠠᠯᠭᠠᠳᠤ ᠲᠦᠷᠦᠯ ᠵᠦᠢᠯ ᠳᠤ 10 ᠡᠳᠦᠷ ᠲᠤ ᠨᠢᠭᠡ ᠤᠳᠠᠭᠠᠨ ᠤ ᠲᠤᠬᠢᠷᠠᠭᠤᠯᠤᠯᠳᠠ ᠬᠢᠵᠤ᠂ ᠭᠤᠤᠯᠳᠠᠯᠭᠠᠳᠤ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠲᠤᠮᠳᠠ ᠲᠤᠬᠢᠶᠠᠯᠳᠤᠭᠰᠠᠨ ᠪᠤᠳᠠᠳᠤ ᠠᠰᠠᠭᠤᠳᠠᠯ ᠪᠠ ᠰᠢᠯᠳᠠᠭᠠᠨ ᠢ ᠭᠤᠤᠯᠳᠠᠭᠤᠯᠤᠨ ᠵᠠᠳᠠᠯᠵᠦ ᠪᠤᠢ᠃ ᠰᠠᠷ᠎ᠠ ᠪᠦᠷᠢ ᠠᠶᠢᠮᠠᠭ ᠤᠨ ᠭᠤᠤᠯᠳᠠᠯᠭᠠᠳᠤ ᠲᠦᠷᠦᠯ ᠵᠦᠢᠯ ᠤᠨ ᠠᠯᠪᠠᠨ ᠭᠡᠷ ᠠᠶᠢᠮᠠᠭ ᠤᠨ ᠲᠠᠰ ᠤᠨ ᠭᠤᠤᠯᠳᠠᠭᠠᠯᠳᠤ ᠲᠦᠷᠦᠯ ᠵᠦᠢᠯ ᠤᠨ ᠪᠠᠶᠢᠳᠠᠯ ᠢ ᠬᠤᠷᠢᠶᠠᠩᠭᠤᠶᠢᠯᠠᠨ᠂ ᠠᠶᠢᠮᠠᠭ ᠤᠨ ᠨᠠᠮ ᠤᠨ ᠬᠤᠷᠢᠶ᠎ᠠ᠂ ᠵᠠᠬᠢᠷᠭ᠎ᠠ ᠳᠤ ᠴᠠᠭ ᠲᠤᠬᠠᠢ ᠳᠤᠨᠢ ᠮᠡᠳᠡᠬᠦᠯᠵᠤ ᠪᠠᠶᠢᠨ᠎ᠠ᠃     ᠤᠯᠠᠷᠢᠯ ᠪᠦᠷᠢ ᠠᠶᠢᠮᠠᠭ ᠤᠨ ᠵᠠᠬᠢᠷᠭ᠎ᠠ ᠨᠢᠭᠡ ᠤᠳᠠᠭᠠᠨ ᠤ ᠭᠤᠤᠯᠳᠠᠯᠭᠠᠳᠤ ᠲᠦᠷᠦᠯ ᠵᠦᠢᠯ ᠤᠨ ᠲᠤᠬᠢᠷᠠᠭᠤᠯᠤᠯᠲᠠ ᠶᠢᠨ ᠲᠤᠰᠬᠠᠢ ᠬᠤᠷᠠᠯ ᠬᠤᠷᠠᠯᠳᠤᠭᠤᠯᠵᠤ᠂ ᠲᠦᠷᠦᠯ ᠵᠦᠢᠯ ᠤᠨ ᠪᠠᠶᠢᠳᠠᠯ ᠪᠤᠯᠤᠨ ᠤᠷᠤᠰᠢᠵᠤ ᠪᠠᠶᠢᠭ᠎ᠠ ᠠᠰᠠᠭᠤᠳᠠᠯ ᠢ ᠲᠦᠪᠯᠡᠷᠡᠬᠦᠯᠦᠨ ᠳ᠋ᠦᠩᠨᠡᠵᠤ᠂ ᠠᠵᠢᠯ ᠳᠠᠭᠠᠨ ᠲᠠᠬᠢᠨ ᠪᠠᠶᠢᠷᠢᠯᠠᠭᠤᠯᠤᠯᠲᠠ ᠬᠢᠵᠤ᠂ ᠠᠵᠤ ᠠᠬᠤᠶᠢᠯᠠᠯ ᠪᠤᠯᠤᠨ ᠪᠦᠬᠦ ᠠᠶᠢᠮᠠᠭ ᠲᠠᠶᠠᠭᠠᠷ ᠢᠶᠠᠨ ᠭᠤᠤᠯᠳᠠᠯᠭᠠᠳᠤ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢ ᠠᠳᠬᠤᠬᠤ ᠪᠦᠬᠦᠶᠢᠯᠡ ᠴᠤᠭᠴᠠ ᠶᠢᠨ ᠬᠠᠮᠳᠤᠷᠠᠯ ᠤᠨ ᠬᠦᠴᠦᠨ ᠢ ᠪᠤᠢ ᠪᠤᠯᠭᠠᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号