︽ᠰᠢᠯᠢ ᠶᠢᠨ ᠭᠤᠤᠯ ᠠᠶᠢᠮᠠᠭ ᠤᠨ ᠠᠷᠪᠠᠨ ᠬᠤᠶᠠᠳᠤᠭᠠᠷ  ᠬᠤᠭᠤᠴᠠᠭᠠᠨ ᠤ ᠨᠠᠭᠠᠳᠤᠮ ᠤᠨ  ᠶᠡᠭᠡ ᠬᠤᠷᠠᠯ︾ ᠤᠨ ᠬᠤᠷᠠᠯ ᠤᠨ ᠰᠥᠯᠳᠡ᠂ ᠬᠤᠷᠠᠯ ᠤᠨ  ᠳᠠᠭᠤᠤ ᠡᠯᠰᠡᠬᠦ ᠳᠤᠬᠠᠢ ᠵᠡᠷᠯᠡᠯ
ᠨᠡᠶᠢᠲᠡᠯᠡᠭᠰᠡᠨ ᠴᠠᠭ᠄
2017/5/11
     ᠳᠤᠮᠳᠠᠳᠤ ᠤᠯᠤᠰ ᠤᠨ ᠡᠪ ᠬᠠᠮᠳᠤ ᠨᠠᠮ ᠤᠨ ᠰᠢᠯᠢ ᠶᠢᠨ ᠭᠤᠤᠯ  ᠠᠶᠢᠮᠠᠭ ᠤᠨ ᠬᠤᠷᠢᠶ᠎ᠠ᠂  ᠰᠢᠯᠢ ᠶᠢᠨ ᠭᠤᠤᠯ ᠠᠶᠢᠮᠠᠭ ᠤᠨ ᠵᠠᠬᠢᠷᠭ᠎ᠠ ᠠᠴᠠ᠂ 2017 ᠤᠨ ᠤ 7 ᠳ᠋ᠤᠭᠠᠷ ᠰᠠᠷ᠎ᠠ ᠶᠢᠨ ᠰᠡᠬᠦᠯᠴᠢ ᠪᠠᠷ ᠰᠢᠯᠢ ᠶᠢᠨ ᠬᠤᠳᠠ  ᠳᠤ ︽ᠰᠢᠯᠢ ᠶᠢᠨ ᠭᠤᠤᠯ ᠠᠶᠢᠮᠠᠭ ᠤᠨ ᠠᠷᠪᠠᠨ ᠬᠤᠶᠠᠳᠤᠭᠠᠷ  ᠬᠤᠭᠤᠴᠠᠭᠠᠨ ᠤ ᠨᠠᠭᠠᠳᠤᠮ ᠤᠨ  ᠶᠡᠭᠡ ᠬᠤᠷᠠᠯ︾  ᠡᠷᠬᠢᠯᠡᠵᠤ  ᠂ ᠪᠥᠬᠡ ᠪᠠᠷᠢᠯᠳᠤᠬᠤ᠂  ᠮᠤᠩᠭᠤᠯ ᠥᠨᠳᠥᠰᠥᠳᠡᠨ ᠤ  ᠤᠯᠠᠮᠵᠢᠯᠠᠯᠳᠤ ᠰᠤᠷ ᠬᠠᠷᠪᠤᠬᠤ᠂  ᠮᠤᠷᠢ ᠤᠷᠤᠯᠳᠤᠬᠤ  ᠂ ᠮᠤᠩᠭᠤᠯ ᠰᠢᠳᠠᠷ᠎ᠠ  ᠂ ᠱᠠᠭ᠎ᠠ ᠵᠡᠷᠬᠡ ᠰᠤᠶᠤᠯ ᠳᠠᠮᠢᠷ ᠤᠨ ᠠᠵᠢᠯᠯᠠᠭ᠎ᠠ ᠥᠷᠨᠢᠬᠦᠯᠬᠦ ᠪᠠᠷ ᠳᠤᠭᠳᠠᠪᠠ ᠃  ᠳᠤᠰ ᠤᠳᠠᠭᠠᠨ ᠤ ᠨᠠᠭᠠᠳᠤᠮ   ᠢ ᠥᠪᠡᠳᠡᠭᠰᠢ ᠶᠡᠭᠡ ᠬᠥᠭᠵᠢᠶᠡᠨᠳᠡᠢ  ᠮᠥᠷᠳᠡᠬᠡᠨ ᠠᠷᠪᠢᠴᠢ ᠪᠤᠷᠤᠭᠵᠢᠭᠤᠨ ᠢᠶᠠᠷ ᠡᠷᠬᠢᠯᠡᠵᠤ᠂  ᠰᠢᠯᠢ ᠶᠢᠨ ᠭᠤᠤᠯ ᠤᠨ ᠳᠠᠯ᠎ᠠ ᠨᠤᠳᠤᠭ  ᠂ ᠨᠠᠭᠠᠳᠤᠮ ᠤᠨ ᠰᠤᠶᠤᠯ ᠢ ᠨᠡᠩ ᠤᠯᠠᠨ ᠬᠥᠮᠥᠰ ᠲᠤ ᠬᠥᠨᠵᠡᠬᠡᠢ  ᠤᠶᠢᠯᠠᠭᠠᠭᠤᠯᠬᠤ ᠶᠢᠨ ᠳᠤᠰᠠᠳᠠ᠂  ᠨᠠᠭᠠᠳᠤᠮ   ᠤᠨ ᠬᠤᠷᠠᠯ ᠤᠨ  ᠪᠡᠯᠡᠳᠬᠡᠯ ᠠᠵᠢᠯ ᠤᠨ  ᠺᠤᠮᠢᠰ  ᠡᠨᠡ ᠡᠳᠤᠷ ᠠᠴᠠ ᠡᠬᠢᠯᠡᠨ ᠳᠤᠰ ᠤᠳᠠᠭᠠᠨ ᠤ ᠨᠠᠭᠠᠳᠤᠮ ᠤᠨ  ᠶᠡᠭᠡ ᠬᠤᠷᠠᠯ ᠤᠨ ᠰᠥᠯᠳᠡ᠂   ᠳᠠᠭᠤᠤ ᠶᠢ ᠢᠯᠡ  ᠪᠠᠷ ᠡᠯᠰᠡᠬᠦ ᠪᠠᠷ ᠳᠤᠭᠳᠠᠪᠠ᠃  ᠡᠳᠥᠬᠡ ᠬᠠᠮᠢᠶ᠎ᠡ ᠪᠥᠬᠦᠢ ᠵᠥᠢᠯ ᠢ ᠳᠤᠤᠷᠠᠬᠢ ᠮᠡᠳᠤ ᠵᠡᠷᠯᠡᠶ᠎ᠡ᠄     ᠨᠢᠬᠡ᠂  ᠵᠤᠬᠢᠶᠠᠨ ᠪᠥᠲᠥᠬᠡᠬᠦ ᠱᠠᠭᠠᠷᠳᠠᠯᠭ᠎ᠠ     ︵ᠨᠢᠬᠡ︶ ᠤᠯᠤᠰ ᠲᠥᠷᠥᠴᠢ ᠴᠢᠨᠡᠷ   ᠢᠶᠠᠷ ᠳᠤᠪᠤᠶᠢᠮ᠎ᠠ᠂  ᠪᠡᠯᠬᠡᠳᠠᠯ ᠤᠨ ᠤᠳᠬ᠎ᠠ ᠠᠭᠤᠯᠭ᠎ᠠ ᠪᠡ ᠴᠠᠭ ᠥᠶ᠎ᠡ ᠶᠢᠨ ᠤᠨᠴᠠᠯᠢᠭ ᠲᠠᠢ᠂  ᠮᠤᠩᠭᠤᠯ ᠥᠨᠳᠥᠰᠥᠳᠡᠨ ᠤ ᠰᠤᠶᠤᠯ ᠳᠠᠮᠢᠷ ᠤᠨ ᠠᠭᠤᠯᠤᠭᠳᠠᠬᠤᠨ  ᠂  ᠲᠡᠤᠬᠡ  ᠶᠢᠨ ᠤᠯᠠᠮᠵᠢᠯᠠᠯ ᠪᠤᠯᠤᠨ ᠤᠷᠤᠨ ᠨᠤᠳᠤᠭ ᠤᠨ ᠤᠨᠴᠠᠯᠢᠭ ᠢ ᠳᠤᠰᠬᠠᠵᠤ  ᠂  ᠰᠢᠯᠢ ᠶᠢᠨ ᠭᠤᠤᠯ ᠠᠶᠢᠮᠠᠭ ᠤᠨ ᠠᠵᠤ ᠠᠬᠤᠢ ᠨᠡᠶᠢᠬᠡᠮ ᠤᠨ ᠬᠥᠭᠵᠢᠯᠳᠡ ᠶᠢᠨ ᠥᠷ᠎ᠡ ᠪᠥᠲᠥᠮᠵᠢ  ᠪᠠ ᠥᠨᠳᠥᠰᠥᠳᠡᠨ ᠨᠦᠭᠦᠳ ᠤᠨ ᠺᠠᠳ᠋ᠷ ᠤᠯᠠᠨ ᠳᠥᠮᠡᠨ ᠤ  ᠪᠥᠯᠬᠦᠮᠳᠠᠯ ᠳᠠᠪᠰᠢᠯᠳᠡ ᠶᠢᠨ ᠤᠶᠤᠨ ᠤᠬᠠᠭᠠᠨ ᠤ ᠳᠥᠷᠰᠥ ᠪᠡᠶᠢᠳᠡᠯ ᠢ ᠬᠠᠷᠠᠭᠤᠯᠤᠨ᠎ᠠ᠃     ︵ᠬᠤᠶᠡᠷ︶  ᠠᠭᠤᠯᠭ᠎ᠠ ᠨᠢ ᠡᠯᠪᠡᠭ ᠪᠠᠶᠠᠯᠢᠭ᠂  ᠵᠢᠷᠤᠭ ᠳᠥᠰᠥᠪ ᠨᠢ ᠰᠢᠨ᠎ᠡ ᠰᠤᠷᠭᠤᠭ᠂   ᠤᠷᠠᠯᠢᠭ ᠤᠨ ᠢᠯᠡᠳᠬᠡᠬᠦ ᠴᠢᠳᠠᠪᠤᠷᠢ ᠪᠠ ᠨᠥᠯᠥᠬᠡᠯᠡᠬᠦ ᠴᠢᠳᠠᠪᠤᠷᠢ ᠴᠢᠩᠭ᠎ᠠ ᠪᠠᠶᠢᠯᠭᠠᠨ᠎ᠠ᠃     ︵ ᠭᠤᠷᠪᠡ︶ ᠪᠥᠲᠥᠬᠡᠯ ᠤᠨ ᠬᠡᠪ  ᠨᠡᠮᠪᠡ᠂ ᠬᠡᠯᠪᠡᠷᠢ ᠶᠢ ᠬᠢᠵᠠᠭᠠᠷᠯᠠᠬᠤ ᠥᠬᠡᠢ᠂ ᠬᠡᠪᠡᠴᠥ ᠡᠷᠬᠡᠪᠰᠢ ᠥᠩᠬᠡᠷᠡᠭᠰᠡᠨ ᠳᠤ ᠶᠠᠮᠠᠷᠴᠥ ᠬᠡᠯᠪᠡᠷᠢ ᠪᠠᠷ  ᠨᠡᠶᠢᠳᠡᠯᠡᠭᠡ ᠥᠬᠡᠢ ᠤᠤᠯ ᠪᠥᠲᠥᠬᠡᠯ ᠪᠠᠶᠢᠬᠤ ᠬᠡᠷᠡᠭᠳᠡᠢ  ᠃     ᠬᠤᠷᠠᠯ ᠤᠨ ᠰᠥᠯᠳᠡ᠄    1. ᠵᠢᠷᠤᠭ ᠨᠢ ᠳᠥᠬᠦᠮ ᠠᠪᠰᠠᠷᠬᠠᠨ᠂  ᠥᠩᠬᠡ ᠪᠤᠳᠤᠭ ᠨᠢ  ᠢᠯᠭᠠᠮ᠎ᠠ᠂  ᠴᠠᠭ ᠥᠶ᠎ᠡ ᠶᠢᠨ ᠤᠨᠴᠠᠯᠢᠭ   ᠲᠠᠢ᠂  ᠬᠠᠷᠠᠭᠠᠨ ᠰᠡᠷᠡᠯ   ᠤᠨ ᠪᠡ ᠤᠷᠠᠯᠢᠭ ᠤᠨ ᠨᠥᠯᠥᠬᠡᠯᠡᠬᠦ ᠬᠥᠴᠥᠨ ᠴᠢᠩᠭ᠎ᠠ᠃  ᠬᠠᠪᠳᠠᠭᠠᠢ ᠵᠢᠷᠤᠭ ᠤᠨ ᠤᠬᠠᠭᠤᠯᠭ᠎ᠠ᠂   ᠬᠠᠷᠠᠭᠠᠨ ᠲᠠᠪᠳᠠᠮᠵᠢ ᠶᠢᠨ ᠤᠬᠠᠭᠤᠯᠭ᠎ᠠ ᠵᠡᠷᠬᠡ ᠤᠯᠠᠨ ᠵᠥᠢᠯ ᠤᠨ ᠬᠡᠷᠡᠭᠴᠡᠭᠡ ᠳᠤ  ᠳᠤᠬᠢᠷᠠᠭᠰᠠᠨ ᠪᠠᠶᠢᠬᠤ ᠬᠡᠷᠡᠭᠳᠡᠢ᠃    2.  8 ᠵᠥᠰᠥᠮ ᠪᠤᠶᠤ16 ᠵᠥᠰᠥᠮ ᠤᠨ ᠴᠠᠭᠠᠰᠤᠨ ᠤ ᠪᠤᠳᠤᠭᠳᠤ ᠵᠢᠷᠤᠭ ᠠᠪᠤᠨ᠎ᠠ᠃  ᠡᠯᠧᠺᠲᠷᠥᠨ   ᠪᠠᠷ  ᠢ ᠬᠠᠩᠭᠠᠨ᠎ᠠ᠃     ᠬᠤᠷᠠᠯ ᠤᠨ ᠳᠠᠭᠤᠤ᠄    1. ᠳᠠᠭᠤᠨ ᠤ ᠥᠬᠡ ᠪᠤᠯᠤᠨ  ᠠᠶ᠎ᠠ ᠬᠤᠶᠡᠷ ᠬᠡᠰᠡᠭ ᠢᠶᠠᠷ ᠪᠥᠷᠢᠯᠳᠥᠨ᠎ᠡ᠂  ᠥᠬᠡ ᠪᠤᠶᠤ ᠠᠶ᠎ᠠ ᠶᠢᠨ ᠠᠯᠢ ᠨᠢᠬᠡ   ᠨᠢ ᠴᠤ ᠪᠤᠯᠤᠨ᠎ᠠ ︵ ᠮᠤᠩᠭᠤᠯ ᠬᠢᠳᠡᠳ  ᠬᠤᠶᠡᠷ ᠬᠡᠯᠡ︶᠃    2. ᠭᠤᠤᠯ ᠰᠡᠳᠥᠪ ᠨᠢ ᠢᠯᠡ ᠳᠤᠳᠤ᠂  ᠥᠬᠡᠳᠡ ᠡᠷᠡᠬᠦᠯ  ᠂  ᠬᠥᠭ ᠠᠶᠠᠯᠭᠤ ᠨᠢ ᠭᠤᠶᠢᠳᠠ ᠰᠠᠶᠢᠬᠠᠨ  ᠮᠥᠷᠳᠡᠬᠡᠨ ᠳᠠᠭᠤᠯᠠᠬᠤ ᠳᠤ ᠬᠢᠯᠪᠡᠷ ᠪᠠᠶᠢᠬᠤ᠃  ᠨᠠᠭᠠᠳᠤᠮ ᠤᠨ ᠶᠡᠭᠡ ᠬᠤᠷᠠᠯ ᠤᠨ ᠪᠠᠶᠠᠷ  ᠬᠥᠷ ᠲᠠᠢ  ᠤᠨᠴᠢᠯᠢᠭ  ᠢ ᠢᠯᠡᠷᠡᠬᠦᠯᠵᠤ᠂  ᠴᠠᠭ ᠥᠶ᠎ᠡ ᠶᠢᠨ  ᠤᠨᠴᠠᠯᠢᠭ ᠪᠠ ᠳᠡᠬᠡᠳᠤ ᠬᠡᠮᠵᠢᠶᠡᠨ ᠤ ᠤᠷᠠᠯᠢᠭ ᠤᠨ ᠢᠯᠡᠳᠬᠡᠬᠦ ᠴᠢᠳᠠᠪᠤᠷᠢ  ᠂  ᠨᠥᠯᠥᠬᠡᠯᠡᠬᠦ ᠴᠢᠳᠠᠪᠤᠷᠢ ᠲᠠᠢ ᠪᠠᠶᠢᠬᠤ᠃    3.  ᠵᠤᠬᠢᠶᠠᠭᠰᠠᠨ ᠳᠠᠭᠤᠤ  ︵ᠳᠠᠭᠤᠨ ᠤ ᠥᠬᠡ ᠪᠤᠯᠤᠨ  ᠠᠶ᠎ᠠ︶᠂ ᠳᠠᠭᠤᠨ ᠤ ᠥᠬᠡ ᠪᠤᠶᠤ  ᠠᠶ᠎ᠠ ︵ ᠳᠥᠬᠦᠮ ᠨᠤᠲ ᠪᠤᠶᠤ ᠳᠠᠪᠤᠨ ᠱᠤᠭᠤᠮᠳᠤ ᠨᠤᠲ︶  CD  ᠯᠠᠶᠢᠰᠧᠷ ᠫᠠᠨᠰᠠ ᠬᠠᠩᠭᠠᠨ᠎ᠠ᠃     ᠬᠤᠶᠠᠷ᠂  ᠪᠥᠲᠥᠬᠡᠯ ᠢᠶᠠᠨ ᠳᠤᠰᠢᠶᠠᠬᠤ ᠬᠡᠯᠪᠡᠷᠢ     ᠪᠥᠲᠥᠬᠡᠯ ᠢᠶᠠᠨ ᠳᠤᠰᠢᠶᠠᠬᠤ ᠳᠠᠭᠠᠨ ᠡᠳᠡᠬᠡᠷ ᠮᠠᠲ᠋ᠧᠷᠢᠶᠡᠯ ᠢ ᠬᠠᠮᠳᠤ ᠳᠤᠨᠢ ᠬᠠᠩᠭᠠᠬᠤ ᠬᠡᠷᠡᠭᠳᠡᠢ᠄     ︵ᠨᠢᠬᠡ︶ ︽ ᠬᠤᠪᠢ ᠬᠥᠮᠥᠨ ︵ ᠪᠤᠶᠤ ᠵᠤᠬᠢᠶᠠᠨ ᠪᠠᠶᠢᠭᠤᠯᠤᠯᠳᠠ︶ ᠤ ᠮᠡᠳᠡᠭᠡ ᠵᠠᠩᠬᠢ ᠶᠢᠨ ᠬᠥᠰᠥᠨᠥᠭ︾ ᠳᠠᠭᠯᠠᠨ᠎ᠠ᠂  ᠰᠢᠯᠢ ᠶᠢᠨ ᠭᠤᠤᠯ ᠠᠶᠢᠮᠠᠭ ᠤᠨ ᠵᠠᠰᠠᠭ ᠤᠨ ᠶᠠᠪᠤᠳᠠᠯ ᠤᠨ ᠰᠥᠯᠵᠢᠶ᠎ᠡ ︵http://ww.xlgl.gov.cn)   ᠠᠴᠠ ᠬᠥᠰᠥᠨᠥᠭ ᠢ ᠪᠠᠭᠤᠯᠭᠠᠨ᠎ᠠ᠃     ︵ᠬᠤᠶᠠᠷ︶ ᠬᠤᠪᠢ ᠬᠥᠮᠥᠨ ᠤ ᠬᠥᠴᠥᠨ ᠲᠠᠢ ᠥᠨᠠᠮᠯᠠᠯ ᠤᠨ ᠪᠠᠭᠤᠯᠭᠠᠪᠤᠷᠢ ᠶᠢ ᠬᠠᠩᠭᠠᠨ᠎ᠠ᠂  ᠪᠥᠯᠬᠦᠮ  ᠢᠶᠠᠷ  ᠵᠤᠬᠢᠶᠠᠨ ᠪᠥᠲᠥᠬᠡᠭᠰᠡᠨ ᠪᠥᠲᠥᠬᠡᠯ ᠢᠶᠠᠨ ᠳᠤᠰᠢᠶᠠᠬᠤ ᠳᠤ ᠬᠠᠮᠢᠶ᠎ᠠ ᠪᠥᠬᠦᠢ ᠬᠢᠷᠢ ᠬᠡᠮ ᠤᠨ ᠬᠡᠷᠡᠴᠢ ᠪᠠᠶᠢᠬᠤ ᠬᠡᠷᠡᠭᠳᠡᠢ᠃     ︵ᠭᠤᠷᠪᠡ︶  ᠪᠥᠲᠥᠬᠡᠯ ᠢᠶᠠᠨ ᠨᠢᠬᠡ ᠬᠡᠯᠪᠡᠷᠢ ᠶᠢᠨ ᠬᠤᠶᠠᠷ ᠬᠤᠪᠢ ᠳᠤᠰᠢᠶᠠᠨ᠎ᠠ᠃     ︵ᠳᠥᠷᠪᠡ︶  ᠨᠢᠬᠡᠴᠠ ᠪᠤᠶᠤ ᠬᠤᠪᠢ ᠬᠥᠮᠥᠨ ᠬᠤᠷᠠᠯ ᠤᠨ ᠰᠥᠯᠳᠡ᠂ ᠬᠤᠷᠠᠯ ᠤᠨ ᠳᠠᠭᠤᠤ ᠶᠢᠨ ᠠᠯᠢ ᠨᠢᠬᠡ ᠵᠥᠢᠯ ᠢ ᠰᠤᠩᠭᠤᠬᠤ ᠪᠤᠶᠤ ᠬᠤᠶᠠᠷ ᠵᠥᠢᠯ ᠢ ᠴᠥᠮ ᠰᠤᠩᠭᠤᠵᠤ ᠳᠤᠰ ᠤᠳᠠᠭᠠᠨ ᠤ ᠡᠯᠰᠡᠬᠦ ᠠᠵᠢᠯᠯᠠᠭ᠎ᠠ  ᠳᠤ ᠤᠷᠤᠯᠴᠠᠵᠤ ᠪᠤᠯᠤᠨ᠎ᠠ᠃     ︵ᠳᠠᠪᠤ︶ ᠠᠵᠢᠯᠯᠠᠭ᠎ᠠ ᠳᠤ ᠤᠷᠤᠯᠴᠠᠭᠰᠠᠨ ᠪᠥᠲᠥᠬᠡᠯ ᠢ  ᠪᠤᠴᠠᠭᠠᠬᠤ ᠥᠬᠡᠢ ᠪᠤᠯᠬᠤᠷ᠂  ᠥᠪᠡᠷᠳᠡᠬᠡᠨ ᠡᠬᠡ ᠨᠤᠤᠷᠠᠭ ᠢᠶᠠᠨ ᠥᠯᠡᠳᠡᠬᠡᠨ  ᠬᠠᠳᠠᠭᠠᠯᠠᠬᠤ ᠬᠡᠷᠡᠭᠳᠡᠢ᠃ 2017 ᠤᠨ ᠤ 6 ᠳ᠋ᠤᠭᠠᠷ ᠰᠠᠷ᠎ᠠ ᠶᠢᠨ2 ᠤᠨ ᠡᠳᠤᠷ  ᠪᠤᠯᠳᠠᠯ᠎ᠠ ᠪᠥᠲᠥᠬᠡᠯ ᠡᠯᠰᠡᠨ᠎ᠡ᠃     ︵ᠵᠢᠷᠭᠤᠭ᠎ᠠ︶  ᠰᠢᠤᠳᠠᠨ ᠢᠶᠠᠷ ᠭᠤᠪᠢᠭᠤᠯᠬᠤ ᠪᠤᠶᠤ ᠢᠮᠧᠯ   ᠢᠶᠠᠷ ᠢᠯᠡᠬᠡᠵᠤ ᠪᠤᠯᠤᠨ᠎ᠠ᠃  ᠰᠢᠤᠳᠠᠨ ᠢᠶᠠᠷ ᠭᠤᠪᠢᠭᠤᠯᠬᠤ ᠳᠠᠭᠠᠨ ᠵᠠᠬᠢᠳᠡᠯ ᠤᠨ ᠳᠤᠭᠳᠤᠢ ᠳᠡᠬᠡᠷ᠎ᠡ ᠪᠠᠨ ︽ ᠰᠢᠯᠢ ᠶᠢᠨ ᠭᠤᠤᠯ ᠠᠶᠢᠮᠠᠭ ᠤᠨ ᠠᠷᠪᠠᠨ ᠬᠤᠶᠠᠳᠤᠭᠠᠷ  ᠬᠤᠭᠤᠴᠠᠭᠠᠨ ᠤ ᠨᠠᠭᠠᠳᠤᠮ ᠤᠨ  ᠶᠡᠭᠡ ᠬᠤᠷᠠᠯ ᠤᠨ ᠬᠤᠷᠠᠯ ᠤᠨ ᠰᠥᠯᠳᠡ᠂ ᠬᠤᠷᠠᠯ ᠤᠨ ᠳᠠᠭᠤᠤ ᠡᠯᠰᠡᠬᠦ  ᠪᠥᠲᠥᠬᠡᠯ︾  ᠬᠡᠵᠤ ᠳᠤᠳᠤᠷᠬᠠᠶᠢᠯᠠᠨ᠎ᠠ᠃         ᠬᠠᠶ᠋ᠢᠭ᠄   ᠰᠢᠯᠢ ᠶᠢᠨ ᠭᠤᠤᠯ ᠠᠶᠢᠮᠠᠭ ᠤᠨ ᠠᠷᠪᠠᠨ ᠬᠤᠶᠠᠳᠤᠭᠠᠷ  ᠬᠤᠭᠤᠴᠠᠭᠠᠨ ᠤ ᠨᠠᠭᠠᠳᠤᠮ ᠤᠨ  ᠶᠡᠭᠡ ᠬᠤᠷᠠᠯ   ᠤᠨ ᠪᠡᠯᠡᠳᠬᠡᠯ ᠠᠵᠢᠯ ᠤᠨ ᠺᠤᠮᠢᠰ ᠤᠨ ᠶᠡᠷᠥᠩᠬᠡᠶᠢᠯᠡᠭᠰᠡᠨ ᠠᠯᠪᠠᠨ ᠬᠡᠷ ︵ᠰᠢᠯᠢ ᠶᠢᠨ ᠭᠤᠤᠯ ᠠᠶᠢᠮᠠᠭ ᠤᠨ ᠵᠠᠰᠠᠭ ᠵᠠᠬᠢᠷᠭᠠᠨ ᠤ ᠳᠥᠪ ᠤᠨ 0 418 ᠠᠯᠪᠠᠨ ᠬᠡᠷ︶     ᠰᠢᠤᠳᠠᠨ ᠨᠤᠮᠧᠷ᠄ 026000     ᠬᠠᠷᠢᠯᠴᠠᠬᠤ ᠤᠳᠠᠰᠤ᠄ 0 479—8113780     0 479—8113785     ᠢᠮᠧᠯ᠄ xmndmcwhzhbgs@163.com     ᠬᠠᠷᠢᠯᠴᠠᠬᠤ ᠬᠥᠮᠥᠨ᠄  ᠯᠠᠢ ᠷᠥᠢ ᠭᠤᠸᠠᠩ    ᠸᠠᠩ ᡁᠢ ᠫᠧᠩ     ᠭᠤᠷᠪᠠ᠂  ᠬᠢᠨᠡᠨ  ᠰᠢᠯᠭᠠᠷᠠᠭᠤᠯᠬᠤ ᠪᠠ ᠬᠥᠬᠢᠬᠦᠯᠬᠦ ᠠᠷᠭ᠎ᠠ     ᠰᠢᠯᠢ ᠶᠢᠨ ᠭᠤᠤᠯ ᠠᠶᠢᠮᠠᠭ ᠤᠨ ᠠᠷᠪᠠᠨ ᠬᠤᠶᠠᠳᠤᠭᠠᠷ  ᠬᠤᠭᠤᠴᠠᠭᠠᠨ ᠤ ᠨᠠᠭᠠᠳᠤᠮ ᠤᠨ  ᠶᠡᠭᠡ ᠬᠤᠷᠠᠯ   ᠤᠨ ᠪᠡᠯᠡᠳᠬᠡᠯ ᠠᠵᠢᠯ ᠤᠨ ᠺᠤᠮᠢᠰ ᠤᠨ ᠶᠡᠷᠥᠩᠬᠡᠶᠢᠯᠡᠭᠰᠡᠨ ᠠᠯᠪᠠᠨ ᠬᠡᠷ   ᠠᠴᠠ ᠳᠤᠰᠬᠠᠢ ᠮᠡᠷᠬᠡᠵᠢᠯᠳᠡᠨ ᠢᠶᠠᠷ ᠪᠥᠷᠢᠯᠳᠥᠭᠰᠡᠨ ᠬᠢᠨᠠᠨ  ᠰᠢᠯᠭᠠᠷᠠᠭᠤᠯᠬᠤ ᠺᠤᠮᠢᠰ ᠪᠠᠶᠢᠭᠤᠯᠵᠤ᠂  ᠡᠯᠰᠡᠬᠦ ᠠᠵᠢᠯᠯᠠᠭ᠎ᠠ ᠳᠤ ᠤᠷᠤᠯᠴᠠᠭᠰᠠᠨ ᠪᠥᠲᠥᠬᠡᠯ  ᠤᠳ ᠢ ᠬᠢᠨᠡᠨ ᠰᠢᠯᠭᠠᠷᠠᠭᠤᠯᠤᠨ᠎ᠠ᠃  ᠬᠢᠨᠠᠨ ᠰᠢᠯᠭᠠᠷᠠᠭᠤᠯᠬᠤ ᠺᠤᠮᠢᠰ ᠠᠴᠠ ᠰᠢᠯᠭᠠᠷᠠᠭᠤᠯᠤᠯᠳᠠ ᠳᠤ ᠤᠷᠤᠯᠴᠠᠬᠤ ᠲᠥᠰᠥᠯ ᠢ ᠬᠢᠨᠠᠵᠤ᠂  ᠶᠠᠷᠢᠯᠴᠠᠨ ᠠᠳᠠᠯᠢᠳᠬᠠᠭᠰᠠᠨ ᠰᠠᠭᠤᠷᠢᠨ ᠳᠡᠬᠡᠷ᠎ᠡ᠂  ᠳᠤᠰᠢᠶᠠᠭᠰᠠᠨ ᠪᠥᠲᠥᠬᠡᠯ ᠤᠳ ᠢ  ᠠᠩᠬ᠎ᠠ  ᠬᠢᠨᠡᠯᠳᠡ᠂  ᠳᠠᠬᠢᠨ ᠬᠢᠨᠡᠯᠳᠡ ᠪᠠ  ᠡᠴᠥᠰ ᠤᠨ ᠬᠢᠨᠡᠯᠳᠡ ᠬᠢᠨ᠎ᠠ᠃  ᠡᠴᠥᠰ ᠤᠨ ᠬᠢᠨᠡᠯᠳᠡ ᠶᠢᠨ ᠥᠷ᠎ᠡ  ᠳ᠋ᠦᠩ ᠢ ᠪᠡᠯᠡᠳᠬᠡᠯ ᠠᠵᠢᠯ ᠤᠨ  ᠺᠤᠮᠢᠰ ᠲᠤ ᠮᠡᠳᠡᠬᠦᠯᠥᠨ ᠬᠢᠨᠡᠨ ᠳᠤᠭᠳᠠᠭᠠᠯᠭᠠᠭᠠᠳ᠂  ᠢᠯᠡ ᠨᠡᠶᠢᠳᠡᠯᠡᠨ᠎ᠡ᠃     ᠬᠤᠷᠠᠯ ᠤᠨ ᠰᠥᠯᠳᠡ᠂  ᠬᠤᠷᠠᠯ ᠤᠨ ᠳᠠᠭᠤᠤ ︵ᠥᠬᠡ  ᠂ ᠠᠶ᠎ᠠ︶   ᠪᠠᠷ ᠳᠤᠭᠳᠠᠭᠠᠭᠳᠠᠭᠰᠠᠨ   ᠢ  ᠱᠠᠩᠨᠠᠨ ᠬᠥᠬᠢᠬᠦᠯᠬᠦ ᠶᠢᠨ ᠬᠠᠮᠳᠤ ᠳᠤᠰ ᠤᠳᠠᠭᠠᠨ ᠤ ᠨᠠᠭᠠᠳᠤᠮ ᠤᠨ ᠬᠤᠷᠠᠯ ᠤᠨ ᠳᠡᠯᠬᠡᠷᠡᠬᠦᠯᠬᠦ ᠳᠠᠭᠤᠤ ᠪᠤᠯᠭᠠᠨ᠎ᠠ᠃  ᠨᠠᠭᠠᠳᠤᠮ ᠤᠨ ᠬᠤᠷᠠᠯ ᠤᠨ ᠵᠤᠬᠢᠶᠠᠨ ᠪᠠᠶᠢᠭᠤᠯᠬᠤ ᠺᠤᠮᠢᠰ ᠠᠴᠠ ᠱᠠᠩᠨᠠᠯ ᠤᠨ ᠮᠥᠩᠬᠦ᠂  ᠥᠨᠠᠮᠯᠠᠯ ᠤᠯᠭᠤᠨ᠎ᠠ᠃     ᠳᠥᠷᠪᠡ᠂  ᠪᠤᠰᠤᠳ ᠵᠥᠢᠯ ᠤᠨ  ᠳᠤᠬᠠᠢ  ᠳᠠᠶᠢᠯᠪᠤᠷᠢ     ︵ᠨᠢᠬᠡ︶  ᠳᠤᠰ ᠤᠳᠠᠭᠠᠨ ᠤ ᠠᠵᠢᠯᠯᠠᠭ᠎ᠠ ᠨᠢ ᠰᠥᠢᠳᠬᠡᠯ ᠬᠤᠷᠢᠶᠠᠬᠤ ᠥᠬᠡᠢ᠂  ᠪᠥᠲᠥᠬᠡᠯ ᠢᠶᠠᠨ ᠭᠤᠪᠢᠭᠤᠯᠬᠤ ᠰᠥᠢᠳᠬᠡᠯ ᠢ ᠥᠪᠡᠷᠳᠡᠬᠡᠨ ᠬᠠᠷᠢᠭᠤᠴᠠᠨ᠎ᠠ᠃  ᠪᠥᠲᠥᠬᠡᠯ ᠢᠶᠠᠨ ᠭᠤᠪᠢᠭᠤᠯᠬᠤ ᠶᠠᠪᠤᠴᠠ ᠳᠤ ᠡᠪᠳᠡᠭᠳᠡᠭᠰᠨᠨ ᠪᠤᠶᠤ ᠬᠡᠬᠡᠭᠳᠡᠭᠰᠡᠨ  ᠪᠤᠯ ᠭᠤᠤᠯᠯᠠᠨ ᠡᠷᠬᠢᠯᠡᠬᠦ ᠳᠠᠯ᠎ᠠ ᠠᠴᠠ ᠬᠠᠷᠢᠭᠤᠴᠠᠬᠤ ᠥᠬᠡᠢ᠃     ︵ᠬᠤᠶᠡᠷ︶ ᠡᠨᠡᠬᠦ ᠠᠵᠢᠯᠯᠠᠭ᠎ᠠ ᠳᠤ ᠤᠷᠤᠯᠴᠠᠭᠰᠠᠳ ᠨᠢ ᠡᠷᠬᠡᠪᠰᠢ ᠳᠤᠰ ᠪᠥᠲᠥᠬᠡᠯ ᠤᠨ ᠬᠠᠤᠯᠢ ᠶᠤᠰᠤᠨ ᠤ ᠥᠮᠴᠢᠯᠡᠭᠴᠢ ᠪᠠᠶᠢᠵᠤ᠂  ᠵᠤᠬᠢᠶᠠᠨ ᠪᠥᠲᠥᠭᠡᠭᠰᠡᠨ ᠡᠷᠬᠡ ᠪᠠᠶᠢᠬᠤ ᠬᠡᠷᠡᠭᠳᠡᠢ᠂ ᠪᠤᠰᠤᠳ ᠤᠨ ᠵᠤᠬᠢᠶᠠᠨ ᠪᠥᠲᠥᠬᠡᠭᠰᠡᠨ ᠡᠷᠬᠡ ᠳᠤ  ᠬᠠᠯᠳᠠᠵᠤ ᠪᠤᠯᠬᠤ ᠥᠬᠡᠢ᠃  ᠬᠡᠷᠪᠡ ᠪᠥᠲᠥᠬᠡᠯ ᠨᠢ ᠪᠤᠰᠤᠳ ᠤᠨ ᠵᠤᠬᠢᠶᠠᠨ ᠪᠥᠲᠥᠬᠡᠭᠰᠡᠨ ᠡᠷᠬᠡ ᠳᠤ ᠬᠠᠯᠳᠠᠭᠰᠠᠨ ᠪᠣᠯ ᠬᠠᠮᠢᠶ᠎ᠠ ᠪᠥᠬᠦᠢ ᠬᠠᠤᠯᠢ ᠶᠢᠨ ᠬᠠᠷᠢᠭᠤᠴᠠᠯᠭ᠎ᠠ ᠶᠢ ᠥᠪᠡᠷᠳᠡᠬᠡᠨ ᠬᠠᠷᠢᠭᠤᠴᠠᠨ᠎ᠠ᠂  ᠭᠤᠤᠯᠯᠠᠨ ᠡᠷᠬᠢᠯᠡᠬᠦ ᠳᠠᠯ᠎ᠠ ᠠᠴᠠ ᠶᠠᠮᠠᠷᠴᠥ  ᠬᠠᠷᠢᠭᠤᠴᠠᠯᠭ᠎ᠠ ᠡᠬᠦᠷᠬᠡᠯᠡᠬᠦ ᠥᠬᠡᠢ᠃     ︵ᠭᠤᠷᠪᠡ︶  ᠬᠢᠨᠡᠨ ᠰᠢᠯᠭᠠᠷᠠᠭᠤᠯᠬᠤ ᠪᠠᠷ ᠳᠠᠮᠵᠢᠨ ᠳᠤᠰ ᠤᠳᠠᠭᠠᠨ   ᠤ ᠨᠠᠭᠠᠳᠤᠮ ᠤᠨ ᠶᠡᠭᠡ ᠬᠤᠷᠠᠯ ᠤᠨ ᠬᠤᠷᠠᠯ ᠤᠨ ᠰᠥᠯᠳᠡ᠂  ᠬᠤᠷᠠᠯ ᠤᠨ ᠳᠠᠭᠤᠤ ᠪᠠᠷ ᠳᠤᠭᠳᠠᠭᠠᠭᠳᠠᠵᠤ ᠱᠠᠩᠨᠠᠯ ᠬᠥᠷᠳᠡᠭᠰᠡᠨ ᠪᠥᠲᠥᠬᠡᠯ ᠢ ᠬᠠᠮᠢᠶ᠎ᠠ ᠪᠥᠬᠦᠢ ᠮᠡᠳᠡᠯᠬᠡ ᠶᠢᠨ ᠪᠥᠲᠥᠬᠡᠭᠳᠡᠬᠦᠨ ᠤ ᠥᠮᠴᠢᠯᠡᠯ ᠤᠨ ᠡᠷᠬᠡ ᠶᠢᠨ ᠬᠠᠤᠯᠢ ᠴᠠᠭᠠᠵᠠ᠂  ᠬᠠᠤᠯᠢ ᠳᠥᠷᠢᠮ  ᠶᠤᠰᠤᠭᠠᠷ ᠬᠠᠮᠠᠭᠠᠯᠠᠨ᠎ᠠ᠃  ᠪᠥᠲᠥᠬᠡᠯ ᠤᠨ ᠵᠤᠬᠢᠶᠠᠭᠴᠢ ᠶᠢᠨ ᠨᠡᠷ᠎ᠡ ᠠᠴᠠ ᠪᠤᠰᠤᠳ ᠮᠡᠳᠡᠯᠬᠡ ᠶᠢᠨ ᠪᠥᠲᠥᠬᠡᠭᠳᠡᠬᠦᠨ  ᠤ  ᠥᠮᠴᠢᠯᠡᠯ ᠤᠨ ᠡᠷᠬᠡ ᠨᠢ ᠳᠤᠰ ᠤᠳᠠᠭᠠᠨ ᠤ  ᠨᠠᠭᠠᠳᠤᠮ ᠤᠨ ᠶᠡᠭᠡ ᠬᠤᠷᠠᠯ ᠤᠨ ᠪᠡᠯᠡᠳᠬᠡᠯ ᠠᠵᠢᠯ ᠤᠨ ᠺᠤᠮᠢᠰ  ᠲᠤ ᠥᠮᠴᠢᠯᠡᠭᠳᠡᠬᠦ ᠪᠤᠯᠬᠤᠷ᠂  ᠵᠥᠪᠰᠢᠶᠡᠷᠡᠬᠦᠯᠬᠦ ᠥᠬᠡᠢ ᠪᠠᠷ ᠪᠤᠰᠤᠳ ᠶᠠᠮᠷᠪᠠ ᠵᠤᠬᠢᠶᠠᠨ ᠪᠠᠶᠢᠭᠤᠯᠤᠯᠳᠠ  ᠪᠤᠶᠤ ᠬᠤᠪᠢ ᠬᠥᠮᠥᠨ ᠳᠤᠷ᠎ᠠ ᠪᠠᠷ ᠢᠶᠠᠨ ᠬᠡᠷᠡᠭᠯᠡᠵᠤ ᠪᠤᠯᠬᠤ ᠥᠬᠡᠢ᠃    ︵ᠳᠥᠷᠪᠡ︶ ᠳᠤᠰ ᠤᠳᠠᠭᠠᠨ ᠤ ᠨᠠᠭᠠᠳᠤᠮ ᠤᠨ ᠶᠡᠭᠡ ᠬᠤᠷᠠᠯ ᠤᠨ ᠪᠡᠯᠡᠳᠬᠡᠯ ᠠᠵᠢᠯ ᠤᠨ ᠺᠤᠮᠢᠰ ᠠᠴᠠ ᠳᠤᠰ ᠤᠳᠠᠭᠠᠨ ᠤ ᠪᠥᠲᠥᠬᠡᠯ ᠡᠯᠰᠡᠬᠦ  ᠠᠵᠢᠯᠯᠠᠭ᠎ᠠ ᠶᠢᠨ ᠬᠠᠮᠤᠭ ᠡᠴᠥᠰ ᠤᠨ  ᠳᠠᠶᠢᠯᠪᠤᠷᠢᠯᠠᠬᠤ ᠡᠷᠬᠡ ᠲᠠᠢ᠃      ᠰᠢᠯᠢ ᠶᠢᠨ ᠭᠤᠤᠯ ᠠᠶᠢᠮᠠᠭ ᠤᠨ ᠠᠷᠪᠠᠨ ᠬᠤᠶᠠᠳᠤᠭᠠᠷ  ᠬᠤᠭᠤᠴᠠᠭᠠᠨ ᠤ ᠨᠠᠭᠠᠳᠤᠮ ᠤᠨ  ᠶᠡᠭᠡ ᠬᠤᠷᠠᠯ   ᠤᠨ ᠪᠡᠯᠡᠳᠬᠡᠯ ᠠᠵᠢᠯ ᠤᠨ ᠺᠤᠮᠢᠰ       2017 ᠤᠨ ᠤ 5  ᠳ᠋ᠤᠭᠠᠷ ᠰᠠᠷ᠎ᠠ ᠶᠢᠨ 8   ᠤ ᠡᠳᠤᠷ          ᠳᠠᠭᠠᠯᠳᠤᠭᠤᠯᠤᠯ                              
 
ᠢᠷᠡᠯᠲᠡ᠄ ᠰᠢᠯᠢ ᠶᠢᠨ ᠭᠤᠤᠯ ᠠᠶᠢᠮᠠᠭ ᠤᠨ ᠵᠠᠬᠢᠷᠭ᠎ᠠ ᠶᠢᠨ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号