︽ᠬᠤᠷ᠎ᠠ ᠎ ᠶᠢᠨ  ᠰᠢᠮ᠎ᠡ︾  ᠬᠦᠳᠦᠯᠦᠭᠴᠢ  ᠨᠡᠪᠳᠡᠷᠡᠭᠦᠯᠥᠭᠴᠢ ᠎ ᠶᠢᠨ  ᠤᠷᠤᠯᠳᠤᠭᠠᠨ ᠨᠢ  ᠬᠤᠷᠠᠭᠰᠠᠨ ᠤᠯᠠᠨ ᠤ ᠰᠡᠳᠬᠢᠯ  ᠢ ᠪᠠᠶᠠᠰᠬᠠᠨ᠎ᠠ
ᠨᠡᠶᠢᠲᠡᠯᠡᠭᠰᠡᠨ ᠴᠠᠭ᠄
2017/3/21

    ᠪᠠᠯᠭᠠᠷᠭᠤᠤᠯ ᠤᠨ ᠮᠡᠳᠡᠭᠡ᠂ ᠣᠶᠢᠷ᠎ᠠ ᠶᠢᠨ ᠡᠳᠦᠷ᠂ ᠪᠠᠷᠠᠭᠤᠨ ᠦᠵᠤᠮᠤᠴᠢᠨ ᠬᠤᠰᠢᠭᠤᠨ ᠤ ᠮᠤᠩᠭᠤᠯ

ᠦᠨᠳᠤᠰᠤᠳᠡᠨ ᠤ ᠨᠢᠭᠡᠳᠤᠭᠡᠷ ᠪᠠᠭ᠎ᠠ ᠰᠤᠷᠭᠠᠭᠤᠯᠢ ᠨᠢ ᠰᠣᠷᠣᠭᠴᠢᠳ ᠤᠨ ᠪᠠᠷᠢᠮᠵᠢᠶ᠎ᠠ ᠠᠪᠢᠶ᠎ᠠ ᠪᠠᠷ ᠤᠨᠤᠪᠴᠢᠲᠠᠢ᠂

ᠪᠣᠯᠪᠠᠰᠣᠷᠠᠩᠭᠤᠢ᠂ ᠵᠤᠷᠢᠭᠳᠠᠢ ᠶᠠᠷᠢᠵᠥ ᠢᠯᠡᠳᠭᠡᠬᠦ ᠴᠢᠳᠠᠪᠥᠷᠢ ᠶᠢ ᠨᠢ ᠲᠡᠭᠡᠭᠰᠢᠯᠡᠭᠦᠯᠵᠥ᠂ ᠦᠭᠡᠰ ᠤᠨ ᠰᠠᠩ ᠢ ᠨᠢ

ᠪᠠᠶᠠᠯᠢᠭᠵᠢᠭᠤᠯᠬᠤ᠂ ᠥᠪᠡᠷᠮᠢᠴᠡ ᠣᠷ᠎ᠠ ᠠᠪᠢᠶᠠᠰ ᠢ ᠪᠠᠳᠠᠷᠠᠭᠤᠯᠵᠦ᠂ ᠥᠨᠳᠥᠰᠥᠳᠡᠨ ᠤ ᠪᠠᠨ ᠥᠭᠡ ᠬᠡᠯᠡ᠂

ᠥᠰᠥᠭ ᠪᠢᠴᠢᠭ ᠢ ᠬᠠᠶᠢᠷᠠᠯᠠᠨ ᠬᠠᠮᠠᠭᠠᠯᠠᠬᠤ ᠵᠠᠩ ᠲᠠᠳᠬᠠᠯ ᠤᠨ ᠬᠦᠮᠦᠵᠢᠯ ᠭᠦᠷᠳᠡᠭᠡᠨ᠂ ᠰᠣᠷᠭᠠᠭᠤᠯᠢ ᠶᠢᠨ

ᠬᠦᠷᠢᠶᠡᠨ ᠤ ᠰᠣᠶᠣᠯ ᠤᠨ ᠠᠭᠤᠷ ᠠᠮᠢᠰᠬᠤᠯ ᠢ ᠪᠠᠶᠠᠯᠢᠭᠵᠢᠭᠤᠯᠬᠤ ᠶᠢᠨ ᠲᠦᠯᠦᠭᠡ ᠳᠣᠯᠤᠳᠤᠭᠠᠷ ᠤᠳᠠᠭᠠᠨ  ᠎ ᠤ  ︽

ᠬᠤᠷ᠎ᠠ  ᠎ ᠶᠢᠨ  ᠰᠢᠮ᠎ᠡ︾  ᠬᠦᠳᠦᠯᠦᠭᠴᠢ  ᠨᠡᠪᠳᠡᠷᠡᠭᠦᠯᠥᠭᠴᠢ  ᠎ ᠶᠢᠨ  ᠤᠷᠤᠯᠳᠤᠭᠠᠨ  ᠡᠷᠬᠢᠯᠡᠭᠰᠡᠨ ᠪᠠᠶᠢᠨ᠎ᠠ᠃

    ᠤᠷᠤᠯᠳᠤᠭᠠᠨ ᠢᠶᠠᠨ ᠳᠥᠪ ᠭᠤᠣᠯᠴᠢ᠂ ᠲᠤᠰᠬᠠᠢ ᠮᠡᠷᠭᠡᠵᠢᠯ ᠤᠨ ᠡᠭᠦᠳᠡᠨ ᠠᠴᠠ ᠬᠢᠨᠠᠵᠤ ᠵᠢᠯᠤᠭᠤᠳᠤᠭᠤᠯᠬᠤ

᠎ ᠶᠢᠨ ᠳᠤᠰᠠᠲᠠ ᠲᠧᠯᠸᠢᠰ ᠬᠤᠷᠢᠶᠠᠨ ᠤ ᠬᠥᠳᠦᠯᠦᠭᠴᠢ ᠪᠤᠯᠤᠨ ᠮᠤᠩᠭᠤᠯ ᠦᠨᠳᠦᠰᠦᠲᠠᠨ ᠤ ᠳᠤᠮᠳᠠᠲᠤ ᠪᠠᠭ᠎ᠠ

ᠰᠤᠷᠭᠠᠭᠤᠯᠢ ᠠᠴᠠ ᠮᠤᠩᠭᠤᠯ ᠬᠡᠯᠡᠨ ᠤ ᠪᠠᠭᠰᠢ ᠶᠢ ᠬᠢᠨᠠᠭᠴᠢ ᠪᠠᠷ ᠤᠷᠢᠨ ᠵᠠᠯᠠᠵᠠᠢ᠃ ᠤᠷᠤᠯᠳᠤᠭᠠᠨ ᠨᠢ ᠭᠤᠷᠪᠠᠨ

ᠳᠠᠪᠠᠭ᠎ᠠ ᠪᠠᠷ ᠶᠠᠪᠤᠭᠳᠠᠵᠤ᠂ ᠨᠢᠭᠡᠳᠥᠭᠡᠷ ᠲᠠᠰ ᠲᠤ ᠬᠥᠬᠡᠲᠤᠭ᠂ ᠬᠤᠶᠠᠳᠣᠭᠠᠷ ᠲᠠᠰ ᠲᠤ ᠭᠡᠭᠡᠨᠲᠠᠨ᠎ᠠ᠂ ᠮᠥᠰᠢᠶᠡᠯ᠂

ᠴᠣᠪᠤᠭᠤ᠂ ᠭᠤᠷᠪᠠᠳᠣᠭᠠᠷ ᠲᠠᠰ ᠲᠤ ᠤᠷᠠᠯᠢᠭ᠂ ᠪᠠᠶᠠᠨᠴᠡᠴᠡᠭ᠂ ᠭᠠᠩᠴᠢᠮᠡᠭ᠂ ᠭᠡᠭᠡᠨᠲᠤᠶᠠᠭ᠎ᠠ᠂ ᠰᠢᠯᠢᠳᠡᠭ

ᠬᠦᠳᠦᠯᠦᠭᠴᠢ ᠴᠡᠯᠡᠭᠡᠷ᠂  ᠬᠡᠭᠡᠨᠴᠢᠷ᠂ ᠲᠦᠷᠢ ᠲᠦᠷᠭᠦ ᠶᠢᠨ ᠬᠦᠳᠦᠯᠥᠭᠴᠢ ᠴᠣᠪᠤᠭᠤ᠂ ᠠᠵᠠᠲᠠᠢ ᠬᠦᠳᠦᠯᠦᠭᠴᠢ

ᠭᠡᠭᠡᠨᠵᠤᠯᠠ ᠵᠡᠷᠭᠡ ᠰᠤᠷᠤᠭᠴᠢ ᠰᠢᠯᠭᠠᠷᠠᠭᠤᠯᠤᠯᠲᠠ ᠪᠠᠷ ᠳᠠᠮᠵᠢᠨ ᠳᠣᠳᠤᠷᠠᠵᠤ᠂  ᠦᠵᠡᠭᠴᠢ ᠤᠯᠠᠨ ᠢᠶᠠᠨ

ᠤᠷᠮᠠᠰᠢᠭᠤᠯᠤᠨ ᠪᠠᠶᠠᠰᠬᠠᠵᠣ᠂ ᠠᠮᠵᠢᠯᠲᠠ ᠲᠠᠢ ᠰᠠᠶᠢᠬᠠᠨ ᠦᠨᠳᠦᠷᠯᠡᠵᠤ ᠪᠢᠯᠨ᠃

 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号