ᠬᠦᠮᠤᠨ ᠤ ᠭᠦᠴᠤᠨ ᠤ ᠡᠬᠢ ᠪᠠᠶᠠᠯᠢᠭ ᠪᠡ ᠨᠡᠶᠢᠭᠡᠮ ᠤᠨ ᠪᠠᠳᠤᠯᠠᠪᠦᠷᠢ ᠶᠢᠨ ᠭᠡᠯᠳᠡᠰ 23 ᠤ ᠡᠳᠤᠷ ᠮᠡᠳᠡᠭᠡ | ᠨᠡᠶᠢᠳᠡᠯᠡᠵᠤ᠂ ᠬᠦᠮᠤᠨ ᠤ ᠭᠦᠴᠤᠨ ᠤ ᠡᠬᠢ ᠪᠠᠶᠠᠯᠢᠭ ᠪᠡ ᠨᠡᠶᠢᠭᠡᠮ ᠤᠨ ᠪᠠᠳᠤᠯᠠᠪᠦᠷᠢ ᠶᠢᠨ ᠦᠨᠳᠤᠰᠤᠨ | ᠡᠮᠴᠢᠯᠡᠭᠡᠨ ᠤ ᠲᠠᠭᠠᠳᠬᠠᠯ᠂ ᠠᠵᠢᠯ ᠠᠴᠠ ᠪᠤᠯᠤᠬᠰᠡᠨ ᠬᠡᠮᠳᠤᠯ ᠤᠨ ᠲᠠᠭᠠᠳᠬᠠᠯ ᠪᠡ ᠦᠷᠡᠵᠢᠯ ᠤᠨ ᠡᠮ ᠤᠨ | ᠳᠠᠭᠠᠳᠬᠠᠯ ᠤᠨ ᠭᠠᠷᠴᠠᠭ ᠢ ᠨᠡᠶᠢᠳᠡᠯᠡᠵᠠᠢ᠃ | ᠲᠠᠨᠢᠯᠴᠠᠭᠤᠯᠤᠬᠰᠡᠨ ᠢᠶᠠᠷ᠂ 2017 ᠤᠨ ᠤ ᠡᠮ ᠤᠨ ᠵᠦᠢᠯᠡᠰ ᠤᠨ ᠭᠠᠷᠴᠠᠭ ᠨᠢ ᠲᠠᠶᠢᠯᠪᠦᠷᠢ᠂ ᠡᠸᠦ᠋ᠷᠦᠫᠠ | ᠡᠮ᠂ ᠬᠢᠳᠡᠳ ᠪᠡᠯᠡᠨ ᠡᠮ ᠪᠡ ᠬᠢᠳᠡᠳ ᠬᠠᠪᠳᠠᠭᠠᠢ ᠡᠮ ᠵᠡᠷᠭᠡ ᠲᠦᠷᠪᠡᠨ ᠭᠡᠰᠡᠭ ᠢᠶᠠᠷ ᠪᠦᠷᠢᠯᠳᠦᠵᠠᠢ᠃ ᠡᠸᠦ᠋ᠷᠦᠫᠠ | ᠡᠮ ᠤᠨ ᠭᠡᠰᠡᠭ ᠲᠤ ᠬᠢᠮᠢ ᠶᠢᠨ ᠡᠮ ᠪᠡ ᠠᠮᠢᠳᠤ ᠪᠤᠳᠠᠰ ᠤᠨ ᠪᠦᠳᠦᠭᠡᠭᠳᠡᠭᠦᠨ ᠵᠡᠷᠭᠡ ᠶᠢ ᠪᠠᠭᠳᠠᠭᠠᠵᠠᠢ︔ ᠬᠢᠳᠡᠳ | ᠪᠡᠯᠡᠨ ᠡᠮ ᠤᠨ ᠭᠡᠰᠡᠭ ᠲᠤ ᠬᠢᠳᠡᠳ ᠪᠡᠯᠡᠨ ᠡᠮ ᠪᠡ ᠦᠨᠳᠤᠰᠤᠳᠡᠨ ᠤ ᠡᠮ ᠢ ᠪᠠᠭᠳᠠᠭᠠᠵᠠᠢ︔ ᠬᠢᠳᠡᠳ ᠬᠠᠪᠳᠠᠭᠠᠢ | ᠡᠮ ᠤᠨ ᠭᠡᠰᠡᠭ ᠲᠤ ᠰᠠᠭᠤᠷᠢ ᠮᠦᠩᠭᠦ ᠠᠴᠠ ᠲᠤᠭᠠᠴᠠᠭ᠎ᠠ ᠬᠢᠬᠦ ᠦᠭᠡᠢ ᠬᠢᠳᠡᠳ ᠬᠠᠪᠳᠠᠭᠠᠢ ᠡᠮ ᠢ ᠲᠤᠭᠳᠠᠭᠠᠵᠠᠢ᠃ | | ᠡᠸᠦ᠋ᠷᠦᠫᠠ ᠡᠮ ᠪᠡ ᠬᠢᠳᠡᠳ ᠪᠡᠯᠡᠨ ᠡᠮ ᠤᠨ ᠭᠡᠰᠡᠭ ᠲᠤ ᠨᠡᠶᠢᠳᠡ 2535 ᠡᠮ ᠤᠨ ᠵᠦᠢᠯ ᠢ ᠪᠠᠭᠳᠠᠭᠠᠨ | ᠤᠷᠤᠭᠤᠯᠵᠤ᠂ 2009 ᠤᠨ ᠤ ᠬᠡᠪᠯᠡᠯ ᠤᠨ ᠭᠠᠷᠴᠠᠭ ᠲᠠᠢ ᠬᠠᠷᠢᠴᠠᠭᠤᠯᠪᠡᠯ 339 ᠨᠡᠮᠡᠭᠳᠡᠵᠠᠢ᠃ ᠡᠬᠦᠨ ᠳᠤ᠂ | ᠡᠸᠦ᠋ᠷᠦᠫᠠ ᠡᠮ ᠤᠨ ᠭᠡᠰᠡᠭ ᠲᠤ 1297᠂ ᠬᠢᠳᠡᠳ ᠪᠡᠯᠡᠨ ᠡᠮ ᠤᠨ ᠭᠡᠰᠡᠭ ᠲᠤ 1238 ︵ᠦᠨᠳᠤᠰᠤᠳᠡᠨ ᠤ | ᠡᠮ 88 ᠶᠢ ᠪᠠᠭᠳᠠᠭᠠᠵᠠᠢ︶ ᠪᠤᠢ᠃ ᠬᠢᠳᠡᠳ ᠬᠠᠪᠳᠠᠭᠠᠢ ᠡᠮ ᠤᠨ ᠭᠡᠰᠡᠭ ᠲᠤ ᠲᠤᠬᠢᠷᠠᠭᠤᠯᠤᠯᠳᠡ ᠬᠢᠭᠰᠡᠨ ᠦᠭᠡᠢ᠂ | ᠮᠦᠨ ᠴᠤ 2009 ᠤᠨ ᠤ ᠬᠡᠪᠯᠡᠯ ᠤᠨ ᠡᠮ ᠤᠨ ᠵᠦᠢᠯᠡᠰ ᠤᠨ ᠭᠠᠷᠴᠠᠭ ᠤᠨ ᠲᠤᠭᠳᠠᠭᠠᠯ ᠢ ᠦᠷᠬᠦᠯᠵᠢᠯᠡᠨ | ᠭᠡᠷᠡᠭᠵᠢᠬᠦᠯᠦᠨ᠎ᠠ᠃ |