2017 ᠤᠨ ᠤ ᠬᠡᠪᠯᠡᠯ ᠤᠨ ᠡᠮ ᠤᠨ ᠵᠦᠢᠯᠡᠰ ᠤᠨ ᠭᠠᠷᠴᠠᠭ ᠢ ᠨᠡᠶᠢᠳᠡᠯᠡᠵᠤ 2635 ᠡᠸᠦ᠋ᠷᠦᠫᠠ ᠡᠮ ᠬᠢᠳᠡᠳ ᠪᠡᠯᠡᠨ ᠡᠮ ᠢ ᠪᠠᠭᠳᠠᠭᠠᠨ ᠤᠷᠤᠭᠤᠯᠵᠠᠢ
ᠨᠡᠶᠢᠲᠡᠯᠡᠭᠰᠡᠨ ᠴᠠᠭ᠄
2017-02-28
    ᠬᠦᠮᠤᠨ ᠤ ᠭᠦᠴᠤᠨ ᠤ ᠡᠬᠢ ᠪᠠᠶᠠᠯᠢᠭ ᠪᠡ ᠨᠡᠶᠢᠭᠡᠮ ᠤᠨ ᠪᠠᠳᠤᠯᠠᠪᠦᠷᠢ ᠶᠢᠨ ᠭᠡᠯᠳᠡᠰ 23᠎ ᠤ ᠡᠳᠤᠷ ᠮᠡᠳᠡᠭᠡ ᠨᠡᠶᠢᠳᠡᠯᠡᠵᠤ᠂ ᠬᠦᠮᠤᠨ ᠤ ᠭᠦᠴᠤᠨ ᠤ ᠡᠬᠢ ᠪᠠᠶᠠᠯᠢᠭ ᠪᠡ ᠨᠡᠶᠢᠭᠡᠮ ᠤᠨ ᠪᠠᠳᠤᠯᠠᠪᠦᠷᠢ ᠶᠢᠨ ᠦᠨᠳᠤᠰᠤᠨ ᠡᠮᠴᠢᠯᠡᠭᠡᠨ ᠤ ᠲᠠᠭᠠᠳᠬᠠᠯ᠂ ᠠᠵᠢᠯ ᠠᠴᠠ ᠪᠤᠯᠤᠬᠰᠡᠨ ᠬᠡᠮᠳᠤᠯ ᠤᠨ ᠲᠠᠭᠠᠳᠬᠠᠯ ᠪᠡ ᠦᠷᠡᠵᠢᠯ ᠤᠨ ᠡᠮ ᠤᠨ ᠳᠠᠭᠠᠳᠬᠠᠯ ᠤᠨ ᠭᠠᠷᠴᠠᠭ ᠢ ᠨᠡᠶᠢᠳᠡᠯᠡᠵᠠᠢ᠃       ᠲᠠᠨᠢᠯᠴᠠᠭᠤᠯᠤᠬᠰᠡᠨ ᠢᠶᠠᠷ᠂ 2017 ᠤᠨ ᠤ ᠡᠮ ᠤᠨ ᠵᠦᠢᠯᠡᠰ ᠤᠨ ᠭᠠᠷᠴᠠᠭ ᠨᠢ ᠲᠠᠶᠢᠯᠪᠦᠷᠢ᠂ ᠡᠸᠦ᠋ᠷᠦᠫᠠ ᠡᠮ᠂ ᠬᠢᠳᠡᠳ ᠪᠡᠯᠡᠨ ᠡᠮ ᠪᠡ ᠬᠢᠳᠡᠳ ᠬᠠᠪᠳᠠᠭᠠᠢ ᠡᠮ ᠵᠡᠷᠭᠡ ᠲᠦᠷᠪᠡᠨ ᠭᠡᠰᠡᠭ ᠢᠶᠠᠷ ᠪᠦᠷᠢᠯᠳᠦᠵᠠᠢ᠃ ᠡᠸᠦ᠋ᠷᠦᠫᠠ ᠡᠮ ᠤᠨ ᠭᠡᠰᠡᠭ ᠲᠤ ᠬᠢᠮᠢ ᠶᠢᠨ ᠡᠮ ᠪᠡ ᠠᠮᠢᠳᠤ ᠪᠤᠳᠠᠰ ᠤᠨ ᠪᠦᠳᠦᠭᠡᠭᠳᠡᠭᠦᠨ ᠵᠡᠷᠭᠡ ᠶᠢ ᠪᠠᠭᠳᠠᠭᠠᠵᠠᠢ︔ ᠬᠢᠳᠡᠳ ᠪᠡᠯᠡᠨ ᠡᠮ ᠤᠨ ᠭᠡᠰᠡᠭ ᠲᠤ ᠬᠢᠳᠡᠳ ᠪᠡᠯᠡᠨ ᠡᠮ ᠪᠡ ᠦᠨᠳᠤᠰᠤᠳᠡᠨ ᠤ ᠡᠮ ᠢ ᠪᠠᠭᠳᠠᠭᠠᠵᠠᠢ︔ ᠬᠢᠳᠡᠳ ᠬᠠᠪᠳᠠᠭᠠᠢ ᠡᠮ ᠤᠨ ᠭᠡᠰᠡᠭ ᠲᠤ ᠰᠠᠭᠤᠷᠢ ᠮᠦᠩᠭᠦ ᠠᠴᠠ ᠲᠤᠭᠠᠴᠠᠭ᠎ᠠ ᠬᠢᠬᠦ ᠦᠭᠡᠢ ᠬᠢᠳᠡᠳ ᠬᠠᠪᠳᠠᠭᠠᠢ ᠡᠮ ᠢ ᠲᠤᠭᠳᠠᠭᠠᠵᠠᠢ᠃     ᠡᠸᠦ᠋ᠷᠦᠫᠠ ᠡᠮ ᠪᠡ ᠬᠢᠳᠡᠳ ᠪᠡᠯᠡᠨ ᠡᠮ ᠤᠨ ᠭᠡᠰᠡᠭ ᠲᠤ ᠨᠡᠶᠢᠳᠡ 2535 ᠡᠮ ᠤᠨ ᠵᠦᠢᠯ ᠢ ᠪᠠᠭᠳᠠᠭᠠᠨ ᠤᠷᠤᠭᠤᠯᠵᠤ᠂ 2009 ᠤᠨ ᠤ ᠬᠡᠪᠯᠡᠯ ᠤᠨ ᠭᠠᠷᠴᠠᠭ ᠲᠠᠢ ᠬᠠᠷᠢᠴᠠᠭᠤᠯᠪᠡᠯ 339 ᠨᠡᠮᠡᠭᠳᠡᠵᠠᠢ᠃ ᠡᠬᠦᠨ ᠳᠤ᠂ ᠡᠸᠦ᠋ᠷᠦᠫᠠ ᠡᠮ ᠤᠨ ᠭᠡᠰᠡᠭ ᠲᠤ 1297᠂ ᠬᠢᠳᠡᠳ ᠪᠡᠯᠡᠨ ᠡᠮ ᠤᠨ ᠭᠡᠰᠡᠭ ᠲᠤ 1238 ︵ᠦᠨᠳᠤᠰᠤᠳᠡᠨ ᠤ ᠡᠮ 88᠎ ᠶᠢ ᠪᠠᠭᠳᠠᠭᠠᠵᠠᠢ︶ ᠪᠤᠢ᠃ ᠬᠢᠳᠡᠳ ᠬᠠᠪᠳᠠᠭᠠᠢ ᠡᠮ ᠤᠨ ᠭᠡᠰᠡᠭ ᠲᠤ ᠲᠤᠬᠢᠷᠠᠭᠤᠯᠤᠯᠳᠡ ᠬᠢᠭᠰᠡᠨ ᠦᠭᠡᠢ᠂ ᠮᠦᠨ ᠴᠤ 2009 ᠤᠨ ᠤ ᠬᠡᠪᠯᠡᠯ ᠤᠨ ᠡᠮ ᠤᠨ ᠵᠦᠢᠯᠡᠰ ᠤᠨ ᠭᠠᠷᠴᠠᠭ ᠤᠨ ᠲᠤᠭᠳᠠᠭᠠᠯ ᠢ ᠦᠷᠬᠦᠯᠵᠢᠯᠡᠨ ᠭᠡᠷᠡᠭᠵᠢᠬᠦᠯᠦᠨ᠎ᠠ᠃  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号