ᠰᠢᠯᠢ ᠶᠢᠨ ᠭᠤᠣᠯ ᠠᠶᠢᠮᠠᠭ ᠤᠨ ᠨᠤᠲᠤᠭ ᠪᠡᠯᠴᠢᠭᠡᠷ ᠤᠨ ᠬᠤᠷᠣᠬᠠᠶ ᠶᠢᠨ ᠬᠥᠨᠥᠭᠡᠯ ᠢ ᠰᠡᠷᠭᠡᠶᠢᠯᠡᠨ ᠵᠠᠰᠠᠬᠤ ᠠᠵᠢᠯ ᠠᠮᠵᠢᠯᠲᠠᠲᠠᠢ ᠲᠡᠭᠦᠰᠪᠡ
ᠨᠡᠶᠢᠲᠡᠯᠡᠭᠰᠡᠨ ᠴᠠᠭ᠄
2017/10/23
    ᠰᠢᠯᠢ ᠶᠢᠨ ᠭᠤᠣᠯ ᠠᠶᠢᠮᠠᠭ ᠤᠨ ᠨᠤᠲᠤᠭ ᠪᠡᠯᠴᠢᠭᠡᠷ ᠤᠨ ᠬᠤᠷᠣᠬᠠᠶ ᠶᠢᠨ ᠬᠥᠨᠥᠭᠡᠯ ᠢ ᠰᠡᠷᠭᠡᠶᠢᠯᠡᠨ ᠵᠠᠰᠠᠬᠤ ᠠᠵᠢᠯ ᠠᠮᠵᠢᠯᠲᠠᠲᠠᠢ ᠲᠡᠭᠦᠰᠪᠡ᠃ 8 ᠳ᠋ᠤᠭᠠᠷ ᠰᠠᠷ᠎ᠠ ᠶᠢᠨ 7 ᠤ ᠡᠳᠦᠷ ᠪᠣᠯᠲᠠᠯᠠᠬᠢ ᠪᠦᠷᠢᠳᠬᠡᠯ ᠢ ᠥᠨᠳᠥᠰᠦᠯᠡᠪᠡᠯ᠂ ᠰᠢᠯᠢ ᠶᠢᠨ ᠭᠤᠣᠯ ᠠᠶᠢᠮᠠᠭ ᠤᠨ ᠨᠤᠲᠤᠭ ᠪᠡᠯᠴᠢᠭᠡᠷ ᠤᠨ ᠬᠤᠷᠣᠬᠠᠶ ᠶᠢᠨ ᠬᠥᠨᠥᠭᠡᠯ ᠳᠤ ᠤᠴᠠᠷᠠᠭᠰᠠᠨ ᠲᠠᠯᠠᠪᠠᠶ ᠨᠢ 1340.7 ᠲᠦᠮᠡᠨ ᠮᠦ ︵ᠬᠦᠮᠡᠯᠢ ᠶᠢᠨ ᠴᠡᠭᠡᠨ ᠨᠠᠪᠴᠢᠨ ᠴᠣᠬᠤ ᠶᠢᠨ ᠬᠦᠨᠦᠭᠡᠯ 439.7 ᠲᠦᠮᠡᠨ ᠮᠦ᠂ ᠲᠠᠯ᠎ᠠ ᠨᠤᠲᠤᠭ ᠤᠨ ᠴᠠᠷᠴᠠᠬᠠᠶ ᠶᠢᠨ ᠬᠦᠨᠦᠭᠡᠯ 899 ᠲᠦᠮᠡᠨ ᠮᠦ᠂ ᠵᠢᠶᠠᠩᠴᠠ ᠬᠤᠷᠣᠬᠠᠶ ᠶᠢᠨ ᠬᠥᠨᠥᠭᠡᠯ 2 ᠲᠦᠮᠡᠨ ᠮᠦ ︶ ᠳᠤ ᠬᠦᠷᠴᠦ᠂ ᠡᠭᠦᠨ ᠳᠤ ᠬᠦᠨᠳᠦ ᠨᠣᠴᠢᠲᠠᠶ ᠬᠦᠨᠦᠭᠡᠭᠳᠡᠭᠰᠡᠨ ᠲᠠᠯᠠᠪᠠᠢ ᠨᠢ 755.8 ᠲᠦᠮᠡᠨ ᠮᠦ ︵ᠬᠦᠮᠡᠯᠢ ᠶᠢᠨ ᠴᠡᠭᠡᠨ ᠨᠠᠪᠴᠢᠨ ᠴᠣᠬᠤ ᠶᠢᠨ ᠬᠥᠨᠥᠭᠡᠯ 240.3 ᠲᠥᠮᠡᠨ ᠮᠦ᠂ ᠲᠠᠯ᠎ᠠ ᠨᠤᠲᠤᠭ ᠤᠨ ᠴᠠᠷᠴᠠᠬᠠᠶ ᠶᠢᠨ ᠬᠥᠨᠥᠭᠡᠯ 514 ᠲᠦᠮᠡᠨ ᠮᠦ᠂ ᠵᠢᠶᠠᠩᠴᠠ ᠬᠤᠷᠣᠬᠠᠶ ᠶᠢᠨ ᠬᠥᠨᠥᠭᠡᠯ 1.5 ᠲᠦᠮᠡᠨ ᠮᠦ︶ ᠳᠤ ᠬᠦᠷᠪᠡ᠃ ᠬᠦᠮᠡᠯᠢ ᠶᠢᠨ ᠴᠡᠭᠡᠨ ᠨᠠᠪᠴᠢᠨ ᠴᠣᠬᠤ ᠶᠢᠨ ᠬᠥᠨᠥᠭᠡᠯ ᠨᠢ ᠭᠤᠣᠯᠳᠠᠭᠤ ᠵᠡᠭᠦᠨ ᠰᠥᠨᠢᠳ᠂ ᠪᠠᠷᠠᠭᠤᠨ ᠰᠥᠨᠢᠳ᠂ ᠡᠷᠢᠶᠡᠨ ᠬᠤᠲᠠ᠂ ᠬᠥᠪᠡᠭᠡᠲᠦ ᠰᠢᠷ᠎ᠠ᠂ ᠵᠡᠭᠦᠨ ᠦᠵᠦᠮᠦᠴᠢᠨ᠂ ᠰᠢᠯᠢ ᠶᠢᠨ ᠬᠤᠲᠠ᠂ ᠠᠪᠠᠭ᠎ᠠ᠂ ᠤᠯᠠᠭᠠᠶ ᠵᠡᠷᠭᠡ ᠨᠠᠢᠮᠠᠨ ᠬᠤᠰᠢᠭᠤ ︵ᠬᠤᠳᠠ᠂ ᠲᠣᠭᠤᠷᠢᠭ︶ ᠶᠢᠨ 23 ᠰᠤᠮᠤ ︵ᠪᠠᠯᠭᠠᠰᠤ᠂ ᠪᠡᠯᠴᠢᠭᠡᠷ︶ ᠳᠤ ᠡᠭᠦᠰᠴᠦ᠂ ᠳᠤᠮᠳᠠᠴᠢ ᠬᠤᠷᠣᠬᠠᠢ ᠶᠢᠨ ᠨᠢᠭᠲᠠᠴᠠ ᠲᠡᠭᠰᠢ ᠳᠥᠷᠪᠡᠯᠵᠢᠨ ᠮᠧᠲᠷ ᠪᠦᠷᠢ 136 ᠪᠣᠯᠵᠤ᠂ ᠬᠠᠮᠤᠭ ᠤᠨ ᠰᠦᠷᠡᠬᠡᠢ ᠬᠤᠷᠣᠬᠠᠢ ᠶᠢᠨ ᠨᠢᠭᠲᠠᠴᠠ ᠲᠡᠭᠰᠢ ᠳᠥᠷᠪᠡᠯᠵᠢᠨ ᠮᠧᠲᠷ ᠪᠦᠷᠢ 530 ᠪᠣᠯᠪᠠ᠃ ᠲᠠᠯ᠎ᠠ ᠨᠤᠲᠤᠭ ᠤᠨ ᠴᠠᠷᠴᠠᠬᠠᠶ ᠬᠥᠨᠥᠭᠡᠯ ᠨᠢ ᠭᠤᠣᠯᠳᠠᠭᠤ ᠰᠢᠯᠤᠭᠤᠨ ᠬᠥᠬᠡ᠂ ᠲᠠᠶᠢᠫᠦᠰᠧ᠂ ᠳᠤᠯᠤᠨ ᠨᠤᠤᠷ ᠰᠢᠶᠠᠨ᠂ ᠪᠠᠷᠠᠭᠤᠨ ᠦᠵᠦᠮᠦᠴᠢᠨ᠂ ᠵᠡᠭᠦᠨ ᠦᠵᠦᠮᠦᠴᠢᠨ᠂ ᠰᠢᠯᠢ ᠶᠢᠨ ᠬᠤᠲᠠ᠂ ᠠᠪᠠᠭ᠎ᠠ᠂ ᠬᠥᠪᠡᠭᠡᠲᠦ ᠰᠢᠷ᠎ᠠ᠂ ᠤᠯᠠᠭᠠᠶ ᠵᠡᠷᠭᠡ ᠠᠷᠪᠠᠨ ᠬᠤᠰᠢᠭᠤ ︵ᠰᠢᠶᠠᠨ᠂ ᠬᠤᠲᠠ᠂ ᠲᠣᠭᠤᠷᠢᠭ︶ ᠶᠢᠨ 31 ᠰᠤᠮᠤ ︵ᠪᠠᠯᠭᠠᠰᠤ᠂ ᠰᠢᠶᠠᠩ ︿ᠰᠤᠮᠤ﹀᠂ ᠪᠡᠯᠴᠢᠭᠡᠷ︶ ᠳᠤ ᠡᠭᠦᠰᠴᠦ᠂ ᠳᠤᠮᠳᠠᠴᠢ ᠬᠤᠷᠣᠬᠠᠢ ᠶᠢᠨ ᠨᠢᠭᠲᠠᠴᠠ ᠲᠡᠭᠰᠢ ᠳᠥᠷᠪᠡᠯᠵᠢᠨ ᠮᠧᠲᠷ ᠪᠦᠷᠢ 24 ᠪᠣᠯᠵᠤ᠂ ᠬᠠᠮᠤᠭ ᠤᠨ ᠰᠦᠷᠡᠬᠡᠢ ᠬᠤᠷᠣᠬᠠᠢ ᠶᠢᠨ ᠨᠢᠭᠲᠠᠴᠠ ᠲᠡᠭᠰᠢ ᠳᠥᠷᠪᠡᠯᠵᠢᠨ ᠮᠧᠲᠷ ᠪᠦᠷᠢ 86 ᠪᠣᠯᠪᠠ᠃ ᠵᠡᠭᠦᠨ ᠦᠵᠦᠮᠦᠴᠢᠨ ᠬᠤᠰᠢᠭᠤ ᠳᠤ ᠪᠠᠰᠠ ᠵᠢᠶᠠᠩᠴᠠ ᠬᠤᠷᠣᠬᠠᠶ ᠶᠢᠨ ᠬᠥᠨᠥᠭᠡᠯ ᠡᠭᠦᠰᠪᠡ᠃           ᠨᠤᠲᠤᠭ ᠪᠡᠯᠴᠢᠭᠡᠷ ᠤᠨ ᠬᠤᠷᠣᠬᠠᠶ ᠰᠢᠪᠠᠵᠢ ᠶᠢᠨ ᠬᠥᠨᠥᠭᠡᠯ ᠢ ᠪᠦᠲᠦᠮᠵᠢᠲᠡᠶ ᠠᠷᠢᠯᠭᠠᠬᠤ ᠶᠢᠨ ᠲᠤᠰᠠᠳᠠ᠂ ᠰᠢᠯᠢ ᠶᠢᠨ ᠭᠤᠤᠯ ᠠᠶᠢᠮᠠᠭ ᠤᠨ ᠲᠠᠯ᠎ᠠ ᠨᠤᠲᠤᠭ ᠤᠨ ᠥᠷᠲᠡᠭᠡ ᠬᠠᠮᠢᠶ᠎ᠠ ᠪᠦᠬᠦᠢ ᠬᠤᠰᠢᠭᠤ ᠰᠢᠶᠠᠨ ᠤ ᠦᠷᠲᠡᠭᠡ  ᠲᠠᠢ ᠬᠠᠮᠵᠢᠯᠴᠠᠨ ᠨᠢᠰᠬᠡᠯ᠂ ᠲᠣᠮᠣ ᠬᠡᠯᠪᠡᠷᠢ ᠶᠢᠨ ᠮᠠᠰᠢᠨ᠂ ᠳᠤᠮᠳᠠ ᠵᠢᠵᠢᠭ ᠬᠡᠯᠪᠡᠷᠢ ᠶᠢᠨ ᠮᠠᠰᠢᠨ ᠢ ᠬᠠᠷᠢᠯᠴᠠᠨ ᠤᠶᠠᠯᠳᠤᠭᠤᠯᠬᠤ ᠠᠷᠭ᠎ᠠ ᠪᠠᠷ ᠢᠳᠡᠪᠬᠢᠲᠡᠶ ᠰᠡᠷᠭᠡᠶᠢᠯᠡᠨ ᠵᠠᠰᠠᠵᠠᠢ᠃ 8 ᠳ᠋ᠤᠭᠠᠷ ᠰᠠᠷ᠎ᠠ ᠶᠢᠨ 7 ᠤ ᠡᠳᠦᠷ ᠪᠣᠯᠬᠤ ᠳᠤ ᠂ ᠰᠢᠯᠢ ᠶᠢᠨ ᠭᠤᠣᠯ ᠠᠶᠢᠮᠠᠭ ᠨᠡᠶᠢᠲᠡ 1954 ︵ᠤᠳᠠᠭ᠎ᠠ︶ ᠨᠢᠰᠬᠡᠯ᠂ ᠲᠣᠮᠣ ᠬᠡᠯᠪᠡᠷᠢ ᠶᠢᠨ ᠮᠠᠰᠢᠨ 947 ︵ᠤᠳᠠᠭ᠎ᠠ︶᠂ ᠳᠤᠮᠳᠠ ᠵᠢᠵᠢᠭ ᠬᠡᠯᠪᠡᠷᠢ ᠶᠢᠨ ᠮᠠᠰᠢᠨ 1937 ︵ᠤᠳᠠᠭ᠎ᠠ︶ ᠬᠥᠳᠡᠯᠭᠡᠨ᠂ 5873 ︵ᠤᠳᠠᠭ᠎ᠠ︶ ᠬᠦᠳᠡᠯᠮᠦᠷᠢ ᠬᠦᠴᠦ᠂ 1549 ᠮᠡᠷᠭᠡᠵᠢᠯᠲᠡᠨ ︵ᠤᠳᠠᠭ᠎ᠠ︶ ᠣᠷᠤᠯᠴᠠᠭᠤᠯᠵᠤ᠂185.072 ᠲᠣᠨ ᠬᠤᠷᠣᠬᠠᠢ ᠰᠡᠷᠭᠡᠶᠢᠯᠡᠬᠦ ᠡᠮ ᠰᠦᠷᠴᠢᠵᠡᠢ᠃ ᠰᠢᠯᠢ ᠶᠢᠨ ᠭᠤᠣᠯ ᠠᠶᠢᠮᠠᠭ ᠨᠡᠶᠢᠲᠡ 681.4 ᠲᠦᠮᠡᠨ ᠮᠦ ᠨᠤᠲᠤᠭ ᠪᠡᠯᠴᠢᠭᠡᠷ ᠤᠨ ᠬᠤᠷᠣᠬᠠᠶ ᠶᠢᠨ ᠬᠥᠨᠥᠭᠡᠯ  ︵ᠬᠦᠮᠡᠯᠢ ᠶᠢᠨ ᠴᠡᠭᠡᠨ ᠨᠠᠪᠴᠢᠨ ᠴᠣᠬᠤ ᠶᠢᠨ ᠬᠦᠨᠦᠭᠡᠯ ᠢ ᠰᠡᠷᠭᠡᠶᠢᠯᠡᠨ ᠵᠠᠰᠠᠭᠰᠠᠨ ᠲᠠᠯᠠᠪᠠᠢ ᠨᠢ 176.9 ᠲᠦᠮᠡᠨ ᠮᠥ᠂ ᠵᠢᠶᠠᠩᠴᠠ ᠬᠤᠷᠣᠬᠠᠶ ᠶᠢᠨ ᠬᠥᠨᠥᠭᠡᠯ ᠢ ᠰᠡᠷᠭᠡᠶᠢᠯᠡᠨ ᠵᠠᠰᠠᠭᠰᠠᠨ ᠲᠠᠯᠠᠪᠠᠢ ᠨᠢ 1.5 ᠲᠦᠮᠡᠨ  ᠮᠦ᠂ ᠲᠠᠯ᠎ᠠ ᠨᠤᠲᠤᠭ ᠤᠨ ᠴᠠᠷᠴᠠᠬᠠᠶ ᠶᠢᠨ ᠬᠥᠨᠥᠭᠡᠯ ᠢ ᠰᠡᠷᠭᠡᠶᠢᠯᠡᠨ ᠵᠠᠰᠠᠭᠰᠠᠨ ᠲᠠᠯᠠᠪᠠᠢ ᠨᠢ 503 ᠲᠦᠮᠡᠨ ᠮᠦ︶ ᠢ ᠰᠡᠷᠭᠡᠶᠢᠯᠡᠨ ᠵᠠᠰᠠᠵᠠᠢ᠃ ᠡᠭᠦᠨ ᠳᠤ᠄ ᠬᠢᠮᠢ ᠶᠢᠨ ᠠᠷᠭ᠎ᠠ ᠪᠠᠷ ᠰᠡᠷᠭᠡᠶᠢᠯᠡᠨ ᠵᠠᠰᠠᠭᠰᠠᠨ ᠲᠠᠯᠠᠪᠠᠢ ᠨᠢ 123.9 ᠲᠦᠮᠡᠨ ᠮᠦ᠂ ᠠᠮᠢᠳᠤ ᠪᠣᠳᠠᠰ ᠤᠨ ᠠᠷᠭ᠎ᠠ ᠪᠠᠷ ᠰᠡᠷᠭᠡᠶᠢᠯᠡᠨ ᠵᠠᠰᠠᠭᠰᠠᠨ ᠲᠠᠯᠠᠪᠠᠢ  ᠨᠢ 557.5 ᠲᠦᠮᠡᠨ ᠮᠦ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号