ᠹᠥ᠋ ᠸᠠᠨ ᠬᠤᠢ 2016 ᠤᠨ ᠤ ᠠᠶᠢᠮᠠᠭ ᠤᠨ ᠵᠠᠬᠢᠷᠭ᠎ᠠ ᠶᠢᠨ ᠠᠷᠪᠠᠨ ᠲᠥᠷᠪᠡᠲᠥᠭᠡᠷ ᠤᠲᠠᠭᠠᠨ ᠤ ᠪᠠᠶᠢᠡᠭᠭᠤ ᠶᠢᠨ ᠬᠤᠷᠠᠯ ᠢ ᠡᠷᠬᠢᠯᠡᠨ ᠬᠤᠷᠠᠯᠲᠤᠭᠤᠯᠵᠥ — 2016 ᠤᠨ ᠤ ᠪᠥᠬᠦ ᠠᠶᠢᠮᠠᠭ ᠤᠨ ᠠᠵᠤ ᠠᠬᠤᠢ ᠶᠢᠨ ᠡᠷᠬᠢᠯᠲᠡ ᠶᠢᠨ ᠪᠠᠶᠢᠲᠠᠯ ᠢ ᠵᠠᠲᠠᠯᠵᠥ᠂ 2017 ᠤᠨ ᠤ ᠠᠵᠤ ᠠᠬᠤᠢ ᠨᠡᠶᠢᠭᠡᠮ ᠤᠨ ᠬᠥᠭᠵᠢᠯᠲᠡ ᠶᠢᠨ ᠠᠵᠢᠯ ᠢ ᠪᠠᠶᠢᠷᠢᠯᠠᠭᠤᠯᠪᠠ
ᠨᠡᠶᠢᠲᠡᠯᠡᠭᠰᠡᠨ ᠴᠠᠭ᠄
2017/1/5
    12 ᠳ᠋ᠤᠭᠠᠷ ᠰᠠᠷ᠎ᠠ ᠶᠢᠨ 24 ᠤ ᠡᠲᠥᠷ᠂ ᠠᠶᠢᠮᠠᠭ ᠤᠨ ᠨᠠᠮ ᠤᠨ ᠬᠤᠷᠢᠶᠠᠨ ᠤ ᠲᠡᠳ᠋ ᠱᠥᠵᠢ᠂ ᠠᠶᠢᠮᠠᠭ ᠤᠨ ᠲᠠᠷᠤᠭ᠎ᠠ ᠹᠥ᠋ ᠸᠠᠨ ᠬᠤᠢ 2016 ᠤᠨ ᠤ ᠠᠶᠢᠮᠠᠭ ᠤᠨ ᠵᠠᠬᠢᠷᠭ᠎ᠠ ᠶᠢᠨ ᠠᠷᠪᠠᠨ ᠲᠥᠷᠪᠡᠲᠥᠭᠡᠷ ᠤᠲᠠᠭᠠᠨ ᠤ ᠪᠠᠶᠢᠡᠭᠭᠤ ᠶᠢᠨ ᠬᠤᠷᠠᠯ ᠢ ᠡᠷᠬᠢᠯᠡᠨ ᠬᠤᠷᠠᠯᠲᠤᠭᠤᠯᠵᠥ᠂ ᠲᠥᠪ ᠤᠨ ᠠᠵᠤ ᠠᠬᠤᠢ ᠶᠢᠨ ᠠᠵᠢᠯ ᠤᠨ ᠬᠤᠷᠠᠯ᠂ ᠲᠥᠪ ᠤᠨ ᠬᠥᠲᠡᠭᠡ ᠲᠤᠰᠬᠤᠨ ᠤ ᠠᠵᠢᠯ ᠤᠨ ᠬᠤᠷᠠᠯ ᠪᠤᠯᠤᠨ ᠥᠪᠡᠷᠲᠡᠭᠡᠨ ᠵᠠᠰᠠᠬᠤ ᠤᠷᠤᠨ ᠤ ᠠᠷᠪᠠᠲᠤᠭᠠᠷ ᠤᠲᠠᠭ᠎ᠠ ᠶᠢᠨ ᠨᠠᠮ ᠤᠨ ᠲᠥᠯᠥᠭᠡᠯᠡᠭᠴᠢᠳ ᠤᠨ ᠶᠡᠭᠡ ᠬᠤᠷᠠᠯ ᠵᠡᠷᠭᠡ ᠴᠢᠬᠤᠯᠠ ᠬᠤᠷᠠᠯ ᠤᠳ ᠤᠨ ᠵᠤᠷᠢᠭ ᠰᠠᠨᠠᠭ᠎ᠠ ᠶᠢ ᠲᠤᠤᠱᠯᠠᠭᠤᠯᠤᠨ ᠨᠠᠶᠢᠲᠠᠪᠤᠷᠢᠵᠢᠭᠤᠯᠵᠥ᠂ 2016 ᠤᠨ ᠤ ᠪᠥᠬᠦ ᠠᠶᠢᠮᠠᠭ ᠤᠨ ᠠᠵᠤ ᠠᠬᠤᠢ ᠶᠢᠨ ᠡᠷᠬᠢᠯᠲᠡ ᠶᠢᠨ ᠪᠠᠶᠢᠲᠠᠯ ᠢ ᠵᠠᠲᠠᠯᠤᠨ ᠳ᠋ᠥᠡᠭᠨᠡᠵᠥ᠂ 2017 ᠤᠨ ᠤ ᠠᠵᠤ ᠠᠬᠤᠢ ᠨᠡᠶᠢᠭᠡᠮ ᠤᠨ ᠬᠥᠭᠵᠢᠯᠲᠡ ᠶᠢᠨ ᠭᠤᠤᠯᠲᠠᠯᠭ᠎ᠠ ᠲᠠᠢ ᠠᠵᠢᠯ ᠢ ᠪᠠᠶᠢᠷᠢᠯᠠᠭᠤᠯᠪᠠ᠃       ᠬᠤᠷᠠᠯ ᠠᠴᠠ ᠱᠠᠭᠠᠷᠲᠠᠬᠤ ᠳᠠᠭᠠᠨ᠂ ᠡᠯ᠎ᠠ ᠭᠠᠵᠠᠷ ᠡᠯ᠎ᠠ ᠰᠠᠯᠠᠭ᠎ᠠ ᠮᠥᠴᠢᠷ ᠲᠥᠪ ᠤᠨ ᠠᠵᠤ ᠠᠬᠤᠢ ᠶᠢᠨ ᠠᠵᠢᠯ ᠤᠨ ᠬᠤᠷᠠᠯ᠂ ᠲᠥᠪ ᠤᠨ ᠬᠥᠲᠡᠭᠡ ᠲᠤᠰᠬᠤᠨ ᠤ ᠠᠵᠢᠯ ᠤᠨ ᠬᠤᠷᠠᠯ᠂ ᠥᠪᠡᠷᠲᠡᠭᠡᠨ ᠵᠠᠰᠠᠬᠤ ᠤᠷᠤᠨ ᠤ ᠠᠷᠪᠠᠲᠤᠭᠠᠷ ᠤᠲᠠᠭ᠎ᠠ ᠶᠢᠨ ᠨᠠᠮ ᠤᠨ ᠲᠥᠯᠥᠭᠡᠯᠡᠭᠴᠢᠳ ᠤᠨ ᠶᠡᠭᠡ ᠬᠤᠷᠠᠯ ᠵᠡᠷᠭᠡ ᠴᠢᠬᠤᠯᠠ ᠬᠤᠷᠠᠯ ᠤᠳ ᠤᠨ ᠵᠤᠷᠢᠭ ᠰᠠᠨᠠᠭ᠎ᠠ ᠶᠢ ᠬᠥᠨᠵᠡᠭᠡᠢ ᠲᠤᠤᠱᠯᠠᠭᠤᠯᠤᠨ ᠨᠠᠶᠢᠲᠠᠪᠤᠷᠢᠵᠢᠭᠤᠯᠵᠥ᠂ ᠬᠡᠯᠪᠡᠷᠢ ᠶᠢ ᠬᠤᠪᠢᠷᠠᠭᠤᠯᠵᠥ ᠲᠡᠰ ᠲᠡᠪᠰᠢᠬᠦᠯᠬᠦ᠂ ︽ᠲᠠᠪᠤ ᠶᠢ ᠨᠢᠭᠡ ᠴᠤᠭᠴᠠᠵᠢᠭᠤᠯᠬᠤ︾ ᠶᠢ ᠵᠤᠬᠢᠴᠠᠩᠭᠤᠢ ᠠᠬᠢᠭᠤᠯᠬᠤ᠂ ᠪᠥᠬᠦ ᠲᠠᠯ᠎ᠠ ᠪᠠᠷ ᠭᠠᠲᠠᠭᠠᠲᠤ ᠨᠡᠭᠡᠭᠡᠯᠲᠡ ᠬᠢᠬᠦ ᠶᠢ ᠲᠥᠷᠭᠡᠳᠭᠡᠵᠥ᠂ ᠲᠤᠭᠲᠠᠭᠤᠨ ᠢᠶᠠᠷ ᠨᠡᠮᠡᠭᠲᠡᠬᠦᠯᠬᠦ᠂ ᠥᠭᠡᠷᠡᠴᠢᠯᠡᠯᠲᠡ ᠶᠢ ᠠᠬᠢᠭᠤᠯᠬᠤ᠂ ᠪᠥᠲᠥᠴᠡ ᠶᠢ ᠲᠤᠬᠢᠷᠠᠭᠤᠯᠬᠤ᠂ ᠠᠷᠠᠳ ᠲᠤ ᠠᠰᠢᠭ ᠬᠥᠷᠲᠡᠭᠡᠬᠦ᠂ ᠲᠥᠭᠰᠢᠬᠦᠷᠢ ᠠᠴᠠ ᠰᠡᠷᠭᠡᠶᠢᠯᠡᠬᠦ ᠵᠡᠷᠭᠡ ᠡᠯ᠎ᠠ ᠵᠥᠢᠯ ᠤᠨ ᠠᠵᠢᠯ ᠢ ᠪᠥᠬᠦ ᠬᠥᠴᠥᠨ ᠢᠶᠠᠷ ᠰᠠᠶᠢᠲᠤᠷ ᠬᠢᠬᠦ ᠬᠡᠷᠡᠭᠲᠡᠢ᠃ ᠢᠷᠡᠬᠦ ᠵᠢᠯ ᠤᠨ ᠠᠵᠤ ᠠᠬᠤᠢ ᠶᠢᠨ ᠬᠥᠭᠵᠢᠯᠲᠡ ᠶᠢ ᠰᠢᠨᠵᠢᠯᠡᠬᠦ ᠤᠬᠠᠭᠠᠨᠴᠢ ᠪᠠᠷ ᠲᠥᠯᠥᠪᠵᠢᠬᠦᠯᠵᠥ᠂ ᠪᠡᠯᠡ ᠤᠷᠤᠭᠤᠯᠤᠯᠲᠠ ᠪᠠ ᠲᠥᠷᠥᠯ ᠵᠥᠢᠯ ᠤᠨ ᠬᠡᠷᠡᠭᠵᠢᠬᠦᠯᠥᠯᠲᠡ ᠶᠢ ᠪᠥᠬᠦ ᠬᠥᠴᠥᠨ ᠢᠶᠠᠷ ᠠᠳᠬᠤᠵᠥ᠂ ᠠᠵᠤ ᠠᠬᠤᠢ ᠶᠢᠨ ᠬᠥᠭᠵᠢᠯᠲᠡ ᠶᠢᠨ ᠨᠥᠭᠡᠴᠡ ᠬᠥᠴᠥᠨ ᠢ ᠴᠢᠩᠭᠠᠳᠬᠠᠬᠤ ᠬᠡᠷᠡᠭᠲᠡᠢ᠃ ᠰᠢᠯᠢᠲᠡᠭ ᠡᠬᠦᠯᠲᠡᠷ ᠤᠨ ᠬᠤᠨᠢ ᠥᠭᠡᠷ ᠮᠠᠯᠵᠢᠬᠤ ᠠᠵᠤ ᠥᠢᠯᠡᠰ ᠢ ᠲᠥᠷᠭᠡᠨ ᠬᠥᠭᠵᠢᠬᠦᠯᠵᠥ᠂ ᠡᠨᠧᠷᠬᠢ ᠶᠢᠨ ᠠᠵᠤ ᠥᠢᠯᠡᠰ ᠢ ᠰᠢᠯᠢᠲᠡᠭᠵᠢᠬᠦᠯᠵᠥ ᠲᠡᠰ ᠲᠡᠪᠰᠢᠬᠦᠯᠬᠦ ᠶᠢ ᠪᠥᠬᠦ ᠬᠥᠴᠥᠨ ᠢᠶᠠᠷ ᠠᠬᠢᠭᠤᠯᠬᠤ ᠬᠡᠷᠡᠭᠲᠡᠢ᠃ ᠮᠤᠩᠭᠤᠯ ᠶᠤᠸᠠᠨ ᠤ ᠰᠤᠶᠤᠯ᠂ ᠲᠠᠯ᠎ᠠ ᠨᠤᠲᠤᠭ ᠬᠤᠶᠠᠷ ᠲᠤᠮᠤ ᠤᠨᠴᠠᠯᠢᠭ ᠢ ᠲᠤᠪᠤᠶᠢᠯᠭᠠᠵᠥ᠂ ᠲᠠᠯ᠎ᠠ ᠨᠤᠲᠤᠭ ᠤᠨ ᠵᠤᠭᠠᠴᠠᠯ ᠢ ᠲᠥᠷᠭᠡᠨ ᠬᠥᠭᠵᠢᠬᠦᠯᠬᠦ ᠬᠡᠷᠡᠭᠲᠡᠢ᠃ ᠰᠤᠷᠠᠭ ᠴᠢᠮᠡᠭᠡ ᠶᠢ ᠨᠡᠶᠢᠳᠭᠡᠨ ᠴᠡᠭᠴᠡᠯᠡᠬᠦ ᠪᠤᠯᠤᠨ ᠲᠤᠮᠤ ᠳ᠋ᠠᠶᠢᠲ᠋ᠠ ᠶᠢᠨ ᠠᠵᠤ ᠥᠢᠯᠡᠰ ᠢ ᠲᠥᠷᠭᠡᠳᠭᠡᠨ ᠠᠬᠢᠭᠤᠯᠬᠤ ᠬᠡᠷᠡᠭᠲᠡᠢ᠃ ᠪᠤᠲᠠᠲᠤ ᠠᠵᠤ ᠠᠬᠤᠢ ᠶᠢᠨ ᠡᠷᠡᠬᠦᠯ ᠢᠶᠠᠷ ᠬᠥᠭᠵᠢᠬᠦ ᠶᠢ ᠪᠥᠬᠦ ᠬᠥᠴᠥᠨ ᠢᠶᠠᠷ ᠠᠬᠢᠭᠤᠯᠵᠥ᠂ ᠠᠵᠤ ᠠᠬᠤᠢ ᠶᠢᠨ ᠬᠥᠭᠵᠢᠯᠲᠡ ᠶᠢᠨ ᠴᠢᠨᠠᠷᠵᠢᠯ ᠪᠤᠯᠤᠨ ᠥᠷ᠎ᠠ ᠠᠰᠢᠭ ᠢ ᠥᠨᠡᠨᠬᠦ ᠲᠡᠭᠡᠭᠰᠢᠯᠡᠬᠦᠯᠬᠦ ᠬᠡᠷᠡᠭᠲᠡᠢ ᠬᠡᠪᠡ᠃       ᠬᠤᠷᠠᠯ ᠠᠴᠠ ᠱᠠᠭᠠᠷᠲᠠᠬᠤ ᠳᠠᠭᠠᠨ᠂ ᠬᠥᠴᠢᠷᠲᠡᠯᠲᠡᠢ ᠡᠷᠥᠭᠡ᠂ ᠠᠮᠢᠲᠤᠷᠠᠯ ᠤᠨ ᠨᠠᠭᠠᠲᠤ ᠵᠠᠬ᠎ᠠ ᠶᠢᠨ ᠪᠠᠲᠤᠯᠠᠭᠠᠲᠤ ᠡᠷᠥᠭᠡ᠂ ᠲᠠᠪᠤᠨ ᠪᠠᠲᠤᠯᠠᠭᠠᠲᠤ ᠡᠷᠥᠭᠡ᠂ ᠭᠠᠮᠰᠢᠭᠲᠠᠭᠰᠠᠨ ᠮᠠᠯᠴᠢᠨ ᠲᠠᠷᠢᠶᠠᠴᠢᠨ ᠡᠷᠥᠭᠡ ᠵᠡᠷᠭᠡ ᠬᠥᠴᠢᠷᠲᠡᠯᠲᠡᠢ ᠤᠯᠠᠨ ᠲᠥᠮᠡᠨ ᠤ ᠥᠨᠲᠤᠰᠤᠨ ᠠᠮᠢᠲᠤᠷᠠᠯ ᠢ ᠰᠠᠶᠢᠲᠤᠷ ᠲᠤᠬᠢᠷᠠᠭᠤᠯᠵᠥ᠂ ᠲᠤᠬᠤᠨᠢᠭᠤᠯᠬᠤ ᠠᠵᠢᠯᠯᠠᠭ᠎ᠠ ᠶᠢ ᠰᠠᠶᠢᠲᠤᠷ ᠵᠤᠬᠢᠶᠠᠨ ᠪᠠᠶᠢᠭᠤᠯᠤᠨ ᠥᠷᠨᠢᠬᠦᠯᠬᠦ ᠬᠡᠷᠡᠭᠲᠡᠢ᠃ ᠭᠠᠮᠰᠢᠭ ᠠᠴᠠ ᠰᠡᠷᠭᠡᠶᠢᠯᠡᠬᠦ ᠤᠬᠠᠮᠰᠠᠷ ᠢ ᠴᠢᠩᠭᠠᠳᠬᠠᠵᠥ᠂ ᠮᠠᠯ ᠰᠥᠷᠥᠭ ᠤᠨ ᠮᠡᠨᠲᠤ ᠤᠨᠲᠤᠷᠬᠤ ᠶᠢ ᠪᠠᠲᠤᠯᠠᠬᠤ ᠬᠡᠷᠡᠭᠲᠡᠢ᠃ ᠴᠠᠰᠤ ᠵᠤᠳ ᠢ ᠤᠷᠢᠳᠴᠢᠯᠡᠨ ᠰᠡᠷᠭᠡᠶᠢᠯᠡᠬᠦ ᠠᠵᠢᠯ ᠢ ᠴᠢᠩᠭᠠᠳᠬᠠᠵᠥ᠂ ᠵᠠᠮ ᠬᠠᠷᠢᠯᠴᠠᠭᠠᠨ ᠤ ᠠᠮᠤᠷ ᠲᠥᠪᠰᠢᠨ ᠢ ᠪᠠᠲᠤᠯᠠᠬᠤ ᠬᠡᠷᠡᠭᠲᠡᠢ᠃ ᠵᠠᠬ᠎ᠠ ᠲᠡᠯᠭᠡᠭᠦᠷ ᠤᠨ ᠬᠢᠨᠠᠯᠲᠠ ᠬᠠᠮᠢᠶᠠᠷᠤᠯᠲᠠ ᠶᠢ ᠴᠢᠩᠭᠠᠳᠬᠠᠵᠥ᠂ ᠪᠠᠶᠠᠷ ᠲᠤᠷᠠᠰᠬᠠᠯ ᠤᠨ ᠡᠲᠥᠷ ᠤᠨ ᠬᠤᠭᠤᠴᠠᠭᠠᠨ ᠳᠠᠬᠢ ᠲᠠᠸᠠᠷ ᠤᠨ ᠥᠨ᠎ᠠ ᠬᠠᠨᠭ᠍ᠰᠢ ᠲᠤᠭᠲᠠᠭᠤᠨ᠂ ᠬᠠᠨᠭ᠍ᠭᠠᠯᠭ᠎ᠠ ᠬᠥᠢᠴᠡᠳ ᠪᠠᠶᠢᠬᠤ ᠶᠢ ᠪᠠᠲᠤᠯᠠᠬᠤ ᠬᠡᠷᠡᠭᠲᠡᠢ ᠬᠡᠪᠡ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号