12 ᠳ᠋ᠤᠭᠠᠷ ᠰᠠᠷ᠎ᠠ ᠶᠢᠨ 23 ᠤ ᠡᠲᠥᠷ᠂ ᠠᠶᠢᠮᠠᠭ ᠤᠨ ᠨᠠᠮ ᠤᠨ ᠬᠤᠷᠢᠶᠠᠨ ᠤ ᠱᠥᠵᠢ ᠯᠥᠸᠧ ᠬᠤ᠋ ᠽᠠᠢ | ᠠᠶᠢᠮᠠᠭ ᠤᠨ ᠨᠠᠮ ᠤᠨ ᠬᠤᠷᠢᠶᠠᠨ ᠤ 2016 ᠤᠨ ᠤ 29 ᠳ᠋ᠤᠭᠡᠷ ᠤᠲᠠᠭᠠᠨ ᠤ ᠬᠡᠰᠢᠬᠦᠳ ᠤᠨ ᠬᠤᠷᠠᠯ ᠢ ᠡᠷᠬᠢᠯᠡᠨ | ᠬᠤᠷᠠᠯᠲᠤᠭᠤᠯᠵᠥ᠂ ︽ᠰᠢᠯᠢ ᠶᠢᠨ ᠭᠤᠤᠯ ᠠᠶᠢᠮᠠᠭ ᠤᠨ ᠨᠠᠮ ᠤᠨ ᠬᠤᠷᠢᠶᠠᠨ ᠤ ᠠᠵᠢᠯ ᠤᠨ ᠲᠥᠷᠢᠮᠯᠠᠯ︾᠂ ︽ | ᠰᠢᠯᠢ ᠶᠢᠨ ᠭᠤᠤᠯ ᠠᠶᠢᠮᠠᠭ ᠤᠨ ᠨᠠᠮ ᠤᠨ ᠬᠤᠷᠢᠶᠠᠨ ᠤ ᠬᠡᠷᠡᠭ ᠶᠠᠪᠤᠳᠠᠯ ᠵᠥᠪᠲᠡᠯᠴᠡᠵᠥ ᠰᠢᠢᠳᠪᠤᠷᠢ ᠲᠤᠭᠲᠠᠭᠠᠬᠤ | ᠳᠦᠷᠢᠮᠯᠠᠯ︾᠂ ︽ᠰᠢᠯᠢ ᠶᠢᠨ ᠭᠤᠤᠯ ᠠᠶᠢᠮᠠᠭ ᠤᠨ ᠨᠠᠮ ᠤᠨ ᠬᠤᠷᠢᠶᠠᠨ ᠤ ﹇ᠥᠪᠤᠷ ᠮᠤᠩᠭᠤᠯ ᠤᠨ ᠥᠪᠡᠷᠲᠡᠭᠡᠨ | ᠵᠠᠰᠠᠬᠤ ᠤᠷᠤᠨ ᠤ ᠨᠠᠮ ᠤᠨ ᠬᠤᠷᠢᠶᠠᠨ ᠤ ᠨᠠᠮ ᠤᠨ ᠠᠷᠪᠠᠨ ᠨᠠᠢᠮᠠᠲᠤᠭᠠᠷ ᠬᠤᠭᠤᠴᠠᠭᠠᠨ ᠤ ᠳᠦᠪ ᠬᠤᠷᠢᠶᠠᠨ ᠤ | ᠵᠢᠷᠭᠤᠲᠤᠭᠠᠷ ᠪᠥᠬᠦᠲᠠ ᠬᠤᠷᠠᠯ ᠤᠨ ᠵᠤᠷᠢᠭ ᠰᠠᠨᠠᠭ᠎ᠠ ᠶᠢ ᠬᠥᠨᠵᠡᠭᠡᠢ ᠰᠤᠷᠤᠯᠴᠠᠨ ᠲᠤᠤᠱᠯᠠᠭᠤᠯᠵᠥ ᠪᠥᠬᠦ ᠲᠠᠯ᠎ᠠ ᠪᠠᠷ | ᠨᠠᠮ ᠢ ᠴᠢᠩᠭ᠎ᠠ ᠵᠠᠰᠠᠬᠤ ᠶᠢ ᠠᠬᠢᠭᠤᠯᠬᠤ ᠲᠤᠬᠠᠢ ᠲᠤᠭᠲᠠᠭᠠᠯ﹈ ᠢ ᠬᠡᠷᠡᠭᠵᠢᠬᠦᠯᠬᠦ ᠰᠠᠨᠠᠯ︾ ︽ᠰᠢᠯᠢ ᠶᠢᠨ ᠭᠤᠤᠯ | ᠠᠶᠢᠮᠠᠭ ᠤᠨ 2016 — 2020 ᠤᠨ ᠪᠤᠯᠲᠠᠯᠠᠬᠢ ᠪᠤᠯᠪᠠᠰᠤᠨ ᠰᠤᠮᠤ ᠰᠢᠶᠠᠩ ᠪᠠᠯᠭᠠᠰᠤ᠂ ᠭᠠᠴᠠᠭ᠎ᠠ | ᠲᠤᠰᠬᠤᠨ ᠢ ᠡᠬᠦᠲᠤᠨ ᠪᠠᠶᠢᠭᠤᠯᠬᠤ ᠲᠠᠪᠤᠨ ᠵᠢᠯ ᠤᠨ ᠠᠵᠢᠯᠯᠠᠭ᠎ᠠ ᠶᠢ ᠬᠡᠷᠡᠭᠵᠢᠬᠦᠯᠬᠦ ᠲᠥᠰᠥᠯ︾ ᠵᠡᠷᠭᠡ ᠵᠥᠢᠯᠡᠰ ᠢ | ᠰᠤᠲᠤᠯᠪᠠ᠃ | ᠠᠶᠢᠮᠠᠭ ᠤᠨ ᠨᠠᠮ ᠤᠨ ᠬᠤᠷᠢᠶᠠᠨ ᠤ ᠬᠡᠰᠢᠬᠦᠨ ᠹᠥ᠋ ᠸᠠᠨ ᠬᠤᠢ᠂ ᠡᠥ ᠬᠥᠸᠧ ᠳ᠋ᠥᠡᠭ᠂ ᠸᠠᠩ ᠶᠥᠡᠭ ᠮᠢᠩ᠂ | ᠮᠠ ᠹᠸᠡᠭ᠂ ᠵᠠᠩ ᠵᠥᠡᠭ ᠶᠤᠤ᠂ ᠵᠸᠡᠭ ᠵᠢᠶᠠᠨ ᠬᠤᠨᠭ᠌ ᠬᠤᠷᠠᠯ ᠳᠤ ᠤᠷᠤᠯᠴᠠᠪᠠ᠃ ᠠᠶᠢᠮᠠᠭ ᠤᠨ ᠠᠷᠠᠳ ᠤᠨ | ᠲᠥᠯᠥᠭᠡᠯᠡᠭᠴᠢᠳ ᠤᠨ ᠶᠡᠭᠡ ᠬᠤᠷᠠᠯ ᠤᠨ ᠠᠵᠢᠯ ᠤᠨ ᠵᠥᠪᠯᠡᠯ ᠤᠨ ᠡᠷᠬᠢᠯᠡᠭᠴᠢ ᠵᠸᠥ ᠹᠸᠡᠭ ᠵᠧᠨ᠂ ᠠᠶᠢᠮᠠᠭ ᠤᠨ | ᠤᠯᠤᠰ ᠲᠥᠷᠥ ᠶᠢᠨ ᠵᠥᠪᠯᠡᠯᠭᠡᠨ ᠤ ᠲᠡᠷᠢᠬᠦᠯᠡᠭᠴᠢ ᠴᠡᠴᠡᠭ ᠨᠠᠷ ᠬᠤᠷᠠᠯ ᠳᠤ ᠰᠤᠯᠠ ᠤᠷᠤᠯᠴᠠᠪᠠ᠃ | ᠬᠤᠷᠠᠯ ᠠᠴᠠ ᠵᠢᠭᠠᠬᠤ ᠳᠠᠭᠠᠨ᠂ ᠪᠠᠶᠢᠲᠠᠯ ᠡᠬᠦᠷᠭᠡ ᠶᠢᠨ ᠬᠥᠭᠵᠢᠯᠲᠡ ᠬᠤᠪᠢᠷᠠᠯᠲᠠ ᠳᠤ ᠵᠤᠬᠢᠴᠠᠵᠥ᠂ ︽ | ᠰᠢᠯᠢ ᠶᠢᠨ ᠭᠤᠤᠯ ᠠᠶᠢᠮᠠᠭ ᠤᠨ ᠨᠠᠮ ᠤᠨ ᠬᠤᠷᠢᠶᠠᠨ ᠤ ᠠᠵᠢᠯ ᠤᠨ ᠲᠥᠷᠢᠮᠯᠡᠯ︾ ᠪᠤᠯᠤᠨ ︽ᠰᠢᠯᠢ ᠶᠢᠨ ᠭᠤᠤᠯ | ᠠᠶᠢᠮᠠᠭ ᠤᠨ ᠨᠠᠮ ᠤᠨ ᠬᠤᠷᠢᠶᠠᠨ ᠤ ᠬᠡᠷᠡᠭ ᠶᠠᠪᠤᠳᠠᠯ ᠵᠥᠪᠲᠡᠯᠴᠡᠵᠥ ᠰᠢᠢᠳᠪᠤᠷᠢ ᠲᠤᠭᠲᠠᠭᠠᠬᠤ ᠲᠥᠷᠢᠮᠯᠡᠯ︾ ᠢ | ᠵᠠᠰᠠᠪᠤᠷᠢ ᠤᠷᠤᠭᠤᠯᠵᠥ ᠲᠡᠬᠦᠯᠲᠡᠷᠵᠢᠬᠦᠯᠵᠥ ᠰᠠᠶᠢᠲᠤᠷ ᠬᠡᠷᠡᠭᠵᠢᠬᠦᠯᠬᠦ ᠪᠤᠯ ᠠᠶᠢᠮᠠᠭ ᠤᠨ ᠨᠠᠮ ᠤᠨ ᠬᠤᠷᠢᠶᠠᠨ ᠤ | ᠤᠲᠤᠷᠢᠳᠬᠤ ᠪᠠᠭ ᠤᠨ ᠲᠤᠰ ᠪᠡᠶ᠎ᠠ ᠶᠢᠨ ᠪᠠᠶᠢᠭᠤᠯᠤᠯᠲᠠ᠂ ᠵᠠᠰᠠᠭᠯᠠᠬᠤ ᠴᠢᠲᠠᠪᠤᠷᠢ ᠶᠢ ᠲᠡᠭᠡᠭᠰᠢᠯᠡᠬᠦᠯᠬᠦ ᠪᠤᠯᠤᠨ | ᠤᠲᠤᠷᠢᠳᠬᠤ ᠲᠥᠪᠰᠢᠨ ᠢ ᠲᠡᠭᠡᠭᠰᠢᠯᠡᠬᠦᠯᠬᠦ ᠴᠢᠬᠤᠯᠠ ᠠᠷᠭ᠎ᠠ ᠬᠡᠮᠵᠢᠶ᠎ᠠ ᠪᠤᠯᠤᠨ᠎ᠠ ᠬᠡᠪᠡ᠃ ᠯᠥᠸᠧ ᠬᠤ᠋ ᠽᠠᠢ | ᠱᠠᠭᠠᠷᠳᠠᠬᠤ ᠳᠠᠭᠠᠨ᠂ ᠠᠶᠢᠮᠠᠭ ᠤᠨ ᠨᠠᠮ ᠤᠨ ᠬᠤᠷᠢᠶᠠᠨ ᠤ ᠤᠲᠤᠷᠢᠳᠬᠤ ᠭᠤᠤᠯᠯᠠᠭᠴᠢ ᠶᠢᠨ ᠥᠢᠯᠡᠲᠥᠯ ᠢ | ᠬᠥᠢᠴᠡᠳ ᠪᠠᠲᠠᠷᠠᠭᠤᠯᠵᠥ᠂ ᠨᠠᠮ ᠤᠨ ᠲᠥᠪ ᠬᠤᠷᠢᠶ᠎ᠠ᠂ ᠥᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ | ᠪᠤᠯᠤᠨ ᠠᠶᠢᠮᠠᠭ ᠤᠨ ᠨᠠᠮ ᠤᠨ ᠬᠤᠷᠢᠶᠠᠨ ᠤ ᠡᠯ᠎ᠠ ᠵᠥᠢᠯ ᠤᠨ ᠰᠢᠢᠳᠪᠤᠷᠢᠲᠤ ᠪᠠᠶᠢᠷᠢᠯᠠᠭᠤᠯᠤᠯᠲᠠ ᠶᠢ ᠡᠷᠡᠰ | ᠭᠤᠶᠢᠪᠢᠰᠢ ᠥᠭᠡᠢ ᠨᠠᠶᠢᠲᠠᠪᠤᠷᠢᠵᠢᠭᠤᠯᠬᠤ ᠬᠡᠷᠡᠭᠲᠡᠢ᠃ ᠠᠷᠠᠳᠴᠢᠯᠠᠯ ᠲᠥᠪᠯᠡᠷᠡᠯ ᠤᠨ ᠲᠥᠷᠢᠮ ᠢ ᠪᠥᠬᠦ ᠲᠠᠯ᠎ᠠ ᠪᠠᠷ | ᠨᠠᠶᠢᠲᠠᠪᠤᠷᠢᠵᠢᠭᠤᠯᠵᠥ᠂ ᠬᠠᠮᠲᠤ ᠶᠢᠨ ᠤᠲᠤᠷᠢᠲᠤᠯᠭ᠎ᠠ ᠪᠤᠯᠤᠨ ᠬᠤᠪᠢ ᠬᠥᠮᠥᠨ ᠠᠵᠢᠯ ᠬᠤᠪᠢᠶᠠᠷᠢᠯᠠᠬᠤ ᠶᠢ | ᠬᠠᠷᠢᠯᠴᠠᠨ ᠤᠶᠠᠯᠲᠤᠭᠤᠯᠵᠥ᠂ ︽ᠭᠤᠷᠪᠠᠨ ᠴᠢᠬᠤᠯᠠ ᠨᠢᠭᠡ ᠲᠤᠮᠤ︾ ᠠᠰᠠᠭᠤᠲᠠᠯ ᠳᠤ ᠬᠠᠷᠢᠶᠠᠯᠠᠭᠲᠠᠪᠠᠯ ᠪᠥᠷ | ᠬᠠᠮᠲᠤ ᠪᠠᠷ ᠶᠠᠷᠢᠯᠴᠠᠨ ᠲᠤᠭᠲᠠᠭᠠᠵᠥ᠂ ᠠᠶᠢᠮᠠᠭ ᠤᠨ ᠨᠠᠮ ᠤᠨ ᠬᠤᠷᠢᠶᠠᠨ ᠤ ᠤᠲᠤᠷᠢᠳᠬᠤ ᠪᠠᠭ ᠤᠨ ᠠᠷᠠᠳ | ᠤᠯᠠᠨ ᠤ ᠲᠤᠮᠲᠠᠬᠢ ᠢᠲᠡᠭᠡᠯ ᠬᠥᠨᠲᠤ ᠶᠢ ᠲᠡᠭᠡᠭᠰᠢᠯᠡᠬᠦᠯᠬᠦ ᠬᠡᠷᠡᠭᠲᠡᠢ ᠭᠡᠪᠠ᠃ | ᠬᠤᠷᠠᠯ ᠠᠴᠠ ᠵᠢᠭᠠᠬᠤ ᠳᠠᠭᠠᠨ᠂ ︽ᠰᠢᠯᠢ ᠶᠢᠨ ᠭᠤᠤᠯ ᠠᠶᠢᠮᠠᠭ ᠤᠨ ᠨᠠᠮ ᠤᠨ ᠬᠤᠷᠢᠶᠠᠨ ᠤ ﹇ᠥᠪᠤᠷ | ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠨᠠᠮ ᠤᠨ ᠠᠷᠪᠠᠨ ᠨᠠᠢᠮᠠᠲᠤᠭᠠᠷ | ᠬᠤᠭᠤᠴᠠᠭᠠᠨ ᠤ ᠳᠦᠪ ᠬᠤᠷᠢᠶᠠᠨ ᠤ ᠵᠢᠷᠭᠤᠲᠤᠭᠠᠷ ᠪᠥᠬᠦᠲᠠ ᠬᠤᠷᠠᠯ ᠤᠨ ᠵᠤᠷᠢᠭ ᠰᠠᠨᠠᠭ᠎ᠠ ᠶᠢ ᠬᠥᠨᠵᠡᠭᠡᠢ | ᠰᠤᠷᠤᠯᠴᠠᠨ ᠲᠤᠤᠱᠯᠠᠭᠤᠯᠵᠥ ᠪᠥᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠶᠢ ᠠᠬᠢᠭᠤᠯᠬᠤ ᠲᠤᠬᠠᠢ ᠲᠤᠭᠲᠠᠭᠠᠯ﹈ ᠢ | ᠬᠡᠷᠡᠭᠵᠢᠬᠦᠯᠬᠦ ᠰᠠᠨᠠᠯ︾ ᠪᠤᠯ ᠪᠥᠬᠦ ᠠᠶᠢᠮᠠᠭ ᠤᠨ ᠪᠥᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠶᠢ ᠠᠬᠢᠭᠤᠯᠬᠤ | ᠴᠢᠬᠤᠯᠠ ᠵᠢᠯᠤᠭᠤᠳᠬᠤ ᠴᠢᠨᠠᠷᠲᠠᠢ ᠪᠢᠴᠢᠭ ᠮᠠᠲ᠋ᠧᠷᠢᠶᠠᠯ ᠪᠤᠯᠤᠨ᠎ᠠ᠃ ᠠᠶᠢᠮᠠᠭ ᠤᠨ ᠨᠠᠮ ᠤᠨ ᠬᠤᠷᠢᠶᠠᠨ ᠤ ᠬᠡᠰᠢᠬᠦᠨ | ᠪᠤᠯᠤᠨ ᠡᠯ᠎ᠠ ᠱᠠᠲᠤᠨ ᠤ ᠨᠠᠮ ᠤᠨ ᠵᠤᠬᠢᠶᠠᠨ ᠪᠠᠶᠢᠭᠤᠯᠤᠯᠲᠠ ᠪᠠ ᠥᠷᠭᠡᠨ ᠤᠯᠠᠨ ᠨᠠᠮ ᠤᠨ ᠬᠡᠰᠢᠬᠦᠨ ᠨᠠᠮ ᠤᠨ | ᠤᠯᠤᠰ ᠲᠥᠷᠥ ᠶᠢᠨ ᠰᠠᠬᠢᠯᠭ᠎ᠠ ᠪᠠᠲᠤ ᠪᠤᠯᠤᠨ ᠤᠯᠤᠰ ᠲᠥᠷᠥ ᠶᠢᠨ ᠲᠥᠷᠢᠮ ᠲᠤᠭᠲᠠᠭᠠᠯ ᠢ ᠴᠢᠩᠭ᠎ᠠ ᠵᠢᠷᠤᠮᠯᠠᠵᠥ᠂ | ᠨᠠᠮ ᠤᠨ ᠲᠥᠪ ᠬᠤᠷᠢᠶ᠎ᠠ ᠪᠤᠯᠤᠨ ᠥᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠡᠯ᠎ᠠ ᠵᠥᠢᠯ ᠤᠨ | ᠰᠢᠢᠳᠪᠤᠷᠢᠲᠤ ᠪᠠᠶᠢᠷᠢᠯᠠᠭᠤᠯᠤᠯᠲᠠ ᠶᠢ ᠰᠠᠶᠢᠲᠤᠷ ᠨᠠᠶᠢᠲᠠᠪᠤᠷᠢᠵᠢᠭᠤᠯᠬᠤ ᠬᠡᠷᠡᠭᠲᠡᠢ᠃ ᠠᠶᠢᠮᠠᠭ ᠤᠨ ᠨᠠᠮ ᠤᠨ ᠬᠤᠷᠢᠶ᠎ᠠ | ᠪᠤᠯᠤᠨ ᠡᠯ᠎ᠠ ᠱᠠᠲᠤᠨ ᠤ ᠨᠠᠮ ᠤᠨ ᠬᠤᠷᠢᠶ᠎ᠠ ︵ᠨᠠᠮ ᠤᠨ ᠤᠲᠤᠷᠢᠳᠬᠤ ᠲᠤᠭᠤᠢᠢᠯᠠᠩ︶ ᠨᠠᠮ ᠢ ᠴᠢᠩᠭ᠎ᠠ ᠵᠠᠰᠠᠬᠤ | ᠭᠤᠤᠯ ᠴᠤᠭᠴᠠ ᠶᠢᠨ ᠬᠠᠷᠢᠭᠤᠴᠠᠯᠭ᠎ᠠ ᠶᠢ ᠨᠠᠶᠢᠲᠠᠪᠤᠷᠢᠵᠢᠭᠤᠯᠵᠥ᠂ ᠨᠠᠮ ᠤᠨ ᠪᠠᠶᠢᠭᠤᠯᠤᠯᠲᠠ ᠶᠢᠨ ᠰᠢᠨᠵᠢᠯᠡᠬᠦ | ᠤᠬᠠᠭᠠᠨᠴᠢ ᠲᠥᠪᠰᠢᠨ ᠢ ᠲᠠᠰᠤᠷᠠᠯᠲᠠ ᠥᠭᠡᠢ ᠲᠡᠭᠡᠭᠰᠢᠯᠡᠬᠦᠯᠬᠦ ᠬᠡᠷᠡᠭᠲᠡᠢ᠃ ᠨᠠᠮ ᠤᠨ ᠲᠤᠲᠤᠭᠠᠲᠤᠬᠢ ᠤᠯᠤᠰ | ᠲᠥᠷᠥ ᠶᠢᠨ ᠠᠮᠢᠲᠤᠷᠠᠯ ᠢ ᠴᠢᠩᠭᠠᠳᠬᠠᠨ ᠲᠥᠷᠢᠮᠵᠢᠬᠦᠯᠵᠥ᠂ ᠨᠠᠮ ᠤᠨ ᠲᠤᠲᠤᠭᠠᠲᠤᠬᠢ ᠤᠯᠤᠰ ᠲᠥᠷᠥ ᠶᠢᠨ | ᠠᠮᠢᠲᠤᠷᠠᠯ ᠤᠨ ᠤᠯᠤᠰ ᠲᠥᠷᠥᠴᠢ ᠴᠢᠨᠠᠷ᠂ ᠴᠠᠭ ᠥᠶᠡᠴᠢ ᠴᠢᠨᠠᠷ᠂ ᠵᠠᠷᠴᠢᠮᠲᠤ ᠴᠢᠨᠠᠷ᠂ ᠲᠠᠶᠢᠴᠢᠨ ᠴᠢᠨᠠᠷ ᠢ | ᠲᠠᠰᠤᠷᠠᠯᠲᠠ ᠥᠭᠡᠢ ᠴᠢᠩᠭᠠᠳᠬᠠᠬᠤ ᠬᠡᠷᠡᠭᠲᠡᠢ ᠬᠡᠪᠡ᠃ | ᠬᠤᠷᠠᠯ ᠠᠴᠠ ᠵᠢᠭᠠᠬᠤ ᠳᠠᠭᠠᠨ᠂ ᠡᠯ᠎ᠠ ᠭᠠᠵᠠᠷ ᠡᠯ ᠠ ᠰᠠᠯᠠᠭ᠎ᠠ ᠮᠥᠴᠢᠷ ᠪᠤᠯᠪᠠᠰᠤᠨ ᠰᠤᠮᠤ ᠰᠢᠶᠠᠩ ᠪᠠᠯᠭᠠᠰᠤ | ᠂ ᠪᠤᠯᠪᠠᠰᠤᠨ ᠭᠠᠴᠠᠭ᠎ᠠ ᠲᠤᠰᠬᠤᠨ ᠢ ᠡᠬᠦᠲᠥᠨ ᠪᠠᠶᠢᠭᠤᠯᠬᠤ ᠶᠢ ᠨᠢᠭᠡ ᠵᠥᠢᠯ ᠤᠨ ᠭᠤᠤᠯᠲᠠᠯᠭ᠎ᠠ ᠲᠠᠢ ᠡᠬᠦᠷᠭᠡ | ᠪᠤᠯᠭᠠᠵᠥ᠂ ᠮᠠᠯᠵᠢᠬᠤ ᠲᠠᠷᠢᠶᠠᠯᠠᠬᠤ ᠤᠷᠤᠨ ᠤ ᠤᠶᠤᠨ ᠰᠠᠨᠠᠭᠠᠨ ᠤ ᠪᠤᠯᠪᠠᠰᠤᠨ ᠤ ᠪᠠᠶᠢᠭᠤᠯᠤᠯᠲᠠ ᠶᠢ ᠰᠢᠨ᠎ᠠ | ᠲᠥᠪᠰᠢᠨ ᠳᠤ ᠬᠥᠷᠭᠡᠬᠦ ᠬᠡᠷᠡᠭᠲᠡᠢ᠃ ᠡᠯ᠎ᠠ ᠬᠤᠰᠢᠭᠤ ᠰᠢᠶᠠᠨ ᠬᠤᠲᠠ ︵ᠤᠷᠤᠨ︶᠂ ᠰᠤᠮᠤ ᠰᠢᠶᠠᠩ | ᠪᠠᠯᠭᠠᠰᠤ ᠶᠢᠨ ᠨᠠᠮ ᠤᠨ ᠬᠤᠷᠢᠶ᠎ᠠ᠂ ᠵᠠᠰᠠᠭ ᠤᠨ ᠤᠷᠲᠤᠨ ᠡᠬᠦᠲᠤᠨ ᠪᠠᠶᠢᠭᠤᠯᠬᠤ ᠠᠵᠢᠯᠯᠠᠭ᠎ᠠ ᠶᠢᠨ ᠡᠯ᠎ᠠ ᠵᠥᠢᠯ ᠤᠨ | ᠡᠬᠦᠷᠭᠡ ᠶᠢ ᠰᠠᠶᠢᠲᠤᠷ ᠲᠥᠯᠥᠪᠵᠢᠬᠦᠯᠥᠨ ᠪᠠᠶᠢᠷᠢᠯᠠᠭᠤᠯᠵᠥ ᠨᠠᠶᠢᠲᠠᠪᠤᠷᠢᠵᠢᠭᠤᠯᠬᠤ ᠬᠡᠷᠡᠭᠲᠡᠢ᠃ ᠠᠶᠢᠮᠠᠭ ᠬᠤᠰᠢᠭᠤ | ᠬᠤᠶᠠᠷ ᠱᠠᠲᠤᠨ ᠤ ᠪᠤᠯᠪᠠᠰᠤᠨ ᠤ ᠵᠥᠪᠯᠡᠯ ᠤᠯᠠᠨ ᠲᠥᠮᠡᠨ ᠢ ᠤᠬᠠᠭᠤᠯᠤᠨ ᠵᠢᠯᠤᠭᠤᠳᠬᠤ ᠪᠠᠨ ᠴᠢᠩᠭᠠᠳᠬᠠᠵᠥ᠂ | ᠤᠯᠠᠨ ᠲᠥᠮᠡᠨ ᠢ ᠥᠨᠡᠨᠬᠦ ᠡᠬᠦᠲᠥᠨ ᠪᠠᠶᠢᠭᠤᠯᠬᠤ ᠠᠵᠢᠯᠯᠠᠭ᠎ᠠ ᠶᠢᠨ ᠭᠤᠤᠯ ᠴᠤᠭᠴᠠ ᠮᠥᠷᠲᠡᠭᠡᠨ ᠠᠰᠢᠭ | ᠬᠥᠷᠲᠡᠭᠴᠢ ᠪᠤᠯᠭᠠᠬᠤ ᠬᠡᠷᠡᠭᠲᠡᠢ ᠬᠡᠪᠡ᠃ | ᠬᠤᠷᠠᠯ ᠲᠡᠭᠡᠷ᠎ᠠ ᠪᠠᠰᠠ ᠪᠤᠰᠤᠳ ᠵᠥᠢᠯᠡᠰ ᠢ ᠰᠤᠲᠤᠯᠵᠠᠢ᠃ |