ᠰᠢᠯᠢ ᠶᠢᠨ ᠬᠤᠳᠡ 2014 ᠤᠨ ᠠᠴᠠ ᠡᠬᠢᠯᠡᠨ ︽ᠭᠤᠷᠪᠡ ᠶᠢ ᠭᠠᠴᠠᠭᠠᠨ ᠳᠤ ᠬᠥᠷᠭᠡᠵᠥ ᠭᠤᠷᠪᠠ ᠶᠢ | ᠡᠷᠤᠭᠡ ᠳᠤ ᠬᠦᠷᠭᠡᠬᠦ︾ ᠲᠦᠷᠤᠯ ᠵᠦᠢᠯ ᠢᠶᠠᠷ ᠲᠠᠮᠵᠢᠭᠤᠯᠤᠨ᠂ ᠴᠤᠬᠠᠡᠭᠤᠯᠨ ᠰᠤᠮᠤ ᠶᠢᠨ ᠤᠭ᠍ᠶᠤᠳᠤ ᠭᠠᠴᠠᠭ᠎ᠠ | ᠪᠤᠯᠤᠨ ᠪᠠᠶᠠᠡᠪᠤᠯᠠᠬ ᠰᠤᠮᠤ ᠶᠢᠨ ᠨᠠᠷᠠᠡᠪᠤᠯᠠᠬ ᠭᠠᠴᠠᠭᠠᠨ ᠳᠤ ᠨᠡᠶᠢᠲᠡ 303 ᠲᠥᠮᠡᠨ ᠲᠥᠭᠦᠷᠢᠭ ᠪᠡᠯᠡ ᠤᠷᠤᠭᠤᠯᠵᠥ | ᠂ ᠡᠬᠡ ᠮᠠᠯ ᠬᠤᠲᠠᠯᠲᠤᠨ ᠠᠪᠬᠤ᠂ ᠴᠠᠬᠢᠯᠭᠠᠨ ᠨᠡᠪᠲᠡᠷᠡᠬᠦᠯᠬᠦ ᠵᠢᠴᠢ ᠥᠢᠯᠡᠳᠪᠤᠷᠢᠯᠡᠯ ᠤᠨ ᠰᠠᠭᠤᠷᠢ | ᠲᠥᠭᠦᠭᠡᠷᠥᠮᠵᠢ ᠶᠢᠨ ᠪᠥᠲᠥᠭᠡᠨ ᠪᠠᠶᠢᠭᠤᠯᠤᠯᠲᠠ ᠬᠢᠵᠥ ᠥᠭᠭᠦ ᠵᠡᠷᠭᠡ ᠬᠡᠯᠪᠡᠷᠢ ᠪᠠᠷ ᠲᠠᠮᠵᠢᠭᠤᠯᠤᠨ᠂ 82 | ᠡᠷᠥᠭᠡ ᠶᠢᠨ 250 ᠬᠥᠮᠥᠨ ᠢ ᠶᠠᠲᠠᠭᠤ ᠠᠴᠠ ᠠᠩᠭᠢᠵᠢᠷᠠᠭᠤᠯᠵᠥ᠂ ᠴᠢᠨᠡᠭᠡᠯᠢᠭᠵᠢᠯ ᠤᠨ ᠵᠠᠮ ᠢᠶᠠᠷ ᠬᠥᠲᠥᠯᠥᠭᠰᠡᠨ | ᠪᠠᠶᠢᠨ᠎ᠠ᠃ | ᠶᠡᠳᠡᠭᠤ ᠠᠴᠠ ᠠᠩᠭᠢᠵᠢᠷᠠᠬᠰᠠᠨ ᠡᠷᠤᠭᠡ ᠰᠠᠩᠵᠡᠢ᠄ ︽ᠡᠨ᠋ᠨ ᠭᠡᠳᠤᠨ ᠵᠢᠯ ᠤᠨ ᠲᠡᠮᠵᠢᠯᠭᠡ ᠪᠠᠷ ᠪᠢᠳᠡ 45 | ᠬᠠᠪᠳᠠᠭᠠᠢ ᠲᠦᠷᠪᠡᠯᠵᠢᠨ ᠮᠧᠲᠷ ᠰᠢᠨ᠎ᠡ ᠪᠠᠶᠢᠰᠢᠩ᠂ 100 ᠬᠤᠨᠢ ᠲᠠᠢ ᠪᠤᠯᠵᠥ᠂ ᠫᠸᠡᠭ ᠬᠤᠷᠤᠭ᠎ᠠ᠂ ᠬᠤᠳᠳᠤᠬ᠂ | ᠡᠪᠡᠰᠤ ᠨᠦᠭᠡᠴᠡᠯᠡᠬᠦ ᠫᠸᠡᠭ ᠪᠠᠶᠢᠭᠤᠯᠤᠭᠰᠠᠨ ᠠᠴᠠ ᠭᠠᠲᠠᠨ᠎ᠠ ᠪᠠᠰᠠ ᠪᠠᠶᠢᠡᠭᠭᠤ ᠶᠢᠨ ᠴᠡᠬᠢᠯᠭᠠᠨ ᠨᠡᠪᠳᠡᠷᠡᠭᠰᠡᠨ ᠳᠤ | ᠲᠤᠩ ᠪᠡᠶᠡᠷᠲᠠᠢ ᠪᠠᠶᠢᠨ᠎ᠡ᠃ ᠪᠢ ᠬᠤᠶᠢᠰᠢᠳᠡ ᠮᠠᠯ ᠰᠥᠷᠥᠭ ᠢᠶᠠᠨ ᠰᠠᠶᠢᠲᠤᠷ ᠠᠷᠠᠴᠢᠯᠠᠨ ᠮᠠᠯᠵᠢᠵᠥ᠂ | ᠤᠷᠤᠯᠭ᠎ᠠ ᠪᠠᠨ ᠨᠡᠮᠡᠭᠳᠡᠭᠦᠯᠤᠨ ᠠᠮᠢᠲᠤᠷᠠᠯ ᠢᠶᠠᠨ ᠨᠡᠩ ᠴᠢᠨᠡᠭᠡᠯᠢᠭᠵᠢᠬᠦᠯᠥᠨᠠ︾ ᠭᠡᠵᠤ ᠰᠡᠳᠭᠢᠯ ᠲᠤᠭᠳᠤᠯᠤᠨ | ᠶᠡᠷᠢᠨ᠎ᠠ᠃ ᠤᠲᠤ ᠴᠤᠬᠠᠠᠭᠤᠯᠠ ᠰᠤᠮᠤ ᠶᠢᠨ ᠤᠭ᠍ᠶᠤᠲᠤ ᠭᠠᠴᠠᠭᠠᠨ ᠤ ᠶᠠᠲᠠᠭᠤ ᠡᠷᠥᠭᠡ ᠪᠥᠬᠦᠨ ᠢᠶᠠᠷ ᠢᠶᠠᠨ | ᠶᠠᠲᠠᠭᠤ ᠠᠴᠠ ᠠᠩᠭᠢᠵᠢᠷᠠᠵᠠᠢ᠃ | ᠰᠢᠯᠢ ᠶᠢᠨ ᠬᠤᠳᠡ ᠲᠤᠭᠳᠠᠭᠰᠠᠨ ᠴᠡᠭ ᠲᠤ ᠶᠡᠳᠡᠭᠤ ᠶᠢ ᠲᠡᠳᠬᠦᠬᠦ ᠰᠠᠭᠤᠷᠢᠨ ᠲᠡᠭᠡᠷ᠎ᠠ ᠭᠠᠴᠠᠭ᠎ᠠ ᠪᠦᠷᠢ ᠳᠤ | ᠨᠢᠭᠡ ᠲᠡᠳ᠋ ᠭᠠᠵᠠᠷ ᠤᠨ ᠲᠡᠰ ᠠᠴᠠ ᠲᠡᠭᠡᠭᠰᠢ ᠺᠠᠳ᠋ᠷ ᠪᠤᠯᠤᠨ ᠨᠢᠭᠡ ᠲᠡᠳ᠋ ᠰᠠᠯᠠᠭ᠎ᠠ ᠲᠡᠰ ᠤᠨ ᠺᠠᠳ᠋ᠷ ᠲᠤᠬᠢᠷᠠᠭᠤᠯᠵᠥ᠂ | ᠶᠠᠲᠠᠭᠤ ᠶᠢ ᠲᠡᠳᠬᠦᠬᠦ ᠠᠵᠢᠯ ᠢ ᠪᠤᠲᠠᠲᠠᠢ ᠵᠢᠯᠥᠭᠤᠳᠴᠠᠢ᠃ ᠭᠠᠴᠠᠭᠠᠨ ᠳᠤ ᠰᠠᠭᠤᠭ᠎ᠠ ᠠᠵᠢᠯᠯᠠᠬᠤ ᠠᠩᠭᠢ ᠨᠢ | ᠭᠠᠴᠠᠭᠠᠨ ᠤ ᠤᠳᠤᠷᠢᠳᠬᠤ ᠪᠠᠬ ᠤᠨ ᠪᠦᠷᠢᠯᠳᠤᠭᠦᠨ᠂ ᠬᠦᠴᠢᠷᠳᠡᠯᠳᠡᠢ ᠡᠷᠤᠭᠡ ᠲᠠᠢ ᠤᠯᠡᠨ ᠤᠳᠠᠭ᠎ᠠ ᠬᠠᠷᠢᠯᠴᠠᠵᠥ | ᠶᠠᠷᠢᠯᠴᠠᠬᠤ ᠪᠠᠷ ᠲᠠᠮᠵᠢᠭᠤᠯᠤᠨ᠂ ᠪᠤᠲᠠᠲᠥ ᠪᠠᠶᠢᠲᠠᠯ ᠳᠤᠨᠢ ᠲᠤᠬᠢᠷᠠᠭᠤᠯᠤᠨ ᠡᠭᠡ ᠮᠠᠯ ᠠᠪᠴᠤ ᠦᠭᠭᠦᠭᠰᠡᠨ ᠪᠡ | ᠤᠷᠤᠨ ᠰᠠᠭᠤᠴᠠ᠂ ᠰᠠᠭᠤᠷᠢ ᠲᠦᠬᠦᠭᠡᠷᠤᠮᠵᠢ ᠶᠢ ᠨᠢ ᠰᠠᠶᠢᠵᠢᠷᠡᠭᠤᠯᠵᠤ ᠦᠭᠴᠡᠢ᠃ ᠤᠢᠢᠯᠠᠭᠠᠭᠰᠠᠨ ᠢᠶᠠᠷ᠂ | 2014 — 2016 ᠤᠨ ᠪᠤᠯᠲᠠᠯᠠᠬᠢ 3 ᠵᠢᠯ ᠳᠤ ︽ᠭᠤᠷᠪᠡ ᠶᠢ ᠭᠠᠴᠠᠭ᠎ᠠ ᠳᠤ ᠬᠥᠷᠭᠡᠵᠥ ᠭᠤᠷᠪᠠ ᠶᠢ | ᠡᠷᠥᠭᠡ ᠳᠤ ᠬᠥᠷᠭᠡᠬᠦ︾ ᠲᠦᠷᠤᠯ ᠵᠦᠢᠯ ᠪᠡ ᠡᠳ᠋ ᠤᠨ ᠵᠠᠰᠠᠬ ᠤᠨ ᠬᠦᠳᠡᠭᠡ ᠠᠵᠤ ᠠᠬᠤᠢ ᠶᠢᠨ ᠨᠡᠭᠡᠭᠡᠨ | ᠬᠦᠭᠵᠢᠭᠦᠯᠬᠦ ᠠᠯᠪᠡᠨ ᠭᠡᠷ᠂ ᠲᠠᠭᠠᠭᠠᠴᠢᠯᠡᠨ ᠲᠡᠳᠬᠦᠬᠦ ᠪᠠᠶᠢᠭᠤᠯᠭ᠎ᠠ ᠠᠴᠠ ᠲᠤᠰ ᠬᠤᠶᠠᠷ ᠭᠠᠴᠠᠭᠠᠨ ᠳᠤ ᠨᠡᠶᠢᠳᠡ | 2968 ᠦᠵᠤᠮᠤᠴᠢᠨ ᠬᠤᠨᠢ ᠬᠤᠳᠡᠯᠳᠤᠨ ᠠᠪᠴᠥ ᠦᠭᠴᠦ᠂ 48 ᠬᠤᠳᠳᠤᠬ ᠮᠠᠯᠳᠡᠵᠤ᠂ 180 ᠺᠢᠯᠤᠮᠧᠲᠷ | ᠪᠠᠶᠢᠡᠭᠭᠤ ᠶᠢᠨ ᠴᠡᠬᠢᠯᠭᠠᠨ ᠤᠳᠠᠰᠤ ᠳᠠᠳᠠᠵᠥ᠂ 26 ᠺᠢᠯᠤᠮᠧᠲᠷ ᠵᠠᠮ ᠵᠠᠰᠠᠵᠤ᠂ 81 ᠡᠷᠤᠭᠡ ᠶᠢᠨ ᠤᠷᠤᠨ | ᠰᠠᠭᠤᠴᠠ ᠶᠢ ᠰᠠᠶᠢᠵᠢᠷᠡᠭᠤᠯᠵᠥ᠂ 2 ᠡᠷᠤᠭᠡ ᠳᠤ ᠪᠠᠶᠢᠰᠢᠩ ᠪᠠᠷᠢᠬᠤ ᠨᠦᠬᠦᠪᠤᠷᠢ ᠤᠯᠭᠤᠵᠤ᠂ 10 ᠡᠷᠤᠭᠡ ᠳᠤ | ᠲᠤᠯᠠᠭᠠᠨ ᠫᠸᠡᠭ ᠪᠠᠶᠢᠭᠤᠯᠤᠨ ᠦᠭᠴᠤ᠂ ᠪᠠᠰᠠ ᠨᠢᠭᠡ ᠰᠤᠶᠤᠯ ᠤᠨ ᠦᠷᠳᠡᠭᠡ ᠶᠢ ᠰᠡᠯᠪᠢᠨ ᠵᠠᠰᠠᠵᠤ ᠦᠭᠴᠡᠢ᠃ | ᠤᠷᠴᠢᠮ ᠴᠤᠬᠠᠡᠭᠤᠯᠨ ᠰᠤᠮᠤ ᠶᠢᠨ ᠤᠭ᠍ᠶᠤᠳᠤ ᠭᠠᠴᠠᠭ᠎ᠠ ᠬᠤᠲᠠ ᠶᠢᠨ ᠶᠡᠳᠡᠭᠤ ᠶᠢ ᠲᠡᠳᠭᠦᠬᠦ ᠠᠯᠪᠡᠨ ᠭᠡᠷ᠂ | ᠬᠦᠳᠡᠭᠡ ᠠᠵᠤ ᠠᠬᠤᠢ ᠶᠢᠨ ᠨᠡᠭᠡᠭᠡᠨ ᠬᠦᠭᠵᠢᠭᠦᠯᠬᠦ ᠠᠯᠪᠡᠨ ᠭᠡᠷ᠂ ᠰᠤᠮᠤ ᠭᠠᠴᠠᠭ᠎ᠠ᠂ ᠲᠠᠭᠠᠭᠠᠴᠢᠯᠠᠨ ᠲᠡᠳᠬᠦᠬᠦ | ᠪᠠᠶᠢᠭᠤᠯᠭ᠎ᠠ ᠶᠢᠨ ᠬᠤᠯᠪᠤᠡᠡᠳᠡᠯ ᠪᠦᠬᠦᠢ ᠤᠳᠤᠷᠢᠳᠤᠯᠭ᠎ᠠ ᠵᠢᠴᠢ ᠶᠡᠳᠡᠭᠤ ᠡᠷᠤᠭᠡ ᠪᠤᠯᠤᠨ ᠮᠠᠯᠴᠢᠨ ᠲᠦᠯᠥᠭᠡᠯᠡᠭᠴᠢ | ᠤᠷᠤᠯᠴᠠᠭᠰᠠᠨ ᠶᠡᠳᠡᠭᠤ ᠠᠴᠠ ᠠᠩᠭᠢᠵᠢᠷᠬᠠᠰᠡᠨ ᠢ ᠪᠠᠲᠤᠯᠠᠬᠤ ᠬᠤᠷᠡᠯ ᠬᠤᠷᠠᠯᠲᠤᠭᠤᠯᠵᠥ᠂ ᠤᠯᠡᠨ ᠢᠶᠠᠷ ᠢᠶᠠᠨ | ᠦᠨᠡᠯᠡᠯᠳᠡ ᠥᠭᠬᠦ ᠪᠠᠷ ᠲᠠᠮᠵᠢᠭᠤᠯᠤᠨ ᠬᠦᠴᠢᠷᠳᠡᠯᠳᠡᠢ ᠡᠷᠤᠭᠡ ᠶᠡᠳᠡᠭᠤ ᠠᠴᠠ ᠪᠠᠨ ᠠᠩᠭᠢᠵᠢᠷᠬᠠᠰᠡᠨ ᠬᠡᠲᠡᠭ ᠢ ᠭᠠᠷ | ᠡᠷᠭᠦᠨ ᠵᠥᠪᠰᠢᠶᠡᠷᠡᠵᠥ᠂ ᠶᠠᠲᠠᠭᠤ ᠠᠴᠠ ᠠᠩᠭᠢᠵᠢᠷᠠᠭᠤᠯᠬᠤ ᠠᠵᠢᠯ ᠤᠨ ᠥᠨᠡᠨᠬᠦ ᠥᠷ᠎ᠠ ᠪᠥᠲᠥᠮᠵᠢ ᠤᠯᠤᠭᠰᠠᠨ ᠢ | ᠪᠠᠳᠤᠯᠠᠭᠰᠠᠨ ᠪᠠᠶᠢᠨ᠎ᠠ᠃ | ᠤᠭ᠍ᠶᠤᠲᠤ ᠭᠠᠴᠠᠭᠠᠨ ᠤ ᠤᠷᠳᠤ ᠶᠢᠨ ᠬᠢᠨ 5 ᠬᠦᠮᠤᠨ ᠠᠮᠨ ᠲᠠᠢ᠂ ᠡᠨ᠋ᠨ ᠵᠢᠯ ᠲᠡᠳᠡ 70 ᠬᠠᠪᠳᠠᠭᠠᠢ | ᠲᠦᠷᠪᠡᠯᠵᠢᠨ ᠮᠧᠲᠷ ᠰᠢᠨ᠎ᠡ ᠪᠠᠶᠢᠰᠢᠩ ᠪᠠᠷᠢᠵᠥ ᠲᠥᠪᠬᠢᠨᠡᠵᠡᠢ᠃ ᠡᠬᠦᠨ ᠳᠤ ᠦᠪᠡᠷᠰᠡᠳ ᠢᠶᠠᠨ ᠭᠠᠷᠭᠠᠬᠤ 45 | ᠬᠠᠪᠳᠠᠭᠠᠢ ᠲᠦᠷᠪᠡᠯᠵᠢᠨ ᠮᠧᠲᠷ ᠲᠠᠯᠠᠪᠠᠢ ᠶᠢᠨ 1.5 ᠲᠦᠮᠡᠨ ᠲᠦᠭᠦᠷᠢᠭ ᠰᠥᠢᠳᠭᠡᠯ ᠢ ᠲᠠᠭᠠᠭᠠᠴᠢᠯᠡᠨ | ᠲᠡᠳᠬᠦᠭᠰᠡᠨ ᠪᠠᠶᠢᠭᠤᠯᠭ᠎ᠠ ᠪᠤᠯᠬᠤ ᠬᠤᠲᠠ ᠶᠢᠨ ᠰᠤᠷᠭᠠᠨ ᠬᠦᠮᠤᠵᠢᠯ ᠤᠨ ᠲᠤᠪᠴᠢᠶ᠎ᠡ ᠭᠠᠷᠭᠠᠨ ᠦᠭᠬᠦᠭᠰᠡᠨ ᠢᠶᠠᠷ | ᠪᠠᠷᠠᠬᠤ ᠥᠭᠡᠢ᠂ 4 ᠲᠠᠰᠤᠯᠭ᠎ᠠ ᠲᠤᠯᠠᠭᠠᠨ ᠫᠸᠡᠭ ᠤᠨ ᠦᠪᠡᠷ ᠢᠶᠠᠨ ᠭᠠᠷᠭᠠᠬᠤ 1.2 ᠲᠦᠮᠡᠨ ᠲᠦᠭᠦᠷᠢᠭ ᠤᠨ | ᠰᠦᠢᠳᠬᠡᠯ ᠢ ᠴᠥ ᠲᠠᠭᠠᠭᠠᠴᠢᠯᠠᠨ ᠲᠡᠳᠬᠦᠭᠰᠡᠨ ᠪᠠᠶᠢᠭᠤᠯᠭ᠎ᠠ ᠪᠤᠯᠬᠤ ᠬᠤᠲᠠ ᠶᠢᠨ ᠤᠯᠠᠭᠠᠨ ᠵᠠᠭᠠᠯᠮᠠᠶᠢᠳᠡᠨ ᠤ | ᠨᠡᠶᠢᠭᠡᠮᠯᠢᠭ ᠭᠠᠷᠭᠠᠵᠤ ᠦᠭᠬᠦᠭᠰᠡᠨ ᠪᠠᠶᠢᠯ᠎ᠠ᠃ ᠡᠶᠢᠮᠥᠷᠬᠦ ᠤᠯᠠᠨ ᠲᠠᠯ᠎ᠠ ᠶᠢᠨ ᠬᠥᠴᠥᠲᠡᠢ ᠲᠡᠮᠵᠢᠯᠭᠡ ᠲᠤᠤᠷ᠎ᠠ | ᠲᠡᠬᠦᠨ ᠤ ᠶᠠᠲᠠᠭᠤ ᠠᠴᠠ ᠠᠩᠭᠢᠵᠢᠷᠠᠬᠤ ᠤᠷᠮ᠎ᠠ ᠵᠤᠷᠢᠭ ᠴᠥ ᠬᠥᠪᠴᠢᠯᠡᠭᠲᠡᠵᠥ᠂ ︽ᠶᠠᠲᠠᠭᠤ ᠶᠢ ᠲᠡᠳᠬᠦᠬᠦ ᠠᠯᠪᠠᠨ | ᠭᠡᠷ ᠠᠴᠠ ᠠᠪᠴᠥ ᠥᠭᠭᠦᠭᠰᠡᠨ 40 ᠡᠮ᠎ᠠ ᠬᠤᠨᠢ ᠪᠠᠨ ᠰᠠᠶᠢᠲᠤᠷ ᠠᠷᠠᠴᠢᠯᠠᠨ ᠮᠠᠯᠵᠢᠵᠥ᠂ ᠲᠥᠯ ᠢᠶᠠᠨ ᠮᠡᠨᠲᠤ | ᠤᠨᠲᠤᠷᠤᠭᠤᠯᠵᠥ᠂ ᠤᠷᠤᠯᠭ᠎ᠠ ᠪᠠᠨ ᠨᠡᠮᠡᠭᠲᠡᠬᠦᠯᠵᠥ ᠴᠢᠨᠡᠭᠡᠯᠢᠭᠵᠢᠬᠦ ᠪᠠᠷ ᠴᠢᠷᠮᠠᠶᠢᠨ᠎ᠠ︾ ᠭᠡᠵᠥ ᠰᠤᠷᠪᠤᠯᠵᠢᠯᠠᠬᠴᠢ ᠳᠤ | ᠶᠠᠷᠢᠵᠥ ᠪᠠᠶᠢᠯ᠎ᠠ᠃ |