ᠬᠤᠨᠢ ᠶᠢ ᠴᠦᠭᠡᠴᠡᠯᠡᠵᠤ ᠦᠭᠡᠷ ᠤᠨ ᠡᠬᠦᠯᠳᠡᠷ ᠢ ᠰᠢᠯᠳᠡᠭᠵᠢᠬᠦᠯᠤᠨ ᠮᠠᠯᠵᠢᠵᠤ — ᠪᠠᠷᠠᠭᠤᠨ ᠦᠵᠦᠮᠦᠴᠢᠨ ᠬᠤᠰᠢᠭᠤᠨ ᠳᠤ 23 ᠳᠦᠮᠡᠨ ᠦᠭᠡᠷ ᠲᠠᠢ ᠪᠤᠯᠵᠠᠢ
ᠨᠡᠶᠢᠲᠡᠯᠡᠭᠰᠡᠨ ᠴᠠᠭ᠄
2017/1/23
    ᠪᠡᠷᠡᠭᠤᠨ ᠦᠵᠤᠮᠤᠴᠢᠨ ᠬᠤᠰᠢᠭᠤ ᠬᠤᠨᠢ ᠶᠢ ᠴᠦᠭᠡᠴᠢᠯᠡᠵᠤ ᠦᠬᠡᠷ ᠤᠨ ᠡᠬᠦᠯᠳᠡᠷ ᠢ ᠰᠢᠯᠢᠳᠡᠭᠵᠢᠬᠦᠯᠦᠨ ᠮᠠᠯᠵᠢᠵᠦ᠂ ᠭᠠᠳᠠᠨ᠎ᠠ ᠭᠠᠵᠠᠷ ᠠᠴᠠ ᠰᠢᠯᠢᠳᠡᠭ ᠡᠭᠦᠯᠳᠡᠷ ᠤᠨ ᠰᠢᠮᠧᠨ᠋ᠲ᠋ᠡᠷ᠂ ᠱᠠᠷᠦ᠋ᠯᠡᠢ᠂ ᠡᠾᠧᠰᠲ᠋ᠡᠨ᠂ ᠠᠩᠭᠢᠰ ᠵᠡᠷᠭᠡ ᠤᠷᠤᠭᠤᠯᠬᠤ ᠶᠢᠨ ᠵᠡᠷᠭᠡᠪᠡᠷ ᠢᠴᠡᠭᠡᠯ ᠦᠷ᠎ᠡ ᠶᠢᠨ ᠭᠡᠭᠡᠯᠳᠤᠭᠦᠯᠭᠡ ᠬᠢᠬᠦ ᠠᠵᠢᠯ ᠢ ᠴᠢᠩᠭ᠎ᠠ ᠠᠳᠬᠤᠭᠰᠠᠨ ᠢᠶᠠᠷ ᠂ ᠤᠳᠤ ᠪᠦᠬᠦ ᠬᠤᠰᠢᠭᠤᠨ ᠤ ᠦᠭᠡᠷ 23 ᠲᠦᠮᠡ ᠳᠤ ᠬᠦᠷᠴᠤ᠂ ᠡᠭᠦᠨ ᠳᠤ ᠰᠢᠯᠢᠳᠡᠭ ᠡᠭᠦᠯᠳᠡᠷ ᠤᠨ ᠦᠭᠡᠷ 16 ᠲᠦᠮᠨ ᠳᠤ ᠬᠦᠷᠴᠡᠢ᠃     ᠲᠤᠰ ᠬᠤᠰᠢᠭᠤ ᠬᠤᠨᠢ ᠶᠢ ᠴᠦᠭᠡᠴᠢᠯᠡᠵᠤ᠂ ᠪᠤᠳᠡᠭᠠᠯᠢ ᠪᠡᠶ᠎ᠡ ᠶᠢᠨ ᠶᠡᠰᠤ ᠴᠢᠨᠡᠷ ᠢ ᠲᠡᠭᠡᠭᠰᠢᠯᠡᠭᠦᠯᠵᠠᠢ᠃ ᠤᠳᠤ ᠪᠦᠬᠦ ᠬᠤᠰᠢᠭᠤᠨ ᠳᠤ 4 ᠦᠷ ᠎ᠡ ᠶᠢᠨ ᠮᠠᠯ ᠤᠨ ᠲᠡᠯᠡᠪᠡᠢ ᠲᠠᠢ ᠪᠤᠯᠵᠤ᠂ ᠡᠭᠦᠨ ᠳᠤ ᠦᠪᠡᠷᠳᠡᠭᠡᠨ ᠵᠠᠰᠠᠬᠤ ᠤᠷᠤᠨ᠂ ᠠᠶᠢᠮᠠᠬ ᠠᠴᠠ ᠵᠦᠪᠰᠢᠶᠡᠷᠡᠭᠰᠡᠨ ᠦᠷ᠎ᠡ ᠶᠢᠨ ᠮᠠᠯ ᠵᠢᠭᠦᠷᠳᠡᠨ ᠤ ᠦᠢᠯᠡᠳᠪᠤᠷᠢᠯᠡᠯ ᠡᠵᠡᠩᠨᠡᠯᠳᠡ ᠶᠢᠨ ᠲᠡᠯᠡᠪᠡᠢ ᠲᠤᠰ ᠲᠤᠰ 1 ᠪᠤᠢ᠃ ᠪᠡᠷᠢᠮᠵᠢᠶᠡᠳᠤ ᠭᠤᠤᠯᠳᠡᠯᠭ᠎ᠠ ᠲᠠᠢ ᠬᠤᠨᠢᠨ ᠰᠦᠷᠥᠭ 600 ᠪᠠᠶᠢᠵᠤ᠂ ᠬᠤᠴᠨ ᠶᠢᠨ ᠵᠢᠱᠢᠶ᠎ᠡ ᠦᠵᠡᠭᠦᠯᠬᠦ ᠲᠤᠰᠬᠠᠢ ᠡᠷᠤᠭᠡ 80 ᠪᠠᠶᠢᠬᠤ ᠶᠢᠨ ᠬᠠᠮᠳᠤ 2016 ᠤᠨ ᠤ ᠰᠡᠭᠦᠯᠴᠢ ᠪᠤᠯᠳᠡᠯ ᠎ᠡ ᠪᠦᠬᠦ ᠬᠤᠰᠢᠭᠤ ᠪᠠᠷ ᠢᠶᠠᠨ ᠨᠡᠶᠢᠳᠡ 129 ᠲᠦᠮᠡᠨ ᠬᠤᠨᠢ ᠵᠡᠷᠤᠴᠡᠭᠤᠯᠵᠡᠢ᠃ ᠰᠢᠯᠢᠳᠡᠭ ᠡᠭᠦᠯᠳᠡᠷ ᠤᠨ ᠦᠭᠡᠷ ᠮᠠᠯᠵᠢᠵᠦ᠂ ᠮᠠᠯᠴᠢᠳ ᠤᠨ ᠤᠷᠤᠯᠭ᠎ᠠ ᠶᠢ ᠨᠡᠮᠡᠭᠳᠡᠭᠦᠯᠬᠦ ᠪᠠᠷ 2016 ᠤᠨ ᠳᠤ ᠲᠦᠡᠭᠯᠢᠶᠤᠤ᠂ ᠬᠢᠷᠢᠨ ᠵᠡᠷᠭᠡ ᠭᠠᠵᠠᠷ ᠠᠴᠠ 1206 ᠰᠢᠮᠧᠨ᠋ᠲ᠋ᠡᠷ᠂ ᠱᠠᠷᠦ᠋ᠯᠡᠢ ᠦᠭᠡᠷ ᠬᠤᠳᠡᠯᠳᠤᠨ ᠤᠷᠤᠭᠤᠯᠤᠭᠰᠠᠨ ᠪᠦᠭᠡᠳ ᠭᠠᠳᠡᠭᠠᠳᠤ ᠠᠴᠠ ᠴᠤᠯ ᠠᠩᠭᠢᠰ ᠡᠭᠦᠯᠳᠡᠷ ᠤᠨ 800 ᠦᠨᠢᠶ ᠎ᠡ ᠤᠷᠤᠭᠤᠯᠵᠡᠢ᠃ ᠡᠬᠦᠨ ᠤ ᠬᠠᠮᠳᠤ᠂ 1854 ᠰᠢᠮᠧᠨ᠋ᠲ᠋ᠡᠷ᠂ ᠱᠠᠷᠦ᠋ᠯᠡᠢ᠂ ᠡᠾᠧᠰᠲ᠋ᠡᠨ ᠦᠨᠢᠶᠡᠨ ᠳᠤ ᠢᠴᠡᠭᠡᠯ ᠦᠷ᠎ᠡ ᠶᠢᠨ ᠭᠡᠭᠡᠯᠳᠤᠭᠦᠯᠭᠡ ᠬᠢᠵᠤ᠂ 75320 ᠦᠨᠢᠶᠡᠨ ᠳᠤ ᠪᠠᠶᠢᠭᠠᠯᠢᠯᠢᠬ ᠭᠡᠭᠡᠯᠳᠤᠭᠦᠯᠭᠡ ᠬᠢᠭᠰᠡᠨ ᠠᠴᠠ ᠡᠭᠦᠯᠳᠡᠷ ᠰᠡᠶᠢᠵᠢᠷᠡᠭᠤᠯᠤᠡᠡᠰᠡᠨ ᠭᠤᠤᠯᠳᠡᠯᠭ᠎ᠠ ᠲᠠᠢ ᠰᠦᠷᠥᠭ ᠰᠢᠨ᠎ᠡ ᠪᠠᠷ 5 ᠨᠡᠮᠡᠭᠳᠡᠵᠤ᠂ 777 ᠦᠨᠢᠶ᠎ᠡ ᠬᠢᠨᠡᠨ ᠲᠤᠭᠳᠡᠭᠠᠯ ᠳᠤ ᠬᠢᠷᠢ ᠲᠡᠩᠴᠡᠵᠤ᠂ 89 ᠪᠢᠷᠠᠭᠤᠨ ᠪᠤᠬ᠎ᠠ ᠬᠢᠨᠡᠨ ᠲᠤᠭᠳᠠᠭᠠᠯ ᠳᠤ ᠬᠢᠷᠢ ᠲᠡᠩᠴᠡᠵᠤ᠂ ᠤᠳᠤ ᠪᠦᠬᠦ ᠬᠤᠰᠢᠭᠤᠨ ᠤ ᠰᠢᠯᠢᠳᠡᠭ ᠡᠭᠦᠯᠳᠡᠷ ᠤᠨ ᠭᠤᠤᠯᠳᠡᠯᠭ᠎ᠠ ᠲᠠᠢ ᠦᠭᠡᠷ ᠤᠨ ᠰᠦᠷᠥᠭ 18 ᠪᠤᠯᠵᠤ ᠨᠡᠮᠡᠭᠳᠡᠵᠡᠢ᠃     ᠲᠤᠰ ᠬᠤᠰᠢᠭᠤ ᠪᠠᠰᠠ ᠬᠤᠨᠢ ᠶᠢ ᠴᠦᠭᠡᠴᠢᠯᠡᠵᠦ ᠦᠭᠡᠷ ᠮᠠᠯᠵᠢᠬᠤ ᠳᠤ ᠮᠠᠯᠴᠢᠳ ᠢ ᠵᠤᠷᠢᠬᠵᠢᠭᠤᠯᠬᠤ ᠲᠦᠷᠤ ᠶᠢᠨ ᠪᠤᠳᠤᠯᠭ᠎ᠠ ᠭᠡᠷᠡᠭᠵᠢᠬᠦᠯᠵᠦ᠂ ᠮᠠᠯᠴᠢᠳ ᠬᠢᠨᠡᠨ ᠲᠤᠭᠳᠠᠭᠠᠯ ᠳᠤ ᠬᠢᠷᠢ ᠲᠡᠩᠴᠡᠭᠰᠡᠨ ᠰᠢᠮᠧᠨ᠋ᠲ᠋ᠡᠷ᠂ ᠱᠠᠷᠦ᠋ᠯᠡᠢ ᠲᠤᠭᠤᠯ ᠢᠶᠠᠨ ᠲᠤᠰ ᠬᠤᠰᠢᠭᠤᠨ ᠳᠠᠭᠠᠨ ᠬᠤᠳᠡᠯᠳᠤᠪᠡᠯ ᠲᠤᠭᠤᠯ ᠪᠦᠷᠢ ᠳᠤ ᠵᠠᠰᠠᠬ ᠤᠨ ᠤᠷᠳᠤᠨ ᠠᠴᠠ 2000 ᠲᠦᠭᠦᠷᠢᠭ ᠤᠨ ᠨᠦᠬᠦᠪᠤᠷᠢ ᠮᠦᠡᠭᠭᠦ ᠤᠯᠭᠤᠬᠤ ᠪᠦᠭᠡᠳ ᠬᠤᠳᠡᠯᠳᠤᠨ ᠠᠪᠤᠭᠰᠠᠨ ᠮᠠᠯᠴᠢᠳ ᠲᠤ ᠪᠡᠰᠨ 2000 ᠲᠦᠭᠦᠷᠢᠭ ᠤᠨ ᠨᠦᠬᠦᠪᠤᠷᠢ ᠮᠦᠡᠭᠭᠦ ᠤᠯᠭᠤᠵᠤ᠂ ᠭᠡᠷᠪᠡ ᠭᠠᠳᠠᠨ᠎ᠡ ᠭᠠᠵᠠᠷ ᠬᠤᠳᠡᠯᠳᠤᠪᠡᠯ ᠵᠦᠪᠭᠡᠨ ᠬᠤᠳᠡᠯᠳᠤᠡᠡᠰᠡᠨ ᠮᠠᠯᠴᠢᠨ ᠳᠤ 2000 ᠲᠦᠭᠦᠷᠢᠭ ᠤᠨ ᠨᠦᠬᠦᠪᠤᠷᠢ ᠤᠯᠭᠤᠬᠤ ᠪᠠᠷ ᠲᠤᠭᠳᠠᠪᠠ᠃ ᠡᠬᠦᠨ ᠤ ᠬᠠᠮᠳᠤ 18 ᠭᠤᠤᠯᠳᠡᠯᠭ᠎ᠠ ᠲᠠᠢ ᠡᠷᠤᠭᠡ ᠳᠤ ᠭᠡᠭᠡᠯᠳᠤᠭᠦᠯᠭᠡ ᠬᠢᠬᠦ ᠵᠢᠶᠡᠰᠨ ᠨᠢᠭᠡᠳᠤᠯᠳᠡᠢ ᠬᠤᠳᠡᠯᠳᠤᠨ ᠤᠷᠤᠭᠤᠯᠵᠤ ᠦᠭᠴᠠᠢ᠃ ᠬᠤᠭᠤᠯᠡᠳᠤ ᠶᠢᠨ ᠭᠤᠤᠯ ᠪᠡᠯᠭᠠᠰᠤᠨ ᠤ ᠪᠡᠶᠡᠡᠪᠤᠯᠠᠬ ᠭᠠᠴᠠᠭᠠᠨ ᠤ ᠮᠠᠯᠴᠢᠨ ᠴᠤᠯᠮᠤᠡᠭᠡᠷᠡᠯ 2016 ᠤᠨ ᠳᠤ 13 ᠡᠷ᠎ᠡ ᠲᠤᠭᠤᠯ ᠢᠶᠠᠨ ᠲᠤᠭᠤᠯ ᠪᠦᠷᠢ ᠶᠢ ᠲᠡᠭᠰᠢᠳᠭᠡᠭᠡᠳ 8000 ᠲᠦᠭᠦᠷᠢᠭ ᠢᠶᠠᠷ ᠵᠠᠷᠤᠴᠠᠭᠤᠯᠵᠦ᠂ ᠨᠡᠶᠢᠳᠡ 10 ᠲᠦᠮᠨ 4000 ᠲᠦᠭᠦᠷᠢᠭ ᠤᠨ ᠤᠷᠤᠯᠭ᠎ᠠ ᠡᠬᠦᠳᠦᠭᠰᠡᠨ ᠪᠠᠶᠢᠨ᠎ᠠ᠃ ᠡᠭᠦᠨ ᠳᠤ ᠬᠤᠰᠢᠭᠤᠨ ᠤ ᠬᠢᠨᠡᠨ ᠲᠤᠭᠳᠠᠭᠠᠯ ᠳᠤ ᠬᠢᠷᠢ ᠲᠡᠩᠴᠡᠭᠰᠡᠨ 6 ᠲᠤᠭᠤᠯ ᠢᠶᠠᠨ ᠲᠤᠰ ᠬᠤᠰᠢᠭᠤᠨ ᠤ ᠲᠤᠳᠤᠷ᠎ᠠ ᠪᠠᠨ ᠵᠠᠷᠤᠴᠠᠭᠤᠯᠤᠭᠠᠳ ᠨᠡᠶᠢᠳᠡ 12000 ᠲᠦᠭᠦᠷᠢᠭ ᠤᠨ ᠵᠠᠰᠠᠬ ᠤᠨ ᠤᠷᠳᠤᠨ ᠤ ᠨᠦᠬᠦᠪᠤᠷᠢ ᠮᠦᠡᠭᠭᠦ ᠤᠯᠤᠬᠰᠠᠨ ᠪᠠᠶᠢᠨ᠎ᠠ᠃ ᠤᠳᠤ ᠴᠤᠯᠮᠤᠡᠭᠡᠷᠡᠯ 78 ᠱᠠᠷᠦ᠋ᠯᠡᠢ ᠦᠭᠡᠷ ᠮᠠᠯᠵᠢᠵᠤ᠂ ᠡᠨᠡ ᠵᠢᠯ 50 ᠲᠤᠭᠤᠯ ᠲᠤᠰᠬᠤ ᠪᠤᠯᠤᠨ᠎ᠠ᠃ ᠴᠤᠯᠮᠤᠡᠭᠡᠷᠡᠯ᠄ ︽ᠡᠭᠦᠯᠳᠡᠷ ᠰᠠᠶᠢᠵᠢᠷᠡᠭᠤᠯᠤᠭᠰᠡᠨ 1 ᠲᠤᠭᠤᠯ ᠨᠢ 3 — 4 ᠨᠤᠳᠤᠬ ᠤᠨ ᠲᠤᠭᠤᠯ ᠲᠠᠢ ᠲᠡᠩᠴᠡᠨ᠎ᠠ᠃ ᠬᠠᠰᠢᠯᠠ ᠡᠬᠦᠯᠳᠡᠷ ᠰᠠᠶᠢᠵᠢᠷᠠᠭᠤᠯᠬᠤ ᠨᠢ ᠠᠰᠢᠭ ᠤᠷᠤᠯᠭ᠎ᠠ ᠲᠠᠢ᠂ ᠦᠷᠬᠦᠯᠵᠢᠯᠡᠨ ᠢᠴᠡᠭᠡᠯ ᠦᠷ ᠎ᠡ ᠶᠢᠨ ᠭᠡᠭᠡᠯᠳᠤᠭᠦᠯᠭᠡ ᠶᠢ ᠰᠡᠶᠢᠳᠤᠷ ᠬᠢᠵᠤ᠂ ᠰᠠᠶᠢᠨ ᠡᠭᠦᠯᠳᠡᠷ ᠤᠨ ᠦᠭᠡᠷ ᠢᠶᠠᠨ ᠤᠯᠡᠮ ᠨᠡᠮᠡᠭᠳᠡᠭᠦᠯᠬᠦ ᠪᠠᠷ ᠪᠤᠳᠤᠵᠤ ᠪᠠᠶᠢᠨ᠎ᠡ︾ ᠭᠡᠵᠤ ᠰᠤᠷᠪᠤᠯᠵᠢᠯᠠᠭᠴᠢ ᠳᠤ ᠪᠠᠶᠠᠷᠳᠡᠢ ᠶᠠᠷᠢᠵᠤ ᠪᠠᠶᠢᠯ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号