ᠥᠷᠭᠡᠨ ᠰᠢᠯᠢ ᠶᠢᠨ ᠦᠷᠨᠢᠯ ᠬᠥᠭᠵᠢᠯ ᠤᠨ ᠢᠷᠠᠭᠤ ᠳᠠᠭᠤᠨ — ︽ᠠᠷᠪᠠ ᠶᠢ ᠪᠦᠷᠬᠦᠭᠦᠯᠬᠦ︾ ᠢᠨᠵᠧᠨᠧᠷᠢᠩ ᠤᠨ ᠮᠡᠳᠡᠭᠡᠯᠡᠯ᠂ ᠰᠢᠯᠢ ᠶᠢᠨ ᠬᠤᠲᠠ
ᠨᠡᠶᠢᠲᠡᠯᠡᠭᠰᠡᠨ ᠴᠠᠭ᠄
2016/9/6
    ᠰᠢᠯᠢ ᠶᠢᠨ ᠤᠪᠤᠭ᠎ᠠ ᠰᠠᠭᠤᠭᠠᠯᠢ ᠲᠤᠭᠤᠷᠢᠭ ᠤᠨ ᠰᠠᠭᠤᠷᠢ ᠲᠦᠭᠦᠭᠡᠷᠦᠮᠵᠢ ᠪᠦᠷᠢᠨᠰᠢᠨ ᠲᠡᠭᠦᠯᠳᠡᠷᠵᠢᠵᠤ᠂ ᠱᠦᠢᠨᠢ ᠵᠠᠮ ᠬᠤᠳᠠ ᠬᠦᠳᠡᠭᠡ ᠶᠢ ᠬᠤᠯᠪᠤᠵᠤ᠂ ᠮᠠᠯᠴᠢᠨ ᠲᠦᠮᠡᠨ ᠵᠤᠯ ᠵᠢᠷᠭᠠᠯ ᠡᠳ᠋ᠯᠡᠯ᠎ᠡ᠂ ᠪᠢᠯᠬᠢᠬᠦ ᠮᠠᠯᠵᠢᠯ ᠤᠨ ᠲᠠᠯᠠᠪᠠᠢ ᠬᠤᠳᠠ ᠰᠢᠬ ᠰᠠᠶᠢᠬᠠᠨ ᠪᠤᠯᠵᠦ᠂ ᠪᠠᠶᠠᠨᠰᠢᠯᠢ ᠮᠠᠯᠵᠢᠯ ᠤᠨ ᠲᠠᠯᠠᠪᠠᠢ ᠴᠢᠯᠦᠭᠡᠳᠤ ᠲᠡᠯᠭᠡᠭᠦᠷ᠂ ᠨᠠᠰᠤᠳᠠᠶᠢᠴᠤᠳ ᠤᠨ ᠤᠷᠤᠨ ᠰᠠᠭᠤᠴᠠ᠂ ᠡᠷᠡᠬᠦᠯ ᠬᠠᠮᠠᠭᠠᠯᠠᠯ ᠤᠨ ᠬᠤᠷᠢᠶ᠎ᠡ ᠲᠠᠢ ᠪᠤᠯᠤᠯ᠎ᠠ ᠁ ᠰᠢᠪᠡᠷᠡᠭᠡ ᠪᠤᠷᠤᠭᠠᠨ ᠵᠦᠰᠡᠷᠡᠭᠰᠡᠨ ᠰᠢᠷᠭᠠᠯ ᠨᠠᠮᠤᠷ ᠤᠨ ᠡᠬᠢᠨ ᠤ ᠡᠳᠦᠷ ᠤᠳ ᠢᠶᠠᠷ᠂ ᠰᠢᠯᠢ ᠶᠢᠨ ᠬᠤᠳᠠ ᠪᠠᠷ ᠰᠤᠷᠪᠤᠯᠵᠢᠯᠠᠵᠤ ᠶᠠᠪᠤᠬᠤ ᠳᠤ᠂ ᠬᠦᠷᠦᠭᠰᠡᠨ ᠭᠠᠵᠠᠷ ᠪᠤᠯᠭᠠᠨ ᠬᠦᠭᠵᠢᠯᠳᠡ ᠶᠢᠨ ᠠᠭᠤᠷ ᠠᠮᠢᠰᠬᠤᠯ ᠪᠢᠯᠬᠠᠵᠤ᠂ ᠠᠭᠤᠯᠵᠠᠭᠰᠠᠨ ᠪᠤᠯᠭᠠᠨ ︽ᠠᠷᠪᠠ ᠶᠢ ᠪᠦᠷᠬᠦᠬᠦᠯᠬᠦ︾ ᠢᠨᠵᠧᠨᠧᠷᠢᠩ ᠰᠠᠶᠢᠨ ᠭᠡᠵᠤ ᠮᠠᠭᠳᠠᠨ᠎ᠠ᠃       ᠰᠤᠷᠪᠤᠯᠵᠢᠯᠠᠭᠴᠢ ᠰᠢᠯᠢ ᠶᠢᠨ ᠬᠤᠳᠠ ᠠᠴᠠ ᠡᠮᠤᠨᠡᠰᠢ ᠳᠡᠭᠡᠳᠤ ᠬᠤᠷᠳᠤᠴᠠᠳᠤ ᠵᠠᠰᠠᠮᠠᠯ ᠵᠠᠮ ᠢᠶᠠᠷ ᠶᠠᠪᠤᠵᠦ᠂ ᠪᠢᠯᠬᠢᠬᠦ ᠮᠠᠯᠵᠢᠯ ᠤᠨ ᠲᠠᠯᠠᠪᠠᠢ ᠶᠢᠨ ᠨᠤᠳᠤᠬ ᠬᠦᠷᠬᠦ ᠳᠤ ᠡᠩᠨᠡᠷᠡᠨ ᠵᠢᠭᠳᠡᠷᠡᠬᠦ ᠭᠡᠷ ᠪᠠᠶᠢᠰᠢᠩ᠂ ᠰᠠᠷᠠᠭᠤᠯ ᠲᠠᠷᠳᠠᠩ ᠱᠦᠢᠨᠢ ᠵᠠᠮ᠂ ᠵᠠᠮ ᠢᠶᠠᠨ ᠴᠢᠮᠡᠭᠰᠡᠨ ᠭᠤᠶᠤᠮᠰᠤᠬ ᠳ᠋ᠧᠩ ᠁ ᠰᠢᠨ᠎ᠡ ᠬᠦᠳᠡᠭᠡ ᠶᠢᠨ ᠦᠩᠬᠡ ᠲᠦᠷᠰᠤ ᠬᠠᠷᠠᠭᠠᠨ ᠳᠤ ᠲᠤᠳᠤᠷᠠᠵᠤ᠂ ᠬᠦᠳᠡᠭᠡ ᠨᠤᠳᠤᠬ ᠤᠨ ᠰᠠᠭᠤᠷᠢ ᠳᠦᠭᠦᠭᠡᠷᠤᠮᠵᠢ᠂ ᠤᠯᠠᠨ ᠨᠡᠶᠢᠳᠡ ᠶᠢᠨ ᠦᠢᠯᠡᠴᠢᠯᠡᠭᠡ ᠰᠠᠶᠢᠵᠢᠷᠠᠬᠰᠠᠨ ᠨᠢ ᠢᠯᠡᠭᠡᠨ ᠮᠡᠳᠡᠭᠳᠡᠨ᠎ᠠ᠃ ᠲᠤᠯᠠᠭᠠᠨ ᠤᠪᠤᠭ᠎ᠠ ᠬᠤᠪᠢᠶᠠᠷᠢ ᠲᠠᠯᠠᠪᠠᠢ ᠶᠢᠨ ᠮᠠᠯᠴᠢᠨ ᠰᠢᠤᠸᠠᠢ ᠪᠢᠩ ᠰᠢᠶᠠᠩ ᠤᠨ ᠬᠢᠨ ︽ᠠᠷᠪᠠ ᠶᠢ ᠪᠦᠷᠬᠦᠬᠦᠯᠬᠦ︾ ᠢᠨᠵᠧᠨᠧᠷᠢᠩ ᠤᠨ ᠠᠴᠢ ᠪᠠᠷ᠂ 20 ᠭᠠᠷᠤᠢ ᠵᠢᠯ ᠰᠠᠭᠤᠭᠰᠠᠨ ᠬᠠᠭᠤᠴᠢᠨ ᠪᠠᠶᠢᠰᠢᠩ ᠨᠢ ᠲᠤᠭᠤᠰᠬᠠᠨ ᠪᠠᠶᠢᠰᠢᠩ ᠢᠶᠠᠷ ᠰᠤᠯᠢᠬᠳᠠᠵᠦ᠂ ᠪᠠᠶᠢᠡᠭᠭᠤ ᠶᠢᠨ ᠴᠠᠬᠢᠯᠭᠠᠨ ᠨᠡᠪᠳᠡᠷᠡᠭᠰᠡᠨ ᠪᠦᠭᠡᠳ ᠮᠠᠰᠢᠨ ᠬᠤᠳᠳᠤᠭ ᠲᠠᠢ ᠪᠤᠯᠤᠯ᠎ᠠ᠃ ︽ᠤᠤᠯ ᠨᠢ ᠮᠠᠰᠢᠨ ᠬᠤᠳᠳᠤᠭ ᠪᠠᠶᠢᠬᠤ ᠦᠭᠡᠢ᠂ ᠡᠳᠦᠷ ᠪᠤᠯᠭᠠᠨ ᠬᠤᠯᠠ ᠠᠴᠠ ᠤᠰᠤ ᠲᠡᠭᠡᠭᠡᠳᠡᠭ᠂ ᠵᠦᠪᠬᠡᠨ ᠤᠰᠤ ᠲᠡᠭᠡᠭᠡᠭᠦ ᠳᠤ ᠨᠢᠭᠡ ᠬᠦᠮᠦᠨ ᠤ ᠬᠦᠳᠡᠯᠮᠦᠷᠢ ᠬᠦᠴᠦ᠂ ᠨᠢᠭᠡ ᠡᠳᠦᠷ ᠤᠨ ᠴᠠᠭ ᠵᠠᠷᠤᠴᠠᠭᠤᠯᠳᠠᠭ᠂ ︿ᠠᠷᠪᠠ ᠶᠢ ᠪᠦᠷᠬᠦᠬᠦᠯᠬᠦ﹀ ᠢᠨᠵᠧᠨᠧᠷᠢᠩ ᠬᠠᠷᠢᠨ ᠮᠠᠨ ᠤ ᠬᠠᠮᠤᠭ ᠶᠡᠭᠡ ᠬᠦᠴᠢᠷᠳᠡᠯ ᠢ ᠰᠢᠢᠳᠪᠦᠷᠢᠯᠡᠭᠰᠡᠨ ᠰᠢᠤ︾ ᠭᠡᠵᠤ ᠰᠢᠤᠸᠠᠢ ᠪᠢᠡᠭ ᠰᠢᠶᠠᠩ ᠤᠨ ᠪᠦᠰᠡᠭᠦᠢ ᠰᠡᠳᠬᠢᠯ ᠲᠤᠭᠳᠤᠯᠤᠨ ᠶᠠᠷᠢᠨ᠎ᠠ᠃       ᠰᠢᠯᠢ ᠶᠢᠨ ᠬᠤᠳᠠ ᠶᠢᠨ ᠪᠠᠶᠠᠨᠰᠢᠯᠢ ᠮᠠᠯᠵᠢᠯ ᠤᠨ ᠲᠠᠯᠠᠪᠠᠢ ᠶᠢᠨ ᠳᠤᠭᠤᠷ ᠤᠨ ᠳᠠᠯ᠎ᠠ ᠬᠤᠪᠢᠶᠠᠷᠢ ᠲᠠᠯᠠᠪᠠᠢ ᠶᠢᠨ 66 ᠨᠠᠰᠤᠳᠠᠢ ᠳ᠋ᠥ᠋ᠩ ᠢᠤᠢ ᠮᠸᠢ ︽ᠠᠷᠪᠠ ᠶᠢ ᠪᠦᠷᠬᠦᠬᠦᠯᠬᠦ︾ ᠢᠨᠵᠧᠨᠧᠷᠢᠩ ᠤᠨ ᠳᠡᠮᠵᠢᠯᠭᠡ ᠪᠠᠷ ᠳᠤᠬᠢᠯᠢᠬ ᠤᠷᠤᠨ ᠰᠠᠭᠤᠴᠠ ᠲᠠᠢ ᠪᠤᠯᠵᠦ᠂ ᠦᠳᠡᠯᠤᠭᠡ ᠨᠠᠰᠤ ᠪᠠᠨ ᠠᠮᠤᠷ ᠵᠢᠷᠭᠠᠯ ᠲᠠᠢ ᠦᠡᠭᠭᠡᠷᠡᠭᠡᠨ᠎ᠠ᠃ ᠳᠡᠷᠡ ᠵᠡᠷᠭᠡᠯᠡᠳᠡᠭᠡ ᠠᠶᠢᠯ ᠤᠨ ᠢᠶᠠᠨ ᠭᠤᠷᠪᠠᠨ ᠨᠠᠰᠤᠳᠠᠨ ᠲᠠᠢ ᠬᠦᠵᠦᠷ ᠨᠠᠭᠠᠳᠴᠤ ᠰᠠᠭᠤᠬᠤ ᠳᠠᠭᠠᠨ᠄ ︽ᠨᠠᠮ ᠵᠠᠰᠠᠭ ᠤᠨ ᠲᠦᠷᠦ ᠶᠢᠨ ᠪᠤᠳᠤᠯᠭ᠎ᠠ ᠰᠠᠶᠢᠨ᠂ ᠬᠠᠭᠤᠴᠢᠨ ᠨᠠᠪᠳᠠᠷᠬᠠᠢ ᠭᠡᠷ ᠢ ᠮᠢᠨᠢ ᠨᠤᠷᠠᠭᠠᠵᠤ ᠨᠦᠬᠦᠪᠦᠷᠢ ᠦᠭᠭᠦᠭᠰᠡᠨ ᠪᠦᠭᠡᠳ ᠰᠢᠨ᠎ᠡ ᠭᠡᠷ ᠪᠠᠷᠢᠵᠤ ᠦᠭᠴᠡᠢ᠂ ᠦᠳᠡᠯᠬᠦ ᠶᠢᠨ ᠦᠵᠦᠭᠦᠷ ᠡᠶᠢᠮᠤ ᠰᠠᠶᠢᠬᠠᠨ ᠰᠠᠷᠠᠭᠤᠯ ᠲᠤᠬᠢᠯᠢᠭ ᠭᠡᠷ ᠲᠤ ᠰᠠᠭᠤᠵᠤ ᠪᠠᠶᠢᠬᠤ ᠳᠠᠭᠠᠨ ᠡᠳᠦᠷ ᠪᠤᠯᠭᠠᠨ ᠰᠡᠳᠬᠢᠯ ᠪᠠᠶᠠᠷᠳᠠᠢ︾ ᠭᠡᠵᠤ ᠬᠡᠯᠡᠨ᠎ᠡ᠃       ᠰᠢᠯᠢ ᠶᠢᠨ ᠬᠤᠳᠠ ︽ᠠᠷᠪᠠ ᠶᠢ ᠪᠦᠷᠬᠦᠬᠦᠯᠬᠦ︾ ᠢᠨᠵᠧᠨᠧᠷᠢᠩ ᠢ ᠬᠡᠷᠡᠭᠵᠢᠬᠦᠯᠦᠭᠰᠡᠨ ᠠᠴᠠ ᠨᠠᠰᠢ᠂ ᠲᠦᠷᠦᠯ ᠵᠦᠢᠯ ᠤᠨ ᠪᠦᠳᠦᠭᠡᠨ ᠪᠠᠶᠢᠭᠤᠯᠤᠯᠳᠡ ᠶᠢ ᠡᠷᠴᠢᠮᠳᠡᠢ ᠶᠠᠪᠤᠭᠳᠠᠭᠤᠯᠵᠤ᠂ 2014 — 2016 ᠤᠨ ᠪᠤᠯᠳᠠᠯ᠎ᠠ᠂ ᠨᠡᠶᠢᠳᠡ 13.06 ᠳ᠋ᠥ᠋ᠩᠰᠢᠭᠤᠷ ᠲᠦᠭᠦᠷᠢᠭ ᠤᠨ ᠪᠡᠯᠡ ᠵᠠᠷᠤᠴᠠᠭᠤᠯᠵᠤ᠂ 8 ᠰᠤᠮᠤ ᠰᠢᠶᠠᠩ ᠪᠠᠯᠭᠠᠰᠤ᠂ 36 ᠭᠠᠴᠠᠭ᠎ᠠ ᠲᠤᠰᠬᠤᠨ ᠬᠤᠪᠢᠶᠠᠷᠢ ᠲᠠᠯᠠᠪᠠᠢ ᠶᠢᠨ ᠲᠠᠷᠠᠬᠠᠢ ᠪᠤᠳᠠᠷᠬᠠᠢ ᠰᠠᠭᠤᠷᠢᠰᠢᠵᠤ ᠪᠠᠶᠢᠬᠤ 5400 ᠮᠠᠯᠵᠢᠬᠤ ᠡᠷᠦᠭᠡ ᠳᠤ ᠠᠰᠢᠬ ᠬᠦᠷᠳᠡᠭᠡᠵᠦ᠂ ᠮᠠᠯᠵᠢᠬᠤ ᠤᠷᠤᠨ ᠤ ᠰᠠᠭᠤᠷᠢ ᠲᠦᠭᠦᠭᠡᠷᠦᠮᠵᠢ ᠤᠯᠠᠮ ᠪᠦᠷᠢᠨᠰᠢᠵᠤ᠂ ᠮᠠᠯᠴᠢᠳ ᠤᠨ ᠦᠢᠯᠡᠳᠪᠦᠷᠢᠯᠡᠯ ᠠᠮᠢᠳᠤᠷᠠᠯ ᠤᠨ ᠬᠢᠷᠢ ᠲᠦᠪᠰᠢᠨ ᠢᠯᠡᠳᠳᠡ ᠲᠡᠭᠡᠭᠰᠢᠯᠡᠪᠡ᠃       ︽ᠠᠷᠪᠠ ᠶᠢ ᠪᠦᠷᠬᠦᠬᠦᠯᠬᠦ︾ ᠢᠨᠵᠧᠨᠧᠷᠢᠩ ᠢ ᠠᠵᠤ ᠦᠢᠯᠡᠰ ᠤᠨ ᠬᠦᠭᠵᠢᠯᠳᠡ ᠲᠠᠢ ᠤᠷᠭᠠᠨᠢᠭ ᠢᠶᠠᠷ ᠤᠶᠠᠯᠳᠤᠭᠤᠯᠵᠤ᠂ ᠠᠵᠤ ᠦᠢᠯᠡᠰ ᠤᠨ ᠬᠦᠭᠵᠢᠯᠳᠡ ᠪᠤᠯᠤᠨ ᠮᠠᠯᠴᠢᠨ ᠲᠠᠷᠢᠶᠠᠴᠢᠨ ᠤ ᠤᠷᠤᠯᠭ᠎ᠠ ᠶᠢ ᠨᠡᠮᠡᠭᠳᠡᠬᠦᠯᠬᠦ ᠶᠢ ᠨᠢᠭᠡᠳᠦᠯᠳᠡᠢ ᠲᠦᠯᠦᠪᠵᠢᠬᠦᠯᠪᠡ᠃ ᠪᠤᠯᠠᠭᠠᠨ ᠰᠤᠮᠤᠨ ᠤ ᠰᠢᠯᠢ ᠶᠢᠨ ᠤᠪᠤᠭ᠎ᠠ ᠰᠠᠭᠤᠭᠠᠯᠢ ᠲᠤᠭᠤᠷᠢᠭ ᠨᠢ ︽ᠠᠷᠪᠠ ᠶᠢ ᠪᠦᠷᠬᠦᠬᠦᠯᠬᠦ︾ ᠢᠨᠵᠧᠨᠧᠷᠢᠩ ᠢᠶᠠᠷ ᠲᠠᠮᠵᠢᠨ᠂ ᠨᠡᠩ ᠶᠡᠭᠡ ᠲᠠᠳᠠᠬᠤ ᠬᠦᠴᠦᠨ ᠲᠠᠢ ᠪᠤᠯᠵᠠᠢ᠃ ᠰᠠᠭᠤᠭᠠᠯᠢ ᠲᠤᠭᠤᠷᠢᠭ ᠨᠢ ᠬᠠᠭᠤᠴᠢᠨ ᠪᠠᠶᠢᠰᠢᠩ ᠢ ᠨᠤᠷᠠᠭᠠᠨ ᠰᠢᠨᠡᠳᠬᠡᠨ ᠪᠠᠶᠢᠭᠤᠯᠵᠤ᠂ ᠵᠠᠮ ᠤᠨ ᠳ᠋ᠧᠩ᠂ ᠤᠯᠠᠨ ᠨᠡᠶᠢᠳᠡ ᠶᠢᠨ ᠲᠠᠯᠠᠪᠤᠷ᠂ ᠵᠡᠭᠡᠯᠢ ᠭᠤᠳᠤᠮᠵᠢ ᠵᠡᠷᠭᠡ ᠰᠠᠭᠤᠷᠢ ᠲᠦᠭᠦᠭᠡᠷᠦᠮᠵᠢ ᠶᠢ ᠲᠡᠭᠦᠯᠳᠡᠷᠵᠢᠬᠦᠯᠵᠦ᠂ 7.8  ᠺᠢᠯᠤᠮᠧᠲᠷ ᠤᠨ ᠱᠦᠢᠨᠢ ᠵᠠᠮ ᠰᠢᠯᠢ ᠶᠢᠨ ᠬᠤᠳᠠ᠂ ᠰᠢᠯᠢ ᠶᠢᠨ ᠤᠪᠤᠭ᠎ᠠ ᠰᠠᠭᠤᠭᠠᠯᠢ ᠲᠤᠭᠤᠷᠢᠬ ᠢ ᠬᠤᠯᠪᠤᠭᠰᠠᠨ ᠪᠦᠭᠡᠳ ᠴᠠᠰᠢ ᠰᠠᠷᠠᠭᠤᠯᠳᠠᠯ᠎ᠠ ᠭᠠᠴᠠᠭ᠎ᠠ ᠳᠤ ᠨᠡᠪᠳᠡᠷᠡᠵᠤ᠂ ᠤᠢᠢᠷ᠎ᠠ ᠬᠠᠪᠢ ᠶᠢᠨ 70 ᠭᠠᠷᠤᠢ ᠡᠷᠦᠬᠡ ᠶᠢᠨ 210 ᠭᠠᠷᠤᠢ ᠮᠠᠯᠴᠢᠳ ᠤᠨ ᠨᠠᠰᠢ ᠴᠠᠰᠢ ᠶᠠᠪᠤᠬᠤ ᠳᠤ ᠲᠦᠭᠦᠮ ᠦᠵᠡᠭᠦᠯᠪᠡ᠃       ᠤᠷᠴᠢᠨ ᠨᠦᠬᠦᠴᠡᠯ ᠰᠠᠶᠢᠵᠢᠷᠠᠭᠰᠠᠨ ᠠᠴᠠ ᠤᠳᠠᠭᠠᠨ ᠵᠢᠯ ᠭᠠᠳᠠᠭᠰᠢ ᠬᠦᠯᠦᠰᠦᠨ ᠠᠵᠢᠯ ᠬᠢᠵᠤ ᠪᠠᠶᠢᠬᠰᠠᠨ ᠬᠦᠮᠦᠰ ᠪᠤᠴᠠᠨ ᠢᠷᠡᠵᠤ ᠨᠤᠳᠤᠭ ᠲᠠᠭᠠᠨ ᠠᠵᠢᠯ ᠦᠢᠯᠡᠰ ᠡᠷᠬᠢᠯᠡᠬᠦ ᠪᠤᠯᠪᠠ᠃ ︽ᠪᠢᠳᠡ ᠤᠷᠤᠨ ᠪᠠᠶᠢᠷᠢ ᠶᠢᠨ ᠲᠠᠪᠠᠭᠤᠯᠢᠭ ᠢᠶᠠᠨ ᠠᠰᠢᠭᠯᠠᠨ᠂ ᠬᠤᠳᠠ ᠬᠦᠳᠡᠭᠡ ᠶᠢ ᠤᠶᠠᠯᠳᠤᠭᠤᠯᠤᠭᠰᠠᠨ ᠵᠤᠭᠠᠴᠠᠯ ᠤᠨ ᠦᠢᠯᠡᠰ᠂ ᠴᠠᠭᠠᠨ ᠢᠳᠡᠭᠡ ᠪᠤᠯᠪᠠᠰᠤᠷᠠᠭᠤᠯᠬᠤ ᠰᠠᠭᠤᠷᠢᠨ ᠭᠠᠵᠠᠷ ᠵᠡᠷᠭᠡ ᠠᠵᠤ ᠦᠢᠯᠡᠰ ᠡᠷᠬᠢᠯᠡᠵᠤ᠂ ᠭᠠᠵᠠᠷ ᠤᠷᠤᠨ ᠤ ᠬᠦᠭᠵᠢᠯᠳᠡ᠂ ᠮᠠᠯᠴᠢᠳ ᠤᠨ ᠤᠷᠤᠯᠭ᠎ᠠ ᠶᠢᠨ ᠨᠡᠮᠡᠭᠳᠡᠯ ᠢ ᠲᠠᠶᠢᠴᠢᠯᠠᠨ᠎ᠠ︾ ᠭᠡᠵᠤ ᠪᠤᠯᠠᠭᠠᠨ ᠰᠤᠮᠤᠨ ᠤ ᠲᠠᠷᠤᠭ᠎ᠠ ᠬᠤᠤᠰᠪᠠᠶᠠᠷ ᠶᠠᠷᠢᠯ᠎ᠠ᠃       ᠪᠤᠯᠠᠭᠠᠨ ᠰᠤᠮᠤᠨ ᠤ ᠮᠠᠯᠴᠢᠨ ᠪᠠ᠊· ᠪᠠᠭᠠᠳᠤᠷ ᠤᠳᠠᠭᠠᠨ ᠵᠢᠯ ︽ᠮᠠᠯᠴᠢᠨ ᠠᠶᠢᠯ︾ ᠤᠨ ᠵᠤᠭᠠᠴᠠᠯ ᠡᠷᠬᠢᠯᠡᠵᠤ᠂ ᠡᠵᠡᠩᠨᠡᠯᠳᠡ ᠶᠢᠨ ᠬᠦᠷᠢᠶ᠎ᠡ ᠬᠡᠪᠴᠢᠶ᠎ᠡ ᠪᠠᠨ ᠦᠷᠭᠡᠳᠭᠡᠬᠦ ᠰᠠᠨᠠᠭ᠎ᠠ ᠪᠠᠶᠢᠬᠰᠠᠨ ᠴᠤ ᠰᠠᠭᠤᠷᠢ ᠲᠦᠭᠦᠭᠡᠷᠦᠮᠵᠢ ᠬᠦᠷᠦᠯᠴᠡᠬᠦ ᠦᠭᠡᠢ᠂ ᠪᠡᠯᠡ ᠤᠷᠤᠭᠤᠯᠤᠯᠳᠠ ᠪᠠᠨ ᠨᠡᠮᠡᠭᠳᠡᠬᠦᠯᠬᠦ ᠵᠤᠷᠢᠭ ᠦᠭᠡᠢ ᠪᠠᠶᠢᠵᠠᠢ᠃ ︽ᠠᠷᠪᠠ ᠶᠢ ᠪᠦᠷᠬᠦᠬᠦᠯᠬᠦ︾ ᠢᠨᠵᠧᠨᠧᠷᠢᠩ ᠢ ᠬᠡᠷᠡᠭᠵᠢᠬᠦᠯᠦᠭᠰᠡᠨ ᠤ ᠲᠠᠷᠠᠭ᠎ᠠ᠂ ᠡᠳᠡᠨᠡᠶᠢᠬᠢᠨ ᠱᠦᠢᠨᠢ ᠵᠠᠮ᠂ ᠪᠠᠶᠢᠡᠭᠭᠤ ᠶᠢᠨ ᠴᠠᠬᠢᠯᠭᠠᠨ᠂ ᠲᠦᠭᠡᠭᠡᠯ ᠤᠰᠤ ᠨᠡᠪᠳᠡᠷᠡᠵᠤ᠂ ᠨᠦᠬᠦᠴᠡᠯ ᠪᠦᠷᠢᠨ ᠪᠤᠯᠤᠭᠰᠠᠨ ᠠᠴᠠ ᠪᠠ᠊ · ᠪᠠᠭᠠᠳᠤᠷ ᠵᠤᠷᠢᠭ ᠰᠢᠭᠤᠳᠤᠨ 100 ᠭᠠᠷᠤᠢ ᠲᠦᠮᠡᠨ ᠲᠦᠭᠦᠷᠢᠭ ᠤᠨ ᠪᠡᠯᠡ ᠵᠠᠷᠤᠴᠠᠭᠤᠯᠤᠨ᠂ 530 ᠬᠠᠪᠳᠠᠭᠠᠢ ᠲᠦᠷᠪᠡᠯᠵᠢᠨ ᠮᠧᠲᠷ ᠠᠰᠠᠷ ᠪᠠᠶᠢᠭᠤᠯᠵᠤ᠂ ᠬᠦᠷᠢᠶ᠎ᠡ ᠬᠡᠪᠴᠢᠶ᠎ᠡ ᠪᠠᠨ ᠦᠷᠭᠡᠳᠭᠡᠵᠡᠢ᠃ ︽ᠤᠳᠤ ᠨᠦᠬᠦᠴᠡᠯ ᠰᠠᠶᠢᠨ ᠪᠤᠯᠵᠠᠢ᠂ ᠬᠤᠶᠢᠰᠢᠳᠠ ᠪᠢ ᠲᠠᠯ᠎ᠠ ᠨᠤᠳᠤᠭ ᠤᠨ ᠬᠦᠯ ᠪᠦᠮᠪᠦᠭᠡᠨ ᠲᠠᠯᠠᠪᠠᠢ᠂ ᠤᠮᠪᠠᠯᠳᠠ ᠶᠢᠨ ᠴᠦᠬᠦᠷᠦᠮ ᠪᠤᠯᠤᠨ ᠵᠢᠵᠢᠭ ᠬᠡᠯᠪᠡᠷᠢ ᠶᠢᠨ ᠮᠤᠷᠢᠨ ᠤᠷᠤᠯᠳᠤᠭᠠᠨ ᠤ ᠲᠠᠯᠠᠪᠠᠢ ᠪᠠᠶᠢᠭᠤᠯᠬᠤ ᠰᠠᠨᠠᠭ᠎ᠠ ᠲᠠᠢ︾ ᠭᠡᠵᠤ ᠬᠠᠷᠠᠯᠳᠠ ᠳᠦᠰᠦᠪ ᠢᠶᠠᠨ ᠶᠠᠷᠢᠯ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号