ᠮᠠᠨ ᠤ ᠠᠶᠢᠮᠠᠭ ᠤᠨ ᠬᠠᠮᠤᠭ ᠲᠤᠮᠤ ᠠᠮᠢᠳᠤ ᠮᠠᠯ ᠤᠨ ᠠᠷᠠᠯᠵᠢᠶ᠎ᠠ ᠪᠤᠯᠤᠨ ᠮᠠᠯ ᠤᠨ ᠠᠰᠢᠭ ᠰᠢᠮ᠎ᠡ   ᠶᠢᠨ ᠠᠷᠠᠯᠵᠢᠶᠠᠨ ᠤ ᠲᠥᠪ ᠠᠰᠢᠭᠯᠠᠯᠲᠠ ᠳᠤ ᠤᠷᠤᠯ᠎ᠠ
ᠨᠡᠶᠢᠲᠡᠯᠡᠭᠰᠡᠨ ᠴᠠᠭ᠄
2016/9/5
    8 ᠳ᠋ᠤᠭᠠᠷ ᠰᠠᠷ᠎ᠠ ᠶᠢᠨ 25 ᠤ ᠡᠲᠥᠷ᠂ ᠰᠢᠯᠢ ᠶᠢᠨ ᠬᠤᠲᠠ ᠶᠢᠨ ᠬᠠᠨ᠋ᠬᠠᠭᠤᠯᠠ ᠠᠮᠢᠲᠤ ᠮᠠᠯ ᠤᠨ ᠠᠷᠠᠯᠵᠢᠶᠠᠨ ᠤ ᠵᠠᠬ᠎ᠠ ᠲᠡᠯᠭᠡᠭᠦᠷ ᠡᠵᠡᠩᠨᠡᠯᠲᠡ ᠪᠠᠨ ᠡᠬᠢᠯᠡᠬᠦᠯᠵᠥ᠂ ᠬᠥᠮᠥᠨ ᠬᠠᠷ᠎ᠠ ᠴᠤᠭᠯᠠᠷᠠᠨ᠂ ᠳᠡᠷᠭᠡ ᠤᠨᠤᠭ᠎ᠠ ᠰᠦᠯᠵᠢᠯᠲᠤᠨ᠂ ᠬᠤᠨᠢ ᠪᠠᠨ ᠳᠡᠭᠡᠭᠡᠵᠦ ᠢᠷᠡᠭᠰᠡᠨ ᠮᠠᠯᠴᠢᠳ ᠪᠤᠯᠤᠨ ᠭᠠᠳᠠᠨ᠎ᠠ ᠳᠤᠳᠤᠨ᠎ᠠ ᠶᠢᠨ ᠮᠠᠶᠢᠮᠠᠶᠢᠴᠢᠳ ᠦᠨ᠎ᠠ ᠬᠠᠨᠭ᠍ᠰᠢ ᠶᠠᠷᠢᠯᠴᠠᠨ ᠠᠷᠠᠯᠵᠢᠶ᠎ᠠ ᠬᠢᠵᠦ ᠶᠠᠭᠠᠷᠠᠯᠳᠤᠨ᠎ᠠ᠃       ᠰᠢᠯᠢ ᠶᠢᠨ ᠬᠤᠲᠠ ᠶᠢᠨ ᠪᠠᠶᠠᠨᠰᠢᠯᠢ ᠮᠠᠯᠵᠢᠯ ᠤᠨ ᠲᠠᠯᠠᠪᠠᠢ ᠶᠢᠨ ᠲᠠᠪᠤᠲᠤᠭᠠᠷ ᠬᠤᠪᠢᠶᠠᠷᠢ ᠲᠠᠯᠠᠪᠠᠢ ᠶᠢᠨ ᠮᠠᠯᠴᠢᠨ ᠷᠧᠨ ᠭᠤᠸᠠᠩ ᠴᠸᠡᠭ ᠥᠷᠯᠥᠭᠡ ᠡᠷᠲᠡᠯᠡᠨ ᠪᠤᠰᠴᠥ᠂ ᠬᠤᠷᠠᠭ᠎ᠠ ᠠᠴᠠ ᠪᠠᠨ ᠰᠢᠯᠢᠵᠥ ᠨᠢᠭᠡ ᠲᠡᠷᠭᠡ ᠲᠡᠭᠡᠭᠡᠭᠡᠳ ᠪᠠᠭ᠎ᠠ ᠥᠲᠡ ᠶᠢᠨ ᠥᠶ᠎ᠠ ᠪᠠᠷ ᠠᠷᠠᠯᠵᠢᠶᠠᠨ ᠤ ᠵᠠᠬ᠎ᠠ ᠲᠡᠯᠭᠡᠭᠦᠷ ᠲᠤ ᠬᠥᠷᠴᠥ ᠢᠷᠡᠯ᠎ᠠ᠃ ᠲᠤᠭᠤᠷᠢᠭᠰᠠᠨ ᠤᠯᠠᠨ ᠢᠶᠠᠷ ᠢᠶᠠᠨ᠄ ︽ᠡᠨᠡ ᠬᠤᠷᠠᠭ᠎ᠠ ᠨᠤᠭᠤᠳ ᠤᠨ ᠪᠡᠶ᠎ᠠ ᠪᠢᠯᠲᠠᠷ ᠲᠠᠷᠭᠤ ᠬᠥᠴᠥ ᠶᠤᠰᠤᠲᠠᠢ ᠲᠤᠷᠪᠢ ᠪᠠᠶᠢᠨ᠎ᠠ︾ ᠂ ︽ᠬᠠᠷᠢᠨ ᠰᠢᠲᠠ᠂ ᠶᠡᠷᠥᠨᠢ ᠰᠢᠲᠤᠯᠡᠩ ᠬᠤᠨᠢ ᠬᠡᠵᠥ ᠠᠲᠡᠬᠦᠷᠡᠮᠡᠷ᠂ ᠥᠨ᠎ᠠ ᠲᠠᠭᠠᠭᠠᠨ᠎ᠠ ᠪᠠᠶᠢᠬ᠎ᠠ︾ ᠭᠡᠵᠥ ᠠᠮᠠ ᠠᠮᠠᠨ ᠳᠠᠭᠠᠨ ᠮᠠᠭᠲᠠᠵᠠᠭᠠᠨ᠎ᠠ᠃       ᠷᠧᠨ ᠭᠤᠸᠠᠩ ᠴᠸᠡᠭ᠄ ︽ᠨᠢᠲᠤᠨᠤᠨ ᠤ 11 ᠳ᠋ᠤᠭᠡᠷ ᠰᠠᠷ᠎ᠠ ᠳᠤ ᠲᠤᠰᠤᠭᠰᠠᠨ ᠲᠥᠯ᠂ ᠬᠠᠮᠤᠭ ᠪᠥᠲᠥᠭᠦᠨ ᠨᠢ 100 ᠭᠠᠷᠤᠢ ᠵᠢᠩ ᠬᠦ᠋ᠨᠳᠦ᠂ ᠲᠡᠭᠰᠢᠳᠭᠡᠭᠡᠳ 85 ᠵᠢᠩ ᠰᠢᠥ᠃ ᠮᠢᠨᠥ ᠲᠡᠷᠭᠡᠨ ᠳᠤ ᠶᠡᠷᠥᠲᠡᠭᠡᠨ 100 ᠭᠠᠷᠤᠢ ᠬᠤᠷᠠᠭ᠎ᠠ ᠲᠡᠭᠡᠭᠡᠲᠡᠭ᠂ ᠬᠤᠷᠠᠭ᠎ᠠ ᠪᠥᠲᠥᠬᠦᠨ ᠪᠤᠯᠬᠤᠷ ᠡᠨᠡ ᠤᠲᠠᠭ᠎ᠠ ᠲᠥᠡᠭᠭᠡᠵᠢ ᠲᠠᠯᠠᠭᠠᠳ ᠢ ᠲᠡᠭᠡᠭᠡᠯ᠎ᠠ︾ ᠭᠡᠵᠥ ᠲᠠᠨᠢᠯᠴᠠᠭᠤᠯᠤᠨ ᠬᠡᠯᠡᠬᠦ ᠳᠤ ᠤᠯᠠᠭᠠᠨᠴᠠᠪ ᠬᠤᠲᠠ ᠠᠴᠠ ᠢᠷᠡᠭᠰᠡᠨ ᠪᠠᠢ ᠤᠪᠤᠭᠲᠤ ᠮᠠᠶᠢᠮᠠᠶᠢᠴᠢᠨ ᠄ ︽ᠬᠤᠷᠠᠭ᠎ᠠ ᠪᠠᠨ ᠪᠠᠭᠤᠯᠭᠠᠴᠢᠬ᠎ᠠ᠂ ᠵᠢᠩ ᠤᠨ ᠬᠡᠮᠵᠢᠶ᠎ᠠ ᠶᠢ ᠨᠢ ᠥᠵᠡᠶ᠎ᠡ᠂ ᠡᠷ᠎ᠠ ᠥᠬᠢᠨ ᠬᠤᠷᠠᠭ᠎ᠠ ᠬᠡᠲᠥᠢ ᠪᠠᠶᠢᠬᠤ ᠶᠤᠮ ᠪᠤᠢ︖︾ ᠭᠡᠵᠥ ᠮᠠᠶᠢᠮᠠᠶᠢᠴᠢᠨ ᠬᠥᠮᠥᠨ ᠤ ᠠᠶᠠᠰ ᠲᠠᠲᠠᠵᠥ ᠬᠡᠯᠡᠨ᠎ᠠ᠃ ᠢᠡᠭᠭᠢᠭᠡᠳ ᠮᠠᠶᠢᠮᠠᠢ ᠪᠥᠲᠥᠵᠥ᠂ ᠮᠠᠯᠴᠢᠨ ᠷᠧᠨ ᠭᠤᠸᠠᠩ ᠴᠸᠡᠭ ᠬᠤᠷᠠᠭ᠎ᠠ ᠪᠠᠨ ᠵᠢᠩ ᠪᠥᠷᠢ ᠳᠤᠨᠢ 5.9 ᠲᠥᠭᠦᠷᠢᠭ ᠢᠶᠠᠷ᠂ ᠨᠢᠭᠡ ᠬᠤᠷᠠᠭ᠎ᠠ ᠶᠢ ᠲᠡᠭᠰᠢᠳᠭᠡᠭᠡᠳ 485 ᠲᠥᠭᠦᠷᠢᠭ ᠢᠶᠠᠷ ᠬᠤᠲᠠᠯᠲᠤᠵᠥ᠂ ᠮᠥᠡᠭᠭᠦ ᠪᠠᠨ ᠡᠪᠤᠷᠲᠤᠯᠠᠭᠡᠳ᠂ ᠭᠡᠷ ᠠᠴᠠ ᠪᠠᠨ ᠲᠠᠬᠢᠵᠥ ᠬᠤᠷᠠᠭ᠎ᠠ ᠲᠡᠭᠡᠭᠡᠬᠦ ᠪᠠᠷ ᠪᠤᠴᠠᠭᠠᠳ ᠮᠤᠷᠲᠠᠯ᠎ᠠ᠃       ᠰᠢᠯᠢ ᠶᠢᠨ ᠬᠤᠲᠠ ᠶᠢᠨ ᠬᠠᠨ᠋ᠬᠠᠭᠤᠯᠠ ᠠᠮᠢᠲᠤ ᠮᠠᠯ ᠤᠨ ᠠᠷᠠᠯᠵᠢᠶᠠᠨ ᠤ ᠵᠠᠬ᠎ᠠ ᠲᠡᠯᠭᠡᠭᠦᠷ ᠢ 600 ᠲᠥᠮᠡᠨ ᠲᠥᠭᠦᠷᠢᠭ ᠤᠨ ᠪᠡᠯᠡ ᠤᠷᠤᠭᠤᠯᠵᠥ᠂ ᠨᠢᠲᠤᠨᠤᠨ ᠤ 8 ᠳ᠋ᠤᠭᠠᠷ ᠰᠠᠷ᠎ᠠ ᠠᠴᠠ ᠡᠬᠢᠯᠡᠵᠥ ᠪᠥᠲᠥᠭᠡᠨ ᠪᠠᠶᠢᠭᠤᠯᠤᠭᠰᠠᠨ ᠶᠤᠮ᠃ ᠲᠤᠰ ᠵᠠᠬ᠎ᠠ ᠨᠢ ᠰᠢᠯᠢ ᠶᠢᠨ ᠬᠤᠲᠠ ᠠᠴᠠ ᠵᠡᠬᠦᠨᠰᠢ 15 ᠺᠢᠯᠤᠮᠧᠲᠷ ᠤᠨ ᠵᠠᠢ ᠳᠤ ᠵᠠᠮ ᠤᠨ ᠡᠮᠥᠨ᠎ᠠ ᠲᠠᠯ᠎ᠠ ᠳᠤ ᠪᠠᠶᠢᠷᠢᠯᠠᠵᠥ᠂ 2 ᠲᠥᠮᠡᠨ ᠬᠠᠪᠲᠠᠭᠠᠢ ᠲᠥᠷᠪᠡᠯᠵᠢᠨ ᠮᠧᠲᠷ ᠲᠠᠯᠠᠪᠠᠢ ᠲᠠᠢ᠂ ᠠᠮᠢᠲᠤ ᠮᠠᠯ ᠤᠨ ᠠᠷᠠᠯᠵᠢᠶ᠎ᠠ ᠂ ᠮᠠᠯ ᠤᠨ ᠠᠰᠢᠬ ᠰᠢᠮ᠎ᠠ ᠶᠢᠨ ᠪᠥᠲᠥᠭᠡᠭᠲᠡᠬᠦᠨ ᠤ ᠶᠡᠷᠥᠩᠭᠡᠶᠢᠯᠡᠭᠰᠡᠨ ᠥᠵᠡᠬᠦᠯᠥᠯᠭᠡ᠂ ᠵᠠᠬ᠎ᠠ ᠲᠡᠯᠭᠡᠭᠦᠷ ᠤᠨ ᠰᠤᠷᠠᠭ ᠵᠠᠩᠭᠢ ᠶᠢᠨ ᠥᠢᠯᠡᠴᠢᠯᠡᠭᠡ᠂ ᠠᠷᠠᠯᠵᠢᠶᠠᠴᠢᠳ ᠤᠨ ᠬᠤᠨᠤᠭ ᠰᠠᠭᠤᠴᠠ ᠪᠠ ᠮᠠᠯ ᠤᠨ ᠬᠢᠵᠢᠭ ᠬᠡᠮ ᠤᠨ ᠪᠠᠶᠢᠴᠠᠭᠠᠯᠲᠠ ᠶᠢ ᠨᠢᠭᠡ ᠴᠤᠭᠴᠠᠵᠢᠭᠤᠯᠤᠭᠰᠠᠨ᠂ ᠪᠥᠬᠦ ᠠᠶᠢᠮᠠᠭ ᠤᠨ ᠬᠡᠪᠴᠢᠶᠡᠨ ᠳᠠᠬᠢ ᠬᠠᠮᠤᠭ ᠲᠤᠮᠤ ᠠᠮᠢᠲᠤ ᠮᠠᠯ ᠪᠠ ᠮᠠᠯ ᠤᠨ ᠠᠰᠢᠭ ᠰᠢᠮ᠎ᠠ ᠶᠢᠨ ᠠᠷᠠᠯᠵᠢᠶᠠᠨ ᠤ ᠲᠥᠪ ᠪᠤᠯᠤᠨ᠎ᠠ᠃ ᠲᠤᠰ ᠠᠷᠠᠯᠵᠢᠶᠠᠨ ᠤ ᠲᠥᠪ ᠠᠰᠢᠭᠯᠠᠯᠲᠠ ᠳᠤ ᠤᠷᠤᠭᠰᠠᠨ ᠨᠢ ᠤᠲᠤᠬᠠᠨ ᠤ ᠮᠠᠯ ᠤᠨ ᠵᠠᠷᠤᠴᠠᠭᠤᠯᠤᠯᠲᠠ ᠶᠢᠨ ᠠᠵᠢᠯ ᠢ ᠠᠬᠢᠭᠤᠯᠬᠤ᠂ ᠵᠠᠬ᠎ᠠ ᠲᠡᠯᠭᠡᠭᠦᠷ ᠤᠨ ᠥᠨ᠎ᠠ ᠬᠠᠨᠭ᠍ᠰᠢ ᠶᠢ ᠲᠤᠭᠲᠠᠪᠤᠷᠢᠵᠢᠭᠤᠯᠬᠤ᠂ ᠮᠠᠯᠴᠢᠳ ᠤᠨ ᠤᠷᠤᠯᠭ᠎ᠠ ᠶᠢ ᠨᠡᠮᠡᠭᠲᠡᠬᠦᠯᠬᠦ ᠳᠤ ᠢᠲᠡᠪᠬᠢ ᠥᠢᠯᠡᠲᠥᠯ ᠥᠵᠡᠬᠦᠯᠬᠦ ᠪᠤᠯᠤᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号