ᠪᠤᠯᠪᠠᠰᠤᠨ ᠰᠤᠷᠲᠠᠯ ᠤᠨ ᠭᠢᠯᠪᠠᠭ᠎ᠠ ᠰᠠᠴᠤᠷᠠᠭᠰᠠᠨ ᠨᠤᠮᠢᠨ ᠠᠪᠠᠭ᠎ᠠ —2016 ᠤᠨ ᠤ ᠪᠦᠬᠦ ᠠᠶᠢᠮᠠᠭ  ᠤᠨ ᠤᠶᠤᠨ ᠰᠠᠨᠠᠭᠠᠨ ᠤ ᠪᠤᠯᠪᠠᠰᠤᠨ ᠤ ᠪᠠᠶᠢᠭᠤᠯᠤᠯᠲᠠ ᠶᠢᠨ ᠳᠤᠷᠰᠢᠯᠭ᠎ᠠ ᠰᠤᠯᠢᠯᠴᠠᠬᠤ ᠬᠤᠷᠠᠯ ᠤᠨ ᠤᠨᠴᠠ ᠮᠡᠳᠡᠭᠡᠯᠡᠯ᠂ ᠠᠪᠠᠭ᠎ᠠ ᠬᠤᠰᠢᠭᠤ
ᠨᠡᠶᠢᠲᠡᠯᠡᠭᠰᠡᠨ ᠴᠠᠭ᠄
2016/9/22
    ᠪᠥᠬᠦ ᠤᠯᠤᠰ ᠤᠨ ︽ᠮᠠᠬᠳᠠᠭᠠᠯ ᠲᠠᠢ ᠭᠡᠷ ᠪᠥᠯᠢ︾ ᠶᠢᠨ ᠢᠷᠠᠭᠤ ᠠᠯᠲᠠᠷ ᠢ ᠬᠥᠷᠲᠡᠭᠰᠡᠨ ᠲᠥᠮᠡᠨᠪᠠᠶᠠᠷ ᠠᠪᠠᠭ᠎ᠠ ᠬᠤᠰᠢᠭᠤᠨ ᠤ ᠸᠢᠴᠠᠲ ᠲᠠᠪᠴᠠᠩ ᠳᠤ ︽ᠲᠥ᠊ ᠪᠠᠭᠰᠢ ᠭᠡᠷ ᠤᠨ ᠰᠤᠷᠭᠠᠯ ᠲᠠᠶᠢᠯᠪᠤᠷᠢᠯᠠᠬᠤᠢ︾ ᠲᠤᠰᠬᠠᠢ ᠪᠤᠯᠤᠩ ᠨᠡᠭᠡᠭᠡᠵᠥ᠂ ᠲᠤᠮᠲᠠᠲᠤ ᠶᠢᠨ ᠥᠨᠲᠤᠰᠤᠲᠡᠨ ᠤ ᠰᠢᠯᠢᠲᠡᠭ ᠭᠡᠷ ᠤᠨ ᠰᠤᠷᠭᠠᠯ ᠪᠤᠯᠤᠨ ᠠᠪᠠᠭ᠎ᠠ ᠤᠬᠰᠠᠭ᠎ᠠ ᠠᠶᠢᠮᠠᠭ ᠤᠨ ᠭᠡᠷ ᠤᠨ ᠰᠤᠷᠭᠠᠯ ᠢ 27 ᠬᠤᠭᠤᠴᠠᠭ᠎ᠠ ᠲᠠᠶᠢᠯᠪᠤᠷᠢᠯᠡᠵᠥ᠂ ᠪᠥᠬᠦ ᠬᠤᠰᠢᠭᠤᠨ ᠤ ᠺᠠᠳ᠋ᠷ ᠤᠯᠠᠨ ᠲᠥᠮᠡᠨ ᠤ ᠬᠠᠯᠠᠭᠤᠨ ᠬᠥᠷᠢᠶᠡᠯᠡᠯ ᠢ ᠬᠥᠷᠲᠡᠵᠠᠢ᠃ ᠰᠢᠨ᠎ᠠ ᠵᠠᠭᠤᠴᠢᠯᠠᠭᠤᠷ ᠢ ᠠᠰᠢᠭᠯᠠᠨ ᠨᠡᠶᠢᠲᠡᠯᠢᠭ ᠵᠢᠱᠢᠶ᠎ᠠ ᠶᠢᠨ ᠥᠢᠯᠡ ᠶᠠᠪᠤᠲᠠᠯ ᠢ ᠨᠢ ᠶᠠᠷᠢᠭᠤᠯᠬᠤ ᠪᠤᠯ ᠠᠪᠠᠭ᠎ᠠ ᠬᠤᠰᠢᠭᠤᠨ ᠤ ᠤᠶᠤᠨ ᠰᠠᠨᠠᠭᠠᠨ ᠤ ᠪᠤᠯᠪᠠᠰᠤᠨ ᠤ ᠪᠠᠶᠢᠭᠤᠯᠤᠯᠲᠠ ᠲᠤᠮᠲᠠᠬᠢ ᠨᠢᠭᠡᠨ ᠰᠢᠨ᠎ᠠ ᠡᠬᠦᠲᠥᠯᠲᠠ ᠪᠢᠯᠡ᠃       ᠤᠢᠢᠷ᠎ᠠ ᠶᠢᠨ ᠵᠢᠯ ᠠᠴᠠ ᠠᠪᠠᠭ᠎ᠠ ᠬᠤᠰᠢᠭᠤ ︽ᠥᠵᠡᠰᠬᠦᠯᠡᠩᠲᠤ ᠠᠪᠠᠭ᠎ᠠ · ᠬᠠᠮᠤᠭ ᠭᠤᠶᠤ ᠠᠪᠠᠭᠠᠴᠤᠤᠯ︾  ᠤᠨ ᠲᠤᠭᠤᠷᠢᠨ ᠳᠤ᠂ ᠨᠡᠶᠢᠭᠡᠮ ᠵᠢᠷᠤᠮ ᠤᠨ ᠭᠤᠤᠯᠯᠠᠭᠴᠢ ᠥᠷᠲᠡᠭ ᠤᠨ ᠥᠵᠡᠯᠲᠡ ᠶᠢ ᠢᠲᠡᠪᠬᠢᠲᠡᠢ ᠤᠬᠠᠭᠤᠯᠤᠨ ᠥᠢᠯᠡᠲᠥᠯᠭᠡᠵᠢᠬᠦᠯᠵᠥ᠂ ᠠᠷᠠᠳ ᠢᠷᠭᠡᠳ ᠤᠨ ᠥᠵᠡᠯ ᠰᠠᠨᠠᠭ᠎ᠠ ᠶᠤᠰᠤ ᠰᠤᠷᠲᠠᠬᠤᠨ ᠤ ᠪᠠᠶᠢᠭᠤᠯᠤᠯᠲᠠ ᠪᠤᠯᠤᠨ ᠮᠠᠯᠵᠢᠬᠤ ᠤᠷᠤᠨ ᠤ ᠤᠶᠤᠨ ᠰᠠᠨᠠᠭᠠᠨ ᠤ ᠪᠤᠯᠪᠠᠰᠤᠨ ᠤ ᠪᠠᠶᠢᠭᠤᠯᠤᠯᠲᠠ ᠶᠢ ᠪᠥᠲᠥᠮᠵᠢᠲᠡᠢ ᠠᠬᠢᠭᠤᠯᠵᠠᠢ᠃       ᠬᠥᠲᠡᠭᠡ ᠲᠤᠰᠬᠤᠨ ᠤ ᠪᠤᠯᠪᠠᠰᠤᠨ ᠬᠡᠪ ᠰᠤᠷᠲᠠᠯ ᠤᠨ ᠪᠠᠶᠢᠭᠤᠯᠤᠯᠲᠠ ᠲᠤᠮᠲᠠ ᠲᠤᠰ ᠬᠤᠰᠢᠭᠤ ᠨᠡᠶᠢᠭᠡᠮ ᠵᠢᠷᠤᠮ ᠤᠨ ᠭᠤᠤᠯᠯᠠᠭᠴᠢ ᠥᠷᠲᠡᠭ ᠤᠨ ᠥᠵᠡᠯᠲᠡ ᠶᠢ ᠪᠤᠢ ᠪᠤᠯᠭᠠᠨ ᠥᠢᠯᠡᠲᠥᠯᠭᠡᠵᠢᠬᠦᠯᠬᠦ ᠶᠢ ᠭᠤᠤᠯᠲᠠᠯᠭ᠎ᠠ ᠪᠤᠯᠭᠠᠨ ᠠᠳᠬᠤᠵᠥ᠂ ᠨᠡᠶᠢᠭᠡᠮ ᠵᠢᠷᠤᠮ ᠤᠨ ᠭᠤᠤᠯᠯᠠᠭᠴᠢ ᠥᠷᠲᠡᠭ ᠤᠨ ᠥᠵᠡᠯᠲᠡ ᠶᠢ ᠲᠠᠯ ᠎ᠠ ᠨᠤᠲᠤᠭ ᠤᠨ ᠰᠤᠶᠤᠯ ᠪᠤᠯᠤᠨ ᠪᠤᠯᠪᠠᠰᠤᠨ ᠶᠤᠰᠤ ᠵᠠᠩᠰᠢᠯ ᠲᠠᠢ ᠬᠠᠷᠢᠯᠴᠠᠨ ᠤᠶᠠᠯᠲᠤᠭᠤᠯᠵᠥ᠂ ︽ᠮᠠᠨ ᠤ ᠥᠷᠲᠡᠭ ᠤᠨ ᠥᠵᠡᠯᠲᠡ ᠶᠢ ᠵᠢᠷᠤᠭ ᠢᠶᠠᠷ ᠥᠬᠦᠯᠡᠬᠦᠢ︾᠂ ︽ᠠᠪᠠᠭ᠎ᠠ ᠵᠤᠷᠢᠭ ᠰᠠᠨᠠᠭ᠎ᠠ︾᠂ ︽ᠠᠷᠪᠠ ᠶᠢ ᠰᠠᠨᠠᠭᠠᠴᠢᠯᠠᠵᠥ ᠠᠷᠪᠠ ᠶᠢ ᠡᠰᠡᠷᠬᠦᠴᠡᠬᠦ︾᠂ ︽ᠠᠪᠠᠭ᠎ᠠ ᠶᠢᠨ ᠬᠥᠭᠵᠢᠯᠲᠡ ᠮᠢᠨᠥ ᠬᠥᠰᠡᠯ︾ ᠵᠡᠷᠭᠡ ᠨᠢᠭᠡ ᠪᠥᠯᠥᠭ ᠬᠥᠲᠡᠭᠡ ᠨᠤᠲᠤᠭ ᠤᠨ ᠠᠭᠤᠷ ᠠᠮᠢᠰᠬᠤᠯ ᠪᠢᠯᠬᠠᠮ᠎ᠠ ᠮᠥᠷᠲᠡᠭᠡᠨ ᠲᠠᠯ᠎ᠠ ᠨᠤᠲᠤᠭ ᠤᠨ ᠤᠨᠴᠠᠯᠢᠭ ᠲᠠᠢ ᠨᠡᠶᠢᠲᠡ ᠶᠢᠨ ᠠᠰᠠᠷᠠᠮᠵᠢ ᠶᠢᠨ ᠤᠬᠠᠭᠤᠯᠭ᠎ᠠ ᠶᠢᠨ ᠵᠢᠷᠤᠭ ᠵᠢᠷᠤᠵᠥ ᠤᠬᠠᠭᠤᠯᠤᠭᠰᠠᠨ ᠪᠠ ︽ᠬᠥᠲᠡᠭᠡ ᠨᠤᠲᠤᠭ ᠤᠨ ᠪᠤᠯᠪᠠᠰᠤᠨ ᠤ ᠠᠵᠢᠯᠯᠠᠭ᠎ᠠ︾᠂ ︽ᠨᠤᠮᠢᠨ ᠠᠪᠠᠭ᠎ᠠ ᠶᠢᠨ ᠵᠢᠷᠭᠠᠯᠲᠤ ᠠᠮᠢᠲᠤᠷᠠᠯ︾᠂ ︽ᠶᠤᠰᠤ ᠰᠤᠷᠲᠠᠬᠤᠨ ᠤ ᠵᠢᠱᠢᠶᠡᠴᠢ ᠶᠢᠨ ᠬᠡᠪ ᠨᠠᠮᠪᠠ︾ ᠵᠡᠷᠭᠡ ᠵᠢᠷᠤᠭᠲᠤ ᠲᠠᠪᠲᠠᠷ ᠬᠢᠵᠥ᠂ ᠨᠡᠶᠢᠭᠡᠮ ᠵᠢᠷᠤᠮ ᠤᠨ ᠭᠤᠤᠯᠯᠠᠭᠴᠢ ᠥᠷᠲᠡᠭ ᠤᠨ ᠥᠵᠡᠯᠲᠡ ᠶᠢ ᠥᠢᠯᠡᠲᠥᠯᠭᠡᠵᠢᠬᠦᠯᠬᠦ ᠶᠢ ᠤᠷᠢᠶᠠᠯᠠᠨ ᠲᠠᠶᠢᠴᠢᠯᠠᠵᠠᠢ᠃       ᠤᠯᠠᠨ ᠲᠥᠮᠡᠨ ᠤ ᠰᠤᠷᠠᠭ ᠴᠢᠮᠡᠭᠡ ᠬᠥᠯᠢᠶᠡᠨ ᠠᠪᠬᠤ ᠰᠢᠨ᠎ᠠ ᠠᠷᠭ᠎ᠠ ᠬᠡᠯᠪᠡᠷᠢ ᠳᠤ ᠵᠤᠬᠢᠴᠠᠭᠤᠯᠤᠨ᠂ ᠲᠤᠰ ᠬᠤᠰᠢᠭᠤ ︽ᠬᠤᠰᠢᠭᠤ᠂ ᠰᠤᠮᠤ ᠪᠠᠯᠭᠠᠰᠤ᠂ ᠭᠠᠴᠠᠭ᠎ᠠ᠂ ᠨᠠᠮ ᠤᠨ ᠬᠡᠰᠢᠬᠦᠨ ᠭᠤᠤᠯᠯᠠᠬᠤ ᠡᠷᠥᠭᠡ᠂ ᠮᠠᠯᠵᠢᠬᠤ ᠡᠷᠥᠭᠡ︾ ᠶᠢᠨ ᠭᠤᠤᠯᠯᠠᠭᠴᠢ ᠥᠷᠲᠡᠭ ᠤᠨ ᠥᠵᠡᠯᠲᠡ ᠶᠢᠨ ᠤᠬᠠᠭᠤᠯᠭ᠎ᠠ ᠶᠢᠨ 520 ᠸᠢᠴᠠᠲ ᠪᠥ᠋ᠯᠥᠭ ᠪᠠᠶᠢᠭᠤᠯᠵᠥ᠂ ᠨᠠᠮ ᠤᠨ ᠬᠡᠰᠢᠬᠦᠨ ᠺᠠᠳ᠋ᠷ ᠠᠴᠠ ᠡᠬᠢᠯᠡᠭᠡᠳ ᠮᠠᠯᠴᠢᠨ ᠲᠥᠮᠡᠨ ᠬᠥᠷᠲᠡᠯ᠎ᠠ ᠬᠠᠮᠲᠤᠪᠠᠷ ᠰᠤᠷᠤᠯᠴᠠᠵᠥ ᠤᠬᠠᠭᠤᠯᠬᠤ ᠤᠬᠢ ᠰᠠᠶᠢᠨ ᠠᠭᠤᠷ ᠠᠮᠢᠰᠬᠤᠯ ᠢ ᠪᠤᠢ ᠪᠤᠯᠭᠠᠭᠰᠠᠨ ᠪᠥᠭᠡᠳ ᠰᠤᠮᠤ ᠪᠠᠯᠭᠠᠰᠤ᠂ ᠭᠠᠴᠠᠭ᠎ᠠ᠂ ᠮᠤᠩᠭᠤᠯ ᠭᠡᠷ ᠵᠡᠷᠭᠡ ᠲᠤᠮᠤ ᠤᠬᠠᠭᠤᠯᠭ᠎ᠠ ᠶᠢᠨ ᠲᠠᠪᠴᠠᠩ ᠤᠨ ᠥᠢᠯᠡᠲᠥᠯ ᠢ ᠰᠠᠶᠢᠲᠤᠷ ᠪᠠᠲᠠᠷᠠᠭᠤᠯᠵᠥ᠂ ᠭᠤᠤᠯᠯᠠᠭᠴᠢ ᠥᠷᠲᠡᠭ ᠤᠨ ᠥᠵᠡᠯᠲᠡ ᠶᠢᠨ ᠤᠬᠠᠭᠤᠯᠭ᠎ᠠ ᠶᠢ ᠥᠨᠲᠤᠰᠤᠨ ᠱᠠᠲᠤᠨ ᠤ ᠲᠤᠮᠤ ᠶᠠᠷᠢᠶᠠᠨ ᠤ ᠲᠠᠪᠴᠠᠩ ᠤᠨ ᠤᠨᠤᠯ ᠤᠨ ᠤᠬᠠᠭᠤᠯᠭ᠎ᠠ ᠶᠢᠨ ᠴᠢᠬᠤᠯᠠ ᠠᠭᠤᠯᠭ᠎ᠠ ᠪᠤᠯᠭᠠᠪᠠ᠃       ᠲᠤᠰ ᠬᠤᠰᠢᠭᠤ ︽ᠬᠢᠯᠢ ᠬᠢᠵᠠᠭᠠᠷ ᠤᠨ ᠪᠤᠯᠪᠠᠰᠤᠨ ᠰᠠᠶᠢᠨ ᠬᠥᠮᠥᠨ ᠪᠤᠯᠬᠤ︾ ᠢᠨᠵᠧᠨᠧᠷᠢᠩ ᠢ ᠬᠡᠷᠡᠭᠵᠢᠬᠦᠯᠵᠥ᠂ ᠮᠠᠯᠴᠢᠨ ᠲᠥᠮᠡᠨ ᠤ ᠲᠤᠮᠲᠠ ᠪᠤᠯᠪᠠᠰᠤᠨ ᠢᠶᠠᠷ ᠬᠤᠭᠤᠯᠠᠯᠠᠬᠤ᠂ ᠪᠤᠯᠪᠠᠰᠤᠨ ᠵᠠᠮ ᠬᠠᠷᠢᠯᠴᠠᠭ᠎ᠠ᠂ ᠪᠤᠯᠪᠠᠰᠤᠨ ᠨᠠᠭᠠᠲᠤᠮ᠂ ᠪᠤᠯᠪᠠᠰᠤᠨ ᠢᠶᠠᠷ ᠰᠥᠯᠵᠢᠶ᠎ᠠ ᠬᠡᠷᠡᠭᠯᠡᠬᠦ᠂ ᠪᠤᠯᠪᠠᠰᠤᠨ ᠥᠭᠡ ᠶᠠᠷᠢᠶ᠎ᠠ ᠥᠢᠯᠡ ᠠᠵᠢᠯᠯᠠᠭ᠎ᠠ ᠶᠢ ᠡᠷᠬᠢᠮᠯᠡᠬᠦ ᠠᠵᠢᠯᠯᠠᠭ᠎ᠠ ᠥᠷᠨᠢᠬᠦᠯᠥᠭᠰᠡᠨ ᠪᠥᠭᠡᠳ ᠶᠤᠰᠤ ᠰᠤᠷᠲᠠᠬᠤᠨ ᠤ ᠵᠢᠱᠢᠶᠡᠴᠢ᠂ ᠰᠠᠶᠢᠨ ᠬᠥᠮᠥᠨ ᠰᠠᠶᠢᠨ ᠶᠠᠪᠤᠲᠠᠯ᠂ ᠮᠤᠷᠠᠯ ᠰᠠᠶᠢᠲᠠᠢ ᠵᠠᠯᠠᠭᠤ ᠪᠠᠭᠠᠴᠤᠤᠯ᠂ ᠬᠠᠮᠤᠭ ᠭᠤᠶᠤ ᠠᠪᠠᠭ᠎ᠠ ᠬᠥᠮᠥᠨ ᠵᠡᠷᠭᠡ ᠰᠤᠩᠭᠤᠨ ᠰᠢᠯᠭᠠᠷᠠᠭᠤᠯᠬᠤ ᠠᠵᠢᠯᠯᠠᠭ᠎ᠠ ᠶᠢ ᠪᠠᠶᠢᠡᠭᠭᠤ ᠶᠢᠨ ᠴᠢᠨᠠᠷᠲᠠᠢ ᠥᠷᠨᠢᠬᠦᠯᠵᠥ᠂ ᠤᠢᠢᠷ᠎ᠠ ᠶᠢᠨ 4 ᠵᠢᠯ ᠳᠤ ᠨᠡᠶᠢᠲᠡ 36 ᠶᠤᠰᠤ ᠰᠤᠷᠲᠠᠬᠤᠨ ᠤ ᠵᠢᠱᠢᠶᠡᠴᠢ᠂ 12 ᠮᠤᠷᠠᠯ ᠰᠠᠶᠢᠲᠠᠢ ᠵᠠᠯᠠᠭᠤ ᠪᠠᠭᠠᠴᠤᠤᠯ ᠪᠤᠯᠤᠨ ᠪᠤᠰᠤᠳ ᠡᠯ᠎ᠠ ᠲᠥᠷᠥᠯ ᠤᠨ 40 ᠵᠢᠱᠢᠶᠡᠴᠢ ᠬᠥᠮᠥᠨ ᠢ ᠰᠤᠩᠭᠤᠵᠠᠢ᠃ ᠪᠠᠰᠠ ᠬᠤᠰᠢᠭᠤ᠂ ᠰᠤᠮᠤ ᠪᠠᠯᠭᠠᠰᠤ᠂ ᠭᠠᠴᠠᠭᠠᠨ ᠳᠤ ᠭᠤᠷᠪᠠᠨ ᠱᠠᠲᠤᠨ ᠤ ᠶᠤᠰᠤ ᠰᠤᠷᠲᠠᠬᠤᠨ ᠤ ᠵᠢᠱᠢᠶᠡᠴᠢ ᠶᠢᠨ ᠤᠠᠭᠭᠤᠯᠭ᠎ᠠ ᠶᠢᠨ ᠰᠠᠮᠪᠠᠷ᠎ᠠ ᠭᠠᠷᠭᠠᠵᠥ᠂ ᠶᠤᠰᠤ ᠲᠥᠷᠢᠮ ᠢ ᠰᠠᠬᠢᠲᠠᠭ ᠪᠤᠯᠪᠠᠰᠤᠨ ᠰᠤᠷᠲᠠᠯ ᠲᠠᠢ ᠨᠡᠶᠢᠭᠡᠮ ᠤᠨ ᠠᠭᠤᠷ ᠠᠮᠢᠰᠬᠤᠯ ᠢ ᠪᠥᠷᠢᠯᠲᠥᠬᠦᠯᠥᠭᠰᠡᠨ ᠶᠤᠮ᠃       ᠲᠤᠰ ᠬᠤᠰᠢᠭᠤ ᠪᠤᠯᠪᠠᠰᠤᠨ ᠡᠷᠥᠭᠡ ᠶᠢᠨ ᠲᠤᠮᠲᠠ ︽ᠲᠠᠪᠤ ᠶᠢ ᠪᠥᠷᠢᠯᠲᠥᠬᠦᠯᠬᠦ︾ ᠢᠨᠵᠧᠨᠧᠷᠢᠩ ᠢ ᠪᠥᠬᠦ ᠲᠠᠯ᠎ᠠ ᠪᠠᠷ ᠬᠡᠷᠡᠭᠵᠢᠬᠦᠯᠵᠥ᠂ ᠪᠤᠯᠪᠠᠰᠤᠨ ᠡᠷᠥᠭᠡ ᠳᠤ ᠫᠠᠶᠢᠰᠠ ᠢᠯᠡᠷᠭᠡᠶᠢᠯᠡᠯ ᠲᠠᠢ᠂ ᠤᠯᠤᠰ ᠤᠨ ᠲᠤᠭ ᠲᠠᠢ᠂ ᠭᠡᠷ ᠪᠥᠯᠢ ᠶᠢᠨ ᠵᠢᠷᠤᠭ ᠲᠠᠢ᠂ ᠭᠡᠷ ᠤᠨ ᠰᠤᠷᠭᠠᠯ ᠲᠠᠢ᠂ ᠪᠢᠴᠢᠭ ᠤᠨ ᠥᠷᠥᠭᠡ ᠲᠠᠢ ᠪᠠᠶᠢᠬᠤ ᠶᠢ ᠱᠠᠭᠠᠷᠲᠠᠵᠥ᠂ ᠪᠤᠯᠪᠠᠰᠤᠨ ᠡᠷᠥᠭᠡ ᠶᠢᠨ ᠥᠢᠯᠡᠲᠥᠯ ᠢ ᠨᠡᠩ ᠰᠠᠶᠢᠨ ᠪᠠᠲᠠᠷᠠᠭᠤᠯᠵᠠᠢ᠃ 2015 ᠤᠨ ᠳᠤ ᠲᠤᠯᠤᠭᠠᠨ ᠤᠲᠤᠨ ᠲᠡᠰ ᠂ ᠨᠠᠢᠮᠠᠨ ᠤᠲᠤᠨ ᠲᠡᠰ᠂ ᠶᠢᠰᠥᠨ ᠤᠲᠤᠨ ᠲᠡᠰ᠂ ᠠᠷᠪᠠᠨ ᠤᠲᠤᠨ ᠲᠡᠰ ᠤᠨ ᠪᠤᠯᠪᠠᠰᠤᠨ ᠡᠷᠥᠭᠡ ᠶᠢ ᠲᠤᠰᠪᠤᠷᠢ 800᠂ 600᠂ 400᠂ 200 ᠰᠤᠩᠭᠤᠨ ᠰᠢᠯᠭᠠᠷᠠᠭᠤᠯᠵᠥ᠂ ︽ᠰᠤᠶᠤᠯ ᠤᠨ ᠤᠨᠴᠠᠯᠢᠬᠲᠤ ᠡᠷᠥᠭᠡ︾᠂ ︽ᠠᠮᠢ ᠠᠬᠤᠢ ᠶᠢᠨ ᠪᠤᠯᠪᠠᠰᠤᠨ ᠡᠷᠥᠭᠡ︾ ᠵᠡᠷᠭᠡ ᠡᠯ᠎ᠠ ᠲᠥᠷᠥᠯ ᠤᠨ ᠨᠡᠶᠢᠲᠡᠯᠢᠭ ᠡᠷᠥᠭᠡ ᠶᠢ 300 ᠰᠢᠯᠭᠠᠷᠠᠭᠤᠯᠵᠠᠢ ᠃       ᠰᠢᠯᠢᠲᠡᠭ ᠭᠡᠷ ᠤᠨ ᠰᠤᠷᠭᠠᠯ ᠤᠨ ᠤᠬᠠᠭᠤᠯᠭ᠎ᠠ ᠶᠢ ᠢᠲᠡᠪᠬᠢᠲᠡᠢ ᠥᠷᠨᠢᠬᠦᠯᠵᠥ᠂ ᠰᠠᠭᠤᠭᠠᠯᠢ ᠠᠷᠠᠳ ᠠᠨ ᠹᠠᠨᠭ᠌᠂ ᠬᠤ᠋ ᠬᠥᠢ ᠯᠠᠨ᠂ ᠮᠠᠯᠴᠢᠨ ᠲᠥᠮᠡᠨᠪᠠᠶᠠᠷ᠂ ᠡᠷᠲᠡᠨᠢᠭᠡᠷᠡᠯ ᠨᠠᠷ ᠮᠠᠯᠵᠢᠬᠤ ᠤᠷᠤᠨ᠂ ᠮᠤᠩᠭᠤᠯ ᠭᠡᠷ᠂ ᠪᠠᠶᠢᠭᠤᠯᠭ᠎ᠠ᠂ ᠨᠡᠶᠢᠭᠡᠮ ᠲᠤᠭᠤᠷᠢᠭ᠂ ᠰᠤᠷᠭᠠᠭᠤᠯᠢ ᠳᠤ ᠬᠥᠷᠴᠥ᠂ ᠭᠡᠷ ᠤᠨ ᠰᠤᠷᠲᠠᠯ ᠭᠡᠷ ᠤᠨ ᠰᠤᠷᠭᠠᠯ ᠢᠶᠠᠨ ᠤᠯᠠᠮᠵᠢᠯᠠᠭᠰᠠᠨ ᠥᠯᠢᠭᠡᠷ ᠢᠶᠠᠨ ᠶᠠᠷᠢᠵᠥ᠂ ︽ᠪᠤᠯᠪᠠᠰᠤᠨ᠂ ᠥᠭᠡᠲᠡᠷᠭᠡᠭ᠂ ᠰᠠᠶᠢᠨ ᠰᠠᠶᠢᠬᠠᠨ︾ ᠬᠡᠪ ᠰᠤᠷᠲᠠᠯ ᠢ ᠰᠠᠨᠠᠭᠠᠴᠢᠯᠠᠨ ᠰᠤᠷᠲᠠᠯᠴᠢᠯᠠᠵᠥ ᠪᠢᠯᠡ᠃       ᠭᠥᠲᠡᠭᠡ ᠲᠤᠰᠬᠤᠨ ᠤ ᠪᠤᠯᠪᠠᠰᠤᠨ ᠬᠡᠪ ᠰᠤᠷᠲᠠᠯ ᠤᠨ ᠥᠷᠭᠡᠵᠢᠯᠲᠡ ᠪᠠᠷ ᠮᠠᠯᠵᠢᠬᠤ ᠤᠷᠤᠨ ᠳᠤ ᠠᠷᠭᠠᠯ ᠬᠥᠷᠵᠡᠩ ᠢᠶᠠᠨ ᠲᠤᠷᠠᠪᠠᠷ ᠤᠪᠤᠭᠠᠯᠠᠬᠤ᠂ ᠬᠤᠭ ᠨᠤᠪᠰᠢ ᠪᠠᠨ ᠲᠤᠷᠠᠪᠠᠷ ᠬᠠᠶᠠᠬᠤ ᠥᠵᠡᠭᠲᠡᠯ ᠶᠠᠪᠤᠬᠤ ᠲᠤᠲᠤᠮ ᠴᠥᠭᠡᠷᠡᠵᠥ᠂ ᠠᠷᠢᠬᠢ ᠤᠤᠭᠤᠵᠥ ᠨᠠᠭᠠᠲᠤᠮ ᠳᠤ ᠰᠢᠨᠤᠵᠥ ᠬᠥᠲᠡᠯᠮᠥᠷᠢ ᠠᠴᠠ ᠵᠠᠶᠢᠲᠠᠬᠤ ᠨᠢ ᠴᠥᠭᠡᠷᠡᠵᠥ᠂ ᠡᠷᠡᠬᠦᠯ ᠪᠤᠯᠪᠠᠰᠤᠨ ᠬᠡᠪ ᠰᠤᠷᠲᠠᠯ ᠲᠥᠭᠡᠮᠡᠯᠵᠢᠵᠥ᠂ ᠪᠠᠶᠢᠭᠠᠯᠢ ᠳᠤ ᠬᠠᠶᠢᠷᠠᠲᠠᠢ᠂ ᠠᠮᠢᠲᠤᠷᠠᠯ ᠥᠭᠡᠲᠡᠷᠭᠡᠭ᠂ ᠬᠥᠮᠥᠨ ᠪᠠᠶᠢᠭᠠᠯᠢ ᠡᠭᠡᠨᠡᠭᠰᠢᠭᠰᠡᠨ ᠡᠶ᠎ᠡ ᠨᠠᠶᠢᠷᠠᠮᠲᠠᠭᠤ ᠠᠭᠤᠷ ᠠᠮᠢᠰᠬᠤᠯ ᠪᠢᠯᠬᠠᠵᠥ᠂ ᠨᠤᠮᠢᠨ ᠠᠪᠠᠭ᠎ᠠ ᠨᠡᠩ ᠢᠯᠡᠬᠦᠥ ᠥᠵᠡᠮᠵᠢ ᠲᠡᠬᠦᠰ ᠪᠤᠯᠵᠥ ᠴᠡᠯᠡᠭᠡᠷᠡᠨᠠᠮ︕
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号