ᠰᠢᠯᠦᠭᠤᠨ ᠬᠦᠬᠡ ᠬᠤᠰᠢᠭᠤ ︽ᠳᠠᠪᠤ ᠶᠢ ᠨᠢᠭᠡ ᠴᠤᠬᠴᠠᠵᠢᠭᠤᠯᠬᠤ︾ ᠶᠡᠷᠦᠩᠬᠡᠢ ᠪᠠᠶᠢᠷᠢᠰᠢᠭᠤᠯᠤᠯᠳᠠ ᠪᠤᠯᠤᠨ | ︽ᠠᠮᠢ ᠠᠬᠤᠢ ᠪᠠᠷ ᠬᠤᠰᠢᠭᠤ ᠪᠠᠨ ᠪᠠᠶᠢᠭᠤᠯᠬᠤ︾ ᠪᠠᠶᠢᠯᠳᠤᠬᠤ ᠪᠤᠳᠤᠯᠭ᠎ᠠ ᠶᠢᠨ ᠰᠡᠳᠬᠢᠴᠡ ᠪᠠᠷ ᠠᠮᠢ ᠠᠬᠤᠢ ᠶᠢᠨ | ᠪᠤᠯᠪᠠᠰᠤᠨ ᠤ ᠪᠠᠶᠢᠭᠤᠯᠤᠯᠳᠠ ᠶᠢ ᠰᠠᠶᠢᠳᠤᠷ ᠠᠳᠬᠤᠵᠦ᠂ ︽ᠡᠬᠡ ᠪᠠᠶᠢᠭᠠᠯᠢ ᠪᠠᠨ ᠳᠡᠭᠡᠳᠤᠯᠡᠬᠦ᠂ ᠪᠠᠶᠢᠭᠠᠯᠢ ᠶᠢᠨ | ᠵᠢᠮ᠎ᠠ ᠶᠤᠰᠤ ᠶᠢ ᠬᠦᠨᠳᠤᠳᠬᠡᠬᠦ᠂ ᠡᠬᠡ ᠪᠠᠶᠢᠭᠠᠯᠢ ᠲᠠᠢ ᠪᠠᠨ ᠵᠤᠬᠢᠴᠠᠯᠳᠤᠬᠤ︾ ᠨᠡᠶᠢᠭᠡᠮ ᠤᠨ ᠠᠭᠤᠷ ᠠᠮᠢᠰᠬᠤᠯ ᠢ | ᠪᠤᠢ ᠪᠤᠯᠭᠠᠬᠰᠠᠨ ᠠᠴᠠ ᠨᠠᠷᠠᠳᠤ ᠰᠤᠮᠤᠨ ᠤ ᠭᠤᠭᠤᠰᠤᠳᠡᠢ ᠭᠠᠴᠠᠭ᠎ᠠ ᠤᠢᠢᠷ᠎ᠠ ᠳᠤ ︽ᠪᠦᠬᠦ ᠤᠯᠤᠰ ᠤᠨ ᠠᠮᠢ | ᠠᠬᠤᠢ ᠶᠢᠨ ᠰᠤᠶᠤᠯ ᠤᠨ ᠳᠤᠰᠬᠤᠨ︾ ᠤ ᠢᠷᠠᠭᠤ ᠠᠯᠳᠠᠷ ᠢ ᠬᠦᠷᠳᠡᠭᠰᠡᠨ ᠪᠠᠶᠢᠨ᠎ᠠ᠃ | ᠭᠤᠭᠤᠰᠤᠳᠡᠢ ᠭᠠᠴᠠᠭ᠎ᠠ ᠬᠤᠯᠠᠨ ᠰᠢᠷᠭ᠎ᠠ ᠳᠠᠭ᠎ᠠ ᠶᠢᠨ ᠡᠯᠡᠰᠤᠨ ᠳᠤ ᠪᠠᠶᠢᠷᠢᠰᠢᠨ 125 ᠮᠠᠯᠴᠢᠨ ᠡᠷᠤᠬᠡ᠂ | 414 ᠬᠦᠮᠦᠨ ᠠᠮᠨ ᠲᠠᠢ᠃ ᠭᠠᠴᠭᠠᠠᠨ ᠤ ᠪᠦᠬᠦ ᠨᠤᠳᠤᠭ ᠪᠡᠯᠴᠢᠭᠡᠷ ᠤᠨ ᠳᠠᠯᠠᠪᠠᠢ 11866.7 ᠾᠧᠺᠲ᠋ᠡᠷ᠂ | ᠡᠬᠦᠨ ᠳᠤ ᠤᠢ ᠰᠢᠭᠤᠢ ᠶᠢᠨ ᠳᠠᠯᠠᠪᠠᠢ ᠨᠢ 3237.1 ᠾᠧᠺᠲ᠋ᠡᠷ ᠪᠠᠶᠢᠵᠤ᠂ ᠬᠤᠶᠠᠬᠳᠤ ᠶᠢᠨ ᠭᠤᠤᠯ᠂ ᠴᠠᠴᠠᠷ ᠤᠨ | ᠭᠤᠤᠯ᠂ ᠨᠠᠷᠢᠨ ᠭᠤᠤᠯ ᠵᠡᠷᠭᠡ ᠭᠤᠷᠪᠠᠨ ᠭᠤᠤᠯ ᠤᠨ ᠠᠭᠤᠯᠵᠠᠷ ᠢᠶᠠᠷ ᠪᠦᠷᠢᠯᠳᠦᠭᠰᠡᠨ ᠭᠤᠭᠤᠰᠤᠳᠡᠢ ᠶᠢᠨ | ᠭᠤᠤᠯ ᠨᠢ ᠳᠤᠰ ᠭᠠᠴᠠᠭᠠᠨ ᠤ ᠪᠠᠨ ᠬᠢᠵᠠᠭᠠᠷ ᠲᠤ 37 ᠺᠢᠯᠦᠮᠧᠳ᠋ᠷ ᠤᠷᠳᠤ ᠪᠠᠶᠢᠳᠠᠭ᠃ ᠪᠠᠶᠢᠭᠠᠯᠢᠯᠢᠭ ᠳᠠᠯ ᠠ | ᠨᠤᠳᠤᠭ ᠤᠨ ᠡᠯᠡᠰᠤᠨ ᠤ ᠦᠵᠡᠮᠵᠢ᠂ ᠪᠠᠯᠠᠷᠯᠢᠭ ᠤᠢ᠂ ᠴᠡᠪᠡᠷ ᠳᠤᠩᠭᠠᠯᠠᠭ ᠭᠤᠤᠯ ᠭᠤᠷᠤᠬ᠎ᠠ ᠪᠤᠯᠤᠨ ᠴᠢᠬᠢᠭᠯᠢᠭ | ᠳᠠᠭᠠᠯᠠᠮᠵᠢᠳᠡᠢ ᠠᠭᠤᠷ ᠠᠮᠢᠰᠬᠤᠯ ᠳᠡᠷᠡᠴᠢᠯᠡᠨ ᠲᠦᠬᠦᠮ ᠲᠦᠳᠡ ᠵᠠᠮ ᠬᠠᠷᠢᠯᠴᠠᠭ᠎ᠠ ᠵᠡᠷᠭᠡ ᠵᠤᠭᠠᠴᠠᠯ ᠤᠨ ᠡᠬᠢ | ᠪᠠᠶᠠᠯᠢᠭ ᠢᠶᠠᠨ ᠠᠰᠢᠬᠯᠠᠨ ᠳᠤᠰ ᠭᠠᠴᠠᠭ᠎ᠠ 2008 ᠤᠨ ᠠᠴᠠ ︽ᠬᠤᠯᠠᠨ ᠰᠢᠷᠭ᠎ᠠ ᠳᠠᠭ᠎ᠠ ᠶᠢᠨ ᠡᠯᠡᠰᠤᠨ ᠤ | ᠮᠠᠯᠴᠢᠨ ᠠᠶᠢᠯ ᠵᠤᠭᠠᠴᠠᠯ ᠤᠨ ᠴᠡᠭ︾ ᠢ ᠡᠷᠬᠢᠯᠡᠵᠤ᠂ 2013 ᠤᠨ ᠳᠤ ᠦᠪᠡᠷᠳᠡᠭᠡᠨ ᠵᠠᠰᠠᠬᠤ ᠤᠷᠤᠨ ᠤ | ᠵᠤᠭᠠᠴᠠᠯ ᠤᠨ ᠳᠤᠪᠴᠢᠶᠠᠨ ᠠᠴᠠ ︽ᠬᠦᠳᠡᠭᠡ ᠳᠤᠰᠬᠤᠨ ᠤ ᠵᠤᠭᠠᠴᠠᠯ ᠤᠨ ᠬᠤᠶᠠᠷ ᠤᠳᠤᠨ ᠳᠡᠰ ᠤᠨ ᠵᠤᠴᠢᠯᠬᠠᠤ | ᠡᠷᠤᠬᠡ︾ ᠪᠠᠷ ᠨᠡᠷᠡᠶᠢᠳᠤᠨ᠂ ︽ᠵᠤᠭᠠᠴᠠᠯ ᠤᠨ ᠴᠡᠭ + ᠮᠠᠯᠵᠢᠬᠤ ᠡᠷᠤᠬᠡ︾ ᠶᠢᠨ ᠮᠠᠯᠵᠢᠬᠤ ᠤᠷᠤᠨ ᠤ ᠰᠢᠨ᠎ᠠ | ᠬᠡᠯᠪᠡᠷᠢ ᠶᠢᠨ ᠠᠵᠤ ᠦᠢᠯᠡᠰᠵᠢᠯᠳᠡ ᠶᠢᠨ ᠬᠦᠭᠵᠢᠯᠳᠡ ᠶᠢᠨ ᠵᠠᠬᠪᠦᠷ ᠢ ᠡᠭᠦᠳᠴᠤ ᠵᠢᠯ ᠪᠦᠷᠢ 6000 | ᠵᠤᠭᠠᠴᠠᠬᠴᠢ ᠶᠢ ᠬᠦᠯᠢᠶᠡᠨ ᠵᠤᠴᠢᠯᠠᠵᠤ ᠮᠠᠯᠴᠢᠳ ᠤᠨ ᠬᠦᠮᠦᠨ ᠪᠦᠷᠢ ᠶᠢᠨ ᠳᠡᠭᠰᠢᠳᠭᠡᠭᠰᠡᠨ ᠤᠷᠤᠯᠭ᠎ᠠ 15560 | ᠲᠦᠭᠦᠷᠢᠭ ᠲᠤ ᠬᠦᠷᠪᠡ᠃ | 2016 ᠤᠨ ᠤ 4 ᠳ᠋ᠤᠭᠡᠷ ᠰᠠᠷ᠎ᠠ ᠳᠤ ᠰᠢᠯᠦᠭᠤᠨ ᠬᠦᠬᠡ ᠬᠤᠰᠢᠭᠤᠨ ᠤ ᠤᠢ ᠰᠢᠭᠤᠢ ᠶᠢᠨ ᠳᠤᠪᠴᠢᠶ᠎ᠠ | ᠭᠤᠭᠤᠰᠤᠳᠡᠢ ᠭᠠᠴᠠᠭ᠎ᠠ ᠶᠢ ︽ᠪᠦᠬᠦ ᠤᠯᠤᠰ ᠤᠨ ᠠᠮᠢ ᠠᠬᠤᠢ ᠶᠢᠨ ᠰᠤᠶᠤᠯ ᠤᠨ ᠳᠤᠰᠬᠤᠨ︾ ᠪᠤᠯᠭᠠᠬᠤ ᠪᠠᠷ | ᠡᠷᠡᠮᠡᠯᠵᠡᠯᠡᠨ 2016 ᠤᠨ ᠤ 8 ᠳ᠋ᠤᠭᠠᠷ ᠰᠠᠷ ᠠ ᠶᠢᠨ 26 ᠤ ᠡᠳᠤᠷ ᠭᠤᠸᠠᠩᠰᠢ ᠮᠤᠵᠢ ᠶᠢᠨ ᠪᠸᠢᠢᠬᠠᠢ ᠳᠤ | ᠪᠤᠯᠤᠬᠰᠠᠨ ᠨᠠᠢᠮᠠᠳᠤᠭᠠᠷ ᠬᠤᠭᠤᠴᠠᠭᠠᠨ ᠤ ᠳᠤᠮᠳᠠᠳᠤ ᠤᠯᠤᠰ ᠤᠨ ᠠᠮᠢ ᠠᠬᠤᠢ ᠶᠢᠨ ᠰᠤᠶᠤᠯ ᠤᠨ ᠳᠡᠭᠡᠳᠤ ᠳᠡᠰ ᠤᠨ | ᠶᠠᠷᠢᠶᠠᠨ ᠤ ᠳᠡᠪᠴᠡᠩ ᠠᠴᠠ ᠰᠢᠯᠦᠭᠤᠨ ᠬᠦᠬᠡ ᠬᠤᠰᠢᠭᠤᠨ ᠤ ᠨᠠᠷᠠᠳᠤ ᠰᠤᠮᠤᠨ ᠤ ᠭᠤᠭᠤᠰᠤᠳᠡᠢ ᠭᠠᠴᠠᠭᠠᠨ ᠳᠤ ︽ | ᠪᠦᠬᠦ ᠤᠯᠤᠰ ᠤᠨ ᠠᠮᠢ ᠠᠬᠤᠢ ᠶᠢᠨ ᠰᠤᠶᠤᠯ ᠤᠨ ᠳᠤᠰᠬᠤᠨ︾ ᠤ ᠢᠷᠠᠭᠤ ᠠᠯᠳᠠᠷ ᠢ ᠤᠯᠭᠤᠬᠰᠠᠨ ᠪᠠᠶᠢᠨ᠎ᠠ᠃ |