ᠰᠢᠯᠤᠭᠤᠨ ᠬᠥᠪᠡᠭᠡᠲᠦ ᠴᠠᠭᠠᠨ ᠬᠤᠰᠢᠭᠤ ᠠᠵᠤ ᠠᠬᠤᠶᠢᠯᠠᠯ ᠤᠨ ᠬᠤᠷᠠᠭ᠎ᠠ ᠬᠤᠳᠠᠯᠳᠤᠨ ᠠᠪᠴᠤ ᠡᠳᠠᠰᠢᠭᠦᠯᠵᠦ ᠪᠤᠯᠪᠠᠰᠤᠷᠠᠭᠤᠯᠬᠤ ᠠᠵᠢᠯ ᠢ ᠡᠷᠴᠢᠮᠲᠠᠢ ᠠᠬᠢᠭᠤᠯᠵᠦ ᠪᠠᠶᠢᠨ᠎ᠠ
ᠨᠡᠶᠢᠲᠡᠯᠡᠭᠰᠡᠨ ᠴᠠᠭ᠄
2016/9/12
   ᠰᠢᠯᠤᠭᠤᠨ ᠬᠦᠪᠡᠭᠡᠳᠦ ᠴᠠᠭᠠᠨ ᠬᠤᠰᠢᠭᠤ ᠮᠠᠯ ᠤᠨ ᠵᠠᠷᠤᠴᠠᠭᠤᠯᠤᠯᠳᠠ ᠶᠢᠨ ᠠᠵᠢᠯ ᠢ ᠡᠷᠴᠢᠮᠳᠡᠢ ᠠᠳᠬᠤᠵᠦ᠂ ᠤᠯᠠᠭᠠᠨ ᠢᠳᠡᠭᠡᠨ ᠡᠳ᠋ᠰᠢᠬᠦᠯᠦᠨ ᠪᠤᠯᠪᠠᠰᠤᠷᠠᠭᠤᠯᠬᠤ ᠠᠵᠦ ᠠᠬᠤᠢᠢᠯᠠᠯ ᠢ ᠢᠳᠡᠪᠬᠢᠳᠡᠢ ᠵᠤᠬᠢᠴᠠᠭᠤᠯᠵᠦ᠂ ᠮᠠᠯᠴᠢᠳ ᠤᠨ ᠮᠠᠯ ᠢᠶᠠᠨ ᠡᠷᠳᠡ ᠵᠠᠷᠤᠴᠠᠭᠤᠯᠵᠦ᠂ ᠠᠷᠪᠢᠨ ᠵᠠᠷᠤᠴᠠᠭᠤᠯᠵᠦ᠂ ᠲᠦᠷᠭᠡᠨ ᠵᠠᠷᠤᠴᠠᠭᠤᠯᠬᠤ ᠶᠢ ᠬᠦᠳᠦᠯᠦᠨ ᠵᠢᠯᠤᠭᠤᠳᠴᠦ ᠪᠠᠶᠢᠨ᠎ᠠ᠃      ᠲᠤᠰ ᠬᠤᠰᠢᠭᠤ ᠮᠠᠯ ᠵᠦᠭᠡᠭᠡᠪᠤᠷᠢᠯᠡᠵᠦ ᠡᠳ᠋ᠰᠢᠬᠦᠯᠦᠨ ᠪᠤᠯᠪᠠᠰᠤᠷᠠᠭᠤᠯᠬᠤ ᠠᠵᠢᠯ ᠢ ᠡᠮᠬᠢ ᠲᠢᠭᠯᠢᠮ ᠲᠠᠢ ᠶᠠᠪᠤᠭᠳᠠᠭᠤᠯᠵᠦ᠂ ᠮᠠᠯᠴᠢᠳ ᠮᠠᠯ ᠢᠶᠠᠨ ᠵᠦᠭᠡᠭᠡᠪᠤᠷᠢᠯᠡᠵᠦ ᠢᠷᠡᠭᠡᠳ ᠭᠡᠳᠦᠨ ᠡᠳᠦᠷ ᠢᠶᠠᠷ ᠮᠦᠷᠯᠡᠵᠦ ᠬᠦᠯᠢᠶᠡᠬᠦ ᠦᠵᠡᠭᠳᠡᠯ ᠢ ᠡᠷᠡᠰ ᠬᠤᠷᠢᠭᠯᠠᠵᠦ᠂ ᠠᠵᠦ ᠠᠬᠤᠢᠢᠯᠠᠯ ᠤᠨ ᠡᠳ᠋ᠰᠢᠬᠦᠯᠵᠦ ᠪᠤᠯᠪᠠᠰᠤᠷᠠᠭᠤᠯᠬᠤ ᠶᠠᠪᠤᠴᠠ ᠳᠠᠬᠢ ᠬᠢᠨᠠᠯᠳᠠ ᠬᠠᠮᠢᠶᠠᠷᠤᠯᠳᠠ ᠶᠢ ᠴᠢᠩᠭᠠᠳᠬᠠᠵᠦ ᠪᠠᠶᠢᠨ᠎ᠠ᠃ ᠤᠢᠢᠯᠠᠭᠠᠭᠰᠠᠨ ᠢᠶᠠᠷ᠂ ᠡᠨᠡ ᠵᠢᠯ ᠲᠤᠰ ᠬᠤᠰᠢᠭᠤ 38 ᠲᠦᠮᠡᠨ ᠮᠠᠯ ᠵᠠᠷᠤᠴᠠᠭᠤᠯᠬᠤ ᠪᠠᠷ ᠲᠦᠯᠥᠪᠯᠡᠵᠦ᠂ ᠤᠳᠤ ᠪᠤᠯᠬᠤ ᠳᠤ ᠲᠤᠰ ᠬᠤᠰᠢᠭᠤᠨ ᠤ ᠤᠯᠠᠭᠠᠨ ᠢᠳᠡᠬᠡᠨ ᠡᠳ᠋ᠰᠢᠬᠦᠯᠦᠨ ᠪᠤᠯᠪᠠᠰᠣᠷᠠᠭᠤᠯᠬᠤ 5 ᠠᠵᠦ ᠠᠬᠤᠶᠢᠯᠠᠯ ᠨᠢ ᠪᠦᠬᠦᠨ ᠢᠶᠠᠷ ᠢᠶᠠᠨ ᠠᠵᠢᠯ ᠡᠬᠢᠯᠡᠨ᠂ ᠡᠳᠥᠷ ᠲᠤ 3000 — 4000 ᠬᠤᠨᠢᠨ ᠤ ᠬᠡᠨᠭᠭᠦᠳᠡᠭ ᠪᠤᠯᠪᠠᠰᠤᠷᠠᠭᠤᠯᠵᠦ᠂ ᠡᠬᠦᠯᠳᠡᠷ ᠰᠠᠶᠢᠵᠢᠷᠠᠭᠤᠯᠤᠭᠰᠠᠨ ᠪᠦᠳᠥᠬᠦᠨ ᠬᠤᠨᠢ ᠵᠢᠩ ᠪᠦᠷᠢ ᠳᠤ 12 ᠲᠦᠬᠦᠷᠢᠭ᠂ ᠨᠤᠳᠤᠭ ᠤᠨ ᠬᠤᠨᠢ ᠵᠢᠩ ᠪᠦᠷᠢ ᠳᠤ 11.5 ᠲᠦᠬᠦᠷᠢᠭ ᠪᠠᠶᠢᠵᠦ᠂ ᠡᠬᠦᠯᠳᠡᠷ ᠤᠨ ᠬᠤᠷᠠᠭ᠎ᠠ ᠵᠢᠩ ᠪᠦᠷᠢ ᠳᠤ 14.5 ᠲᠦᠬᠦᠷᠢᠭ᠂ ᠨᠤᠳᠤᠭ ᠤᠨ ᠬᠤᠷᠠᠭ᠎ᠠ ᠵᠢᠩ ᠪᠦᠷᠢ ᠳᠤ 14 ᠲᠦᠬᠦᠷᠢᠭ ᠲᠤ ᠬᠦᠷᠴᠦ ᠪᠤᠢ᠃ ᠡᠬᠦᠨ ᠳᠤ ᠢ ᠱᠸᠡᠭ ᠤᠯᠠᠭᠠᠨ ᠢᠳᠡᠭᠡ ᠡᠳ᠋ᠰᠢᠬᠦᠯᠤᠨ ᠪᠤᠯᠪᠠᠰᠤᠷᠠᠭᠤᠯᠬᠤ ᠬᠢᠵᠠᠭᠠᠷᠳᠠᠢ ᠬᠠᠷᠢᠭᠤᠴᠠᠯᠭᠠᠳᠦ ᠺᠤᠮᠫᠠᠨᠢ ᠨᠢ ᠡᠳᠥᠷ ᠲᠤ 1000 ᠭᠠᠷᠤᠢ ᠬᠤᠨᠢ ᠬᠤᠳᠠᠯᠳᠤᠨ ᠠᠪᠴᠦ ᠪᠤᠯᠪᠠᠰᠤᠷᠠᠭᠤᠯᠵᠦ ᠪᠠᠶᠢᠬᠤ ᠪᠦᠬᠡᠳ ᠵᠡᠬᠦᠨ ᠦᠵᠥᠮᠥᠴᠢᠨ᠂ ᠵᠡᠬᠦᠨ ᠰᠦᠨᠢᠳ᠂ ᠠᠪᠠᠭ᠎ᠠ᠂ ᠬᠦᠪᠡᠬᠡᠳᠦ ᠰᠢᠷ᠎ᠠ᠂ ᠰᠢᠯᠤᠭᠤᠨ ᠬᠦᠬᠡ᠂ ᠲᠠᠶᠢᠹᠤᠰᠧ ᠵᠡᠷᠬᠡ ᠬᠤᠰᠢᠭᠤᠨ ᠤ ᠮᠠᠯᠴᠢᠳ ᠪᠠᠰᠠ ᠲᠤᠰ ᠬᠤᠰᠢᠭᠤᠨ ᠤ ᠤᠯᠠᠭᠠᠨ ᠢᠳᠡᠬᠡᠨ ᠪᠤᠯᠪᠠᠰᠤᠷᠠᠭᠤᠯᠬᠤ ᠠᠵᠦ ᠠᠬᠤᠶᠢᠯᠠᠯ ᠳᠤ ᠮᠠᠯ ᠢᠶᠠᠨ ᠠᠪᠴᠢᠷᠠᠵᠥ ᠪᠤᠷᠤᠯᠠᠭᠤᠯᠵᠥ ᠪᠠᠶᠢᠨ᠎ᠠ᠃  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号