ᠤᠷᠴᠢᠮᠬᠠᠨ ᠰᠤᠷᠪᠤᠯᠵᠢᠯᠠᠭᠴᠢ ᠰᠦᠨᠢᠳ ᠵᠡᠭᠦᠨ ᠬᠤᠰᠢᠭᠤᠨ ᠤ ᠴᠢᠶᠤᠤ ᠢᠦᠢ ᠤᠯᠠᠭᠠᠨ ᠢᠳᠡᠭᠡᠨ ᠤ | ᠬᠢᠵᠠᠭᠠᠷᠳᠤ ᠺᠤᠮᠫᠠᠨᠢ ᠳᠤ ᠭᠦᠷᠭᠦ ᠳᠤ ᠮᠠᠨᠳᠠᠯᠳᠦ ᠪᠠᠯᠭᠠᠰᠤᠨ ᠤ ᠨᠠᠶᠢᠷᠠᠮᠳᠠᠯ ᠭᠠᠴᠠᠭᠠᠨ ᠤ ︽ᠲᠤᠷᠤᠨ᠎ᠠ ᠴᠠᠭᠠᠨ | ᠲᠡᠮᠡᠭᠡ︾ ᠮᠠᠯ ᠠᠵᠦ ᠠᠬᠤᠢ ᠶᠢᠨ ᠬᠤᠷᠰᠢᠶᠠᠵᠢᠯ ᠤᠨ ᠲᠠᠷᠤᠭ᠎ᠠ ᠪᠤᠤ ᠬᠤᠨᠭ᠌ ᠸᠧᠢ ᠶᠠᠭ ᠭᠠᠴᠠᠭᠠᠨ ᠤ ᠪᠠᠨ ᠭᠡᠳᠦᠨ | ᠡᠷᠦᠭᠡ ᠶᠢᠨ ᠬᠤᠨᠢ ᠬᠤᠷᠠᠭ᠎ᠠ ᠶᠢ ᠠᠪᠴᠢᠷᠠᠵᠦ ᠬᠤᠳᠠᠯᠳᠦᠵᠦ ᠪᠠᠶᠢᠬᠤ ᠲᠠᠢ ᠲᠠᠭᠠᠷᠠᠯ᠎ᠠ᠃ ᠡᠨᠡ ᠵᠢᠯ ᠤᠨ ᠬᠤᠨᠢ | ᠬᠤᠷᠠᠭᠠᠨ ᠤ ᠦᠨ᠎ᠠ ᠨᠡᠶᠢᠳᠡᠮ ᠲᠤᠤᠷ᠎ᠠ ᠪᠠᠶᠢᠭ᠎ᠠ ᠪᠠᠶᠢᠳᠠᠯ ᠳᠤ᠂ ᠲᠤᠰ ᠬᠤᠷᠰᠢᠶᠠᠵᠢᠯ ᠮᠠᠯᠴᠢᠳ ᠤᠨ ᠵᠠᠷᠤᠳᠠᠯ ᠢ | ᠠᠷᠪᠢᠯᠠᠵᠦ᠂ ᠭᠦᠢᠳᠡᠨ ᠭᠦᠮᠦᠷᠭᠡ ᠳᠤ ᠦᠭᠭᠦ ᠪᠠᠷ ᠭᠡᠳᠦᠨ ᠡᠳᠦᠷ ᠭᠦᠯᠢᠶᠡᠵᠦ᠂ ᠮᠠᠯ ᠤᠨ ᠲᠠᠷᠭᠤ ᠭᠦᠴᠦ ᠶᠢ | ᠪᠠᠭᠤᠷᠠᠭᠤᠯᠬᠤ ᠶᠢ ᠪᠦᠳᠦᠮᠵᠢᠳᠠᠢ ᠰᠡᠷᠭᠡᠶᠢᠯᠡᠭᠦ ᠶᠢᠨ ᠲᠤᠰᠠᠳᠠ ᠮᠠᠯᠴᠢᠳ ᠢ ᠵᠤᠬᠢᠶᠠᠨ ᠪᠠᠶᠢᠭᠤᠯᠵᠦ ᠮᠠᠯ ᠢᠶᠠᠨ | ᠨᠢᠭᠡᠳᠦᠯᠳᠠᠢ ᠵᠠᠷᠤᠴᠠᠭᠤᠯᠬᠤ ᠪᠠᠷ ᠲᠤᠭᠳᠠᠵᠠᠢ᠃ ᠤᠳᠤᠬᠠᠨ ᠲᠤᠰ ᠬᠤᠷᠰᠢᠶᠠᠵᠢᠯ ᠭᠠᠴᠠᠭᠠᠨ ᠤ ᠪᠠᠨ 37 ᠮᠠᠯᠵᠢᠬᠤ | ᠡᠷᠦᠭᠡ ᠶᠢᠨ ᠮᠦᠷᠳᠡᠨ ᠨᠡᠭᠡᠮᠵᠢᠯᠡᠬᠦ ᠰᠢᠰᠲ᠋ᠧᠮ ᠳᠤ ᠤᠷᠤᠭᠤᠯᠤᠭᠰᠠᠨ 9000 ᠬᠤᠨᠢᠨ ᠤ ᠭᠡᠨᠭᠭᠦᠳᠡᠭ ᠢ ᠵᠢᠩ | ᠪᠦᠷᠢ ᠳᠤᠨᠢ 15.5 ᠲᠦᠭᠦᠷᠢᠭ ᠢᠶᠠᠷ ᠪᠤᠷᠤᠯᠠᠭᠤᠯᠬᠤ ᠪᠠᠷ ᠴᠢᠶᠤᠤ ᠢᠦᠢ ᠺᠤᠮᠫᠠᠨᠢ ᠲᠠᠢ ᠨᠢᠭᠡᠨᠳᠡ ᠭᠡᠷ᠎ᠠ | ᠲᠤᠭᠳᠠᠭᠰᠠᠨ ᠪᠦᠭᠡᠳ ᠡᠳᠦᠷ ᠪᠦᠷᠢ ᠺᠤᠮᠫᠠᠨᠢ ᠳᠤ 400 ᠠᠴᠠ 500 ᠬᠤᠷᠠᠭ᠎ᠠ ᠠᠪᠴᠢᠷᠠᠨ ᠦᠭᠴᠦ᠂ 10 | ᠳ᠋ᠤᠭᠠᠷ ᠰᠠᠷ᠎ᠠ ᠶᠢᠨ 1 ᠤ ᠡᠳᠦᠷ ᠪᠤᠯᠳᠠᠯ᠎ᠠ ᠪᠦᠭᠦᠨ ᠢ ᠬᠤᠳᠠᠯᠳᠦᠵᠦ ᠲᠠᠭᠤᠰᠬᠠᠬᠤ ᠪᠠᠷ ᠲᠤᠭᠳᠠᠪᠠ᠃ | ︽ᠦᠡᠭᠭᠡᠷᠡᠭᠰᠡᠨ ᠵᠢᠯ ᠭᠦᠢᠳᠡᠨ ᠭᠦᠮᠦᠷᠭᠡ ᠳᠤ ᠮᠠᠯ ᠢᠶᠠᠨ ᠬᠤᠳᠠᠯᠳᠤᠬᠤ ᠭᠡᠳ ᠭᠡᠳᠦᠨ ᠡᠳᠦᠷ ᠢᠶᠠᠷ | ᠭᠠᠳᠠᠨ᠎ᠠ ᠨᠢ ᠭᠦᠯᠢᠶᠡᠵᠦ ᠰᠠᠭᠤᠴᠢᠬᠠᠭᠠᠳ ᠪᠠᠰᠠ ᠲᠡᠶᠢᠮᠦ ᠶᠡᠭᠡ ᠦᠨ᠎ᠡ ᠳᠤ ᠭᠦᠷᠭᠡᠵᠦ ᠳᠡᠶᠢᠯᠳᠡᠭ ᠦᠭᠡᠢ ᠮᠠᠯᠴᠢᠨ | ᠤᠯᠠᠨ ᠬᠠᠷᠠᠭᠳᠠᠳᠠᠭ᠂ ᠡᠨᠡ ᠵᠢᠯ ᠠᠴᠠ ᠮᠠᠨ ᠤ ᠬᠤᠷᠰᠢᠶᠠᠵᠢᠯ ᠡᠨᠡ ᠠᠰᠠᠭᠤᠳᠠᠯ ᠢ ᠪᠦᠳᠦᠮᠵᠢᠳᠠᠢ ᠰᠢᠢᠳᠪᠦᠷᠢᠯᠡᠵᠦ᠂ | ᠮᠠᠯᠴᠢᠳ ᠢ ᠵᠠᠪᠰᠠᠷ ᠤᠨ ᠮᠠᠶᠢᠮᠠᠶᠢᠴᠢᠨ ᠠᠴᠠ ᠵᠠᠶᠢᠯᠠᠭᠤᠯᠤᠭᠰᠠᠨ ᠢᠶᠠᠷ ᠪᠠᠷᠠᠬᠤ ᠦᠭᠡᠢ᠂ ᠮᠠᠯ ᠢᠶᠠᠨ ᠠᠪᠴᠢᠷᠠᠵᠦ | ᠦᠭᠭᠦ ᠦᠶ᠎ᠠ ᠳᠤ ᠪᠢᠳᠡ ᠤᠷᠢᠳᠠᠪᠡᠷ ᠺᠤᠮᠫᠠᠨᠢ ᠲᠠᠢ ᠬᠠᠷᠢᠯᠴᠠᠵᠦ᠂ ᠡᠳᠦᠷ ᠢᠶᠠᠨ ᠲᠤᠭᠳᠠᠨ ᠠᠪᠴᠢᠷᠠᠵᠦ | ᠦᠭᠳᠡᠭ ᠢᠶᠠᠷ ᠤᠯᠠᠩᠭᠢ ᠨᠢ 1 ᠯᠠ ᠡᠳᠦᠷ ᠲᠤ ᠮᠠᠯ ᠢᠶᠠᠨ ᠬᠤᠳᠠᠯᠳᠤᠴᠢᠬᠠᠳᠠᠬ ᠪᠤᠯᠤᠭᠰᠠᠨ︾ ᠭᠡᠵᠦ ᠪᠤᠤ ᠬᠤᠨᠭ᠌ | ᠸᠧᠢ ᠰᠤᠷᠪᠤᠯᠵᠢᠯᠠᠭᠴᠢ ᠳᠤ ᠶᠠᠷᠢᠨ᠎ᠠ᠃ ᠬᠤᠷᠰᠢᠶᠠᠵᠢᠯ ᠤᠨ ᠬᠢᠨ ᠢ ᠲᠠᠭᠠᠵᠦ ᠬᠤᠨᠢ ᠪᠠᠨ ᠬᠤᠳᠠᠯᠳᠤᠬᠤ ᠪᠠᠷ | ᠢᠷᠡᠭᠰᠡᠨ ᠮᠠᠯᠴᠢᠨ ᠡᠷᠳᠡᠨᠢᠭᠤᠤᠯ᠄ ︽ᠪᠢ ᠡᠨᠡ ᠵᠢᠯ 500 ᠭᠠᠷᠦᠢ ᠬᠤᠨᠢ ᠪᠠᠨ ᠵᠠᠷᠤᠴᠠᠭᠤᠯᠬᠤ ᠪᠠᠷ ᠲᠤᠭᠳᠠᠭᠰᠠᠨ᠂ | ᠤᠤᠯ ᠨᠢ ᠬᠤᠪᠢ ᠪᠠᠷ ᠢᠶᠠᠨ ᠬᠤᠳᠠᠯᠳᠤᠪᠠᠯ ᠦᠨ᠎ᠠ ᠲᠤᠤᠷ᠎ᠠ᠂ ᠠᠮᠢᠳᠦ ᠶᠢᠨ ᠵᠢᠩ ᠲᠤᠤᠷ᠎ᠠ᠂ ᠭᠦᠢᠳᠡᠨ | ᠭᠦᠮᠦᠷᠭᠡ ᠳᠤ ᠦᠭᠪᠡᠯ ᠭᠦᠯᠢᠶᠡᠨ᠎ᠠ᠂ ᠵᠠᠪᠰᠠᠷ ᠤᠨ ᠮᠠᠶᠢᠮᠠᠶᠢᠴᠢᠨ ᠳᠤ ᠦᠭᠪᠡᠯ ᠡᠯᠳᠡᠪ ᠰᠢᠯᠳᠠᠭ ᠢᠶᠠᠷ ᠦᠨ᠎ᠠ ᠶᠢ ᠨᠢ | ᠲᠠᠷᠤᠬᠤ ᠪᠠᠷ ᠤᠷᠤᠯᠳᠤᠨ᠎ᠠ᠂ ᠡᠨᠡ ᠵᠢᠯ ᠬᠤᠷᠰᠢᠶᠠᠵᠢᠯ ᠪᠢᠳᠡᠨ ᠢ ᠵᠤᠬᠢᠶᠠᠨ ᠪᠠᠶᠢᠭᠤᠯᠵᠦ ᠨᠢᠭᠡᠳᠦᠯᠳᠠᠢ | ᠬᠤᠳᠠᠯᠳᠤᠭᠤᠯᠤᠭᠰᠠᠨ ᠨᠢ ᠡᠳᠡᠭᠡᠷ ᠠᠰᠠᠭᠤᠳᠠᠯ ᠠᠴᠠ ᠵᠠᠶᠢᠯᠠᠰᠬᠢᠵᠦ᠂ ᠦᠨ᠎ᠠ ᠨᠢ ᠪᠠᠰᠠ ᠲᠤᠭᠳᠠᠪᠤᠷᠢᠳᠠᠢ︾ ᠭᠡᠵᠦ | ᠪᠠᠶᠢᠯ᠎ᠠ᠃ ᠤᠢᠢᠯᠠᠭᠠᠭᠰᠠᠨ ᠢᠶᠠᠷ᠂ ᠴᠢᠶᠤᠤ ᠢᠦᠢ ᠤᠯᠠᠭᠠᠨ ᠢᠳᠡᠭᠡᠨ ᠤ ᠺᠤᠮᠫᠠᠨᠢ ᠶᠢᠨ ᠭᠦᠢᠳᠡᠨ ᠭᠦᠮᠦᠷᠭᠡ 8 | ᠳ᠋ᠤᠭᠠᠷ ᠰᠠᠷ᠎ᠠ ᠶᠢᠨ 8 ᠤ ᠡᠳᠦᠷ ᠠᠴᠠ ᠬᠤᠷᠠᠭ᠎ᠠ ᠨᠢᠳᠤᠯᠵᠦ ᠡᠳ᠋ᠰᠢᠬᠦᠯᠦᠨ ᠪᠤᠯᠪᠠᠰᠤᠷᠠᠭᠤᠯᠬᠤ ᠠᠵᠢᠯ ᠢᠶᠠᠨ | ᠡᠬᠢᠯᠡᠭᠦᠯᠵᠦ᠂ ᠤᠳᠤᠬᠠᠨ ᠪᠤᠯᠳᠠᠯ᠎ᠠ ᠲᠤᠰ ᠬᠤᠰᠢᠭᠤᠨ ᠤ ᠪᠠᠨ 16 ᠬᠤᠷᠰᠢᠶᠠᠵᠢᠯ ᠯᠤᠭ᠎ᠠ ᠮᠠᠯᠴᠢᠳ ᠤᠨ ᠬᠤᠨᠢ ᠶᠢ | ᠬᠤᠳᠠᠯᠳᠤᠨ ᠠᠪᠬᠤ ᠭᠡᠷ᠎ᠠ ᠲᠤᠭᠳᠠᠵᠦ᠂ ᠡᠨᠡ ᠵᠢᠯ ᠨᠡᠶᠢᠳᠡ 20 ᠲᠦᠮᠡᠨ ᠬᠤᠨᠢ ᠡᠳ᠋ᠰᠢᠭᠦᠯᠦᠨ | ᠪᠤᠯᠪᠠᠰᠤᠷᠠᠭᠤᠯᠬᠤ ᠪᠠᠷ ᠪᠠᠶᠢᠭ᠎ᠠ ᠪᠤᠯ ᠡᠭᠦᠨ ᠤ ᠲᠤᠳᠤᠷ᠎ᠠ ᠮᠦᠷᠳᠡᠨ ᠨᠡᠭᠡᠮᠵᠢᠯᠡᠭᠦ ᠰᠢᠰᠲ᠋ᠧᠮ ᠳᠤ ᠤᠷᠤᠭᠤᠯᠤᠭᠰᠠᠨ | ᠬᠤᠨᠢ 9 ᠳᠦᠮᠨ ᠪᠤᠢ᠃ ᠺᠤᠮᠫᠠᠨᠢ ᠶᠢᠨ ᠵᠠᠬᠢᠷᠦᠯ ᠴᠢᠶᠤᠤ ᠢᠦᠢ ᠰᠤᠷᠪᠤᠯᠵᠢᠯᠠᠭᠴᠢ ᠳᠤ᠄ ︽ᠮᠠᠨ ᠤ ᠬᠤᠰᠢᠭᠤᠨ ᠤ | ᠤᠯᠠᠭᠠᠨ ᠢᠳᠡᠭᠡᠨ ᠤ ᠨᠡᠶᠢᠭᠡᠮᠯᠢᠭ ᠤᠳ ᠵᠠᠰᠠᠭ ᠤᠨ ᠤᠷᠳᠤᠨ ᠲᠠᠢ ᠵᠦᠪᠳᠡᠯᠴᠡᠭᠰᠡᠨ ᠰᠠᠭᠤᠷᠢᠨ ᠲᠡᠭᠡᠷ᠎ᠠ ᠬᠤᠨᠢᠨ ᠤ | ᠭᠡᠨᠭᠭᠦᠳᠡᠭ ᠤᠨ ᠦᠨ᠎ᠠ ᠶᠢ ᠵᠢᠩ ᠪᠦᠷᠢ ᠳᠤᠨᠢ 14.5 ᠲᠦᠭᠦᠷᠢᠭ ᠪᠤᠯᠭᠠᠵᠦ᠂ ᠮᠦᠷᠳᠡᠨ ᠨᠡᠭᠡᠮᠵᠢᠯᠡᠭᠦ ᠡᠭᠡᠮᠦᠭ ᠲᠠᠢ | ᠬᠤᠨᠢ ᠳᠤ ᠵᠢᠩ ᠪᠦᠷᠢ ᠳᠤ 1 ᠲᠦᠭᠦᠷᠢᠭ ᠨᠦᠭᠦᠪᠦᠷᠢᠯᠡᠭᠦ ᠪᠠᠷ ᠲᠤᠭᠳᠠᠭᠰᠠᠨ᠂ ᠤᠳᠤᠬᠠᠨ ᠪᠤᠯᠳᠠᠯ᠎ᠠ ᠨᠢᠭᠡᠨᠳᠡ 5 | ᠲᠦᠮᠡᠨ ᠬᠤᠨᠢ ᠡᠳ᠋ᠰᠢᠭᠦᠯᠦᠨ ᠪᠤᠯᠪᠠᠰᠤᠷᠠᠭᠤᠯᠤᠭᠠᠳ ᠪᠤᠢ︾ ᠭᠡᠵᠦ ᠲᠠᠨᠢᠯᠴᠠᠭᠤᠯᠪᠠ᠃ | ᠡᠨᠡ ᠵᠢᠯ᠂ ᠰᠦᠨᠢᠳ ᠵᠡᠭᠦᠨ ᠬᠤᠰᠢᠭᠤᠨ ᠤ ᠵᠠᠰᠠᠭ ᠤᠨ ᠤᠷᠳᠤᠨ᠂ ᠠᠵᠦ ᠠᠬᠤᠢᠢᠯᠠᠯ᠂ ᠬᠤᠷᠰᠢᠶᠠᠵᠢᠯ | ᠳᠤᠰᠪᠤᠷᠢ ᠦᠢᠯᠡᠳᠦᠯ ᠢᠶᠠᠨ ᠭᠦᠢᠴᠡᠳ ᠪᠠᠳᠠᠷᠠᠭᠤᠯᠵᠦ᠂ ᠵᠠᠰᠠᠭ ᠤᠨ ᠤᠷᠳᠤᠨ ᠠᠵᠦ ᠠᠬᠤᠢᠢᠯᠠᠯ ᠲᠠᠢ | ᠵᠤᠬᠢᠴᠠᠭᠤᠯᠬᠤ ᠠᠵᠢᠯ ᠢ ᠰᠠᠶᠢᠳᠦᠷ ᠬᠢᠵᠦ᠂ ᠮᠠᠯ ᠤᠨ ᠦᠨ᠎ᠠ ᠬᠠᠨᠭ᠍ᠰᠢ ᠶᠢ ᠨᠡᠮᠡᠭᠳᠡᠭᠦᠯᠦᠨ ᠮᠠᠯᠴᠢᠳ ᠤᠨ | ᠤᠷᠤᠯᠭ᠎ᠠ ᠶᠢ ᠬᠠᠮᠤᠭ ᠲᠡᠭᠡᠳᠦ ᠭᠡᠮᠵᠢᠶᠡᠨ ᠳᠤ ᠪᠠᠳᠤᠯᠠᠵᠦ ᠪᠤᠢ︔ ᠬᠤᠷᠰᠢᠶᠠᠵᠢᠯ ᠨᠢ ᠮᠠᠯᠴᠢᠳ ᠢ ᠵᠤᠬᠢᠶᠠᠨ | ᠪᠠᠶᠢᠭᠤᠯᠤᠨ ᠬᠤᠨᠢ ᠶᠢ ᠨᠢ ᠨᠢᠭᠡᠳᠦᠯᠳᠡᠢ ᠪᠤᠷᠤᠯᠠᠭᠤᠯᠵᠦ ᠪᠠᠶᠢᠨ᠎ᠠ︔ ᠬᠤᠰᠢᠭᠤᠨ ᠤ 5 ᠭᠦᠢᠳᠡᠨ ᠭᠦᠮᠦᠷᠭᠡ ᠬᠤᠨᠢ | ᠨᠢᠳᠤᠯᠵᠦ ᠡᠳ᠋ᠰᠢᠬᠦᠯᠦᠨ ᠪᠤᠯᠪᠠᠰᠤᠷᠠᠭᠤᠯᠬᠤ ᠠᠵᠢᠯ ᠢ ᠱᠠᠯᠠᠪᠳᠠᠭᠤᠯᠤᠨ ᠬᠢᠵᠦ ᠪᠠᠶᠢᠬᠤ ᠪᠦᠭᠡᠳ ᠬᠠᠮᠢᠶ᠎ᠠ ᠪᠦᠭᠦᠢ | ᠰᠠᠯᠠᠭ᠎ᠠ ᠮᠦᠴᠢᠷ ᠤᠨ ᠬᠢᠨ ᠡᠯ᠎ᠠ ᠠᠵᠦ ᠠᠬᠤᠢᠢᠯᠠᠯ ᠢ ᠬᠢᠨᠠᠨ ᠬᠠᠮᠢᠶᠠᠷᠴᠦ ᠲᠦᠷᠢᠮᠵᠢᠭᠦᠯᠭᠦ ᠪᠠᠨ ᠴᠢᠩᠭᠠᠳᠬᠠᠵᠦ᠂ 5 | ᠠᠵᠦ ᠠᠬᠤᠢᠢᠯᠠᠯ ᠳᠤ ᠲᠤᠰᠪᠤᠷᠢ 2 ᠬᠢᠵᠢᠭ ᠪᠠᠶᠢᠴᠠᠭᠠᠬᠴᠢ ᠲᠤᠬᠢᠷᠠᠭᠤᠯᠤᠨ᠂ ᠤᠯᠠᠭᠠᠨ ᠢᠳᠡᠭᠡᠨ ᠤ ᠠᠮᠦᠷ | ᠲᠦᠪᠰᠢᠨ ᠢ ᠪᠠᠳᠤᠯᠠᠵᠦ ᠪᠤᠢ᠃ ︽ᠰᠦᠨᠢᠳ ᠬᠤᠨᠢ ᠪᠤᠯ ᠮᠠᠨ ᠤ ᠠᠶᠢᠮᠠᠭ ᠤᠨ ᠨᠡᠷᠡᠳᠦ ᠲᠡᠮᠳᠡᠭ ᠪᠤᠯᠬᠤ | ᠤᠴᠢᠷ ᠠᠴᠠ ᠪᠢᠳᠡ ᠰᠦᠨᠢᠳ ᠬᠤᠨᠢᠨ ᠤ ᠶᠠᠰᠦ ᠴᠢᠨᠠᠷ ᠢ ᠪᠠᠳᠤᠯᠠᠬᠤ ᠠᠵᠢᠯ ᠢ ᠰᠠᠶᠢᠳᠦᠷ ᠬᠢᠵᠦ᠂ ᠡᠨᠡ ᠵᠢᠯ 30 | ᠲᠦᠮᠡᠨ ᠬᠤᠨᠢ ᠶᠢ ᠮᠦᠷᠳᠡᠨ ᠨᠡᠭᠡᠮᠵᠢᠯᠡᠭᠦ ᠰᠢᠰᠲ᠋ᠧᠮ ᠳᠤ ᠤᠷᠤᠭᠤᠯᠬᠤ ᠪᠠᠷ ᠲᠦᠯᠦᠪᠯᠡᠵᠦ᠂ ᠤᠳᠤᠬᠠᠨ 14 ᠲᠦᠮᠡ | ᠰᠢᠬᠠᠮ ᠬᠤᠨᠢᠨ ᠳᠤ ᠡᠭᠡᠮᠦᠭ ᠵᠡᠭᠦᠯᠭᠡᠪᠡ᠃ ᠨᠦᠭᠦᠭᠡ ᠲᠠᠯ᠎ᠠ ᠪᠠᠷ ᠮᠠᠯ ᠵᠠᠷᠤᠴᠠᠭᠤᠯᠬᠤ ᠠᠵᠢᠯ ᠳᠤ | ᠬᠤᠷᠰᠢᠶᠠᠵᠢᠯ ᠤᠳ ᠮᠠᠯᠴᠢᠳ ᠢ ᠰᠠᠶᠢᠳᠦᠷ ᠵᠤᠬᠢᠶᠠᠨ ᠪᠠᠶᠢᠭᠤᠯᠵᠦ ᠮᠠᠯ ᠢ ᠨᠢᠭᠡᠳᠦᠯᠳᠠᠢ ᠪᠤᠷᠤᠯᠠᠭᠤᠯᠤᠭᠰᠠᠨ ᠢᠶᠠᠷ | ᠮᠠᠨ ᠤ ᠬᠤᠰᠢᠭᠤᠨ ᠤ ᠮᠠᠯ ᠤᠨ ᠵᠠᠷᠤᠴᠠᠭᠤᠯᠤᠯᠳᠠ ᠤᠷᠤᠭᠰᠢᠳᠠᠢ ᠶᠠᠪᠤᠭᠳᠠᠬᠤ ᠳᠤ ᠲᠤᠩ ᠶᠡᠭᠡ ᠦᠢᠯᠡᠳᠦᠯ | ᠦᠵᠡᠭᠦᠯᠦᠭᠰᠡᠨ᠂ ᠤᠳᠤᠬᠠᠨ ᠪᠤᠯᠳᠠᠯ᠎ᠠ ᠪᠦᠭᠦ ᠬᠤᠰᠢᠭᠤ ᠪᠠᠷ ᠢᠶᠠᠨ ᠨᠡᠶᠢᠳᠡ 30.8 ᠲᠦᠮᠡᠨ ᠮᠠᠯ ᠵᠠᠷᠤᠴᠠᠭᠤᠯᠪᠠ︾ | ᠭᠡᠵᠦ ᠬᠤᠰᠢᠭᠤᠨ ᠤ ᠲᠠᠷᠢᠶᠠᠯᠠᠩ ᠮᠠᠯ ᠠᠵᠦ ᠠᠬᠤᠢ ᠶᠢᠨ ᠲᠤᠪᠴᠢᠶᠠᠨ ᠤ ᠲᠠᠷᠤᠭ᠎ᠠ ᠮᠦᠡᠭᠭᠡᠪᠠᠭᠠᠳᠦᠷ ᠶᠠᠷᠢᠵᠦ | ᠪᠠᠶᠢᠯ᠎ᠠ᠃ |