ᠰᠢᠯᠢ ᠶᠢᠨ ᠭᠤᠤᠯ ᠠᠶᠢᠮᠠᠭ ᠤᠨ ᠲᠤᠶᠢᠮᠤ ᠪᠠᠶᠢᠳᠠᠯ
ᠨᠡᠶᠢᠲᠡᠯᠡᠭᠰᠡᠨ ᠴᠠᠭ᠄
2016-08-04
    ᠰᠢᠯᠢ ᠶᠢᠨ ᠭᠤᠤᠯ ᠠᠶᠢᠮᠠᠭ ᠪᠤᠯ ᠪᠡᠭᠡᠵᠢᠩ ᠲᠢᠶᠠᠨᠵᠢᠨ ᠾᠧᠪᠸᠢ ᠶᠢᠨ ᠠᠵᠤ ᠠᠬᠤᠢ ᠶᠢᠨ ᠲᠤᠭᠤᠷᠢᠭ ᠠᠴᠠ ᠬᠠᠮᠤᠭ ᠤᠶᠢᠷ᠎ᠠ ᠪᠠᠶᠢᠭ᠎ᠠ ᠲᠠᠯ᠎ᠠ ᠨᠤᠳᠤᠭ ᠮᠥᠨ᠂  ᠠᠶᠢᠮᠠᠭ ᠤᠨ ᠲᠥᠪ ᠨᠢ ᠰᠢᠯᠢ ᠶᠢᠨ ᠬᠤᠳᠠ‌‍ᠳᠦ ᠪᠤᠢ᠃ ᠰᠠᠭᠤᠭᠠᠯᠢ ᠠᠷᠠᠳ ᠤᠨ ᠬᠥᠮᠥᠨ ᠠᠮᠠ ᠶᠢᠨ ᠲᠤᠭ᠎ᠠ ᠨᠢ 104 ᠲᠥᠮᠡ᠂ ᠮᠤᠩᠭᠤᠯ᠂ ᠬᠤᠲᠤᠩ᠂ ᠲᠥᠪᠡᠳ᠂ ᠰᠤᠯᠤᠩᠭᠤᠰ᠂ ᠮᠠᠨᠵᠤ᠂ ᠲᠠᠭᠤᠷ ᠵᠡᠷᠭᠡ 37 ᠴᠥᠬᠡᠨ ᠲᠤᠭᠠᠲᠤ ᠥᠨᠳᠥᠰᠥᠳᠡᠨ ᠪᠤᠢ᠂ ᠡᠭᠦᠨ ᠳᠤ ᠮᠤᠩᠭᠤᠯ ᠥᠨᠳᠥᠰᠥᠳᠡᠨ ᠪᠥᠬᠦ ᠬᠥᠮᠥᠨ ᠠᠮᠠ ᠶᠢᠨ 30%᠎ ᠶᠢ ᠡᠵᠡᠯᠡᠵᠤ᠂ ᠨᠤᠳᠤᠭ ᠲᠡᠪᠢᠰᠭᠡᠷ ᠤᠨ ᠶᠡᠷᠥᠩᠬᠡᠢ ᠲᠠᠯᠠᠪᠠᠢ ᠨᠢ 20.26 ᠲᠥᠮᠡᠨ ᠲᠡᠭᠰᠢ ᠲᠥᠷᠪᠡᠯᠵᠢᠨ ᠺᠢᠯᠥᠮᠧᠲᠷ᠂ ᠠᠰᠢᠭᠯᠠᠵᠤ ᠪᠤᠯᠬᠤ ᠨᠤᠳᠤᠭ ᠪᠡᠯᠴᠢᠭᠡᠷ ᠤᠨ ᠲᠠᠯᠠᠪᠠᠢ ᠨᠢ 18 ᠲᠥᠮᠡᠨ ᠲᠡᠭᠰᠢ ᠲᠥᠷᠪᠡᠯᠵᠢᠨ ᠺᠢᠯᠥᠮᠧᠲᠷ᠃ 9 ᠬᠤᠰᠢᠭᠤ 2 ᠬᠤᠳᠠ 1 ᠰᠢᠶᠠᠨ 1 ᠬᠠᠮᠢᠶᠠᠷᠤᠯᠳᠠ ᠶᠢᠨ ᠤᠷᠤᠨ ᠲᠠᠢ᠂ ᠡᠭᠦᠨ ᠳᠤ᠄ 2 ᠬᠤᠳᠠ ︵ᠰᠢᠯᠢ ᠶᠢᠨ ᠬᠤᠳᠠ᠂ ᠡᠷᠢᠶᠡᠨ ᠬᠤᠳᠠ︶᠂ 9 ᠬᠤᠰᠢᠭᠤ ︵ᠠᠪᠠᠭ᠎ᠠ ᠬᠤᠰᠢᠭᠤ᠂ ᠰᠥᠨᠢᠳ ᠵᠡᠭᠦᠨ ᠬᠤᠰᠢᠭᠤ᠂ ᠰᠥᠨᠢᠳ ᠪᠠᠷᠠᠭᠤᠨ ᠬᠤᠰᠢᠭᠤ᠂ ᠵᠡᠭᠦᠨ ᠥᠵᠥᠮᠥᠴᠢᠨ ᠬᠤᠰᠢᠭᠤ᠂ ᠪᠠᠷᠠᠭᠤᠨ ᠥᠵᠥᠮᠥᠴᠢᠨ ᠬᠤᠰᠢᠭᠤ᠂ ᠲᠠᠶᠢᠹᠤᠰᠧ ᠬᠤᠰᠢᠭᠤ᠂ ᠭᠥᠪᠡᠭᠡᠳᠥ ᠰᠢᠷ᠎ᠠ ᠬᠤᠰᠢᠭᠤ᠂ ᠰᠢᠯᠤᠭᠤᠨ ᠭᠥᠪᠡᠭᠡᠳᠥ ᠴᠠᠭᠠᠨ ᠬᠤᠰᠢᠭᠤ᠂ ᠰᠢᠯᠤᠭᠤᠨ ᠭᠥᠬᠡ ᠬᠤᠰᠢᠭᠤ︶᠂ 1 ᠰᠢᠶᠠᠨ ︵ᠲᠤᠯᠤᠨ ᠨᠠᠭᠤᠷ ᠰᠢᠶᠠᠨ︶᠂ 1 ᠬᠠᠮᠢᠶᠠᠷᠤᠯᠳᠠ ᠶᠢᠨ ᠤᠷᠤᠨ ︵ᠤᠯᠠᠭᠠᠢ ᠬᠠᠮᠢᠶᠠᠷᠤᠯᠳᠠ ᠶᠢᠨ ᠤᠷᠤᠨ︶᠃     ᠰᠢᠯᠢ ᠶᠢᠨ ᠭᠤᠤᠯ ᠠᠶᠢᠮᠠᠭ ᠲᠤᠮᠳᠠ ᠰᠡᠷᠢᠭᠦᠨ ᠪᠥᠰᠡ ᠶᠢᠨ ᠡᠬᠡ ᠬᠠᠭᠤᠷᠠᠢ ᠶᠢᠨ ᠴᠢᠨᠠᠷᠳᠠᠢ ᠠᠭᠤᠷ ᠠᠮᠢᠰᠬᠤᠯ ᠳᠤ ᠬᠠᠷᠢᠶᠠᠯᠠᠭᠳᠠᠨ᠎ᠠ  ᠂ ᠵᠢᠯ ᠤᠨ ᠲᠡᠭᠰᠢᠳᠬᠡᠭᠰᠡᠨ ᠠᠭᠠᠷ ᠤᠨ ᠲᠤᠯᠠᠭᠠᠨ ᠨᠢ 0 — 3 ᠼᠧᠯᠰ ᠭᠷᠡᠳᠥ᠋ᠰ᠂ ᠨᠢᠭᠡᠳᠥᠭᠡᠷ ᠰᠠᠷ᠎ᠠ ᠶᠢᠨ ᠠᠭᠠᠷ ᠤᠨ ᠲᠤᠯᠠᠭᠠᠨ ᠬᠠᠮᠤᠭ ᠲᠤᠤᠷ᠎ᠠ ᠪᠠᠶᠢᠵᠤ᠂ ᠲᠤᠮᠳᠠᠴᠢ ᠲᠤᠯᠠᠭᠠᠨ ᠤ ᠬᠡᠮᠵᠢᠶ᠎ᠡ ᠨᠢ ᠲᠡᠭ ᠠᠴᠠ ᠲᠤᠷᠤᠭᠰᠢ 20 ᠼᠧᠯᠰ ᠭᠷᠡᠳᠥ᠋ᠰ᠂ ᠲᠤᠯᠤᠳᠤᠭᠠᠷ ᠰᠠᠷ᠎ᠠ‌‍ᠶᠢᠨ ᠠᠭᠠᠷ ᠤᠨ ᠲᠤᠯᠠᠭᠠᠨ ᠬᠠᠮᠤᠭ  ᠥᠨᠳᠥᠷ ᠪᠠᠶᠢᠵᠤ᠂ ᠲᠤᠮᠳᠠᠴᠢ ᠲᠤᠯᠠᠭᠠᠨ ᠤ ᠬᠡᠮᠵᠢᠶ᠎ᠡ ᠨᠢ 21ᠼᠧᠯᠰ ᠭᠷᠡᠳᠥ᠋ᠰ᠂ ᠤᠮᠠᠷᠠᠳᠤ ᠤᠷᠤᠨ ᠤ ᠠᠯᠳᠠᠷᠳᠤ ᠲᠠᠯ᠎ᠠ ᠨᠤᠳᠤᠭ ᠤᠨ ᠥᠵᠡᠮᠵᠢᠳᠥ ᠵᠤᠰᠠᠭᠠᠯ ᠤᠨ ᠭᠠᠵᠠᠷ ᠤᠨ ᠨᠢᠭᠡ ᠪᠤᠯᠤᠨ᠎ᠠ᠃ ᠰᠢᠯᠢ ᠶᠢᠨ ᠭᠤᠤᠯ ᠠᠶᠢᠮᠠᠭ ᠪᠤᠯ ᠥᠨᠳᠦᠷᠯᠢᠭ ᠤᠨ ᠲᠠᠯ᠎ᠠ ᠭᠠᠵᠠᠷ ᠢᠶᠠᠷ ᠭᠤᠤᠯ ᠴᠣᠭᠴᠠ ᠪᠤᠯᠭᠠᠭᠰᠠᠨ᠂ ᠤᠯᠠᠨ ᠵᠤᠶᠢᠯ ᠤᠨ ᠭᠠᠵᠠᠷ ᠤᠨ ᠭᠠᠳᠠᠷᠭᠤ ᠪᠠᠷ ᠪᠥᠷᠢᠯᠳᠥᠭᠰᠡᠨ ᠤᠷᠤᠨ ᠶᠤᠮ᠂ ᠭᠠᠵᠠᠷ ᠤᠨ ᠪᠠᠶᠢᠴᠠ ᠨᠢ ᠡᠮᠤᠨ᠎ᠡ ᠪᠠᠨ ᠥᠨᠳᠥᠷ ᠬᠤᠶᠢᠳᠤ ᠪᠡᠶ᠎ᠡ ᠪᠠᠷ ᠢᠶᠠᠨ ᠲᠤᠤᠷ᠎ᠠ᠂ ᠡᠮᠤᠨ᠎ᠡ ᠪᠡᠶ᠎ᠡ ᠨᠢ ᠪᠤᠭᠤᠨᠢ ᠠᠭᠤᠯᠠ ᠲᠤᠪᠤᠴᠠᠭ ᠭᠠᠵᠠᠷ ᠤᠯᠠᠨᠳᠠᠢ᠂ ᠬᠤᠳᠤᠭᠤᠷ ᠭᠠᠵᠠᠷ ᠬᠤᠯᠢᠯᠳᠤᠭᠰᠠᠨ ᠭᠠᠵᠠᠷ ᠤᠨ ᠪᠠᠶᠢᠴᠠ ᠲᠠᠢ ᠪᠠᠶᠢᠵᠤ᠂ ᠶᠡᠭᠡi ᠬᠢᠩᠭᠠᠨ ᠲᠠᠪᠠᠭ᠎ᠠ ᠪᠤᠯᠤᠨ ᠲᠠᠯᠠᠨ ᠬᠠᠷ᠎ᠠ ᠠᠭᠤᠯᠠ ᠶᠢᠨ ᠰᠤᠨᠵᠢᠷᠠᠯ ᠠᠭᠤᠯᠠ ᠨᠢᠷᠤᠭᠤ ᠪᠤᠯᠤᠨ᠎ᠠ᠃ ᠪᠠᠷᠠᠭᠤᠨ ᠬᠡᠰᠡᠭ᠂ ᠤᠮᠠᠷᠠᠳᠤ ᠬᠡᠰᠡᠭ ᠤᠨ ᠭᠠᠵᠠᠷ ᠤᠨ ᠪᠠᠶᠢᠴᠠ ᠨᠢ ᠲᠡᠭᠰᠢ᠂ ᠪᠤᠭᠤᠨᠢ ᠠᠭᠤᠯᠠ ᠲᠤᠪᠤᠴᠠᠭ ᠭᠠᠵᠠᠷ ᠪᠤᠯᠤᠨ ᠬᠠᠶᠢᠯᠤᠮᠠᠯ ᠴᠢᠯᠠᠭᠤᠯᠢᠭ ᠤᠨ ᠲᠡᠨᠵᠢ ᠠᠳᠡ ᠲᠡᠨᠳᠡ ᠲᠠᠷᠬᠠᠭᠰᠠᠨ ᠥᠨᠳᠦᠷᠯᠢᠭ ᠤᠨ ᠲᠠᠯ᠎ᠠ ᠭᠠᠵᠠᠷ ᠶᠤᠮ᠃ ᠡᠷᠭᠦᠭᠳᠡᠴᠡ ᠨᠢ 800 —᠎ 1800 ᠮᠧᠲᠷ ᠤᠨ ᠬᠤᠭᠤᠷᠤᠨᠳᠤ ᠪᠠᠶᠢᠵᠤ᠂ ᠬᠠᠮᠤᠭ ᠥᠨᠳᠥᠷ ᠤᠷᠭᠢᠯ ᠨᠢ ᠭᠥᠷᠥᠬᠡᠰᠥ ᠠᠭᠤᠯᠠᠨ ᠤᠷᠭᠢᠯ᠂ ᠡᠷᠭᠦᠭᠳᠡᠴᠡ ᠨᠢ 1957 ᠮᠧᠲᠷ᠃ ᠬᠤᠯᠠᠨ ᠰᠢᠷᠭ᠎ᠠ ᠲᠠᠭ᠎ᠠ ᠶᠢᠨ ᠡᠯᠡᠰᠥ ᠶᠢ ᠪᠠᠰᠠ ᠪᠠᠭ᠎ᠠ ᠲᠡᠭᠷᠢ ᠡᠯᠡᠰᠥ ᠬᠡᠳᠡᠭ᠂ ᠪᠠᠷᠠᠭᠤᠨ ᠬᠤᠶᠢᠳᠤ ᠠᠴᠠ ᠵᠡᠭᠦᠨ ᠡᠮᠤᠨᠡᠰᠢ ᠲᠤᠮᠳᠠ ᠬᠡᠰᠡᠭ ᠢ ᠰᠤᠨᠳᠠᠯᠠᠨ ᠥᠩᠭᠡᠷᠡᠵᠤ᠂ ᠵᠡᠭᠦᠨᠰᠢ ᠪᠠᠷᠠᠭᠤᠨᠰᠢ ᠪᠠᠷᠤᠭ 280 ᠺᠢᠯᠥᠮᠧᠲᠷ ᠤᠷᠳᠤ᠂ ᠡᠮᠥᠨᠡᠰᠢ ᠤᠮᠠᠷᠠᠰᠢ ᠪᠠᠷᠤᠭ 40 —100 ᠺᠢᠯᠥᠮᠧᠲᠷ ᠥᠷᠬᠡᠨ᠃ ᠵᠠᠷᠢᠮᠳᠤᠭ ᠲᠤᠭᠳᠠᠮᠠᠯ ᠡᠯᠡᠰᠤᠷᠬᠡᠭ ᠭᠠᠵᠠᠷ ᠲᠤ ᠬᠠᠷᠢᠶᠠᠯᠠᠭᠳᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号