ᠪᠠᠷᠠᠭᠤᠨ ᠦᠵᠦᠮᠦᠴᠢᠨ ᠬᠤᠰᠢᠭᠤᠨ ᠤ 9 ᠠᠵᠤ ᠠᠬᠤᠶᠢᠯᠠᠯ ᠬᠤᠯᠪᠤᠭᠠᠯᠠᠨ ᠬᠤᠷᠠᠭ᠎ᠠ ᠬᠤᠳᠠᠯᠳᠤᠨ ᠠᠪᠬᠤ ᠦᠨ᠎ᠡ ᠶᠢ ᠥᠰᠭᠡᠵᠦ ᠮᠠᠯᠴᠢᠳ ᠤᠨ ᠬᠦᠴᠢᠷᠳᠡᠯ ᠢ ᠰᠢᠢᠳᠪᠦᠷᠢᠯᠡᠵᠦ ᠪᠤᠢ
ᠨᠡᠶᠢᠲᠡᠯᠡᠭᠰᠡᠨ ᠴᠠᠭ᠄
2016-08-25
    ᠮᠠᠯ ᠤᠨ ᠦᠨ᠎ᠡ ᠬᠠᠨᠭ᠍ᠰᠢ ᠪᠠᠭᠤᠷᠠᠬᠰᠠᠨ ᠳᠡᠭᠡᠷ᠎ᠠ ᠭᠠᠨᠭ᠌ ᠭᠠᠮᠰᠢᠬ ᠪᠤᠯᠵᠦ ᠮᠠᠯᠴᠢᠳ ᠲᠤ ᠭᠦᠴᠢᠷᠳᠡᠯ ᠤᠴᠠᠷᠠᠭᠤᠯᠵᠤ ᠪᠠᠶᠢᠭ᠎ᠠ ᠪᠠᠶᠢᠳᠠᠯ ᠳᠤᠤᠷ᠎ᠠ ᠪᠠᠷᠠᠭᠤᠨ ᠦᠵᠦᠮᠦᠴᠢᠨ ᠬᠤᠰᠢᠭᠤᠨ ᠤ ᠨᠠᠮ ᠵᠠᠰᠠᠭ ᠪᠤᠯᠤᠨ ᠤᠯᠠᠭᠠᠨ ᠢᠳᠡᠭᠡᠨ ᠪᠤᠯᠪᠠᠰᠤᠷᠠᠭᠤᠯᠬᠤ ᠺᠤᠮᠫᠠᠨᠢ ᠶᠢᠨ ᠬᠢᠨ ᠵᠦᠢ ᠵᠤᠭᠢᠰᠳᠠᠢ ᠠᠷᠭ᠎ᠠ ᠭᠡᠮᠵᠢᠶ᠎ᠠ ᠠᠪᠴᠤ ᠮᠠᠯᠴᠢᠳ ᠤᠨ ᠭᠦᠴᠢᠷᠳᠡᠯ ᠢ ᠵᠤᠭᠢᠬᠤ ᠭᠡᠮᠵᠢᠶ᠎ᠡ ᠪᠠᠷ ᠰᠢᠢᠳᠪᠦᠷᠢᠯᠡᠨ ᠦᠭᠴᠤ ᠪᠤᠢ᠃ 8 ᠳ᠋ᠤᠭᠠᠷ ᠰᠠᠷ᠎ᠠ ᠶᠢᠨ 19᠎ ᠤ ᠡᠳᠤᠷ ᠪᠠᠷᠠᠭᠤᠨ ᠦᠵᠦᠮᠦᠴᠢᠨ ᠬᠤᠰᠢᠭᠤᠨ ᠤ ᠤᠯᠠᠭᠠᠨ ᠢᠳᠡᠭᠡᠨ ᠡᠳ᠋ᠰᠢᠭᠦᠯᠦᠨ ᠪᠤᠯᠪᠠᠰᠤᠷᠠᠭᠤᠯᠬᠤ 9 ᠠᠵᠤ ᠠᠬᠤᠢᠢᠯᠠᠯ ᠬᠤᠯᠪᠤᠭᠠᠯᠠᠨ ᠢᠯᠡᠷᠭᠡᠶᠢᠯᠡᠯᠳᠡ ᠨᠡᠶᠢᠳᠡᠯᠡᠵᠤ᠂ ᠤᠤᠯ ᠨᠢ ᠬᠤᠷᠠᠭᠠᠨ ᠤ ᠭᠡᠨᠭᠭᠦᠳᠡᠭ ᠢ ᠵᠢᠩ ᠪᠦᠷᠢ ᠳᠡᠭᠡᠨ 14 ᠲᠦᠭᠦᠷᠢᠭ ᠢᠶᠠᠷ ᠠᠪᠴᠤ ᠪᠠᠶᠢᠬᠰᠠᠨ ᠢᠶᠠᠨ 8 ᠳ᠋ᠤᠭᠠᠷ ᠰᠠᠷ᠎ᠠ ᠶᠢᠨ 19᠎ ᠤ ᠡᠳᠤᠷ ᠠᠴᠠ ᠡᠭᠢᠯᠡᠨ ᠵᠢᠩ ᠪᠦᠷᠢ ᠳᠡᠭᠡᠨ 15 ᠲᠦᠭᠦᠷᠢᠭ ᠢᠶᠠᠷ ᠬᠤᠷᠢᠶᠠᠨ ᠠᠪᠬᠤ ᠪᠤᠯᠪᠠ᠃       ᠳᠤᠰ ᠬᠤᠰᠢᠭᠤᠨ ᠤ ︽ᠴᠢᠨ ᠯᠢᠤᠢ︾ ᠤᠯᠠᠭᠠᠨ ᠢᠳᠡᠭᠡᠨ ᠤ ᠺᠤᠮᠫᠠᠨᠢ ᠶᠢᠨ ᠳᠠᠭᠠᠭᠠᠮᠠᠯ ᠯᠢ ᠯᠢᠶᠠᠨ ᠵᠦᠩ ᠰᠤᠷᠪᠤᠯᠵᠢᠯᠠᠭᠴᠢ ᠳᠤ᠄ ︽ᠡᠨᠡ ᠵᠢᠯ ᠤᠨ ᠵᠠᠬ᠎ᠠ ᠳᠡᠯᠭᠡᠭᠦᠷ ᠤᠨ ᠪᠠᠶᠢᠳᠠᠯ ᠠᠴᠠ ᠦᠵᠡᠪᠡᠯ᠂ ᠬᠤᠨᠢᠨ ᠤ ᠦᠨ᠎ᠡ ᠨᠡᠶᠢᠳᠡᠮ ᠳᠡᠭᠡᠨ ᠪᠦᠷ ᠳᠤᠤᠷ᠎ᠠ ᠪᠠᠶᠢᠨ᠎ᠠ᠃ ᠡᠨᠡ ᠨᠢ ᠮᠠᠯᠴᠢᠳ ᠤᠨ ᠬᠤᠨᠢ ᠬᠤᠷᠠᠭ᠎ᠠ ᠪᠠᠨ ᠪᠤᠷᠤᠯᠠᠭᠤᠯᠬᠤ ᠳᠤ ᠭᠦᠴᠢᠷᠳᠡᠯ ᠤᠴᠠᠷᠠᠭᠤᠯᠤᠬᠰᠠᠨ ᠢᠶᠠᠷ ᠪᠠᠷᠠᠬᠤ ᠦᠭᠡᠢ᠂ ᠮᠦᠨ ᠴᠤ ᠤᠯᠠᠭᠠᠨ ᠢᠳᠡᠭᠡᠨ ᠡᠳ᠋ᠰᠢᠭᠦᠯᠦᠨ ᠪᠤᠯᠪᠠᠰᠤᠷᠠᠭᠤᠯᠬᠤ ᠠᠵᠤ ᠠᠬᠤᠢᠢᠯᠠᠯ ᠳᠤ ᠭᠦᠴᠢᠷᠳᠡᠯ ᠤᠴᠠᠷᠠᠭᠤᠯᠤᠬᠰᠠᠨ ᠶᠤᠮ᠃ ᠡᠬᠦᠨ ᠤ ᠳᠡᠭᠡᠷ᠎ᠡ ᠪᠠᠷᠠᠭᠤᠨ ᠦᠵᠦᠮᠦᠴᠢᠨ ᠬᠤᠰᠢᠭᠤᠨ ᠳᠤ ᠭᠠᠩ ᠭᠠᠴᠢᠬ ᠦᠷᠭᠦᠯᠵᠢᠯᠡᠭᠰᠡᠨ ᠠᠴᠠ ᠮᠠᠯᠴᠢᠳ ᠤᠨ ᠳᠠᠷᠤᠭᠠᠰᠤ ᠶᠢ ᠨᠡᠩ ᠭᠦᠨᠳᠦᠷᠡᠭᠦᠯᠪᠡ᠃ ᠪᠢᠳᠡ ᠡᠨᠡ ᠨᠤᠳᠤᠭ ᠲᠤ ᠰᠠᠭᠤᠷᠢᠰᠢᠬᠰᠠᠨ ᠠᠵᠤ ᠠᠬᠤᠢᠢᠯᠠᠯ ᠪᠤᠯᠤᠬᠰᠠᠨ ᠤ ᠬᠤᠪᠢ ᠳᠤ ᠳᠤᠰ ᠨᠤᠳᠤᠭ ᠤᠨ ᠮᠠᠯᠴᠢᠳ ᠲᠤ ᠪᠠᠭ᠎ᠠ ᠴᠤ ᠭᠡᠰᠡᠨ ᠳᠤᠰᠠ ᠳᠡᠮᠵᠢᠯᠭᠡ ᠦᠵᠡᠭᠦᠯᠭᠦ ᠶᠢᠨ ᠳᠤᠰᠠᠳᠠ ᠦᠪᠡᠷ ᠤᠨ ᠠᠰᠢᠬ ᠳᠤᠰᠠ ᠪᠠᠨ ᠬᠤᠭᠢᠷᠠᠭᠤᠯᠵᠤ ᠪᠠᠶᠢᠭᠠᠳ ᠬᠤᠷᠠᠭ᠎ᠠ ᠬᠤᠳᠠᠯᠳᠤᠨ ᠠᠪᠬᠤ ᠦᠨ᠎ᠡ ᠪᠠᠨ ᠵᠢᠩ ᠪᠦᠷᠢ ᠳᠤ ᠨᠢᠭᠡ ᠲᠦᠭᠦᠷᠢᠭ ᠦᠰᠬᠡᠭᠦ ᠪᠠᠷ ᠳᠤᠬᠳᠠᠬᠰᠠᠨ ᠶᠤᠮ︾ ᠭᠡᠮᠡᠨ ᠶᠠᠷᠢᠯ᠎ᠠ᠃       ᠰᠤᠷᠪᠤᠯᠵᠢᠯᠠᠭᠴᠢ ᠳᠤᠰ ᠬᠤᠰᠢᠭᠤᠨ ᠤ ︽ᠴᠢᠨ ᠶᠤᠸᠠᠨ︾ ᠤᠯᠠᠭᠠᠨ ᠢᠳᠡᠭᠡᠨ ᠡᠳ᠋ᠰᠢᠭᠦᠯᠦᠨ ᠪᠤᠯᠪᠠᠰᠤᠷᠠᠭᠤᠯᠬᠤ ᠠᠵᠤ ᠠᠬᠤᠢᠢᠯᠠᠯ ᠳᠤ ᠭᠦᠷᠭᠦ ᠳᠤ ᠪᠠᠰᠠ ᠶᠠᠭ ᠮᠠᠯᠴᠢᠳ ᠤᠨ ᠳᠡᠭᠡᠭᠡᠵᠤ ᠢᠷᠡᠭᠰᠡᠨ ᠬᠤᠷᠠᠭ᠎ᠠ ᠶᠢ ᠠᠯᠠᠵᠤ ᠨᠢᠳᠤᠯᠤᠨ ᠶᠠᠭᠠᠷᠠᠯᠳᠤᠵᠤ ᠪᠠᠶᠢᠯ᠎ᠠ᠃ ︽ᠮᠠᠨ ᠤ ᠺᠤᠮᠫᠠᠨᠢ ᠡᠳᠤᠷ ᠲᠤ 1050 — 1100 ᠬᠤᠷᠠᠭ᠎ᠠ ᠠᠯᠠᠵᠤ ᠨᠢᠳᠤᠯᠵᠤ ᠪᠠᠶᠢᠨ᠎ᠠ᠃ ᠤᠢᠢᠷ᠎ᠠ ᠳᠤ ᠬᠤᠷᠠᠭ᠎ᠠ ᠪᠠᠨ ᠬᠤᠳᠠᠯᠳᠤᠬᠤ ᠪᠠᠷ ᠢᠷᠡᠵᠤ ᠪᠠᠶᠢᠭ᠎ᠠ ᠮᠠᠯᠴᠢᠳ ᠴᠤ ᠤᠯᠠᠨ᠃ ᠰᠤᠮᠤ ᠪᠠᠯᠭᠠᠰᠤ ᠪᠤᠯᠤᠨ ᠡᠯ᠎ᠡ ᠨᠡᠶᠢᠭᠡᠮᠯᠢᠭ ᠤᠨ ᠬᠢᠨ ᠮᠠᠯᠴᠢᠳ ᠢᠶᠠᠨ ᠰᠠᠶᠢᠳᠤᠷ ᠵᠤᠭᠢᠶᠠᠨ ᠪᠠᠶᠢᠭᠤᠯᠤᠨ ᠳᠤᠭᠢᠷᠠᠭᠤᠯᠵᠤ ᠪᠠᠶᠢᠭ᠎ᠠ ᠪᠤᠯᠬᠤᠷ ᠮᠠᠯᠴᠢᠳ ᠬᠤᠷᠠᠭ᠎ᠠ ᠪᠠᠨ ᠳᠡᠭᠡᠭᠡᠵᠤ ᠢᠷᠡᠭᠡᠳ ᠭᠤᠷᠪᠠᠨ ᠡᠳᠤᠷ ᠠᠴᠠ ᠢᠯᠡᠭᠦᠦ ᠭᠦᠯᠢᠶᠡᠭᠦ ᠶᠠᠪᠤᠳᠠᠯ ᠭᠠᠷᠤᠬᠰᠠᠨ ᠦᠭᠡᠢ︾ ᠭᠡᠮᠡᠨ ᠳᠤᠰ ᠺᠤᠮᠫᠠᠨᠢ ᠶᠢᠨ ᠬᠠᠷᠢᠭᠤᠴᠠᠯᠭᠠᠳᠠᠨ ᠠᠴᠠ ᠶᠠᠷᠢᠨ᠎ᠠ᠃ ᠪᠢᠳᠡ ᠳᠤᠰ ᠺᠤᠮᠫᠠᠨᠢ ᠠᠴᠠ ᠭᠠᠷᠴᠤ ᠢᠷᠡᠭᠡᠳ ᠬᠤᠷᠠᠭ᠎ᠠ ᠪᠠᠨ ᠬᠤᠳᠠᠯᠳᠤᠬᠤ ᠪᠠᠷ ᠭᠦᠯᠢᠶᠡᠵᠤ ᠪᠠᠶᠢᠬᠰᠠᠨ ᠪᠠᠶᠠᠨᠬᠤᠰᠢᠭᠤ ᠰᠤᠮᠤᠨ ᠤ ᠤᠨᠳᠤᠷᠠᠢ ᠭᠠᠴᠠᠭᠠᠨ ᠤ ᠮᠠᠯᠴᠢᠨ ᠰᠤᠳᠤ ᠲᠠᠢ ᠠᠭᠤᠯᠵᠠᠨ ᠶᠠᠷᠢᠯᠴᠠᠬᠤ ᠳᠤ ᠳᠡᠷᠡ᠄ ︽ᠪᠢ ᠬᠤᠷᠠᠭ᠎ᠠ ᠪᠠᠨ ᠤᠯᠠᠭᠠᠨ ᠢᠳᠡᠭᠡᠨ ᠤ ᠭᠠᠵᠠᠷ ᠲᠤ ᠬᠤᠳᠠᠯᠳᠤᠬᠤ ᠤᠤ︖ ᠭᠠᠳᠠᠨ᠎ᠠ ᠠᠴᠠ ᠪᠠᠨ ᠬᠤᠳᠠᠯᠳᠤᠬᠤ ᠤᠤ︖ ᠭᠡᠵᠤ ᠨᠡᠯᠢᠶᠡᠳ ᠳᠠᠳᠠᠭᠠᠯᠵᠠᠬᠰᠠᠨ ᠢᠶᠠᠨ ᠡᠴᠤᠰ ᠲᠡᠭᠡᠨ ᠤᠯᠠᠭᠠᠨ ᠢᠳᠡᠭᠡᠨ ᠤ ᠺᠤᠮᠫᠠᠨᠢ ᠳᠤ ᠬᠤᠳᠠᠯᠳᠤᠬᠤ ᠪᠠᠷ ᠳᠤᠬᠳᠠᠵᠤ᠂ ᠡᠨᠡ ᠦᠷᠯᠦᠭᠡ 100 ᠬᠤᠷᠠᠭ᠎ᠠ ᠳᠡᠭᠡᠭᠡᠵᠤ ᠢᠷᠡᠭᠰᠡᠨ᠃ ᠲᠦᠷᠦᠭᠦᠦ ᠭᠡᠳᠤᠨ ᠡᠳᠤᠷ ᠢᠶᠠᠨ ᠪᠤᠳᠤᠪᠠᠯ ᠭᠦᠮᠦᠨ ᠨᠡᠯᠢᠶᠡᠳ ᠴᠦᠭᠡᠷᠡᠴᠢᠭᠡᠵᠠᠢ᠂ ᠮᠠᠨ ᠤ ᠬᠢ ᠪᠠᠷᠤᠭ ᠮᠠᠷᠭᠠᠰᠢ ᠬᠤᠷᠠᠭ᠎ᠠ ᠪᠠᠨ ᠠᠯᠠᠵᠤ ᠨᠢᠳᠤᠯᠬᠤ ᠭᠠᠵᠠᠷ ᠤᠷᠤᠭᠤᠯᠴᠢᠬᠠᠨ᠎ᠠ᠃ ᠺᠤᠮᠫᠠᠨᠢ ᠠᠴᠠ ᠤᠰᠤ ᠬᠠᠨᠭ᠍ᠭᠠᠵᠤ᠂ ᠮᠠᠯ ᠠᠵᠤ ᠠᠬᠤᠢ ᠶᠢᠨ ᠳᠤᠪᠴᠢᠶᠠᠨ ᠠᠴᠠ ᠪᠠᠰᠠ ᠬᠤᠶᠠᠷ ᠪᠤᠭᠤᠯᠳᠠ ᠡᠪᠡᠰᠤ ᠦᠭᠭᠦᠭᠰᠡᠨ ᠪᠤᠯᠬᠤᠷ ᠨᠢᠭᠡ ᠡᠳᠤᠷ ᠭᠦᠯᠢᠶᠡᠭᠦ ᠳᠤ ᠳᠡᠮᠡᠢ ᠵᠤᠪᠠᠯᠳᠠ ᠦᠭᠡᠢ︾ ᠭᠡᠮᠡᠨ ᠶᠠᠷᠢᠵᠤ ᠪᠠᠶᠢᠯ᠎ᠠ᠃       ᠬᠤᠷᠠᠭᠠᠨ ᠤ ᠦᠨ᠎ᠡ ᠦᠰᠦᠯ᠎ᠡ ᠭᠡᠳᠡᠭ ᠴᠢᠮᠡᠭᠡ ᠶᠢ ᠰᠤᠨᠤᠰᠤᠭᠠᠳ ᠬᠤᠷᠠᠭ᠎ᠠ ᠪᠠᠨ ᠬᠤᠳᠠᠯᠳᠤᠬᠤ ᠪᠠᠷ ᠢᠷᠡᠭᠰᠡᠨ ᠮᠠᠯᠴᠢᠳ ᠴᠤ ᠪᠠᠶᠠᠷᠯᠠᠵᠤ ᠪᠠᠶᠢᠯ᠎ᠠ᠃ ︽ᠪᠢ ᠦᠴᠦᠭᠡᠳᠤᠷ ᠬᠤᠷᠠᠭ᠎ᠠ ᠪᠠᠨ ᠳᠡᠭᠡᠭᠡᠵᠤ ᠢᠷᠡᠭᠦ ᠳᠤ ᠬᠤᠷᠠᠭᠠᠨ ᠤ ᠭᠡᠨᠭᠭᠦᠳᠡᠭ ᠵᠢᠩ ᠪᠦᠷᠢ ᠳᠡᠭᠡᠨ 13. 5 ᠲᠦᠭᠦᠷᠢᠭ ᠭᠡᠵᠤ ᠪᠠᠶᠢᠬᠰᠠᠨ ᠶᠤᠮ᠃ ᠬᠠᠷᠢᠨ ᠡᠨᠡ ᠦᠷᠯᠦᠭᠡ 15 ᠲᠦᠭᠦᠷᠢᠭ ᠪᠤᠯᠵᠤ ᠦᠰᠴᠢᠭᠡᠯ᠎ᠡ᠃ ᠨᠠᠮ ᠵᠠᠰᠠᠭ ᠠᠴᠠ ᠪᠢᠳᠡᠨ ᠢ ᠬᠠᠪᠰᠤᠷᠴᠤ ᠪᠢᠳᠡᠨ ᠤ ᠭᠦᠴᠢᠷᠳᠡᠯ ᠢ ᠰᠢᠢᠳᠪᠦᠷᠢᠯᠡᠵᠤ ᠪᠠᠶᠢᠭ᠎ᠠ ᠳᠤ ᠳᠤᠩ ᠪᠠᠶᠠᠷᠯᠠᠵᠤ ᠪᠠᠶᠢᠨ᠎ᠠ᠃ ᠪᠢ 200 ᠬᠤᠷᠠᠭ᠎ᠠ ᠳᠡᠭᠡᠭᠡᠵᠤ ᠢᠷᠡᠭᠰᠡᠨ᠂ ᠦᠨ᠎ᠡ ᠨᠢ ᠦᠰᠦᠭᠰᠡᠨ ᠪᠤᠯᠬᠤᠷ ᠪᠠᠷᠤᠭ 6000 ᠲᠦᠭᠦᠷᠢᠭ ᠢᠯᠡᠭᠦᠦ ᠬᠤᠳᠠᠯᠳᠤᠵᠤ ᠳᠡᠶᠢᠯᠤᠨ᠎ᠡ᠃ ᠡᠨᠡᠭᠦ ᠵᠤᠭᠤᠰ ᠢᠶᠠᠷ ᠢᠶᠠᠨ ᠪᠠᠰᠠ ᠨᠢᠭᠡ ᠭᠡᠰᠡᠭ ᠡᠪᠡᠰᠤ ᠪᠤᠷᠳᠤᠭ᠎ᠠ ᠠᠪᠬᠤ ᠵᠠᠷᠤᠳᠠᠯ ᠢᠶᠠᠨ ᠰᠢᠢᠳᠪᠦᠷᠢᠯᠡᠴᠢᠭᠡᠨ᠎ᠡ︾ ᠭᠡᠮᠡᠨ ᠤᠯᠠᠭᠠᠨᠬᠠᠭᠠᠯᠭ᠎ᠠ ᠰᠤᠮᠤᠨ ᠤ ᠪᠠᠶᠠᠨᠴᠠᠶᠢᠳᠠᠮ ᠭᠠᠴᠠᠭᠠᠨ ᠤ ᠮᠠᠯᠴᠢᠨ ᠲᠦᠭᠡᠮᠡᠯ ᠪᠠᠶᠠᠷᠳᠠᠶᠢᠬᠠᠨ ᠶᠠᠷᠢᠵᠤ ᠪᠢᠯᠡ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号