ᠰᠢᠯᠢ ᠶᠢᠨ ᠭᠤᠤᠯ ᠤᠨ ᠶᠢᠰᠥᠲᠥᠭᠡᠷ ᠤᠲᠠᠭᠠᠨ ᠤ 1024 ᠪᠥᠭᠡ ᠶᠢᠨ ᠶᠡᠭᠡ ᠨᠠᠶᠢᠷ ᠪᠤᠶᠤ ᠠᠯᠲᠠᠨᠰᠦ᠋ᠭᠡ  ᠶᠢᠨ ᠭᠠᠶᠢᠬᠠᠮᠰᠢᠬᠲᠤ ᠪᠠᠷᠢᠯᠲᠤᠭᠠᠨ
ᠨᠡᠶᠢᠲᠡᠯᠡᠭᠰᠡᠨ ᠴᠠᠭ᠄
2016/7/25
  7 ᠰᠠᠷ᠎ᠠ ᠶᠢᠨ ᠠᠯᠳᠠᠩᠬᠸ᠎ᠠ ᠶᠢᠨ ᠳᠠᠯ᠎ᠠ ᠳᠤ ᠨᠤᠮᠢᠨ ᠨᠤᠭᠤᠭᠠᠨ ᠳᠠᠪᠠᠯᠭᠠᠨ ᠦᠶᠡᠯᠵᠡᠵᠤ᠂ ᠮᠠᠯ ᠤᠨ ᠵᠤ ᠨᠢᠷᠤᠭᠤ  ᠳᠠᠨᠢᠢᠨ᠂ ᠮᠠᠯᠴᠢᠨ ᠠᠷᠠᠳ ᠤᠨ ᠰᠡᠳᠭᠢᠯ ᠪᠠᠶᠠᠰᠤᠭᠰᠠᠨ ᠡᠨᠡ ᠰᠠᠶᠢᠬᠠᠨ ᠮᠦᠴᠡ ᠳᠤ ᠶᠤᠸᠠᠨ ᠤ ᠳᠡᠭᠡᠳᠤ ᠨᠠᠶᠢᠰᠯᠠᠯ ᠤᠨ  ᠭᠤᠷᠪᠠᠳᠤᠭᠠᠷ ᠬᠤᠭᠤᠴᠠᠭᠠᠨ ᠤ ᠰᠤᠶᠤᠯ ᠵᠢᠭᠤᠯᠴᠢᠯᠠᠯ ᠤᠨ ᠨᠠᠶᠢᠷ ᠵᠢᠴᠢ ᠰᠢᠯᠤᠭᠤᠨ ᠭᠦᠭᠡ ᠬᠤᠰᠢᠭᠤᠨ ᠤ ᠠᠷᠪᠠᠨ  ᠲᠦᠷᠪᠡᠳᠤᠭᠡᠷ ᠬᠤᠭᠤᠴᠠᠭᠠᠨ ᠤ ᠨᠠᠭᠠᠳᠤᠮ ᠤᠨ ᠶᠡᠭᠡ ᠬᠤᠷᠠᠯ ᠦᠯᠵᠠᠶᠢᠳᠠᠢ ᠰᠠᠶᠢᠬᠠᠨ ᠶᠠᠪᠤᠭᠳᠠᠵᠤ᠂ ᠨᠠᠶᠢᠷ ᠲᠠᠭᠠᠨ  ᠮᠢᠩᠭᠠᠨ ᠪᠦᠭᠡ ᠳᠠᠪᠢᠭᠦᠯᠦᠯ᠎ᠡ᠃ ᠡᠨᠡ ᠨᠢ ᠮᠠᠨ ᠤ ᠠᠶᠢᠮᠠᠭ ᠲᠤ ᠪᠤᠯᠵᠤ ᠪᠠᠶᠢᠭ᠎ᠠ ᠶᠢᠰᠦᠳᠦᠭᠡᠷ ᠤᠳᠠᠭᠠᠨ ᠤ 1024 ᠪᠦᠭᠡ   ᠲᠠᠢ ᠨᠠᠶᠢᠷ ᠪᠤᠯᠤᠯ᠎ᠠ᠃    ᠨᠠᠶᠢᠷ ᠤᠨ ᠪᠦᠭᠡᠴᠦᠳ ᠤᠨ ᠳᠤᠬᠠᠢ ᠵᠤᠭᠤᠭ ᠳᠡᠯᠭᠡᠭᠦ ᠳᠤ       1024 ᠪᠦᠭᠡ ᠲᠠᠢ ᠶᠡᠭᠡ ᠨᠠᠶᠢᠷ ᠭᠢᠭᠦ ᠭᠡᠰᠡᠨ ᠴᠢᠮᠡᠭᠡ ᠪᠠᠷ ᠭᠠᠵᠠᠷ ᠭᠠᠵᠠᠷ ᠤᠨ ᠰᠠᠶᠢᠨ ᠰᠠᠶᠢᠨ ᠪᠦᠭᠡᠴᠦᠳ  ᠴᠤᠭᠯᠠᠷᠠᠬᠤ ᠨᠢ ᠶᠠᠷᠢᠶᠠᠨ ᠦᠭᠡᠢ᠃ ᠨᠠᠶᠢᠷ ᠡᠭᠢᠯᠡᠭᠦ ᠶᠢᠨ ᠲᠦᠷᠦᠭᠦᠦ ᠤᠷᠤᠢ᠂ ᠳᠠᠷᠤᠢ 7 ᠰᠠᠷ᠎ᠠ ᠶᠢᠨ 17 ᠤ ᠤᠷᠤᠢ  ᠰᠢᠯᠤᠭᠤᠨ ᠭᠦᠭᠡ ᠬᠤᠰᠢᠭᠤᠨ ᠤ ᠠᠪᠤᠷᠭᠤ ᠪᠦᠭᠡᠴᠢᠨ ᠬᠤᠤᠰᠪᠠᠶᠠᠷ ᠲᠠᠢ ᠠᠭᠤᠯᠵᠠᠨ ᠠᠯᠢ ᠭᠠᠵᠠᠷ ᠤᠨ ᠪᠦᠭᠡᠴᠦᠳ  ᠢᠷᠡᠭᠡᠳ ᠪᠠᠶᠢᠬᠤ ᠳᠤᠬᠠᠢ ᠰᠤᠷᠠᠬᠤ ᠳᠤ ︽ᠰᠠᠶ᠋ᠢᠬᠠᠨ ᠪᠠᠷᠠᠭᠤᠨ ᠦᠵᠦᠮᠦᠴᠢᠨ ᠬᠤᠰᠢᠭᠤᠨ ᠤ ᠤᠶᠤᠨᠪᠠᠳᠤ ᠤᠳᠠᠰᠤ ᠢᠷᠡᠭᠦᠯᠵᠤ᠂ ᠮᠠᠷᠭᠠᠰᠢ ᠦᠳᠡ ᠶᠢᠨ ᠬᠤᠶᠢᠨ᠎ᠠ ᠮᠢ᠊ · ᠰᠤᠶᠤᠯ᠂ ᠦᠯᠵᠠᠶᠢᠳᠠᠯᠠᠢ ᠨᠠᠷ ᠲᠠᠢ ᠬᠠᠮᠳᠤ ᠢᠷᠡᠨ᠎ᠡ ᠭᠡᠵᠤ  ᠪᠠᠶᠢᠬᠰᠠᠨ᠃ ᠮᠤᠩᠭᠤᠯ ᠤᠯᠤᠰ ᠤᠨ ᠲᠦᠷᠪᠡᠨ ᠪᠦᠭᠡ ᠵᠡᠭᠦᠨ ᠰᠦᠨᠢᠳ ᠤᠨ ᠤᠳᠤᠰᠤᠳᠤ  ᠶᠢᠨ ᠬᠠᠮᠳᠤ ᠨᠠᠰᠢ ᠢᠷᠡᠵᠤ  ᠶᠠᠪᠤᠭ᠎ᠠ ᠰᠤᠷᠠᠭ ᠲᠠᠢ︾ ᠭᠡᠵᠤ ᠶᠠᠷᠢᠵᠤ ᠪᠢᠯᠡ᠃ 18 ᠤ ᠡᠳᠤᠷ ᠤᠨ ᠡᠭᠢᠯᠡᠯᠳᠡ ᠶᠢᠨ ᠶᠤᠰᠤᠯᠠᠯ ᠳᠠᠭᠤᠰᠤᠭᠰᠠᠨ ᠤ ᠳᠠᠷᠠᠭ᠎ᠠ ᠪᠦᠭᠡ ᠶᠢᠨ ᠪᠠᠷᠢᠯᠳᠤᠭᠠᠨ ᠴᠤ ᠵᠤᠷᠰᠢᠯ ᠶᠤᠰᠤᠭᠠᠷ ᠢᠶᠠᠨ ᠡᠭᠢᠯᠡᠭᠦ ᠳᠤ ᠨᠠᠶᠢᠷ ᠤᠨ ᠳᠠᠯᠠᠪᠠᠢ ᠳᠤ ᠤᠯᠤᠰ ᠤᠨ  ᠠᠪᠤᠷᠭᠤ ᠳᠠᠮᠤᠷ᠂ ᠮᠢ᠊ · ᠰᠤᠶᠤᠯ ᠵᠢᠴᠢ ᠰᠢᠯᠤᠭᠤᠨ ᠬᠦᠪᠡᠭᠡᠳᠦ ᠴᠠᠭᠠᠨ ᠬᠤᠰᠢᠭᠤ᠂ ᠭᠦᠪᠡᠭᠡᠳᠤ ᠰᠢᠷ᠎ᠠ ᠬᠤᠰᠢᠭᠤᠨ ᠤ  ᠴᠤᠭᠮᠠᠨᠳᠠ᠂ ᠨᠠᠰᠤᠨᠴᠤᠭᠳᠤ᠂ ᠪᠠᠳᠤᠳᠤᠩᠭᠠᠯᠠᠭ ᠵᠡᠷᠭᠡ ᠪᠦᠭᠡᠴᠦᠳ ᠢᠷᠡᠭᠰᠡᠨ ᠬᠠᠷᠠᠭᠳᠠᠵᠤ ᠪᠢᠯᠡ᠃      ᠨᠠᠶᠢᠷ ᠤᠨ ᠬᠤᠶᠠᠳᠤᠭᠠᠷ ᠡᠳᠤᠷ ᠪᠦᠭᠡᠴᠦᠳ ᠤᠨ ᠭᠠᠷᠤᠭᠠᠨ ᠤ ᠭᠠᠵᠠᠷ ᠭᠦᠷᠭᠦ ᠳᠤ ᠵᠡᠭᠦᠨ ᠦᠵᠦᠮᠦᠴᠢᠨ  ᠬᠤᠰᠢᠭᠤᠨ ᠤ ᠠᠪᠤᠷᠭᠤ ᠪᠠᠶᠠᠷᠪᠠᠭᠠᠳᠤᠷ᠂ ᠪᠠᠶᠠᠨᠵᠢᠷᠭᠠᠯ᠂ ᠪᠠᠭᠠᠨ᠎ᠠ᠂ ᠳᠤᠷᠵᠢᠪᠠᠳᠤ᠂ ᠪᠠᠳᠤᠵᠢᠷᠭᠠᠯ᠂ ᠠᠪᠠᠭ᠎ᠠ  ᠬᠤᠰᠢᠭᠤᠨ ᠤ ᠵᠠᠶᠠᠭ᠎ᠠ ᠨᠠᠷ ᠢᠷᠡᠴᠢᠭᠡᠭᠰᠡᠨ ᠵᠤᠭᠤᠭ ᠳᠡᠯᠭᠡᠨ ᠰᠠᠭᠤᠵᠤ ᠪᠠᠶᠢᠯ᠎ᠠ᠃ ᠳᠡᠳᠡᠨ ᠤ ᠵᠤᠭᠤᠭ ᠤᠨ ᠳᠤᠮᠳᠠ  ᠠᠴᠠ  ᠤᠯᠠᠭᠠᠨᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠰᠠᠷᠠᠨᠮᠠᠨᠳᠤᠯ᠎ᠠ᠂ ᠪᠠᠭᠠᠷᠢᠨ ᠵᠡᠭᠦᠨ ᠬᠤᠰᠢᠭᠤᠨ ᠤ ᠠᠯᠳᠠᠨᠰᠦ᠋ᠭᠡ  ᠂ ᠪᠠᠭᠠᠷᠢᠨ ᠪᠠᠷᠠᠭᠤᠨ ᠬᠤᠰᠢᠭᠤᠨ ᠤ ᠭᠡᠭᠡᠷᠡᠭᠦ᠂ ᠲᠢᠶᠠᠨ ᠼᠠᠩ ᠨᠠᠷ ᠵᠢᠴᠢ ᠭᠦᠯᠦᠨ ᠪᠤᠶᠢᠷ ᠬᠤᠳᠠ ᠠᠴᠠ ᠰᠢᠨ᠎ᠡ ᠪᠠᠷ  ᠴᠤᠯᠭᠤᠷᠠᠵᠤ ᠪᠠᠶᠢᠭ᠎ᠠ ᠢᠳᠡᠷ᠂ ᠴᠢᠨᠳᠠᠮᠤᠨᠢ ᠵᠡᠷᠭᠡ ᠪᠦᠭᠡᠴᠦᠳ ᠴᠤ ᠢᠷᠡᠭᠰᠡᠨ ᠰᠠᠶᠢᠬᠠᠨ ᠴᠢᠮᠡᠭᠡ ᠳᠤᠭᠤᠯᠳᠠᠵᠤ᠂ ᠡᠨᠡ  ᠨᠠᠶᠢᠷ ᠴᠤ ᠭᠠᠵᠠᠷ ᠭᠠᠵᠠᠷ ᠤᠨ ᠰᠠᠶᠢᠨ ᠪᠦᠭᠡᠴᠦᠳ ᠴᠤᠭᠯᠠᠷᠠᠭᠰᠠᠨ ᠳᠠᠯᠠᠢ ᠶᠡᠭᠡ ᠨᠠᠶᠢᠷ ᠪᠤᠯᠬᠤ ᠶᠤᠮ ᠪᠠᠶᠢᠨ᠎ᠠ ᠭᠡᠳᠡᠭ  ᠪᠤᠳᠤᠯ ᠡᠷᠭᠡ ᠦᠭᠡᠢ ᠲᠦᠷᠦᠭᠳᠡᠵᠤ ᠪᠢᠯᠡ᠃ ᠭᠡᠳᠡᠯ᠎ᠡ ᠰᠠᠨᠠᠭᠠᠨ ᠠᠴᠠ ᠭᠠᠳᠠᠭᠤᠷ ᠨᠢᠭᠡᠨ ᠶᠠᠪᠤᠳᠠᠯ ᠭᠠᠷᠤᠭᠰᠠᠨ ᠨᠢ  ᠨᠠᠶᠢᠷ ᠤᠨ ᠪᠦᠭᠡ ᠶᠢᠨ ᠭᠤᠷᠪᠠᠳᠤᠭᠠᠷ ᠨᠤᠭᠤᠯᠤᠭ᠎ᠠ ᠡᠭᠢᠯᠡᠭᠦ ᠳᠤ ᠤᠨᠤᠭ᠎ᠠ ᠪᠠᠨ ᠳᠠᠪᠠᠭᠰᠠᠨ ᠪᠠᠭᠠᠷᠢᠨ ᠪᠠᠷᠠᠭᠤᠨ ᠬᠤᠰᠢᠭᠤᠨ ᠤ ᠪᠦᠭᠡᠴᠦᠳ ᠵᠢᠴᠢ ᠵᠡᠭᠦᠨ ᠦᠵᠦᠮᠦᠴᠢᠨ ᠬᠤᠰᠢᠭᠤᠨ ᠤ ᠪᠠᠭᠠᠨ᠎ᠠ ᠨᠠᠷ ᠬᠠᠷᠢᠨ ᠪᠠᠷ᠎ᠠ ᠨᠢ ᠬᠠᠷᠠᠭᠳᠠᠭ᠎ᠠ  ᠦᠭᠡᠢ᠃ ᠨᠠᠷᠢᠨ ᠪᠠᠶᠢᠳᠠᠯ ᠢ ᠨᠢ ᠰᠤᠷᠠᠭᠯᠠᠬᠤ ᠳᠤ ︽ᠠᠪᠠᠭ᠎ᠠ ᠬᠤᠰᠢᠭᠤᠨ ᠳᠤ 18 ᠲᠦᠮᠡᠨ ᠲᠦᠭᠦᠷᠢᠭ ᠤᠨ ᠶᠡᠭᠡ  ᠱᠠᠩᠨᠠᠯ ᠲᠠᠢ ᠨᠠᠶᠢᠷ ᠪᠤᠯᠬᠤ ᠭᠡᠵᠤ ᠪᠠᠶᠢᠭ᠎ᠠ ᠳᠤᠯᠠ ᠳᠡᠳᠡ ᠠᠪᠠᠭ᠎ᠠ ᠨᠤᠳᠤᠭ ᠢ ᠵᠤᠷᠢᠵᠤ ᠶᠠᠪᠤᠭᠰᠠᠨ︾ ᠭᠡᠵᠤ ᠪᠠᠶᠢᠯ᠎ᠠ᠃  ᠭᠤᠷᠪᠠ ᠶᠢᠨ ᠳᠠᠪᠠᠭ᠎ᠠ ᠪᠠᠨ ᠢᠯᠭᠤᠮ ᠳᠠᠪᠠᠭᠰᠠᠨ ᠠᠷᠤ ᠬᠤᠷᠴᠢᠨ ᠬᠤᠰᠢᠭᠤᠨ ᠤ ᠰᠠᠷᠠᠨᠮᠠᠨᠳᠤᠯ᠎ᠠ ᠴᠤ ᠠᠪᠠᠭ᠎ᠠ ᠶᠢᠨ ᠨᠠᠶᠢᠷ   ᠲᠤ ᠶᠠᠪᠤᠬᠤ ᠭᠡᠮᠡᠨ ᠶᠠᠭᠠᠷᠠᠵᠤ ᠰᠢᠯᠤᠭᠤᠨ ᠭᠦᠭᠡ ᠬᠤᠰᠢᠭᠤᠨ ᠤ ᠪᠤᠯᠤᠳᠨ᠋ᠤᠷᠭᠢᠯ ᠳᠤ ᠪᠠᠭᠤᠵᠤ ᠦᠭᠬᠦᠯ᠎ᠠ᠃ ᠬᠤᠯᠠ ᠶᠢᠨ ᠨᠤᠳᠤᠭ ᠠᠴᠠ ᠪᠦᠭᠡᠴᠦᠳ ᠢᠷᠡᠨ᠎ᠡ ᠭᠡᠮᠡᠨ ᠪᠦᠭᠡ ᠪᠠᠨ ᠭᠦᠯᠢᠶᠡᠵᠤ ᠳᠡᠪᠢᠭᠦᠯᠦᠭᠰᠡᠨ ᠨᠤᠳᠤᠭ ᠤᠨ ᠭᠦᠮᠦᠰ ᠤᠨ ᠰᠠᠶᠢᠬᠠᠨ ᠰᠡᠳᠭᠢᠯ ᠤᠨ ᠬᠠᠷᠢᠭᠤ ᠳᠤ ᠨᠠᠶᠢᠷ ᠠᠴᠠ ᠨᠢ ᠳᠤᠳᠠᠭᠤ ᠳᠤᠷᠭᠤᠨ ᠪᠤᠴᠠᠭᠰᠠᠨ ᠤ ᠤᠴᠢᠷ ᠶᠠᠭᠤ ᠪᠤᠯᠪᠠ︖ ᠤᠳᠤ  ᠶᠢᠨ  ᠪᠦᠭᠡᠴᠦᠳ ᠵᠤᠭᠤᠰ ᠬᠠᠷᠠᠵᠤ ᠪᠠᠷᠢᠯᠳᠤᠳᠠᠭ ᠪᠤᠯᠪᠠ ᠤᠤ︖ 15  ᠲᠦᠮᠡᠨ ᠲᠦᠭᠦᠷᠢᠭ ᠤᠨ ᠦᠨᠡᠳᠡᠢ ᠮᠠᠰᠢᠨ ᠳᠡᠷᠭᠡ ᠢ ᠬᠤᠪᠢᠶᠠᠬᠤ ᠳᠤ ᠭᠦᠴᠢᠷ᠂ 18 ᠲᠦᠮᠡᠨ ᠲᠦᠭᠦᠷᠢᠭ ᠤᠨ ᠪᠡᠯᠡᠨ ᠮᠦᠡᠭᠭᠦ ᠶᠢ ᠬᠤᠪᠢᠶᠠᠬᠤ ᠳᠤ ᠭᠢᠯᠪᠠᠷ ᠭᠡᠵᠤ ᠪᠤᠳᠤᠭᠰᠠᠨ ᠴᠤ ᠪᠤᠯᠪᠠᠤ︖ ᠭᠡᠳᠡᠭ ᠳᠠᠭᠠᠮᠠᠭ ᠭᠦᠮᠦᠰ ᠤᠨ ᠳᠤᠮᠳᠠ ᠳᠠᠮᠵᠢᠬᠳᠠᠵᠤ᠂ ᠤᠳᠤ ᠶᠢᠨ ᠪᠦᠭᠡᠴᠦᠳ‌‍ᠤᠨ ᠪᠠᠷᠢᠯᠳᠤᠭᠠᠨ ᠨᠢ ᠳᠡᠭᠡᠭᠰᠢᠯᠡᠵᠤ ᠪᠠᠶᠢᠭ᠎ᠠ ᠪᠤᠯᠪᠠᠴᠤ ᠶᠤᠰᠤ ᠰᠤᠷᠳᠠᠬᠤᠨ ᠨᠢ  ᠮᠠᠰᠢ ᠳᠤᠤᠷ᠎ᠠ ᠪᠠᠶᠢᠨ᠎ᠠ ᠭᠡᠳᠡᠭ ᠦᠨᠡᠯᠡᠯᠳᠡ ᠴᠤ ᠪᠠᠶᠢᠷᠢ ᠠᠪᠴᠤ ᠪᠠᠶᠢᠯ᠎ᠠ᠃ ᠪᠦᠭᠡᠴᠦᠳ ᠤᠨ ᠶᠠᠪᠤᠭᠰᠠᠨ ᠴᠠᠭᠠᠳᠤ  ᠤᠴᠢᠷ ᠢ ᠪᠦᠭᠡᠴᠦᠳ ᠦᠪᠡᠰᠦᠪᠠᠨ ᠮᠡᠳᠡᠭᠦ ᠯᠡ ᠪᠠᠶᠢᠯᠭᠦᠢ᠂ ᠭᠡᠪᠡᠴᠤ ᠭᠦᠮᠦᠨ ᠤ ᠨᠠᠶᠢᠷ ᠢ ᠭᠤᠯᠤᠵᠤ ᠶᠠᠪᠤᠭᠰᠠᠨ ᠤ ᠤᠴᠢᠷ  ᠪᠦᠭᠡ ᠳᠡᠭᠡᠨ ᠬᠠᠶᠢᠷᠠᠳᠠᠢ ᠨᠤᠳᠤᠭ ᠤᠨ ᠭᠦᠮᠦᠰ ᠤᠨ ᠭᠡᠯᠡᠭᠦ ᠶᠢ ᠴᠤ ᠪᠤᠷᠤᠭᠤ ᠭᠡᠭᠦ ᠶᠢᠨ ᠠᠷᠭ᠎ᠠ ᠦᠭᠡᠢ᠃     ᠪᠠᠭᠠᠷᠢᠨ ᠭᠦᠦ ᠠᠯᠳᠠᠨᠰᠦ᠋ᠭᠡ ᠶᠢᠨ ᠭᠠᠶᠢᠬᠠᠮᠰᠢᠬᠳᠤ ᠪᠠᠷᠢᠯᠳᠤᠭᠠᠨ ᠤ ᠳᠤᠬᠠᠢ ᠶᠠᠷᠢᠬᠤ ᠳᠤ        ᠪᠦᠭᠡ ᠶᠢᠨ ᠪᠠᠷᠢᠯᠳᠤᠭᠠᠨ ᠬᠤᠶᠠᠷ ᠡᠷᠭᠢᠵᠤ 256 ᠪᠦᠭᠡ ᠦᠯᠡᠳᠡᠭᠦ ᠳᠤ ᠪᠦᠭᠡ ᠶᠢᠨ ᠤᠨᠤᠭ᠎ᠠ ᠴᠤ ᠴᠢᠩᠭᠠᠷᠠᠵᠤ  ᠢᠷᠡᠭᠰᠡᠨ᠃ ᠭᠤᠷᠪᠠᠳᠤᠭᠠᠷ ᠨᠤᠭᠤᠯᠤᠭᠠᠨ ᠳᠡᠭᠡᠷ᠎ᠡ ᠵᠡᠭᠦᠨ ᠦᠵᠦᠮᠦᠴᠢᠨ ᠬᠤᠰᠢᠭᠤᠨ‌‍ᠤ ᠰᠠᠶᠢᠨᠪᠠᠶᠠᠷ ᠪᠠᠭᠠᠷᠢᠨ ᠵᠡᠭᠦᠨ ᠬᠤᠰᠢᠭᠤᠨ ᠤ ᠠᠯᠳᠠᠨᠰᠦ᠋ᠭᠡ ᠲᠠᠢ᠂ ᠪᠠᠶᠠᠷᠪᠠᠭᠠᠳᠤᠷ ᠳᠡᠭᠦᠰ ᠲᠠᠢ᠂ ᠪᠠᠳᠤᠵᠢᠷᠭᠠᠯ ᠮᠤᠩᠭᠤᠯ ᠤᠯᠤᠰ ᠤᠨ ᠤᠯᠤᠰ ᠤᠨ  ᠨᠠᠴᠢᠨ ᠰᠤᠮᠢᠶᠠᠪᠠᠶᠢᠽᠢ ᠲᠠᠢ ᠤᠨᠤᠭ᠎ᠠ ᠳᠠᠭᠠᠷᠠᠭᠰᠠᠨ ᠢ ᠨᠡᠶᠢᠳᠡᠯᠡᠭᠦ ᠳᠤ ᠦᠵᠡᠭᠴᠢᠳ ᠤᠯᠠᠨ ᠤ ᠳᠤᠮᠳᠠ ᠱᠤᠤᠭᠢᠭᠠᠳ ᠶᠠᠪᠤᠴᠢᠬᠠᠯ᠎ᠠ᠃ ︽ᠭᠦᠭᠡᠷᠦᠭᠦᠢ᠂ ᠨᠠᠶᠢᠷ ᠲᠤ ᠮᠢᠨᠢ ᠴᠢᠮᠡᠭ ᠨᠡᠮᠡᠭᠦ ᠪᠠᠷ ᠢᠷᠡᠭᠰᠡᠨ ᠪᠦᠭᠡᠴᠦᠳ ᠢᠶᠠᠨ ᠡᠳᠤᠢ ᠡᠷᠳᠡ ᠠᠴᠠ  ᠡᠭᠢᠯᠡᠭᠡᠳ ᠬᠤᠭᠤᠷᠤᠨᠳᠤ ᠨᠢ ᠳᠤᠯᠭᠠᠭᠠᠳ ᠶᠠᠭᠠᠭᠢᠬᠤ ᠪᠤᠢ︖︾ ᠭᠡᠵᠤ ᠵᠠᠷᠢᠮ ᠨᠢᠭᠡ ᠨᠢ ᠪᠦᠭᠡᠴᠦᠳ ᠢᠶᠠᠨ ᠬᠠᠶᠢᠷᠠᠯᠠᠨ  ᠶᠠᠷᠢᠬᠤ ᠳᠤ ︽ᠤᠳᠤ ᠠᠴᠠ ᠡᠭᠢᠯᠡᠵᠤ ᠳᠤᠯᠭᠠᠬᠤ ᠦᠭᠡᠢ ᠪᠤᠯ ᠰᠡᠭᠦᠯ ᠳᠤ ᠬᠦᠴᠦᠷᠡᠬᠦ ᠦᠭᠡᠢ ᠪᠤᠯᠤᠨ᠎ᠠ ᠰᠢᠤ︾ ᠭᠡᠵᠤ  ᠨᠤᠳᠤᠭ ᠤᠨ ᠨᠡᠷ᠎ᠠ ᠪᠠᠨ ᠪᠤᠳᠤᠭᠰᠠᠨ ᠨᠢᠭᠡ ᠨᠢ ᠵᠦᠪᠳᠡᠭᠡᠨ᠎ᠡ᠃ ᠳᠤᠯᠤᠭᠠᠳ ᠢᠷᠡᠭᠰᠡᠨ ᠤᠴᠢᠷ ᠢ ᠳᠤᠯᠵᠤ ᠭᠠᠷᠬᠤ ᠶᠢᠨ  ᠤᠴᠢᠷ ᠪᠦᠭᠡᠴᠢᠳ ᠮᠢᠨᠢ ᠳᠠᠭᠠᠷᠠᠭᠰᠠᠨ ᠤᠨᠤᠭ᠎ᠠ ᠲᠠᠢ ᠪᠠᠨ ᠪᠠᠷᠢᠯᠳᠤᠨ ᠡᠭᠢᠯᠡᠪᠡ᠃ ᠠᠯᠳᠠᠨᠰᠦ᠋ᠭᠡ ᠰᠠᠶᠢᠨᠪᠠᠶᠠᠷ ᠢ ᠵᠡᠭᠦᠨ  ᠳᠠᠯ᠎ᠠ ᠶᠢᠨ ᠴᠤᠭᠢᠶ᠎ᠠ ᠪᠠᠷ ᠬᠠᠶᠠᠵᠤ ᠠᠩᠬᠠᠨ ᠤ ᠬᠠᠳᠠᠭᠤ ᠤᠨᠤᠭ᠎ᠠ ᠪᠠᠨ ᠳᠠᠪᠠᠯ᠎ᠠ᠃      ᠲᠦᠷᠪᠡᠳᠦᠭᠡᠷ ᠨᠤᠭᠤᠯᠤᠭᠠᠨ ᠳᠡᠭᠡᠷ᠎ᠡ ᠠᠯᠳᠠᠨᠰᠦ᠋ᠭᠡ ᠳᠤᠷᠵᠢᠪᠠᠳᠤ ᠲᠠᠢ ᠤᠨᠤᠭ᠎ᠠ ᠳᠠᠭᠠᠷᠠᠵᠤ ᠲᠦᠷᠪᠡᠯᠵᠢᠯᠡᠭᠰᠡᠨ  ᠪᠠᠷᠢᠴᠠᠨ ᠳᠡᠭᠡᠷ᠎ᠡ ᠳᠤᠷᠵᠢᠪᠠᠳᠤ ᠶᠢ ᠳᠠᠪᠠᠵᠤ ᠭᠠᠷᠬᠤ ᠳᠤ᠂ ᠪᠠᠶᠠᠨᠵᠢᠷᠭᠠᠯ ᠴᠤ ᠪᠠᠭᠰᠢ ᠮᠢ᠊ · ᠰᠤᠶᠤᠯ ᠢᠶᠠᠷ ᠢᠶᠠᠨ ᠲᠦᠷᠪᠡ   ᠶᠢᠨ ᠳᠠᠪᠠᠭ᠎ᠠ ᠪᠠᠨ ᠳᠠᠪᠠᠵᠤ ᠭᠠᠷᠤᠯ᠎ᠠ᠃ ᠳᠠᠪᠤᠳᠤᠭᠠᠷ ᠨᠤᠭᠤᠯᠤᠭ᠎ᠠ ᠪᠤᠯᠬᠤ ᠳᠤ ᠭᠠᠳᠠᠨ᠎ᠠ ᠶᠢᠨ ᠰᠠᠶᠢᠨ ᠰᠠᠶᠢᠨ ᠪᠦᠭᠡᠴᠦᠳ  ᠴᠤ ᠴᠦᠭᠡᠷᠡᠵᠤ ᠢᠷᠡᠭᠰᠡᠨ ᠠᠴᠠ ᠪᠠᠶᠠᠷᠪᠠᠭᠠᠳᠤᠷ ᠳᠠᠮᠤᠷ᠎ᠠ᠂ ᠤᠶᠤᠨᠪᠠᠳᠤ ᠪᠠᠶᠠᠨᠵᠢᠷᠭᠠᠯ᠂ ᠠᠯᠳᠠᠨᠰᠦ᠋ᠭᠡ ᠪᠠᠳᠤᠵᠢᠷᠭᠠᠯ  ᠬᠤᠭᠤᠷᠤᠨᠳᠤ ᠪᠠᠨ ᠤᠨᠤᠭ᠎ᠠ ᠳᠠᠭᠠᠷᠠᠬᠰᠠᠨ ᠠᠴᠠ ᠦᠵᠡᠭᠴᠢᠳ ᠤᠯᠠᠨ ᠮᠢᠨᠢ ᠳᠡᠷᠢᠭᠦᠨ ᠳᠡᠳ᠋ ᠤᠨ ᠪᠠᠷᠢᠯᠳᠤᠭᠠᠨ ᠰᠤᠨᠢᠷᠬᠠᠵᠤ ᠪᠠᠶᠢᠬᠤ ᠠᠴᠠ ᠢᠯᠡᠭᠦᠦ ᠠᠩᠬᠠᠷᠤᠯ ᠲᠦᠪᠯᠡᠷᠡᠭᠦᠯᠦᠨ ᠦᠵᠡᠵᠤ᠂ ᠦᠪᠡᠷ ᠤᠨ ᠳᠤᠭᠤᠳᠠᠭ ᠪᠦᠭᠡ ᠨᠢ ᠳᠠᠪᠠᠭ᠋ᠤ   ᠳᠤ ᠪᠠᠶᠠᠷᠯᠠᠨ᠂ ᠦᠪᠡᠷ ᠤᠨ ᠪᠠᠭ᠋ᠠᠷᠬᠠᠳᠠᠭ ᠪᠦᠭᠡ ᠨᠢ ᠳᠠᠩᠴᠢ ᠡᠷᠳᠡ ᠡᠪᠤᠳᠦᠭ ᠰᠢᠷᠦ᠋ᠢᠳᠠᠬᠤ ᠳᠤ ᠨᠢ ᠬᠠᠷᠠᠮᠰᠠᠨ ᠬᠠᠷᠠᠰᠠᠨ ᠨᠢᠯᠪᠤᠰᠤ ᠪᠦᠮᠪᠦᠷᠢᠭᠦᠯᠵᠤ ᠪᠠᠶᠢᠭ᠎ᠠ ᠨᠢ ᠴᠤ ᠪᠤᠢ᠃ ᠠᠯᠳᠠᠨᠰᠦ᠋ᠭᠡ ᠪᠠᠳᠤᠵᠢᠷᠭᠠᠯ ᠢ ᠠᠴᠢᠵᠤ ᠬᠠᠶᠠᠭᠠᠳ ᠳᠠᠪᠢᠵᠤ ᠭᠠᠷᠬᠤ   ᠳᠤ  ᠨᠢ ᠦᠵᠡᠭᠴᠢᠳ ᠤᠯᠠᠨ ︽ᠪᠠᠭᠠᠷᠢᠨ ᠤ ᠡᠨᠡ ᠵᠠᠯᠠᠭᠤ ᠪᠡᠶ᠎ᠡ ᠶᠢᠨ ᠭᠦᠷᠦᠩᠭᠡ ᠰᠠᠶᠢᠳᠠᠢ ᠮᠦᠷᠳᠡᠭᠡᠨ ᠶᠡᠭᠡ ᠵᠤᠷᠢᠬᠳᠠᠢ ᠪᠠᠷᠢᠯᠳᠤᠵᠤ ᠪᠠᠶᠢᠨ᠎ᠠ︾ ᠭᠡᠮᠡᠨ ᠪᠠᠭ᠋ᠠᠷᠬᠠᠨ᠎ᠠ᠃ ᠵᠢᠷᠭᠤᠳᠤᠭᠠᠷ ᠨᠤᠭᠤᠯᠤᠭᠠᠨ ᠳᠤ ᠪᠠᠶᠠᠨᠵᠢᠷᠭᠠᠯ ᠠᠯᠳᠠᠨᠰᠦ᠋ᠭᠡ ᠲᠠᠢ  ᠳᠠᠭᠠᠷᠠᠳᠠᠭ ᠪᠤᠯᠪᠠᠤ︖ ᠡᠰᠡᠭᠦᠯ᠎ᠡ ᠪᠠᠶᠠᠷᠪᠠᠭᠠᠳᠤᠷ ᠳᠡᠮᠤᠷ᠎ᠡ ᠬᠤᠶᠠᠷ ᠤᠨ ᠳᠡᠶᠢᠯᠦᠭᠰᠡᠨ ᠨᠢ ᠠᠯᠳᠠᠨᠰᠦ᠋ᠭᠡ ᠲᠠᠢ ᠳᠠᠭᠠᠷᠠᠳᠠᠭ  ᠪᠤᠯᠪᠠᠤ︖ ᠭᠡᠵᠤ ᠳᠠᠭᠠᠮᠠᠬᠯᠠᠵᠤ ᠪᠠᠶᠢᠳᠠᠯ᠎ᠠ ᠪᠦᠭᠡ ᠶᠢᠨ ᠤᠷᠢᠶ᠎ᠡ ᠬᠠᠩᠭᠢᠨᠠᠵᠤ ᠪᠦᠭᠡᠴᠦᠳ ᠳᠠᠯᠠᠪᠠᠢ  ᠳᠤ ᠳᠠᠪᠢᠨ  ᠳᠡᠪᠢᠭᠰᠡᠭᠡᠷ ᠤᠷᠤᠵᠤ ᠢᠷᠡᠯ᠎ᠡ᠃ ᠡᠨᠡ ᠦᠶ᠎ᠡ ᠳᠤ ᠪᠠᠶᠠᠷᠪᠠᠭᠠᠳᠤᠷ ᠳᠠᠮᠤᠷ᠎ᠠ ᠬᠤᠶᠠᠷ ᠤᠨ ᠪᠠᠷᠢᠯᠳᠤᠭᠠᠨ ᠮᠦᠨ ᠯᠡ  ᠦᠷᠭᠦᠯᠵᠢᠯᠡᠭᠰᠡᠭᠡᠷ᠃ ᠴᠠᠭ ᠢᠯᠡᠭᠦᠦ ᠳᠤᠯᠤᠭᠰᠠᠨ ᠬᠤᠶᠠᠷ ᠠᠪᠤᠷᠭᠤ ᠶᠢᠨ ᠪᠠᠷᠢᠯᠳᠤᠭᠠᠨ ᠰᠢᠢᠳᠭᠦ ᠵᠦᠭ  ᠲᠡᠭᠡᠨ ᠬᠠᠨᠳᠤᠵᠤ  ᠪᠠᠶᠠᠷᠪᠠᠭᠠᠳᠤᠷ ᠳᠠᠮᠤᠷ᠎ᠠ ᠶᠢ ᠳᠡᠭᠡᠭᠡᠯᠡᠭᠦ ᠳᠤ ᠨᠢ ᠠᠷᠤ ᠠᠴᠠ ᠨᠢ ᠲᠦᠯᠭᠢᠵᠤ ᠬᠠᠶᠠᠭᠠᠳ ᠳᠠᠯᠠᠪᠠᠢ  ᠠᠴᠠ ᠭᠠᠷᠪᠠ᠃  ᠬᠠᠯᠠᠭᠤᠨ ᠨᠠᠷᠠᠨ ᠤ ᠳᠤᠤᠷ᠎ᠠ ᠴᠠᠭ ᠢᠯᠡᠭᠦᠦ ᠨᠤᠴᠤᠯᠳᠤᠭᠰᠠᠨ ᠲᠦᠴᠢ ᠭᠦᠷᠦᠭᠡ ᠠᠪᠤᠷᠭᠤ ᠳᠠᠮᠤᠷ᠎ᠠ ᠶᠢᠨ ᠭᠦᠯᠦᠰᠦ ᠨᠢ  ᠤᠷᠤᠰᠴᠤ ᠠᠮᠢᠰᠬᠤᠯ ᠨᠢ ᠳᠡᠭᠡᠷᠡᠳᠠᠨ ᠶᠠᠳᠠᠷᠠᠭᠰᠠᠨ ᠨᠢ ᠢᠯᠡᠳᠳᠡ ᠮᠡᠳᠡᠭᠳᠡᠨ᠎ᠠ᠃ ᠭᠡᠳᠤᠢ ᠳᠡᠶᠢᠮᠤ ᠪᠤᠯᠪᠠᠴᠤ ᠳᠡᠭᠦᠨ ᠲᠠᠢ  ᠤᠨᠤᠭ᠎ᠠ ᠳᠠᠭᠠᠷᠠᠭᠰᠠᠨ ᠠᠯᠲᠠᠠᠰᠦ᠋ᠬᠡ ᠳᠠᠯᠠᠪᠠᠢ ᠳᠤ ᠤᠷᠤᠵᠤ ᠢᠷᠡᠨ ᠭᠦᠯᠢᠶᠡᠵᠤ ᠪᠠᠶᠢᠭ᠎ᠠ ᠪᠤᠯᠬᠤᠷ ᠵᠤᠳᠤᠭ ᠳᠠᠶᠢᠯᠵᠤ  ᠠᠮᠵᠢᠯ ᠦᠭᠡᠢ ᠳᠠᠭᠢᠨ ᠪᠠᠷᠢᠯᠳᠤᠭᠠᠨ ᠤ ᠳᠠᠯᠠᠪᠠᠢ ᠳᠤ ᠭᠠᠷᠴᠤ ᠪᠠᠷᠢᠯᠳᠤᠬᠤ ᠳᠤ ᠠᠯᠳᠠᠨᠰᠦ᠋ᠭᠡ ᠴᠤ ᠳᠡᠭᠦᠨ ᠳᠤ ᠠᠮᠠᠷᠠᠬᠤ  ᠴᠢᠯᠦᠭᠡ ᠦᠭᠭᠦᠯ ᠦᠭᠡᠢ ᠳᠠᠭᠠᠷᠢᠵᠤ ᠳᠡᠪᠡᠷᠢᠭᠡᠳ ᠡᠷᠭᠦᠵᠤ ᠡᠪᠤᠳᠦᠭ ᠤᠨᠤᠭᠤᠯᠤᠨ ᠬᠠᠶᠠᠵᠤ ᠪᠢᠯᠡ᠃      1024 ᠪᠦᠭᠡ ᠶᠢᠨ ᠳᠡᠭᠡᠳᠤ 16 ᠪᠦᠭᠡ ᠳᠠᠯᠠᠪᠠᠢ ᠳᠤ ᠤᠷᠤᠵᠤ ᠢᠷᠡᠭᠦ ᠳᠤ ᠭᠠᠳᠠᠨ᠎ᠠ ᠬᠤᠰᠢᠭᠤᠳ ᠤᠨ ᠪᠦᠭᠡ   ᠠᠴᠠ ᠠᠯᠳᠠᠨᠰᠦ᠋ᠭᠡ᠂ ᠨᠠᠰᠤᠨᠴᠤᠭᠳᠤ᠂ ᠪᠠᠶᠠᠨᠵᠢᠷᠭᠠᠯ᠂ ᠬᠠᠰᠴᠤᠭᠳᠤ ᠲᠦᠷᠪᠡ ᠯᠡ ᠦᠯᠡᠳᠡᠵᠤ᠂ ᠤᠨᠤᠭᠠᠯᠠᠭᠰᠠᠨ ᠤ ᠳ᠋ᠦᠩ   ᠳᠤ ᠠᠯᠳᠠᠨᠰᠦ᠋ᠭᠡ ᠬᠠᠰᠴᠤᠬᠳᠤ ᠲᠠᠢ ᠤᠨᠤᠭ᠎ᠠ ᠳᠠᠭᠠᠷᠠᠨ ᠬᠠᠰᠴᠤᠭᠳᠤ ᠶᠢᠨ ᠳᠤᠬᠤᠢ  ᠠᠴᠠ ᠨᠢ ᠠᠯᠠᠭᠠᠳᠠᠵᠤ᠂ ᠠᠷᠤ ᠳᠤᠨᠢ  ᠭᠠᠷᠤᠭᠠᠳ ᠭᠦᠨᠳᠦᠷᠴᠤ ᠬᠠᠶᠠᠬᠤ ᠳᠤ ᠪᠠᠶᠠᠨᠵᠢᠷᠭᠠᠯ ᠴᠤ ᠨᠠᠰᠤᠨᠴᠤᠭᠳᠤ ᠶᠢ ᠭᠦᠨᠳᠦᠷᠴᠤ ᠬᠠᠶᠠᠭᠠᠳ ᠳᠡᠭᠡᠳᠤ ᠨᠠᠢᠮᠠ ᠳᠤ  ᠦᠯᠡᠳᠡᠯ᠎ᠡ᠃ ᠳᠡᠭᠡᠳᠤ 8 ᠪᠦᠭᠡ ᠪᠠᠨ ᠤᠨᠤᠭᠠᠯᠠᠬᠤ ᠳᠤ ᠤᠯᠠᠨ ᠤ ᠮᠡᠳᠡᠭᠡᠵᠢ ᠪᠠᠷ ᠠᠯᠳᠠᠨᠰᠦ᠋ᠭᠡ ᠪᠠᠶᠠᠨᠵᠢᠷᠭᠠᠯ ᠬᠤᠶᠠᠷ ᠤᠨᠤᠭ᠎ᠠ ᠳᠠᠭᠠᠷᠠᠵᠤ᠂ ᠠᠯᠳᠠᠨᠰᠦ᠋ᠭᠡ ᠪᠠᠶᠠᠨᠵᠢᠷᠭᠠᠯ ᠢ ᠬᠤᠶᠠᠷ ᠳᠤᠳᠤᠭᠤᠷ ᠳᠡᠪᠡᠷᠢᠵᠤ ᠵᠡᠭᠦᠨ ᠳᠠᠯ᠎ᠠ ᠪᠠᠷ ᠢᠶᠠᠨ ᠡᠪᠤᠳᠦᠭ  ᠤᠨᠤᠭᠤᠯᠵᠤ ᠬᠠᠶᠠᠭᠠᠳ ᠳᠡᠪᠢᠵᠤ ᠭᠠᠷᠬᠤ ᠳᠤ ᠵᠠᠩᠭᠢᠶᠠᠨ ᠤ ᠰᠤᠷ ᠨᠢ ᠠᠰᠯᠠᠵᠤ ᠭᠡᠶᠢᠮᠤᠷᠢᠯᠡᠨ ᠪᠤᠰᠤᠨ᠎ᠠ᠃ ᠡᠭᠦᠨ ᠢ  ᠬᠠᠷᠠᠭᠰᠠᠨ ᠨᠢᠭᠡᠨ ᠨᠠᠰᠤᠳᠠᠨ ︽ᠡᠨᠡ ᠭᠦᠦ  ᠶᠢᠨ ᠭᠡᠶᠢᠮᠤᠷᠢ ᠨᠢ ᠪᠤᠰᠴᠠᠢ᠂ ᠮᠠᠨ ᠤ ᠨᠠᠶᠢᠷ ᠤᠨ ᠳᠡᠷᠢᠭᠦᠨ ᠴᠤ ᠡᠨᠡ ᠭᠦᠦ   ᠶᠢᠨ ᠪᠤᠯᠵᠠᠢ︾ ᠭᠡᠰᠡᠨ ᠪᠠᠶᠢᠯ᠎ᠠ᠃ ᠳᠡᠭᠡᠳᠤ ᠲᠦᠷᠪᠡ ᠳᠤ ᠤᠯᠨᠨ ᠤ ᠳᠠᠭᠠᠮᠠᠬᠯᠠᠯ ᠠᠴᠠ ᠭᠠᠷᠤᠭᠰᠠᠨ ᠦᠭᠡᠢ ᠴᠤᠭᠪᠠᠳᠠᠷᠠᠬᠤ  ᠠᠯᠳᠠᠨᠰᠦ᠋ᠭᠡ ᠲᠠᠢ ᠤᠨᠤᠭ᠎ᠠ ᠳᠠᠭᠠᠷᠠᠵᠤ᠂ ᠤᠶᠠᠩᠭ᠎ᠠ ᠡᠷᠳᠡᠨᠢᠪᠢᠯᠢᠭ ᠲᠠᠢ ᠪᠠᠨ ᠤᠨᠤᠭ᠎ᠠ ᠳᠠᠭᠠᠷᠠᠯ᠎ᠠ᠃ ᠠᠯᠳᠠᠨᠰᠦ᠋ᠭᠡ ᠪᠡᠶ᠎ᠡ   ᠶᠢᠨ ᠳᠠᠪᠠᠭᠤᠯᠢᠭ᠂ ᠭᠦᠴᠦᠨ ᠤ ᠳᠠᠪᠠᠭᠤᠯᠢᠭ ᠢᠶᠠᠨ ᠠᠰᠢᠭᠯᠠᠨ ᠴᠤᠭᠪᠠᠳᠠᠷᠠᠬᠤ ᠶᠢ ᠳᠡᠪᠡᠷᠢᠵᠤ ᠠᠪᠤᠭᠠᠳ ᠡᠪᠤᠳᠦᠭ  ᠤᠨᠤᠭᠤᠯᠤᠨ ᠬᠠᠶᠠᠵᠤ ᠳᠡᠷᠢᠭᠦᠨ ᠳᠡᠳ᠋ ᠲᠤ ᠳᠤᠨᠵᠤ ᠦᠯᠡᠳᠡᠯ᠎ᠡ᠃       ᠮᠢᠩᠭᠠᠨ ᠪᠦᠭᠡ ᠶᠢᠨ ᠳᠡᠷᠢᠭᠦᠨ ᠳᠡᠳ᠋ ᠲᠤ ᠦᠯᠡᠳᠡᠭᠰᠡᠨ ᠬᠤᠶᠠᠷ ᠪᠦᠭᠡ ᠶᠢᠨ ᠨᠢᠭᠡ ᠨᠢ ᠰᠢᠯᠤᠭᠤᠨ ᠬᠦᠭᠡ  ᠨᠤᠳᠤᠭ ᠤᠨ ᠠᠷᠠᠳ ᠲᠦᠮᠡᠨ ᠤ ᠪᠠᠨ ᠭᠦᠰᠡᠯ ᠪᠤᠯᠤᠭᠰᠠᠨ᠂ ᠰᠠᠩ ᠤᠨ ᠳᠠᠯᠠᠢ ᠪᠠᠯᠭᠠᠰᠤᠨ ᠤ ᠨᠠᠶᠢᠷ ᠤᠨ 512 ᠪᠦᠭᠡ ᠳᠤ  ᠳᠡᠷᠢᠭᠦᠯᠡᠭᠰᠡᠨ ᠵᠠᠯᠠᠭᠤ ᠪᠦᠭᠡ ᠤᠶᠠᠩᠭ᠎ᠠ᠂ ᠨᠦᠭᠦᠭᠡ ᠨᠢ ᠪᠠᠭᠠᠷᠢᠨ ᠨᠤᠳᠤᠭ ᠠᠴᠠ ᠰᠢᠨ᠎ᠡ ᠪᠠᠷ ᠴᠤᠯᠭᠤᠷᠠᠵᠤ ᠪᠠᠶᠢᠭ᠎ᠠ  ᠮᠦᠨ 512 ᠪᠦᠭᠡ ᠲᠠᠢ ᠨᠠᠶᠢᠷ ᠲᠤ ᠨᠢᠭᠡ ᠳᠡᠷᠢᠭᠦᠯᠡᠵᠤ ᠶᠠᠪᠤᠭ᠎ᠠ ᠲᠦᠷᠢᠮᠡᠭᠡᠢ ᠪᠠᠷᠢᠯᠳᠤᠭᠠᠨᠳᠤ ᠠᠯᠳᠠᠨᠰᠦ᠋ᠭᠡ᠃ ᠳᠡᠷᠡ  ᠬᠤᠶᠠᠷ ᠤᠨ ᠪᠠᠷᠢᠯᠳᠤᠭᠠᠨ ᠡᠭᠢᠯᠡᠭᠦ ᠳᠤ ᠳᠠᠯᠠᠪᠠᠢ ᠳᠠᠬᠢ ᠦᠵᠡᠭᠴᠢᠳ ᠨᠠᠮ ᠵᠢᠮ ᠪᠤᠯᠵᠤ᠂ ᠦᠳᠡ ᠶᠢᠨ ᠭᠤᠤᠯ ᠤᠨ  ᠰᠢᠳᠠᠮ᠎ᠠ ᠬᠠᠯᠠᠭᠤᠨ ᠨᠠᠷᠠᠨ ᠤ ᠰᠢᠷᠠᠬᠤ ᠶᠢ ᠮᠠᠷᠳᠠᠨ ᠳᠡᠳᠡ ᠬᠤᠶᠠᠷ ᠤᠨ ᠪᠠᠷᠢᠯᠳᠤᠭᠠᠨ ᠳᠤ ᠠᠯᠢᠪᠠ ᠠᠩᠬᠠᠷᠤᠯ ᠢᠶᠠᠨ  ᠲᠦᠪᠯᠡᠷᠡᠭᠦᠯᠦᠨ᠎ᠡ᠃ ᠬᠤᠶᠠᠷ ᠪᠦᠭᠡ ᠮᠢᠨᠢ ᠠᠯᠢ ᠠᠯᠢᠨ ᠳᠠᠭᠠᠨ ᠪᠠᠷᠢᠴᠠ ᠤᠯᠭᠤᠯ ᠦᠭᠡᠢ ᠭᠡᠰᠡᠭ ᠤᠳᠠᠵᠤ ᠪᠠᠶᠢᠬᠰᠠᠨ ᠢᠶᠠᠨ ᠠᠯᠳᠠᠨᠰᠦ᠋ᠭᠡ ᠭᠡᠨᠡᠳᠳᠡ ᠳᠠᠭᠠᠷᠢᠨ ᠤᠷᠤᠵᠤ ᠪᠠᠷᠢᠴᠠ  ᠪᠠᠨ ᠤᠯᠤᠮᠠᠬᠴᠠ ᠪᠠᠷᠠᠭᠤᠨ ᠳᠠᠯ᠎ᠠ ᠪᠠᠷ ᠢᠶᠠᠨ ᠴᠤᠭᠢᠬᠤ ᠳᠤ  ᠤᠶᠠᠩᠭ᠎ᠠ ᠴᠤ ᠡᠨᠡᠭᠦ ᠴᠤᠭᠢᠭ᠎ᠠ ᠶᠢ ᠳᠠᠭᠠᠵᠤ ᠳᠡᠶᠢᠯᠦᠭᠰᠡᠨ ᠦᠭᠡᠢ ᠤᠨᠠᠬᠰᠠᠨ ᠢᠶᠠᠷ ᠠᠯᠳᠠᠨᠰᠦ᠋ᠭᠡ ᠡᠨᠡᠭᠦ 1024 ᠪᠦᠭᠡ   ᠲᠠᠢ ᠨᠠᠶᠢᠷ ᠤᠨ ᠳᠡᠷᠢᠭᠦᠨ ᠪᠦᠭᠡ ᠪᠠᠷ ᠳᠤᠳᠤᠷᠠᠵᠤ᠂ ᠮᠠᠨ ᠤ ᠠᠶᠢᠮᠠᠭ ᠤᠨ 1024 ᠪᠦᠭᠡ ᠲᠠᠢ ᠨᠠᠶᠢᠷ ᠤᠨ ᠲᠡᠦᠬᠡᠨ ᠳᠤ  ᠳᠠᠷᠢᠭᠦᠯᠡᠭᠰᠡᠨ ᠠᠩᠬᠠᠳᠠᠭᠴᠢ ᠪᠠᠭᠠᠷᠢᠨ ᠨᠤᠳᠤᠭ ᠤᠨ ᠭᠦᠮᠦᠨ ᠪᠤᠯᠵᠤ᠂ ᠪᠠᠭᠠᠷᠢᠨ ᠨᠤᠳᠤᠭ ᠤᠨ ᠠᠯᠳᠠᠷ ᠢᠶᠠᠨ ᠨᠡᠶᠢᠳᠡ  ᠤᠯᠠᠨ ᠳᠠᠭᠠᠨ ᠳᠠᠭᠤᠷᠢᠰᠤᠭᠤᠯᠵᠤ ᠪᠢᠯᠡ᠃
 
ᠢᠷᠡᠯᠲᠡ᠄ 《 ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠥᠯᠵᠢᠶ᠎ᠡ 》
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号