ᠮᠠᠷᠺᠦ · ᠫᠤᠯᠤ ᠦᠨᠡᠭᠡᠷ ᠲᠤᠮᠳᠠᠳᠤ ᠤᠯᠤᠰ ᠲᠤ ᠢᠷᠡᠵᠦ ᠦᠩᠭᠡᠷᠡᠭᠰᠡᠨ ᠭᠡᠵᠢ ᠤᠤ︖
ᠨᠡᠶᠢᠲᠡᠯᠡᠭᠰᠡᠨ ᠴᠠᠭ᠄
2016-07-22
  ᠲᠡᠦᠭᠡᠨ ᠨᠤᠮ ᠲᠤᠳᠤᠷ᠎ᠠ᠂ ᠮᠠᠷᠺᠦ ·  ᠫᠤᠯᠤ ᠶᠢ  ᠬᠦᠮᠦᠰ  ᠲᠡᠯᠡᠬᠡᠢ  ᠲᠡᠭᠡᠷᠡᠬᠢ  ᠬᠠᠮᠤᠭ ᠤᠨ  ᠠᠭᠤᠤ  ᠶᠡᠭᠡ  ᠪᠠᠷᠳᠠᠭ᠎ᠠ ᠰᠢᠨᠵᠢᠯᠡᠭᠴᠢ ᠶᠢᠨ ᠨᠢᠭᠡ ᠭᠡᠵᠦ ᠡᠷᠬᠦᠮᠵᠢᠯᠡᠨ᠂ ᠪᠠᠰᠠᠴᠤ ᠶᠤᠸᠠᠨ ᠤᠯᠤᠰ ᠤᠨ  ᠬᠤᠪᠢᠯᠠᠢ  ᠬᠠᠭᠠᠨ ᠤ  ᠨᠤᠶᠠᠷᠬᠠᠯ ᠤᠨ  ᠦᠶ᠎ᠡ ᠳᠤ ᠲᠤᠮᠳᠠᠳᠤ ᠤᠯᠤᠰ ᠲᠤ ᠢᠷᠡᠵᠦ ᠦᠡᠭᠭᠡᠷᠡᠭᠰᠡᠨ ᠭᠠᠳᠠᠭᠠᠳᠤ ᠶᠢᠨ ᠨᠦᠬᠦᠷᠰᠡᠭ ᠡᠯᠴᠢᠨ ᠤ ᠨᠢᠭᠡ ᠭᠡᠵᠦ ᠦᠵᠡᠵᠦ  ᠪᠤᠢ᠃  ᠭᠡᠳᠡᠯ᠎ᠡ ᠲᠡᠷᠡ ᠪᠤᠯ ᠨᠢᠭᠡᠨ‌ᠮᠡᠭᠡᠯᠡᠭᠴᠢ ᠪᠠᠶᠢᠵᠦ᠂ ᠮᠢᠩᠭᠠᠨ ᠤᠨ ᠤᠯᠠᠮᠵᠢᠯᠠᠭᠳᠠᠵᠦ ᠪᠠᠶᠢᠬᠤ ᠶᠤᠸᠠᠨ ᠤᠯᠤᠰ ᠲᠤ ᠵᠢᠭᠤᠯᠴᠢᠯᠠᠭᠰᠠᠨ  ᠵᠡᠷᠭᠡ ᠭᠡᠷᠡᠭ ᠤᠴᠢᠷ ᠨᠢ ᠦᠨᠡᠨᠳᠡᠭᠡᠨ ᠪᠦᠷ ᠬᠤᠳᠠᠯ ᠶᠠᠷᠢᠶ᠎ᠠ ᠪᠤᠯᠬᠤ ᠶᠤᠮ ᠭᠡᠨ᠎ᠡ︖   ︽ᠡᠳᠦᠷ ᠪᠦᠷᠢ ᠶᠢᠨ ᠴᠠᠬᠢᠯᠭᠠᠨ ᠮᠡᠳᠡᠭᠡ ᠰᠤᠨᠢᠨ︾ ᠤ 8 ᠰᠠᠷ᠎ᠠ ᠶᠢᠨ 10 ᠤ ᠡᠳᠦᠷ ᠮᠡᠳᠡᠭᠡᠯᠡᠭᠰᠡᠨ ᠢ  ᠦᠨᠳᠦᠰᠦᠯᠡᠪᠡᠯ᠂ ᠤᠢᠢᠷ᠎ᠠ ᠳᠤ᠂ ᠨᠠᠪᠦ᠋ᠯᠧᠼᠢ ᠶᠡᠭᠡ ᠰᠤᠷᠭᠠᠭᠤᠯᠢ ᠶᠢᠨ ᠳ᠋ᠠᠨᠨᠢᠷ  ·  ᠫᠸᠢᠢᠲ᠋ᠧᠷᠢᠷᠠ  ᠫᠷᠤᠹᠧᠰᠰᠤᠷ ᠤᠨ  ᠲᠠᠭᠠᠭᠤᠯᠤᠭᠰᠠᠨ  ᠬᠠᠭᠤᠴᠢ ᠰᠤᠳᠤᠯᠤᠯ ᠤᠨ ᠪᠠᠭ᠎ᠠ  ᠲᠤᠭᠤᠢᠢᠯᠠᠩ ᠤᠨ   ᠬᠢᠨ  ᠢᠲ᠋ᠠᠯᠢ ᠶᠢᠨ  ᠲᠡᠦᠭᠡᠨ  ᠰᠡᠳᠬᠦᠯ  ︽ᠲᠡᠦᠭᠡᠨ  ᠠᠩᠬᠠᠷᠤᠯ  ᠲᠦᠪᠯᠡᠷᠡᠯ︾ ᠤᠨ ᠰᠤᠷᠪᠤᠯᠵᠢᠯᠠᠭ᠎ᠠ ᠶᠢ ᠬᠦᠯᠢᠶᠡᠬᠦ ᠳᠡᠭᠡᠨ ᠶᠠᠷᠢᠭᠰᠠᠨ  ᠨᠢ᠂ ᠦᠪᠡᠷ ᠢ ᠪᠠᠨ ᠲᠤᠮᠳᠠᠳᠤ ᠤᠯᠤᠰ ᠪᠠ ᠲᠤᠷᠤᠨᠠᠳᠠᠬᠢᠨ ᠳᠤ ᠭᠡᠳᠦᠨ ᠠᠷᠪᠠᠨ ᠵᠢᠯ ᠠᠮᠢᠳᠤᠷᠠᠵᠠᠢ ᠭᠡᠵᠦ ᠭᠡᠯᠡᠭᠰᠡᠨ ᠸᠧᠨᠢᠽᠢᠶ᠎ᠠ ᠶᠢᠨ ᠪᠠᠷᠳᠠᠭ᠎ᠠ ᠰᠢᠨᠵᠢᠯᠡᠭᠴᠢ᠂ ᠦᠨᠡᠨᠳᠡᠭᠡᠨ ᠬᠠᠮᠤᠭ ᠬᠤᠯᠠ ᠳᠠᠭᠠᠨ ᠵᠦᠪᠭᠡᠨ  ᠬᠠᠷ᠎ᠠ ᠲᠠᠩᠬᠢᠰ ᠬᠦᠷᠴᠦ ᠦᠩᠭᠡᠷᠡᠵᠡᠢ᠃ ᠬᠠᠷᠢᠨ ᠲᠡᠬᠦᠨ ᠤ ᠮᠢᠩᠭ᠎ᠠ ᠰᠢᠬᠠᠭᠤ ᠵᠢᠯ ᠶᠠᠷᠢᠭᠳᠠᠭᠰᠠᠨ ᠪᠠᠷᠳᠠᠭ᠎ᠠ ᠰᠢᠨᠵᠢᠯᠡᠭᠰᠡᠨ ᠲᠡᠦᠭᠡᠨ ᠭᠡᠷᠡᠭ  ᠨᠢ ᠲᠡᠷᠡ ᠵᠦᠪᠭᠡᠨ ᠲᠡᠳᠡᠭᠡᠷ ᠲᠤᠮᠳᠠᠳᠤ ᠤᠯᠤᠰ᠂ ᠶᠠᠫᠤᠨ ᠪᠠ ᠮᠤᠩᠭᠤᠯ ᠬᠠᠭᠠᠨᠳᠤ  ᠤᠯᠤᠰ ᠤᠨ  ᠲᠡᠦᠭᠡᠨ  ᠶᠠᠪᠤᠳᠠᠯ ᠢ  ᠰᠠᠶᠢᠨ ᠮᠡᠳᠡᠳᠡᠭ ᠠᠷᠠᠯᠵᠢᠶᠠᠨ ᠤ ᠬᠠᠨᠢᠳᠠᠨ ᠤ ᠠᠮᠠᠨ ᠠᠴᠠ ᠰᠤᠨᠤᠰᠤᠭᠰᠠᠨ ᠭᠡᠷᠡᠭ ᠤᠴᠢᠷ ᠲᠡᠳᠦᠢ  ᠪᠤᠯᠤᠨ᠎ᠠ᠃  ᠰᠡᠬᠦᠯ ᠳᠤᠨᠢ  ᠮᠠᠷᠺᠦ  · ᠫᠤᠯᠤ ᠡᠳᠡᠭᠡᠷ ᠲᠡᠮᠳᠡᠭᠯᠡᠯ ᠢᠶᠠᠨ ᠡᠮᠬᠢᠳᠭᠡᠵᠦ ᠲᠡᠪᠳᠡᠷᠯᠡᠨ᠂  ᠦᠪᠡᠷ ᠢ   ᠪᠠᠨ  1271  —  1291  ᠤᠨ ᠤ  ᠬᠤᠭᠤᠷᠤᠨᠳᠤ ᠲᠤᠮᠳᠠᠳᠤ ᠤᠯᠤᠰ ᠲᠤ ᠠᠮᠢᠳᠤᠷᠠᠵᠦ ᠦᠩᠭᠡᠷᠡᠪᠡ ᠭᠡᠵᠦ ᠶᠠᠷᠢᠭᠰᠠᠨ ᠪᠠᠶᠢᠨ᠎ᠠ᠃ ᠲᠡᠷᠡ ᠪᠠᠰᠠ ᠤᠨᠴᠠᠭᠠᠢᠢᠯᠠᠨ ᠲᠤᠳᠤᠷᠬᠠᠢᠢᠯᠠᠭᠰᠠᠨ ᠨᠢ ᠲᠡᠷᠡ ᠲᠤᠬᠠᠢ ᠶᠢᠨ ᠦᠶ᠎ᠡ ᠳᠤ ᠬᠤᠪᠢᠯᠠᠢ ᠬᠠᠭᠠᠨ ᠲᠠᠢ ᠨᠢᠭᠳᠠ ᠬᠠᠷᠢᠴᠠᠭ᠎ᠠ ᠲᠠᠢ ᠪᠠᠶᠢᠪᠠ ᠭᠡᠵᠦ ᠶᠠᠷᠢᠭᠰᠠᠨ ᠪᠠᠶᠢᠨ᠎ᠠ᠃   ᠭᠡᠷᠡᠴᠢ 1᠄ ᠲᠡᠦᠭᠡᠨ ᠪᠤᠳᠠᠳᠤ ᠶᠠᠪᠤᠳᠠᠯ ᠲᠠᠢ ᠨᠡᠶᠢᠴᠡᠬᠦ ᠦᠭᠡᠢ᠃  ᠮᠠᠷᠺᠦ  ·  ᠫᠤᠯᠤ  ᠬᠤᠪᠢᠯᠠᠢ  1274  ᠤᠨ  ᠪᠠ 1281 ᠤᠨ ᠳᠤ ᠶᠠᠫᠤᠨ ᠳᠤ ᠲᠦᠷᠢᠨ ᠤᠷᠤᠭᠰᠠᠨ ᠶᠠᠪᠤᠳᠠᠯ ᠢ ᠲᠡᠮᠳᠡᠭᠯᠡᠬᠦ ᠳᠡᠭᠡᠨ ᠲᠡᠦᠭᠡᠨ ᠪᠤᠳᠠᠳᠤ  ᠪᠠᠶᠢᠳᠠᠯ   ᠲᠠᠢ  ᠨᠡᠶᠢᠴᠡᠬᠦ ᠦᠭᠡᠢ ᠮᠠᠰᠢ ᠤᠯᠠᠨ ᠮᠠᠳᠠᠭ ᠲᠠᠢ ᠠᠰᠠᠭᠤᠳᠠᠯ ᠦᠯᠡᠳᠡᠭᠡᠵᠡᠢ᠃ ᠫᠸᠢᠢᠲ᠋ᠧᠷᠢᠷᠠ ᠫᠧᠷᠦᠹᠧᠰᠰᠤᠷ ᠤᠨ ᠭᠡᠯᠡᠬᠦ ᠪᠠᠷ᠄  ︽ᠲᠡᠷᠡ  ᠬᠤᠶᠠᠷ ᠤᠳᠠᠭ᠎ᠠ ᠶᠢᠨ ᠲᠠᠶᠢᠨ‌‍ᠤ ᠨᠠᠷᠢᠨ ᠪᠠᠶᠢᠳᠠᠯ ᠢ ᠪᠦᠷ ᠬᠤᠳᠬᠤᠯᠳᠤᠭᠤᠯᠵᠠᠢ᠃ ᠲᠡᠦᠭᠡᠨ ᠤ ᠲᠦᠷᠰᠦᠯᠡᠯ ᠢ ᠦᠨᠳᠦᠰᠦᠯᠡᠪᠡᠯ᠂ ᠨᠢᠭᠡᠳᠦᠭᠡᠷ ᠤᠳᠠᠭᠠᠨ ᠤ ᠲᠦᠷᠢᠨ ᠤᠷᠤᠭᠰᠠᠨ ᠬᠤᠭᠤᠴᠠᠭᠠᠨ ᠳᠤ᠂ ᠶᠤᠸᠠᠨ ᠤᠯᠤᠰ ᠤᠨ ᠤᠩᠭᠤᠴᠠᠨ ᠤ  ᠠᠩᠬᠢ  ᠰᠤᠯᠤᠩᠭᠤᠰ  ᠤᠯᠤᠰ ᠠᠴᠠ ᠶᠠᠫᠤᠨ ᠤ ᠲᠠᠯᠠᠢ ᠶᠢᠨ ᠡᠷᠬᠢ ᠳᠤ ᠬᠦᠷᠬᠦ ᠵᠠᠮ ᠵᠠᠭᠤᠷ᠎ᠠ ᠪᠠᠨ ᠲᠠᠯᠠᠢ ᠶᠢᠨ ᠲᠠᠶᠢᠹᠧᠩ ᠰᠠᠯᠬᠢᠨ ᠳᠤ ᠲᠠᠭᠠᠷᠢᠭᠳᠠᠪᠠ ᠭᠡᠵᠦ ᠪᠤᠢ᠃ ᠭᠡᠳᠡᠯ᠎ᠡ ᠲᠡᠷᠡ ᠤᠳᠠᠭᠠᠨ ᠤ ᠲᠠᠯᠠᠢ ᠶᠢᠨ ᠶᠡᠭᠡ ᠲᠠᠶᠢᠹᠧᠩ ᠰᠠᠯᠬᠢ ᠨᠢ 1281ᠤᠨ ᠳᠤ ᠡᠬᠦᠰᠦᠭᠰᠡᠨ ᠪᠠᠶᠢᠨ᠎ᠠ᠃  ᠲᠡᠷᠡ ᠦᠪᠡᠷ ᠤᠨ ᠵᠶ᠋ᠠᠨ‌ᠨᠢᠳᠤ ᠪᠠᠷ ᠢᠶᠠᠨ ᠤᠯᠵᠦ ᠬᠠᠷᠠᠭᠰᠠᠨ ᠭᠡᠷᠡᠴᠢ ᠶᠢᠨ ᠬᠦᠮᠦᠨ ᠭᠡᠵᠦ ᠭᠡᠯᠡᠵᠦ ᠪᠤᠢ ᠃ ᠭᠡᠷᠪᠡ ᠡᠨᠡᠬᠦ ᠤᠴᠢᠷ ᠨᠢ ᠦᠨᠡᠨ ᠪᠤᠯᠬᠤ ᠳᠤ ᠬᠦᠷᠪᠡᠯ᠂ ᠭᠡᠷᠡᠭ ᠤᠴᠢᠷ ᠤᠨ ᠡᠬᠦᠰᠦᠯ ᠤᠨ ᠴᠠᠬ‌ᠢ  7  ᠵᠢᠯ‌‍ᠤᠨ  ᠡᠮᠦᠨᠡᠬᠢ  ᠤᠴᠢᠷ  ᠭᠡᠵᠦ  ᠪᠤᠷᠤᠭᠤ  ᠲᠡᠮᠳᠡᠭᠯᠡᠬᠦ ᠪᠤᠢ︖︾᠃ ᠡᠬᠦᠨ ᠠᠴᠠ ᠭᠠᠳᠠᠨ᠎ᠠ᠂ ᠮᠠᠷᠺᠦ · ᠫᠤᠯᠤ ᠶᠢᠨ ᠶᠤᠸᠠᠨ ᠤᠯᠤᠰ ᠤᠨ ᠤᠩᠭᠤᠴᠠᠨ ᠤ ᠠᠩᠬᠢ ᠶᠢᠨ ᠲᠤᠬᠠᠢ  ᠲᠦᠷᠰᠦᠯᠡᠯ ᠨᠢ ᠬᠠᠭᠤᠴᠢ ᠰᠤᠳᠤᠯᠭᠠᠳᠠᠳ ᠤᠨ ᠶᠠᠫᠤᠨ  ᠠᠴᠠ ᠤᠯᠵᠦ ᠠᠪᠤᠭᠰᠠᠨ ᠡᠷᠳᠡᠨ ᠤ ᠠᠷᠠᠭ ᠶᠠᠰᠤᠨ ᠤ  ᠪᠠᠶᠢᠳᠠᠯ   ᠲᠠᠢ  ᠦᠨᠡᠨᠳᠡᠭᠡᠨ ᠨᠡᠶᠢᠴᠡᠬᠦ ᠦᠭᠡᠢ᠃ ᠲᠡᠷᠡ ᠨᠤᠮ ᠳᠤᠳᠤᠷ᠎ᠠ ᠪᠠᠨ ᠶᠤᠸᠠᠨ ᠤᠯᠤᠰ ᠤᠨ ᠤᠩᠭᠤᠴᠠ ᠵᠦᠪᠭᠡᠨ ᠲᠠᠪᠤᠨ ᠰᠢᠷᠤᠭ ᠲᠠᠢ ᠭᠡᠵᠦ ᠪᠢᠴᠢᠵᠦ ᠪᠤᠢ᠂ ᠭᠡᠳᠡᠯ᠎ᠡ ᠤᠯᠳᠠᠭᠰᠠᠨ ᠲᠡᠦᠭᠡᠨ ᠦᠯᠡᠳᠡᠭᠳᠡᠯ‌‍ᠳᠤ ᠵᠦᠪᠭᠡᠨ ᠭᠤᠷᠪᠠᠨ ᠰᠢᠷᠤᠭ ᠲᠠᠢ᠃   ᠭᠡᠷᠡᠴᠢ 2᠄ ᠫᠧᠷᠰ ᠭᠡᠯᠡ ᠭᠡᠷᠡᠭᠯᠡᠬᠦ ᠲᠤᠷᠠᠳᠠᠢ ᠳ᠋ᠠᠨᠨᠢᠷ · ᠫᠸᠢᠢᠲ᠋ᠧᠷᠢᠷᠠ ᠫᠷᠤᠹᠧᠰᠰᠤᠷ  ᠢᠯᠡᠷᠭᠡᠶᠢᠯᠡᠭᠰᠡᠨ   ᠨᠢ᠂  ︽ᠲᠡᠷᠡ ᠬᠤᠪᠢᠯᠠᠢ ᠶᠢᠨ ᠤᠩᠭᠤᠴᠠ ᠶᠢ ᠲᠦᠷᠰᠦᠯᠡᠬᠦ ᠦᠶᠡᠰ᠂ ᠵᠦᠨᠡᠨ ︵chunam︶ ᠭᠡᠬᠦ  ᠦᠭᠡ   ᠪᠠᠷ  ᠤᠩᠭᠤᠴᠠᠨ ᠤ  ᠤᠰᠤ ᠶᠢ ᠰᠡᠷᠭᠡᠶᠢᠯᠡᠬᠦ ᠭᠠᠳᠠᠷ ᠲᠠᠯ᠎ᠠ ᠶᠢᠨ ᠪᠠᠷᠤᠭᠰᠢᠨ ︵pitch︶ ᠢ ᠲᠦᠷᠰᠦᠯᠡᠵᠡᠢ᠃ ᠭᠡᠳᠡᠯ᠎ᠡ ᠬᠢᠳᠡᠳ ᠭᠡᠯᠡ ᠪᠡ ᠮᠤᠩᠭᠤᠯ ᠬᠡᠯᠡᠨ ᠳᠤ  ︿ᠵᠦᠨᠡᠨ﹀ ᠭᠡᠳᠡᠭ ᠨᠢ ᠶᠠᠮᠠᠷ ᠴᠤ ᠤᠳᠬ᠎ᠠ ᠦᠭᠡᠢ ᠦᠭᠡ ᠪᠤᠯᠤᠨ᠎ᠠ᠃ ᠦᠨᠡᠨᠳᠡᠭᠡᠨ ᠫᠧᠷᠰ ᠭᠡᠯᠡᠨ ᠳᠤ ᠵᠦᠨᠡᠨ ᠭᠡᠳᠡᠭ ᠨᠢ  ᠲᠠᠷᠤᠢ ᠪᠠᠷᠤᠭᠰᠢᠨ ᠢ ᠵᠢᠭᠠᠳᠠᠭ᠃ ᠠᠳᠠᠯᠢᠬᠠᠨ ᠢᠶᠠᠷ᠂ ᠲᠡᠬᠦᠨ ᠤ ᠲᠦᠷᠰᠦᠯᠡᠯ ᠲᠤᠮᠳᠠ ᠮᠠᠰᠢ ᠤᠯᠠᠨ  ᠫᠧᠷᠰ  ᠭᠡᠯᠨ   ᠪᠠᠷ  ᠮᠤᠩᠭᠤᠯ  ᠪᠡ ᠲᠤᠮᠳᠠᠳᠤ ᠤᠯᠤᠰ ᠤᠨ ᠭᠠᠵᠠᠷ ᠤᠨ ᠨᠡᠷ᠎ᠡ ᠶᠢ ᠲᠦᠯᠦᠭᠡᠯᠡᠨ ᠨᠡᠷᠡᠯᠡᠵᠡᠢ︾᠃   ᠭᠡᠷᠡᠴᠢ 3᠄ ᠲᠡᠦᠭᠡᠨ ᠨᠤᠮ ᠳᠤ ᠨᠡᠷ᠎ᠡ ᠦᠭᠡᠢ ᠮᠠᠷᠺᠦ · ᠫᠤᠯᠤ ᠦᠪᠡᠷ ᠢ ᠪᠠᠨ ᠬᠤᠪᠢᠯᠠᠢ ᠶᠢᠨ  ᠦᠶ᠎ᠡ ᠳᠤ  ᠤᠷᠳᠤᠨ ᠤ ᠲᠤᠳᠤᠷ᠎ᠠ ᠡᠯᠴᠢᠨ ᠰᠠᠶᠢᠳ ᠤᠨ ᠲᠤᠰᠢᠶᠠᠯ ᠢ ᠬᠠᠷᠢᠭᠤᠴᠠᠵᠦ ᠪᠠᠶᠢᠵᠠᠢ ᠭᠡᠵᠦ  ᠭᠡᠯᠡᠪᠡ᠃  ᠭᠡᠳᠡᠯ᠎ᠡ ᠮᠤᠩᠭᠤᠯ ᠬᠢᠳᠡᠳ ᠲᠡᠦᠭᠡᠨ ᠮᠠᠲ᠋ᠧᠷᠢᠶᠠᠯ ᠳᠤ ᠲᠡᠬᠦᠨ ᠤ ᠨᠡᠷ᠎ᠡ ᠶᠡᠷᠦ ᠠᠴᠠ ᠲᠤᠷᠠᠳᠤᠭᠳᠠᠵᠦ ᠦᠩᠭᠡᠷᠡᠭᠰᠡᠨ ᠦᠭᠡᠢ᠃
 
ᠢᠷᠡᠯᠲᠡ᠄ 《 ᠠᠷᠠᠳ ᠤᠨ ᠰᠦᠯᠵᠢᠶ᠎ᠡ 》
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号