ᠵᠢᠷᠭᠠᠯᠠᠩᠳᠣ ᠲᠠᠯ᠎ᠠ ᠨᠣᠳᠤᠭ ᠰᠢᠯᠢ ᠶᠢᠨ ᠭᠤᠣᠯ  ᠤᠨ ᠨᠠᠭᠠᠳᠣᠮ ᠤᠨ ᠮᠤᠷᠢᠨ ᠣᠷᠣᠯᠳᠣᠭᠠᠨ ᠪ᠊ ᠲᠣᠬᠠᠢ ᠬᠥᠣᠷᠨᠢᠯ
ᠨᠡᠶᠢᠲᠡᠯᠡᠭᠰᠡᠨ ᠴᠠᠭ᠄
2016/7/22
   ᠲᠣᠮᠳᠠᠳᠣ ᠣᠯᠣᠰ ᠤᠨ︽ᠠᠳᠣᠭᠤᠨ ᠰᠣᠶᠣᠯ ᠤᠨ ᠲᠥᠪ︾ᠬᠡᠬᠦ ᠰᠠᠶᠢᠬᠠᠨ ᠠᠯᠳᠠᠷ ᠲᠠᠢ ᠮᠠᠠ ᠪ᠊ ᠠᠶᠢᠮᠠᠭ ᠤᠨ ᠡᠷᠬᠢᠯᠡᠨ ᠬᠢᠭᠰᠡᠨ ᠵᠢᠷᠭᠠᠯᠠᠩᠳᠣ ᠲᠠᠯ᠎ᠠ ᠨᠣᠳᠤᠭ ᠰᠢᠯᠢ ᠶᠢᠨ ᠭᠤᠣᠯ ᠤᠨ ᠨᠠᠭᠠᠳᠣᠮ ᠤᠨ ᠶᠡᠭᠡ ᠬᠤᠷᠠᠯ ᠳᠤ ᠮᠣᠷᠢᠨ ᠣᠷᠣᠯᠳᠣᠭᠠᠨ ᠨᠢ ᠪᠠᠰᠠ ᠨᠢᠬᠡ ᠲᠣᠷᠠᠶᠢᠮ᠎ᠠ ᠴᠢᠭ ᠪᠣᠯᠵᠣ᠂ ᠣᠨᠴᠠᠯᠢᠭᠳᠣ ᠰᠣᠨᠢᠷᠬᠠᠯᠳᠣ ᠲᠠᠯ᠎ᠠ ᠪᠠᠷ ᠢᠶᠠᠨ ᠨᠠᠶᠢᠷ ᠤᠨ ᠣᠯᠠᠨ ᠪ᠊ ᠠᠩᠬᠠᠷᠣᠯ ᠢ ᠲᠠᠳᠠᠭᠰᠠᠨ ᠪᠢᠯᠠ᠃     ᠬᠤᠷᠳᠤᠨ ᠬᠦᠯᠦᠭ  ᠤᠨ ᠲᠣᠪᠳᠣᠯᠭᠠᠨ ᠲᠠᠢ ᠪᠠᠭ᠋ᠠᠳᠣᠯᠳᠣ ᠣᠷᠣᠯᠳᠣᠭᠠᠨ     ᠶᠡᠭᠡ ᠨᠠᠶᠢᠷ ᠤᠨ ᠮᠣᠷᠢᠨ ᠣᠷᠣᠯᠳᠣᠭᠠᠨ ᠨᠢ ᠠᠯᠣᠰ ᠤᠨ ᠮᠣᠷᠢᠨ ᠪ᠊ ᠣᠷᠣᠯᠳᠣᠭᠠᠨ᠂ 3600 ᠮᠧᠲᠷ ᠤᠨ ᠬᠤᠷᠳᠣᠨ ᠮᠣᠷᠢᠨ ᠪ᠊ ᠣᠷᠣᠯᠳᠣᠭᠠᠨ ᠵᠢᠴᠢ 8400 ᠮᠧᠲᠷ  ᠤᠨ ᠬᠠᠳᠠᠷᠢᠶ᠎ᠠ ᠮᠣᠷᠢᠨ ᠪ᠊ ᠣᠷᠣᠯᠳᠣᠭᠠᠨ᠂ ᠵᠢᠷᠤᠭ᠎ᠠ ᠮᠣᠷᠢᠨ ᠪ᠊ ᠣᠷᠣᠯᠳᠣᠭᠠᠨ᠂ ᠮᠣᠷᠢᠨ ᠪᠥᠮᠪᠥᠬᠡᠨ ᠪ᠊ ᠣᠷᠣᠯᠳᠣᠭᠠᠨ ᠪ᠊ ᠥᠵᠡᠬᠦᠯᠥᠯᠬᠡ ᠵᠡᠷᠬᠡ ᠲᠥᠷᠣᠯ ᠵᠦᠢᠯ ᠢᠶᠠᠷ ᠬᠥᠭᠵᠢᠶᠠᠨᠳᠠᠢ ᠶᠠᠪᠣᠭᠳᠠᠵᠣ᠂ ᠮᠠᠠ ᠪ᠊ ᠠᠶᠢᠮᠠᠭ ᠵᠢᠴᠢ ᠲᠥᠩᠯᠢᠶᠣᠣ᠂ ᠣᠷᠳᠣᠰ᠂ ᠪᠠᠶᠠᠨᠨᠠᠭᠤᠷ᠂ ᠣᠯᠠᠭᠠᠠᠬᠠᠳᠠ᠂ ᠥᠬᠠᠢ᠂ ᠬᠥᠯᠣᠨ ᠪᠤᠶᠢᠷ ᠤᠨ 100 ᠭᠠᠷᠣᠢ ᠣᠶᠠᠭᠠᠴᠢᠳ ᠤᠨ ᠵᠠᠭᠤ ᠨᠠᠶᠠᠭᠠᠳ ᠬᠥᠯᠥᠭ ᠣᠷᠣᠯᠴᠠᠵᠣ᠂ ᠭᠠᠵᠠᠷ ᠭᠠᠵᠠᠷ ᠤᠨ ᠣᠶᠠᠭᠠᠴᠢᠳ ᠮᠣᠷᠢᠨ ᠮᠡᠷᠬᠡᠵᠢᠯ ᠮᠣᠷᠢᠳ ᠤᠨ ᠲᠣᠷᠪᠢ ᠴᠢᠳᠠᠯ ᠢᠶᠠᠨ ᠰᠢᠯᠭᠠᠠ ᠥᠵᠡᠯᠴᠡᠭᠰᠠᠨ ᠨᠢ ᠶᠡᠭᠡ ᠰᠣᠨᠢᠷᠬᠠᠯ ᠪᠠᠶᠢᠯ᠎ᠠ᠃ ᠮᠣᠷᠢᠨ ᠣᠷᠣᠯᠳᠣᠭᠠᠨ ᠳᠤ 5 ᠨᠠᠰᠣᠳᠠᠢ ᠵᠢᠭᠠᠯ ᠬᠡᠣᠬᠡᠳ ᠠᠴᠠ ᠲᠠᠪᠢᠭᠠᠳ ᠨᠠᠰᠣ ᠲᠠᠢ ᠠᠬᠢᠮᠠᠭ ᠣᠶᠠᠭᠠᠴᠢᠳ ᠣᠷᠣᠯᠴᠠᠵᠣ᠂ ᠲᠡᠭᠵᠢᠨ ᠴᠣᠪᠣᠭᠤ ᠵᠢᠭᠠᠯ ᠤᠳ ᠣᠷᠣᠯᠳᠣᠭᠠᠨ ᠪ᠊ ᠡᠮᠣᠰᠬᠡᠯ ᠵᠠᠰᠠᠯ ᠲᠠᠢ ᠠᠯᠣᠰ ᠤᠨ ᠮᠣᠷᠢᠨ ᠪ᠊ ᠣᠷᠣᠯᠳᠣᠭᠠᠨ ᠳᠤ ᠲᠠᠪᠬᠢᠭᠤᠯᠬᠤ ᠬᠥᠬᠡᠷᠣᠬᠦᠨ ᠲᠥᠷᠢ ᠨᠢ ᠬᠥᠮᠣᠰ ᠤᠨ ᠣᠷᠮ᠎ᠠ ᠶᠢ ᠬᠥᠭᠵᠢᠬᠡᠵᠣ᠂ ᠪᠠᠭ᠋ᠠᠳᠣᠭᠤᠯᠣᠨ᠎ᠠ ᠁       ᠣᠯᠣᠰ ᠤᠨ ᠲᠣᠳᠣᠭᠠᠳᠣ ᠭᠠᠳᠠᠭᠠᠳᠣ ᠶᠢᠨ ᠵᠣᠭᠠᠴᠠᠭᠰᠠᠳ ᠵᠢᠴᠢ ᠮᠣᠷᠢᠨ ᠪ᠊ ᠬᠤᠷᠣᠬᠠᠢᠢᠳᠠᠳ ᠴᠥ ᠥᠩᠬᠡᠷᠡᠭᠰᠡᠨ ᠨᠠᠶᠢᠷ ᠨᠠᠭᠠᠳᠣᠮ ᠲᠠᠢ ᠬᠠᠷᠢᠴᠠᠭᠤᠯᠪᠠᠯ ᠣᠯᠠᠰᠢᠷᠠᠭᠰᠠᠨ ᠨᠢ ᠢᠯᠡᠬᠡᠨ᠃ ︽ᠪᠢ ᠠᠩᠬ᠎ᠠ ᠣᠳᠠᠭ᠎ᠠ ᠰᠢᠯᠢ ᠎ ᠶᠢᠨ ᠭᠤᠣᠯ ᠠᠶᠢᠮᠠᠭ ᠲᠤ ᠢᠷᠠᠵᠣ ᠪᠠᠶᠢᠨ᠎ᠠ᠃ ᠮᠣᠷᠢᠨ ᠣᠷᠣᠯᠳᠣᠭᠠᠨ  ᠰᠠᠶᠢᠬᠠᠨ ᠪᠠᠶᠢᠨ᠎ᠠ᠃ ᠣᠷᠣᠯᠳᠣᠭᠠᠨ ᠳᠤ ᠲᠠᠪᠬᠢᠭᠤᠯᠣᠭᠰᠠᠨ ᠵᠢᠭᠠᠯ ᠬᠡᠣᠬᠡᠳ ᠴᠥ ᠪᠠᠭᠠᠳᠣᠷᠯᠢᠬ ᠪᠠᠶᠢᠵᠤ᠂ ᠶᠣᠰᠣᠳᠠᠢ ᠯᠡ ᠮᠤᠷᠢᠳᠡᠨ ᠥᠨᠳᠣᠰᠣᠳᠠᠨ ᠤ ᠴᠤᠭ ᠵᠢᠪᠬᠤᠭ᠎ᠠ ᠬᠠᠷᠬᠠᠳᠠᠵᠤ ᠪᠠᠶᠢᠨ᠎ᠠ︾ᠬᠡᠵᠣ ᠪᠡᠬᠡᠵᠢᠩ ᠬᠤᠳᠠ ᠠᠴᠠ ᠢᠷᠡᠭᠰᠡᠨ ᠵᠣᠭᠠᠴᠠᠭᠴᠢ ᠬᠤᠩ ᠶᠣᠸᠠᠨ ᠮᠣᠷᠢᠨ ᠣᠷᠣᠯᠳᠣᠭᠠᠨ ᠢ ᠰᠣᠨᠢᠷᠬᠠᠬᠤ ᠶᠢᠨ ᠲᠠᠭᠠᠣ ᠪᠠᠭ᠋ᠠᠳᠣᠨ ᠬᠡᠯᠠᠨ᠎ᠠ᠃       ︽ᠬᠠᠳᠠᠷᠢᠶ᠎ᠠ ᠵᠢᠷᠤᠭ᠎ᠠ ᠮᠣᠷᠢᠨ ᠪ᠊ ᠣᠷᠣᠯᠳᠣᠭᠠᠨ ᠵᠡᠷᠬᠡ ᠳᠤ ᠠᠷᠪᠠᠭᠠᠳ ᠲᠣᠰᠬᠠᠢ ᠬᠢᠨᠠᠭᠴᠢ ᠶᠢ ᠲᠣᠬᠢᠷᠠᠭᠤᠯᠵᠣ ᠂ 4 ᠬᠢᠨᠠᠬᠴᠢ ᠮᠡᠷᠬᠡᠵᠢᠯ ᠤᠨ ᠬᠤᠪᠢ ᠲᠡᠮᠳᠡᠭᠯᠠᠵᠣ ᠪᠠᠶᠢᠨ᠎ᠠ᠃ ᠵᠢᠷᠤᠭ᠎ᠠ ᠮᠣᠷᠢᠳ ᠬᠡᠷᠪᠡ 50 ᠮᠧᠲᠷ ᠤᠨ ᠲᠣᠳᠣᠷ᠎ᠠ ᠵᠢᠷᠣᠭᠠᠯᠠᠬᠤ ᠥᠬᠡᠢ ᠲᠡᠷᠬᠡᠬᠦ ᠵᠡᠷᠬᠡ ᠪᠠᠶᠢᠳᠠᠯ ᠥᠷᠬᠦᠯᠵᠢᠯᠠᠵᠣ᠂ ᠲᠣᠭᠳᠠᠭᠠᠯ ᠢ ᠵᠥᠷᠢᠴᠠᠪᠠᠯ ᠣᠷᠣᠯᠳᠣᠭᠠᠨ ᠪ᠊ ᠬᠢᠷᠢ ᠬᠡᠮ ᠢ ᠨᠢ ᠬᠠᠰᠣᠨ᠎ᠠ︾ ᠬᠡᠵᠣ ᠮᠣᠷᠢᠨ ᠣᠷᠣᠯᠳᠣᠭᠠᠨ ᠪ᠊ ᠲᠥᠪ ᠭᠤᠣᠯᠴᠢ ᠶᠠᠪᠣᠭᠳᠠᠭᠰᠠᠠ ᠳᠤᠬᠠᠢ ᠮᠣᠷᠢᠨ ᠣᠷᠣᠯᠳᠣᠭᠠᠨ ᠪ᠊ ᠬᠢᠨᠠᠭᠴᠢ ᠬᠤᠪᠢᠰᠬᠠᠯᠳᠣ ᠶᠠᠷᠢᠵᠤ ᠪᠠᠶᠢᠯ᠎ᠠ  ᠃      ᠮᠣᠷᠢᠨ ᠪᠥᠮᠪᠦᠭᠡ ᠶᠡᠭᠡ ᠰᠢᠯᠢ ᠳᠤ     ᠡᠨᠡ ᠣᠳᠠᠭᠠᠨ ᠪ᠊ ᠨᠠᠶᠢᠷ ᠲᠤ ᠮᠣᠷᠢᠨ ᠪᠥᠮᠪᠥᠬᠡᠠ ᠪ᠊ ᠣᠷᠣᠯᠳᠣᠭᠠᠨ ᠪ᠊ ᠥᠵᠡᠬᠦᠯᠥᠯᠬᠡ ᠬᠢᠭᠰᠡᠨ ᠨᠢ ᠨᠠᠶᠢᠷ ᠤᠨ ᠣᠯᠠᠨ ᠥᠵᠡᠭᠴᠢᠳ ᠤᠨ ᠠᠩᠬᠠᠷᠣᠯ ᠢ ᠲᠠᠳᠠᠭᠰᠠᠨ ᠶᠣᠮ᠃  ᠮᠣᠷᠢᠨ ᠪᠥᠮᠪᠦᠭᠡ ᠨᠢ ᠨᠡᠶᠢᠳᠠ ᠶᠢᠨ ᠣᠨ ᠲᠣᠭᠠᠯᠠᠯ ᠤᠨ 3 ᠳ᠋ᠣᠭᠠᠷ ᠵᠠᠭᠤᠨ ᠳᠤ ᠡᠬᠦᠰᠥᠭᠰᠡᠨ ᠮᠠᠠ ᠪ᠊ ᠣᠯᠣᠰ ᠤᠨ ᠬᠠᠮᠤᠭ ᠡᠷᠳᠡᠠ ᠪ᠊ ᠲᠠᠮᠢᠷ ᠤᠨ ᠬᠥᠳᠡᠯᠬᠡᠬᠡᠨ ᠪ᠊ ᠨᠢᠬᠡ ᠲᠥᠷᠣᠯ ᠪᠣᠯᠣᠨ᠎ᠠ᠃ ᠣᠳᠣ ᠥᠶ᠎ᠠ ᠶᠢᠨ ᠮᠣᠷᠢᠨ ᠪᠥᠮᠪᠦᠭᠡ ᠶᠢᠨ ᠲᠠᠮᠢᠷ ᠤᠨ ᠬᠥᠳᠡᠯᠬᠡᠬᠡᠨ ᠨᠢ 19 ᠳ᠋ᠣᠬᠡᠷ ᠵᠠᠭᠤᠨ ᠪ᠊ ᠲᠠᠪᠢᠭᠠᠳ ᠣᠨ ᠠᠴᠠ ᠡᠬᠢᠯᠡᠨ ᠪᠥᠬᠦ ᠲᠡᠯᠡᠬᠡᠢ ᠳᠤ ᠲᠠᠷᠬᠠᠭᠠᠭᠳᠠᠭᠰᠠᠠ ᠶᠣᠮ᠃      ᠮᠠᠠ ᠪ᠊ ᠠᠶᠢᠮᠠᠭ ᠲᠤ ᠰᠠᠭᠤᠭ᠎ᠠ ᠨᠢᠭᠡᠨ  ᠴᠡᠷᠢᠭ ᠠᠩᠬᠢ ᠡᠨᠡ ᠵᠢᠯ ᠤᠨ 6 ᠳ᠋ᠣᠭᠠᠷ ᠰᠠᠷ᠎ᠠ ᠳᠤ ᠰᠢᠯᠢ ᠶᠢᠨ ᠭᠤᠣᠯ ᠤᠨ ᠮᠣᠷᠢᠨ ᠪᠥᠮᠪᠦᠭᠡ ᠶᠢᠨ ᠪᠥᠯᠬᠦᠮ ᠢ ᠪᠠᠶᠢᠭᠤᠯᠵᠣ᠂ ᠡᠨᠡᠬᠦ ᠮᠣᠷᠢᠨ ᠪᠥᠮᠪᠥᠬᠡᠠ ᠪ᠊ ᠣᠷᠣᠯᠳᠣᠭᠠᠨ ᠪ᠊ ᠲᠠᠮᠢᠷ ᠤᠨ ᠲᠥᠷᠣᠯ ᠢ ᠬᠥᠭᠵᠢᠬᠦᠯᠬᠦ ᠶᠢ ᠵᠣᠷᠢᠭᠰᠠᠨ ᠪᠥᠬᠡᠳ ᠲᠣᠰ ᠨᠠᠶᠢᠷ ᠲᠤ ᠥᠵᠡᠬᠦᠯᠥᠯᠬᠡ ᠬᠢᠭᠰᠡᠨ ᠨᠢ ᠡᠨᠡ ᠪᠢᠯᠠ᠃ ᠮᠣᠷᠢᠨ ᠪᠥᠮᠪᠦᠭᠡ ᠨᠢ ᠨᠠᠭᠠᠳᠣᠮ ᠤᠨ ᠲᠥᠷᠢᠮ ᠭᠤᠷᠢᠮ ᠢᠶᠠᠷ ᠢᠶᠠᠨ ᠪᠣᠰᠣᠳ ᠮᠣᠷᠢᠨ ᠣᠷᠣᠯᠳᠣᠭᠠᠨ ᠪ᠊ ᠲᠥᠷᠣᠯ ᠢ ᠪᠣᠳᠣᠪᠠᠯ ᠣᠨᠴᠠᠯᠢᠭᠳᠠᠨ᠎ᠠ᠃︽ᠮᠣᠷᠢᠨ ᠪᠥᠮᠪᠦᠭᠡ ᠶᠢᠨ ᠣᠷᠣᠯᠳᠣᠭᠠᠨ ᠨᠢ ᠣᠷᠣᠯᠴᠠᠭᠰᠠᠳ ᠨᠢᠬᠡ ᠭᠠᠷ ᠎ ᠢᠶᠠᠷ ᠵᠢᠯᠣᠭᠤ ᠪᠠᠨ ᠡᠷᠬᠡᠰᠢᠶᠠᠵᠣ᠂ ᠨᠥᠬᠦᠬᠡ ᠭᠠᠷ ᠢᠶᠠᠷ ᠢᠶᠠᠨ ᠴᠣᠬᠢᠭᠤᠷ ᠪᠠᠷᠢᠨ ᠪᠥᠮᠪᠦᠭᠡ ᠪᠠᠨ ᠴᠣᠬᠢᠵᠣ᠂ ᠬᠥᠮᠣᠨ ᠮᠣᠷᠢ ᠬᠥᠴᠥ ᠪᠠᠨ ᠲᠡᠩᠴᠡᠬᠦᠯᠣᠨ ᠭᠠᠭᠴᠠ ᠪᠥᠮᠪᠦᠭᠡ ᠳᠤ ᠪᠠᠶᠢᠯᠳᠣᠬᠤ ᠬᠥᠴᠥ ᠪᠠᠨ ᠲᠥᠪᠯᠡᠷᠡᠬᠦᠯᠬᠦ ᠨᠢ ᠶᠡᠭᠡ ᠮᠡᠷᠬᠡᠵᠢᠯ ᠬᠡᠷᠡᠭᠰᠡᠨ᠎ᠠ᠃ ᠶᠡᠭᠡ ᠲᠣᠷ᠎ᠠ ᠰᠣᠨᠢᠷᠬᠠᠯ ᠲᠠᠢ ᠨᠠᠭᠠᠳᠣᠮ ᠶᠣᠮ ᠪᠠᠶᠢᠨ᠎ᠠ᠃ ᠡᠨᠡᠬᠦ ᠰᠢᠨ᠎ᠠ ᠬᠡᠯᠪᠡᠷᠢ ᠎ ᠶᠢᠨ ᠮᠣᠷᠢᠠ ᠣᠷᠣᠯᠳᠣᠭᠠᠨ ᠪ᠊ ᠲᠥᠷᠣᠯ ᠢ ᠬᠥᠭᠵᠢᠬᠦᠯᠬᠦ ᠨᠢ ᠵᠥᠢ ᠰᠢᠣ᠃︾ᠬᠡᠵᠣ ᠣᠷᠣᠯᠳᠣᠭᠠᠨ ᠢ ᠨᠢᠳᠣ ᠰᠢᠯᠵᠢᠯ ᠥᠬᠡᠢ ᠠᠩᠬᠠᠷᠣᠨ ᠰᠣᠨᠢᠷᠬᠠᠵᠣ ᠪᠠᠶᠢᠭᠰᠠᠨ ᠮᠠᠯᠴᠢᠨ ᠪᠠᠭᠠᠳᠣᠷ ᠬᠡᠯᠡᠵᠣ ᠪᠢᠯᠠ᠃     ᠬᠤᠷᠳᠤᠨ ᠬᠦᠯᠦᠭ ᠲᠤ ᠮᠤᠷᠳᠠᠭᠰᠠᠨ ᠪᠦᠬᠡ ᠶᠢᠨ ᠠᠪᠤᠷᠭᠤᠴᠤᠳ     ᠡᠨᠡ ᠣᠳᠠᠭᠠᠨ ᠪ᠊ ᠨᠠᠶᠢᠷ ᠲᠤ ᠣᠯᠠᠮᠵᠢᠯᠠᠯᠳᠣ ᠨᠠᠶᠢᠷ ᠨᠠᠭᠠᠳᠣᠮ ᠳᠤ ᠪᠠᠰᠠ ᠨᠢᠬᠡ ᠰᠢᠨ᠎ᠠ ᠡᠬᠦᠳᠣᠯᠳᠠ ᠭᠡᠪᠡᠯ ᠨᠢᠬᠡ ᠲᠠᠮᠢᠷᠴᠢᠨ ᠮᠣᠷᠢ ᠣᠷᠣᠯᠳᠣᠬᠤ᠂ ᠪᠥᠬᠡ ᠪᠠᠷᠢᠯᠳᠣᠬᠤ᠂ ᠰᠣᠷ ᠬᠠᠷᠪᠣᠯᠳᠠ ᠳᠤ ᠪᠥᠷ ᠣᠷᠣᠯᠴᠠᠵᠣ᠂ ᠶᠡᠷᠣᠩᠬᠡᠢ ᠬᠤᠪᠢ ᠪᠠᠷ ᠰᠢᠯᠭᠠᠷᠠᠭᠤᠯᠵᠠᠢ᠃ ᠲᠠᠷᠣᠢ ᠲᠥᠷᠣᠯ ᠪᠣᠯᠭᠠᠨ 1000 ᠬᠤᠪᠢ︵ᠵᠢᠱᠢᠶᠠᠯᠠᠪᠠᠯ ᠪᠥᠬᠡ ᠳᠤ ᠲᠡᠷᠢᠬᠦᠯᠡᠪᠡᠯ 1000 ᠬᠤᠪᠢ ᠲᠡᠳ᠋ᠯᠠᠪᠠᠯ 998 ᠬᠤᠪᠢ ᠬᠡᠬᠦᠴᠢᠯᠠᠨ ᠬᠤᠪᠢ ᠣᠯᠭᠤᠪᠠ︶ᠪᠣᠯᠣᠨ᠎ᠠ᠃     3600 ᠮᠧᠲᠷ ᠤᠨ ᠬᠤᠷᠳᠣᠨ ᠮᠣᠷᠢᠨ ᠪ᠊ ᠣᠷᠣᠯᠳᠣᠭᠠᠨ ᠳᠤ ᠣᠯᠣᠰ ᠤᠨ ᠠᠪᠣᠷᠭᠤ ᠮᠢ᠊ · ᠰᠣᠶᠣᠯ᠂ ᠪᠠᠶᠠᠷᠪᠠᠭᠠᠳᠣᠷ᠂ ᠨᠠᠰᠣᠨᠴᠣᠭᠳᠣ ᠨᠠᠷ ᠣᠷᠣᠯᠴᠠᠵᠣ᠂ ᠮᠣᠷᠢ ᠣᠷᠣᠯᠳᠣᠭᠰᠠᠠ ᠨᠢ ᠥᠵᠡᠭᠴᠢᠳ ᠤᠨ ᠠᠩᠬᠠᠷᠣᠯ ᠢ ᠣᠨᠴᠠ ᠲᠠᠳᠠᠵᠣ᠂ ᠨᠠᠶᠢᠷ ᠤᠨ ᠪᠠᠰᠠ ᠨᠢᠬᠡ ᠬᠢᠯᠠᠰ ᠴᠢᠭ ᠪᠣᠯᠣᠭᠰᠠᠠ᠃     ᠬᠡᠳᠣᠨ ᠡᠳᠣᠷ ᠤᠨ ᠬᠤᠷᠴᠠ ᠰᠢᠷᠣᠬᠦᠨ ᠮᠥᠷᠦ᠋ᠢᠴᠡᠬᠡᠨ ᠢᠶᠠᠷ ᠲᠠᠮᠵᠢᠨ ᠪᠠᠷᠠᠭᠤᠨ ᠥᠵᠣᠮᠣᠴᠢᠨ ᠬᠤᠰᠢᠭᠤᠨ ᠪ᠊ ᠠᠬᠠᠮᠠᠳ ᠪᠥᠬᠡᠴᠢᠨ ᠲᠣᠭᠳᠠᠬᠤ︽ᠡᠷ᠎ᠠ ᠶᠢᠨ ᠭᠤᠷᠪᠠᠠ ᠨᠠᠭᠠᠳᠣᠮ︾᠎ ᠤᠨ ᠪᠣᠭᠤᠮᠳᠠ ᠪᠣᠯᠭᠠᠨ ᠢ ᠰᠢᠯᠣᠭᠤᠬᠠᠨ ᠲᠠᠪᠠᠵᠣ᠂ 2912 ᠬᠤᠪᠢ ᠶᠢᠨ ᠰᠢᠯᠢᠳᠡᠭ ᠪᠥᠳᠣᠮᠵᠢ ᠪᠠᠷ ᠲᠡᠷᠢᠬᠦᠯᠡᠭᠰᠡᠨ ᠶᠣᠮ᠃ ︽ᠨᠢᠬᠡ ᠳᠤ ᠮᠡᠷᠬᠡᠰᠢᠵᠣ ᠣᠯᠠᠨ ᠳᠤ ᠴᠠᠭᠠᠷᠠᠬᠤ ᠨᠢ ᠨᠠᠶᠢᠷ ᠨᠠᠭᠠᠳᠣᠮ ᠤᠨ ᠪᠠᠰᠠ ᠨᠢᠬᠡ ᠰᠢᠨ᠎ᠠ ᠠᠬᠢᠯᠳᠠ᠃ ᠪᠠᠰᠠᠴᠥ ᠴᠠᠭ ᠥᠶ᠎ᠠ ᠶᠢᠨ ᠱᠠᠭᠠᠷᠳᠠᠯᠭ᠎ᠠ ᠪᠣᠯᠵᠣ ᠪᠠᠶᠢᠨ᠎ᠠ᠃ᠨᠭᠠᠳᠣᠮᠴᠢᠳ ᠢ ᠣᠯᠠᠨ ᠲᠠᠯ᠎ᠠ ᠪᠠᠷ ᠮᠡᠷᠬᠡᠰᠢᠬᠦᠯᠵᠣ ᠴᠠᠭᠠᠷᠠᠭᠤᠯᠬᠤ ᠨᠢ ᠥᠨᠳᠣᠰᠣᠳᠠᠨ ᠪ᠊ ᠪᠡᠶ᠎ᠠ ᠶᠢᠨ ᠲᠠᠮᠢᠷ ᠤᠨ ᠣᠢᠢᠯᠠᠰ ᠤᠨ ᠬᠥᠭᠵᠢᠯᠳᠠ ᠶᠢ ᠠᠬᠢᠭᠤᠯᠬᠤ ᠳᠤ ᠴᠢᠬᠤᠯᠠ ᠠᠴᠢ ᠬᠤᠯᠪᠣᠭᠳᠠᠯ ᠲᠠᠢ ᠶᠣᠮ᠃︾ᠬᠡᠵᠣ ᠬᠢᠨᠠᠭᠴᠢ ᠲᠥᠮᠡᠨ ᠰᠣᠷᠪᠣᠯᠵᠢᠯᠠᠭ᠎ᠠ ᠬᠥᠯᠢᠶᠡᠬᠦ ᠳᠡᠭᠡᠨ ᠶᠡᠷᠢᠯ᠎ᠠ᠃     ᠵᠢᠷᠤᠭ᠎ᠠ ᠬᠠᠳᠠᠷᠢᠶ᠎ᠠ ᠮᠣᠷᠢᠳ ᠶᠠᠭᠠᠬᠢᠭᠠᠳ ᠴᠥᠬᠡᠷᠡᠪᠠ    ᠲᠣᠰ ᠣᠳᠠᠭᠠᠨ ᠪ᠊ ᠶᠡᠭᠡ ᠨᠠᠶᠢᠷ ᠲᠤ ᠵᠢᠷᠤᠭ᠎ᠠ ᠮᠣᠷᠢᠨ ᠪ᠊ ᠣᠷᠣᠯᠳᠣᠭᠠᠨ ᠭᠤᠴᠢᠭᠠᠳ ᠬᠥᠮᠣᠠ᠂ ᠬᠠᠳᠠᠷᠢᠶ᠎ᠠ ᠮᠣᠷᠢᠨ ᠪ᠊ ᠣᠷᠣᠯᠳᠣᠭᠠᠨ ᠳᠤ ᠬᠤᠷᠢᠭᠠᠳ ᠯᠠ ᠬᠥᠮᠣᠨ ᠣᠷᠣᠯᠴᠠᠵᠣ᠂ ᠡᠬᠦᠨ ᠳᠤ ᠮᠠᠠ ᠪ᠊ ᠠᠶᠢᠮᠠᠭ ᠤᠨ ᠮᠣᠷᠢ ᠲᠣᠩ ᠴᠥᠬᠡᠨ ᠪᠠᠶᠢᠬᠰᠠᠨ ᠨᠢ ᠲᠠᠩᠴᠢ ᠰᠠᠨᠠᠭᠠᠨ ᠳᠤ ᠬᠥᠷᠣᠮ᠎ᠠ ᠥᠬᠡᠢ ᠪᠠᠶᠢᠵᠣ᠂ ᠰᠡᠳᠬᠢᠬᠦᠰᠢᠳᠠᠢ ᠠᠰᠠᠭᠤᠳᠠᠯ ᠪᠣᠯᠵᠣ ᠪᠠᠶᠢᠨ᠎ᠠ᠃ ᠮᠠᠠ ᠪ᠊ ᠠᠶᠢᠮᠠᠭ ᠤᠨ ᠵᠢᠷᠤᠭ᠎ᠠ ᠮᠣᠷᠢᠳ ᠬᠠᠳᠠᠷᠢᠶ᠎ᠠ ᠮᠣᠷᠢᠳ ᠴᠥᠬᠡᠷᠡᠭᠰᠡᠨ ᠪ᠊ ᠶᠣᠮ ᠤᠤ ᠡᠰᠡᠬᠦᠯ᠎ᠠ ᠣᠶᠠᠭᠠᠴᠢᠳ ᠴᠥᠬᠡᠷᠡᠭᠰᠡᠨ ᠪ᠊ ᠶᠣᠮ ᠤᠤ ᠪᠣᠣ ᠮᠡᠳᠡ᠃ ᠡᠨᠡ ᠲᠣᠬᠠᠢ ᠮᠣᠷᠢᠨ ᠣᠷᠣᠯᠳᠣᠭᠠᠨ ᠪ᠊ ᠲᠡᠳ᠋ ᠶᠡᠷᠣᠩᠬᠡᠢ ᠬᠢᠨᠠᠭᠴᠢ ᠬᠤᠪᠢᠰᠬᠠᠯᠳᠣ︽ᠵᠢᠷᠤᠭ᠎ᠠ ᠬᠠᠳᠠᠷᠢᠶ᠎ᠠ ᠮᠣᠷᠢᠳ ᠴᠥᠬᠡᠷᠡᠭᠰᠡᠨ ᠨᠢ ᠨᠢᠬᠡ ᠲᠠᠯ᠎ᠠ ᠪᠠᠷ ᠮᠠᠠ ᠪ᠊ ᠠᠶᠢᠮᠠᠭ ᠤᠨ ᠮᠣᠷᠢᠳ ᠡᠷᠳᠡ ᠣᠵᠣᠭᠤᠷ ᠢᠶᠠᠨ ᠪᠣᠳᠣᠪᠠᠯ ᠬᠠᠷᠢᠴᠠᠩᠭᠤᠢ ᠴᠥᠬᠡᠷᠡᠭᠰᠡᠨ ᠢ ᠬᠠᠷᠠᠭᠤᠯᠵᠣ ᠪᠠᠶᠢᠨ᠎ᠠ᠂ ᠪᠠᠰᠠ ᠨᠢᠬᠡ ᠲᠠᠯ᠎ᠠ ᠪᠠᠷ ᠵᠢᠷᠤᠭ᠎ᠠ ᠬᠠᠳᠠᠷᠢᠶ᠎ᠠ ᠮᠣᠷᠢᠠ ᠪ᠊ ᠣᠶᠠᠭᠠᠴᠢᠳ ᠴᠥᠬᠡᠷᠡᠭᠰᠡᠨ ᠢ ᠬᠠᠷᠠᠭᠤᠯᠵᠣ ᠪᠠᠶᠢᠨ᠎ᠠ︾ ᠬᠡᠯ᠎ᠠ ᠃      ᠲᠣᠰ ᠣᠳᠠᠭᠠᠨ ᠪ᠊ ᠨᠠᠶᠢᠷ ᠲᠤ ᠵᠥᠪᠬᠡᠨ ᠲᠥᠩᠯᠢᠶᠣᠣ ᠬᠤᠳᠠ ᠠᠴᠠ ᠲᠠᠯᠠᠭᠠᠳ ᠮᠣᠷᠢ ᠢᠷᠡᠭᠰᠡᠨ ᠪᠥᠬᠡᠳ ᠵᠢᠷᠤᠭ᠎ᠠ ᠬᠠᠳᠠᠷᠢᠶ᠎ᠠ ᠮᠣᠷᠢᠨ ᠪ᠊ ᠣᠷᠣᠯᠳᠣᠭᠠᠨ ᠳᠤ ᠲᠥᠩᠯᠢᠶᠣᠣ ᠬᠤᠳᠠ ᠶᠢᠨ ᠣᠶᠠᠭᠠᠴᠢᠳ‌‍ᠣᠨ ᠮᠣᠷᠢ ᠰᠢᠯᠢᠳᠡᠭ ᠪᠥᠳᠣᠮᠵᠢ ᠣᠯᠣᠭᠰᠠᠨ ᠢ ᠶᠠᠭᠤᠨ ᠠᠨᠳᠠᠬᠤ ᠪᠣᠢ ᠳ᠋ᠠ᠃  ᠠᠳᠣᠭᠤ ᠬᠠᠷᠢᠴᠠᠩᠭᠤᠢ ᠴᠥᠬᠡᠨ ᠪᠠᠶᠢᠳᠠᠭ ᠲᠥᠩᠯᠢᠶᠣᠣ ᠬᠤᠳᠠ ᠨᠢ ᠶᠠᠭᠠᠬᠢᠬᠤ ᠳᠠᠭᠠᠨ ᠵᠢᠷᠤᠭ᠎ᠠ ᠮᠣᠷᠢ᠂ ᠬᠠᠳᠠᠷᠢᠶ᠎ᠠ ᠮᠣᠷᠢ᠂ ᠬᠤᠷᠳᠣᠨ ᠬᠥᠯᠥᠭ ᠭᠠᠷᠳᠠᠭ ᠶᠣᠮ? ᠲᠥᠩᠯᠢᠶᠣᠣ ᠬᠤᠳᠠ ᠶᠢᠨ ᠬᠤᠷᠴᠢᠨ ᠵᠡᠬᠦᠨ ᠭᠠᠷᠣᠨ ᠬᠤᠶᠢᠳᠣ ᠬᠤᠰᠢᠭᠤᠨ ᠪ᠊ ᠪᠣᠣ ᠱᠧᠩ ᠪᠣᠯ ᠨᠡᠷᠡᠳᠣ ᠣᠶᠠᠭᠠᠴᠢᠠ ᠶᠣᠮ᠃ ᠲᠡᠬᠦᠨ ᠪ᠊ ᠰᠢᠷ᠎ᠠ ᠬᠡᠬᠡᠷ ᠮᠣᠷᠢ ᠨᠢ ᠡᠨᠡ ᠵᠢᠯ ᠤᠨ ᠰᠢᠯᠣᠭᠤᠨ ᠬᠥᠬᠡ ᠬᠤᠰᠢᠭᠤ᠂ ᠰᠢᠯᠣᠭᠤᠨ ᠬᠥᠪᠡᠬᠡᠳᠣ ᠴᠠᠭᠠᠨ ᠬᠤᠰᠢᠭᠤᠨ ᠪ᠊ ᠨᠠᠶᠢᠷ ᠲᠤ ᠵᠠᠯᠭᠠᠪᠠᠷ ᠲᠡᠷᠢᠬᠦᠯᠡᠭᠰᠡᠠ᠃ ᠲᠡᠷᠡ︽ᠬᠤᠷᠣᠮᠬᠠᠠ ᠵᠠᠭᠤᠷ᠎ᠠ ᠲᠡᠷᠢᠬᠦᠨ ᠲᠡᠳ᠋ ᠪᠣᠯᠬᠤ ᠨᠢ ᠥᠵᠡᠭᠴᠢᠳ ᠤᠨ ᠬᠠᠷᠠᠭᠠᠨ ᠳᠤ ᠶᠠᠭ ᠯᠠ ᠲᠣᠩ ᠠᠮᠠᠷᠬᠠᠨ ᠰᠢᠬ᠃ ᠥᠨᠡᠨᠳᠡᠬᠡᠨ ᠣᠶᠠᠭᠠᠴᠢᠨ ᠪᠢᠳᠠᠨ ᠪ᠊ ᠨᠢᠬᠡ ᠵᠢᠯ ᠤᠨ ᠬᠥᠴᠥ ᠬᠥᠯᠣᠰᠣ ᠰᠢᠩᠬᠡᠵᠣ ᠪᠠᠶᠢᠨ᠎ᠠ᠃  ᠬᠤᠷᠳᠣᠨ ᠬᠥᠯᠥᠭ ᠲᠠᠢ ᠪᠣᠯᠬᠤ ᠳᠤ ᠰᠠᠶᠢᠠ ᠮᠣᠷᠢ ᠪᠠᠶᠢᠬᠤ ᠬᠡᠷᠡᠭᠳᠠᠢ ᠪᠥᠬᠡᠳ ᠨᠡᠩ ᠴᠢᠬᠤᠯᠠ ᠨᠢ ᠣᠶᠠᠭ᠎ᠠ ᠰᠢᠣ᠃ ᠪᠢᠳᠠ ᠮᠣᠷᠢ ᠪᠠᠨ ᠬᠡᠣᠬᠡᠳ ᠠᠷᠠᠴᠢᠯᠠᠬᠤ ᠰᠢᠬ ᠬᠥᠴᠥ ᠣᠷᠣᠭᠤᠯᠳᠠᠭ᠃ ᠵᠢᠯ ᠲᠣᠷᠰᠢ ᠡᠷᠳᠡᠯᠡᠵᠣ ᠣᠷᠦ᠋ᠢᠯᠠᠨ ᠪᠣᠰᠴᠥ᠂ ᠮᠣᠷᠢᠳ ᠢᠶᠠᠨ ᠲᠡᠵᠢᠬᠡᠬᠦ ᠵᠡᠷᠬᠡ ᠠᠷᠠᠴᠢᠯᠠᠭ᠎ᠠ ᠳᠤ ᠶᠡᠭᠡ ᠮᠡᠷᠬᠡᠵᠢᠯ᠂ ᠬᠥᠴᠥ ᠬᠥᠯᠥᠰᠣ ᠵᠠᠷᠣᠴᠠᠭᠤᠯᠳᠠᠭ ᠰᠢᠣ!︾ᠬᠡᠵᠣ ᠣᠴᠢᠷᠯᠠᠭᠰᠠᠨ ᠶᠣᠮ᠃     ᠣᠢᠢᠯᠠᠭᠠᠭᠰᠠᠨ ᠢᠶᠠᠷ᠂ ᠣᠷᠳᠣᠰ᠂ ᠲᠥᠩᠯᠢᠶᠣᠣ ᠵᠡᠷᠬᠡ ᠭᠠᠵᠠᠷ ᠲᠤ ᠣᠳᠣ ᠲᠣᠰᠬᠠᠢ ᠬᠤᠷᠳᠣᠨ ᠬᠥᠯᠥᠭ ᠮᠠᠯᠵᠢᠵᠣ ᠪᠠᠶᠢᠭ᠎ᠠ ᠬᠥᠮᠣᠰ ᠣᠯᠠᠰᠢᠷᠠᠵᠣ ᠪᠠᠶᠢᠭ᠎ᠠ ᠪᠥᠬᠡᠳ ᠮᠣᠷᠢᠳ ᠢ ᠠᠵᠣ ᠣᠢᠢᠯᠠᠰᠵᠢᠬᠦᠯᠣᠨ ᠡᠵᠡᠩᠨᠡᠵᠣ᠂ ᠬᠤᠷᠳᠣᠨ ᠬᠥᠯᠥᠭ ᠪᠣᠷᠣᠯᠠᠭᠤᠯᠵᠣ ᠣᠷᠣᠯᠭ᠎ᠠ ᠪᠠᠨ ᠨᠡᠮᠡᠭᠳᠡᠬᠦᠯᠵᠣ ᠪᠠᠶᠢᠭ᠎ᠠ ᠴᠥ ᠠᠷᠪᠢᠳᠴᠢ᠃ ᠵᠡᠷᠢᠮ ᠬᠥᠮᠣᠰ 10 ᠲᠥᠮᠡ᠂ 20 ᠲᠥᠮᠡ ᠬᠡᠬᠦᠴᠢᠯᠠᠨ ᠥᠨᠳᠣᠷ ᠥᠨ᠎ᠠ ᠪᠠᠷ ᠬᠤᠷᠳᠣᠨ ᠬᠥᠯᠥᠭ ᠬᠤᠳᠠᠯᠳᠣᠨ ᠠᠪᠴᠥ ᠪᠠᠶᠢᠭ᠎ᠠ ᠴᠥ ᠪᠠᠶᠢᠨ᠎ᠠ᠃︽ᠣᠷᠳᠣᠰ ᠬᠤᠳᠠ ᠶᠢᠨ ᠨᠢᠬᠡ ᠣᠶᠠᠭᠠᠴᠢᠨ ᠲᠥᠩᠯᠢᠶᠣᠣ ᠬᠤᠳᠠ ᠠᠴᠠ 15 ᠲᠥᠮᠡᠠ ᠲᠥᠬᠦᠷᠢᠭ ᠢᠶᠠᠷ ᠨᠢᠬᠡ ᠵᠢᠷᠤᠭ᠎ᠠ ᠮᠣᠷᠢ ᠬᠤᠳᠠᠯᠳᠣᠨ ᠠᠪᠣᠭᠰᠠᠨ᠃︾ ᠬᠡᠵᠣ ᠲᠥᠩᠯᠢᠶᠣᠣ ᠬᠤᠳᠠ ᠶᠢᠨ ᠨᠢᠬᠡ ᠣᠶᠠᠭᠠᠴᠢᠨ ᠵᠣᠭᠤᠭ ᠲᠡᠯᠬᠡᠨ ᠬᠡᠯᠡᠵᠣ ᠪᠢᠯᠠ᠃ ᠲᠡᠬᠡᠬᠦᠯᠠᠷ ︽ᠲᠣᠮᠳᠠᠳᠣ ᠣᠯᠣᠰ ᠤᠨ ᠠᠳᠣᠭᠤᠨ ᠰᠣᠶᠣᠯ ᠤᠨ ᠲᠥᠪ︾ᠬᠡᠬᠦ ᠰᠠᠶᠢᠬᠠᠨ ᠨᠡᠷᠠᠶᠢᠳᠣᠯ ᠲᠠᠢ ᠮᠠᠠ ᠪ᠊ ᠠᠶᠢᠮᠠᠭ ᠡᠷᠬᠢᠮ ᠠᠯᠳᠠᠷ ᠢᠶᠠᠨ ᠨᠠᠨᠳᠢᠩᠨᠠᠨ ᠬᠤᠷᠳᠣᠨ ᠬᠥᠯᠥᠭ ᠤᠨ ᠠᠯᠳᠠᠷᠰᠢᠯ ᠢᠶᠠᠨ ᠮᠠᠨᠳᠣᠭᠤᠯᠬᠤ ᠨᠢ ᠵᠥᠢ ᠪᠢᠰᠢᠣ!
 
ᠢᠷᠡᠯᠲᠡ᠄ 《 ᠰᠢᠯᠢ ᠶᠢᠨ ᠭᠤᠤᠯ ᠤᠨ ᠡᠳᠦᠷ ᠤᠨ ᠰᠤᠨᠢᠨ 》
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号