ᠵᠢᠷᠭᠠᠯᠠᠡᠭ᠌ᠳᠤ ᠳᠠᠯ᠎ᠠ ᠨᠤᠳᠤᠬ ᠰᠢᠯᠢ ᠵᠨ ᠭᠤᠤᠯ ᠤᠨ ᠨᠠᠭᠠᠳᠤᠮ ᠤᠨ 1024 ᠪᠦᠭᠡ  ᠶᠢᠨ ᠰᠢᠷᠦᠬᠦᠨ ᠳᠡᠮᠡᠴᠡᠬᠡᠨ  ᠤ ᠳᠤᠬᠠᠢ ᠬᠦᠤᠷᠨᠢᠯ
ᠨᠡᠶᠢᠲᠡᠯᠡᠭᠰᠡᠨ ᠴᠠᠭ᠄
2016/7/22
   ᠨᠤᠮᠤᠭᠠᠨ ᠠᠭᠤᠯᠠ ᠶᠢᠨ ᠢᠶᠠᠨ ᠳᠦᠰᠢᠯᠭᠡ ᠲᠠᠢ ᠰᠢᠷᠠᠳᠠᠯ᠎ᠠ ᠶᠢᠨ ᠡᠯᠢᠭᠡᠨ ᠳᠤ ᠪᠦᠭᠡ ᠶᠢᠨ ᠤᠷᠢᠶ᠎ᠠ ᠳᠠᠪᠤᠨ ᠡᠳᠦᠷ ᠬᠠᠩᠭᠢᠨᠠᠵᠤ᠂ 1024 ᠪᠦᠭᠡ ᠶᠢᠨ ᠪᠠᠷᠢᠯᠳᠤᠭᠠᠨ ᠢᠳᠡ ᠬᠦᠴᠦᠳᠡᠢ᠂ ᠦᠵᠡᠮᠦᠷᠢ ᠲᠠᠢ ᠰᠠᠶᠢᠬᠠᠨ ᠶᠠᠪᠤᠬᠳᠠᠵᠤ᠂ 8 ᠳ᠋ᠤᠭᠠᠷ ᠰᠠᠷ᠎ᠠ ᠶᠢᠨ 10᠎ ᠤ ᠡᠳᠦᠷ ᠤᠨ ᠦᠳᠡ ᠶᠢᠨ ᠡᠮᠤᠨ᠎ᠠ ᠦᠨᠳᠦᠷᠯᠡᠯ᠎ᠠ᠃ ᠳᠡᠭᠡᠪᠡᠴᠦ ᠳᠠᠷᠠᠬᠦ ᠰᠦᠷ ᠵᠢᠪᠬᠤᠯᠠᠡᠭ᠌ᠳᠡᠢ ᠪᠦᠭᠡ ᠶᠢᠨ ᠤᠷᠢᠶ᠎ᠠ ᠴᠢᠬᠢᠨ ᠳᠤ ᠪᠠᠰᠠ ᠬᠠᠩᠭᠢᠨᠠᠵᠤ᠂ ᠳᠡᠬᠦᠨ ᠪ᠊ ᠳᠤᠬᠠᠢ ᠵᠤᠭᠤᠬ ᠨᠤᠭᠤᠳ ᠠᠮᠳᠠᠳᠠᠢ ᠶᠠᠷᠢᠬᠳᠡᠬᠰᠠᠭᠠᠷ᠃        ᠤᠨᠤᠭᠠᠯᠳᠠ ᠨᠢ ᠰᠠᠶᠢᠨ     ᠡᠨᠡ ᠤᠳᠠᠭ᠎ᠠ ᠪᠦᠭᠡ ᠶᠢᠨ ᠤᠨᠤᠭᠠᠯᠳᠠ ᠳᠤ ᠳᠡᠯᠡᠭᠡᠢ  ᠮᠠᠶ᠋ᠢᠬ ᠤᠨ ᠪᠦᠭᠡ ᠶᠢᠨ ᠤᠨᠤᠭᠠᠯᠳᠠ ᠶᠢ ᠭᠡᠷᠡᠭᠯᠡᠭᠰᠡᠨ ᠶᠤᠮ᠃ ᠪᠦᠬᠦ ᠠᠶᠢᠮᠠᠬ ᠤᠨ ᠴᠤᠯᠠ ᠤᠯᠭᠤᠬᠤ ᠨᠠᠶᠢᠷ ᠳᠡᠭᠡᠷ᠎ᠠ ᠠᠳᠠᠯᠢ ᠪᠤᠰᠤ ᠴᠤᠯᠠ ᠤᠯᠤᠬᠰᠠᠨ ᠪᠦᠭᠡᠴᠤᠳ ᠢᠶᠠᠨ ᠰᠢᠯᠢᠳᠡᠭ ᠪᠦᠭᠡᠴᠤᠳ ᠤᠨ ᠳᠤᠭᠠᠨ ᠳᠤ ᠤᠷᠤᠭᠤᠯᠵᠤ᠂ ᠵᠢᠷᠭᠠᠯᠠᠡᠭ᠌ᠳᠤ ᠳᠠᠯ᠎ᠠ ᠨᠤᠳᠤᠬ ᠰᠢᠯᠢ ᠶᠢᠨ ᠭᠤᠤᠯ ᠤᠨ ᠨᠠᠭᠠᠳᠤᠮ ᠤᠨ ᠬᠤᠷᠠᠯ ᠤᠨ 1024 ᠪᠦᠭᠡ ᠶᠢᠨ ᠤᠨᠤᠭᠠᠯᠳᠠ ᠬᠢᠭᠰᠡᠨ ᠨᠢ ᠳᠤᠰ ᠤᠳᠠᠭᠠᠨ ᠪ᠊ ᠨᠠᠶᠢᠷ ᠤᠨ ᠨᠢᠭᠡᠨ ᠪᠠᠭ᠋ᠠᠷᠤᠯᠳᠠᠢ ᠠᠮᠵᠢᠯᠳᠠ ᠲᠠᠢ ᠳᠠᠯ᠎ᠠ ᠪᠤᠯᠬᠤ ᠮᠦᠷᠳᠡᠭᠡᠨ ᠵᠤᠷᠢᠬᠳᠠᠢ ᠳᠤᠷᠰᠢᠴᠡ ᠶᠤᠮ᠃ ᠶᠠᠬ ᠡᠶᠢᠮᠤ  ᠪᠤᠯᠬᠤᠷ ᠴᠤᠯᠠ ᠤᠯᠭᠤᠬᠤ ᠨᠠᠶᠢᠷ ᠲᠤ ᠠᠪᠤᠷᠭᠤ ᠴᠤᠯᠠ ᠬᠦᠷᠳᠡᠭᠰᠡᠳ 64 ᠬᠦᠷᠳᠡᠯ᠎ᠠ ᠬᠤᠭᠤᠷᠤᠨᠳᠤ ᠪᠠᠨ ᠳᠠᠭᠠᠷᠠᠬᠰᠠᠨ ᠦᠭᠡᠢ᠃ ᠮᠠᠨ ᠪ᠊ ᠠᠶᠢᠮᠠᠬ ᠤᠨ ᠪᠦᠭᠡ ᠶᠢᠨ ᠨᠡᠶᠢᠭᠡᠮᠯᠢᠭ 2005 ᠤᠨ ᠠᠴᠠ ᠡᠬᠢᠯᠡᠵᠤ᠂ ᠪᠦᠭᠡ ᠶᠢᠨ ᠴᠤᠯᠠ ᠤᠯᠭᠤᠬᠤ ᠨᠠᠶᠢᠷ ᠢ ᠵᠢᠷᠭᠤᠭ᠎ᠠ ᠤᠳᠠᠭ᠎ᠠ ᠬᠢᠵᠤ᠂ ᠬᠠᠳᠠ᠂ ᠮᠢ ᠊ ᠰᠤᠶᠤᠯ᠂ ᠪᠠᠶᠠᠷᠪᠠᠭᠠᠳᠤᠷ᠂ ᠠᠯᠳᠠᠨᠪᠠᠭᠠᠨ᠎ᠠ᠂ ᠨᠠᠰᠤᠨᠵᠢᠷᠭᠠᠯ᠂ ᠳᠠᠮᠤᠷ᠎ᠠ ᠵᠡᠷᠭᠡ 6 ᠠᠪᠤᠷᠭᠤ; ᠤᠶᠤᠨᠪᠠᠳᠤ᠂ ᠪᠠᠳᠤᠵᠢᠷᠭᠠᠯ᠂ ᠨᠠᠷᠠᠰᠦ ᠵᠡᠷᠭᠡ 3 ᠠᠷᠰᠯᠠᠨ; ᠪᠠᠳᠦᠰᠦ᠋ᠭᠡ᠂ ᠳᠤᠷᠵᠢᠪᠡᠳᠦ᠂ ᠭᠠᠯᠰᠠᠡᠭ᠌ᠷᠠᠰᠢ ᠵᠡᠷᠭᠡ 3 ᠭᠠᠷᠤᠳᠢ; ᠰᠠᠶᠢᠨᠪᠠᠶᠠᠷ᠂ ᠪᠠᠶᠠᠨᠵᠢᠷᠭᠠᠯ᠂ ᠴᠠᠭᠠᠨᠵᠠᠭᠠᠨ ᠵᠡᠷᠭᠡ 3 ᠵᠠᠭᠠᠨ; ᠨᠠᠰᠤᠨᠳᠤᠬᠳᠠᠬᠤ ᠵᠡᠷᠭᠡ 8 ᠨᠠᠴᠢᠨ᠂ ᠴᠢᠷᠮᠡᠶᠢᠯᠳᠦ ᠵᠡᠷᠭᠡ 14 ᠬᠠᠷᠴᠠᠭᠠᠢ ᠳᠤᠳᠤᠷᠠᠵᠤ ᠪᠦᠬᠦ ᠨᠠᠶᠢᠳᠠ 37 ᠴᠤᠯᠠ ᠲᠠᠢ ᠪᠦᠭᠡ ᠮᠡᠨᠳᠦᠯᠡᠭᠰᠡᠨ ᠶᠤᠮ᠃ ᠳᠤᠮᠳᠠᠳᠤ ᠮᠠᠶ᠋ᠢᠬ ᠤᠨ ᠪᠦᠭᠡ ᠶᠢᠨ 10 ᠤᠳᠠᠭᠠᠨ ᠪ᠊ ᠠᠯᠳᠠᠨ ᠮᠧᠲ᠋ᠡᠯ ᠬᠦᠷᠳᠡᠭᠴᠢ᠂ ᠰᠢᠯᠢ ᠶᠢᠨ ᠭᠤᠤᠯ ᠤᠨ ᠪᠠᠶ᠎ᠠ ᠳᠠᠮᠢᠷ ᠤᠨ ᠰᠤᠷᠭᠠᠭᠤᠯᠢ ᠶᠢᠨ ᠳᠠᠷᠤᠭ᠎ᠠ ᠪᠠᠶᠢᠬᠰᠠᠨ  ᠴᠠᠭᠠᠨᠵᠠᠭᠠᠨ᠎ᠠ ᠨᠠᠷ ᠦᠪᠤᠷ ᠮᠤᠩᠭᠤᠯ ᠤᠨ ᠪᠠᠷᠢᠯᠳᠤᠭᠠᠨ ᠳᠤ ᠪᠦᠭᠡ ᠶᠢᠨ ᠴᠤᠯᠠ ᠤᠯᠭᠤᠬᠤ ᠨᠠᠶᠢᠷ ᠢ ᠰᠡᠳᠦᠵᠤ ᠬᠢᠭᠰᠡᠨ ᠶᠤᠮ᠂ ᠳᠡᠷᠡ ᠡᠨᠡ ᠤᠳᠠᠭ᠎ᠠ ᠪᠦᠭᠡ ᠶᠢᠨ ᠶᠡᠷᠦᠩᠭᠡᠢ ᠬᠢᠨᠠᠬᠴᠢᠳ ᠤᠨ ᠳᠠᠷᠤᠭ᠎ᠠ ᠰᠠᠭᠤᠬᠰᠠᠨ ᠪᠤᠯᠬᠤᠷ ᠦᠪᠡᠷ ᠢᠶᠠᠨ ᠰᠡᠳᠦᠵᠤ ᠡᠷᠬᠢᠯᠡᠭᠰᠡᠨ ᠪᠦᠭᠡ ᠶᠢᠨ ᠴᠤᠯᠠ ᠤᠯᠤᠬᠰᠠᠨ ᠰᠢᠯᠢᠳᠡᠭ ᠰᠡᠶᠢᠨ ᠪᠦᠭᠡᠴᠤᠳ ᠎ ᠲᠡᠭᠡᠨ ᠰᠢᠯᠢᠳᠡᠭ ᠪᠠᠶᠢᠷᠢ ᠳᠠᠭᠠᠷᠠᠭᠤᠯᠬᠤ ᠠᠷᠭ᠎ᠠ ᠭᠡᠷᠡᠭᠯᠡᠵᠠᠢ᠃ ᠴᠤᠯᠠ ᠤᠯᠤᠬᠰᠠᠨ ᠪᠦᠭᠡᠴᠤᠳ ᠠᠴᠠ ᠳᠡᠭᠡᠷ᠎ᠠ ᠨᠠᠢᠮᠠ ᠳᠤ ᠵᠢᠷᠭᠤᠭ᠎ᠠ ᠤᠷᠤᠵᠤ᠂ 2 ᠠᠪᠤᠷᠭᠤ᠂ 1 ᠠᠷᠰᠯᠠᠨ᠂ 1 ᠵᠠᠭᠠᠨ᠂ 2 ᠨᠠᠴᠢᠨ ᠰᠤᠭᠤᠷᠠᠨ ᠦᠯᠡᠳᠡᠵᠤ᠂ ᠪᠤᠰᠤᠳ ᠬᠤᠶᠠᠷ ᠨᠢ ᠭᠠᠳᠠᠨ᠎ᠠ ᠶᠢᠨ ᠪᠦᠭᠡ ᠪᠤᠯᠤᠨ᠎ᠠ᠃ ᠭᠠᠳᠠᠨ᠎ᠠ ᠰᠠᠶᠢᠨ ᠪᠦᠭᠡᠴᠢᠨ ᠳᠤ ᠰᠢᠯᠢᠳᠡᠭ ᠪᠦᠭᠡᠴᠢᠨ ᠪ᠊ ᠪᠠᠶᠢᠷᠢ ᠤᠯᠭᠤᠵᠤ ᠦᠭᠬᠦᠭᠰᠡᠨ ᠨᠢ ᠳᠡᠳᠡᠨ ᠪ᠊ ᠪᠠᠷᠢᠯᠳᠤᠬᠤ ᠤᠷᠮ᠎ᠠ ᠵᠤᠷᠢᠬ ᠢ ᠬᠦᠭᠵᠢᠭᠡᠵᠤ᠂ ᠨᠠᠭᠠᠳᠤᠮᠴᠢᠨ ᠤᠯᠠᠨ ᠪ᠊ ᠪᠠᠭ᠋ᠠᠷᠬᠠᠯ ᠳᠤ ᠬᠦᠷᠦᠭᠰᠡᠨ ᠶᠤᠮ᠃      ᠪᠠᠶᠠᠷᠪᠠᠭᠠᠳᠤᠷ ᠪᠤᠯᠤᠨ ᠠᠯᠳᠠᠨᠰᠦ᠋ᠭᠡ ᠶᠢᠨ ᠪᠠᠷᠢᠯᠳᠤᠭᠠᠠ ᠤᠯᠠᠨ ᠪ᠊ ᠠᠡᠭ᠌ᠬᠠᠷᠤᠯ ᠳᠤ      ᠠᠪᠤᠷᠭᠤ ᠪᠠᠶᠠᠷᠪᠠᠭᠠᠳᠤᠷ ᠪᠠᠭᠠᠷᠢᠨ ᠵᠡᠬᠦᠨ ᠬᠤᠰᠢᠭᠤᠨ ᠪ᠊ ᠠᠯᠳᠠᠨᠰᠦ᠋ᠭᠡ ᠲᠠᠢ; ᠠᠪᠤᠷᠭᠤ ᠠᠯᠳᠠᠨᠪᠠᠭᠠᠨ᠎ᠠ ᠬᠦᠯᠦᠨ ᠪᠤᠶᠢᠷ ᠤᠨ ᠢᠳᠡᠷ ᠲᠠᠢ; ᠠᠷᠰᠯᠠᠨ ᠪᠠᠳᠤᠵᠢᠷᠭᠠᠯ ᠨᠠᠴᠢᠨ ᠳᠡᠬᠦᠰᠵᠢᠷᠭᠠᠯ ᠲᠠᠢ; ᠵᠠᠭᠠᠨ ᠪᠠᠶᠠᠨᠵᠢᠷᠭᠠᠯ ᠨᠠᠴᠢᠨ ᠨᠠᠰᠤᠨᠴᠤᠬᠳᠤ ᠲᠠᠢ ᠳᠠᠭᠠᠷᠠᠵᠤ᠂ 8 ᠳ᠋ᠤᠭᠠᠷ ᠰᠠᠷ᠎ᠡ ᠶᠢᠨ 10᠎ ᠤ ᠡᠳᠤᠷ ᠶᠠᠪᠤᠭᠳᠠᠭᠰᠠᠨ 1024 ᠪᠦᠬᠡ ᠶᠢᠨ ᠳᠡᠭᠡᠳᠤ ᠨᠠᠢᠮᠠᠨ ᠪᠦᠭᠡ ᠨᠢᠵᠢᠬᠢᠨᠡᠭᠰᠡᠨ ᠰᠠᠶᠢᠬᠠᠨ ᠪᠠᠷᠢᠯᠳᠤᠭᠠᠨ ᠪᠤᠯᠤᠬᠰᠠᠨ; ᠠᠪᠤᠷᠭᠤ ᠪᠠᠶᠠᠷᠪᠠᠭᠠᠳᠤᠷ ᠨᠠᠶᠢᠷ ᠤᠨ ᠳᠠᠯᠠᠪᠠᠢ ᠶᠢᠨ ᠪᠠᠷᠠᠭᠤᠨ ᠡᠮᠤᠨ᠎ᠠ ᠳᠠᠯ᠎ᠠ ᠳᠤ ᠠᠯᠳᠠᠨᠰᠦ᠋ᠭᠡ ᠲᠠᠢ ᠪᠠᠷᠢᠯᠳᠤᠬᠤ ᠳᠤ ᠦᠵᠡᠭᠴᠢᠳ ᠨᠢᠳᠦ ᠠᠯᠳᠠᠯ ᠦᠭᠡᠢ ᠬᠠᠷᠠᠵᠤ᠂ ᠴᠤᠬᠤᠮ ᠶᠠᠮᠠᠷᠬᠠᠨ ᠪᠠᠷᠢᠯᠳᠤᠭᠠᠨ ᠪᠤᠯᠳᠠᠬ ᠪᠤᠯ ᠭᠡᠵᠤ ᠵᠢᠷᠦᠭᠡᠰᠢᠶᠡᠭᠰᠡᠨ᠂ ᠤᠴᠢᠷ ᠨᠢ ᠰᠢᠯᠦᠭᠤᠨ ᠬᠦᠭᠡ ᠬᠤᠰᠢᠭᠤᠨ ᠪ᠊ ᠡᠨᠡ ᠵᠢᠯ ᠤᠨ 1024 ᠪᠦᠭᠡ ᠲᠠᠢ ᠨᠠᠶᠢᠷ ᠤᠨ ᠳᠠᠷᠢᠬᠦᠨ ᠢ ᠠᠯᠳᠠᠨᠰᠦ᠋ᠭᠡ ᠭᠠᠷᠴᠠᠭ᠎ᠠ ᠦᠭᠡᠢ ᠠᠪᠤᠬᠰᠠᠨ; ᠠᠯᠳᠠᠨᠰᠦ᠋ᠭᠡ ᠪᠠᠶ᠎ᠠ ᠶᠢᠨ ᠬᠦᠷᠦᠩᠬᠡ ᠰᠠᠶᠢᠳᠠᠢ᠂ ᠳᠡᠭᠰᠢ ᠦᠰᠦᠯᠳᠡ ᠲᠠᠢ᠂ ᠴᠡᠭᠡᠵᠢᠨ ᠴᠢᠳᠡᠯ ᠶᠡᠭᠡ ᠎ ᠲᠠᠢ ᠰᠠᠶ᠋ᠢ 23᠎ ᠲᠠᠢ ᠭᠠᠯ ᠵᠠᠯᠠᠭᠤ᠃ ᠳᠠᠷᠠ ᠳᠠᠭᠡᠭᠡᠳ ᠮᠦᠨ ᠰᠢᠯᠦᠭᠤᠨ ᠬᠦᠭᠡ ᠎ ᠶᠢᠨ ᠨᠠᠶᠢᠷ ᠲᠤ ᠬᠢᠭᠰᠡᠨ  ᠤᠬᠠᠭᠠᠨ ᠡᠷᠳᠡᠮ ᠢᠶᠠᠷ ᠰᠢᠭᠰᠢᠯᠡᠵᠤ ᠳᠠᠭᠠᠷᠢᠨ ᠡᠷᠬᠦᠨ ᠬᠢᠰᠬᠢᠳᠡᠯ᠎ᠠ 32᠎ ᠲᠠᠢ ᠪᠠᠶᠠᠷᠪᠠᠭᠠᠳᠤᠷ ᠳᠡᠬᠦᠨ ᠪ᠊ ᠳᠠᠭᠠᠷᠢᠬᠤ ᠬᠦᠴᠦ ᠶᠢ ᠠᠰᠢᠬᠯᠠᠨ ᠢ ᠪᠠᠷᠠᠭᠤᠨ ᠳᠠᠯ᠎ᠠ ᠪᠠᠷ ᠢᠶᠠᠨ ᠬᠤᠭᠤᠰᠤᠳᠡᠭᠤᠯᠤᠨ ᠳᠠᠳᠠᠨ ᠳᠠᠷᠤᠪᠠ; ᠪᠦᠭᠡ ᠭᠡᠭᠴᠢ ᠭᠠᠭᠴᠠᠬᠠᠨ ᠬᠠᠷ᠎ᠠ ᠴᠢᠳᠡᠯ ᠪᠠᠶᠢᠳᠠᠬ ᠪᠢᠰᠢ ᠬᠠᠷᠢᠨ ᠢᠡᠭᠬᠢᠵᠤ ᠬᠦᠮᠦᠨ ᠪ᠊ ᠬᠦᠴᠦ ᠶᠢ ᠭᠡᠷᠡᠭᠯᠡᠵᠤ ᠢᠯᠡᠬᠤ ᠤᠬᠠᠭᠠᠨ ᠡᠷᠳᠡᠮ ᠪᠠᠶᠢᠳᠠᠬ ᠭᠡᠳᠡᠭ ᠢ ᠪᠠᠶᠠᠷᠪᠠᠭᠠᠳᠤᠷ ᠤᠨ ᠪᠠᠶ᠎ᠠ ᠳᠡᠭᠡᠷ᠎ᠠ ᠠᠴᠠ ᠤᠯᠵᠤ ᠬᠠᠷᠠᠯ᠎ᠠ᠃ ᠠᠪᠤᠷᠭᠤ ᠠᠯᠳᠠᠨᠪᠠᠭᠠᠨ᠎ᠠ ᠬᠦᠯᠦᠨ ᠪᠤᠶᠢᠷ ᠤᠨ ᠢᠳᠡᠷ ᠢ ᠳᠦᠷᠪᠠᠯᠵᠢᠯᠡᠵᠤ ᠪᠠᠷᠢᠭᠠᠳ ᠪᠠᠷᠠᠭᠤᠨ ᠳᠠᠯ᠎ᠠ ᠪᠠᠷ ᠯᠠᠪᠳᠠᠭᠤᠨ ᠬᠢᠰᠬᠢᠵᠤ ᠬᠠᠶᠠᠬᠰᠠᠨ; ᠠᠷᠰᠯᠠᠨ ᠪᠠᠳᠤᠵᠢᠷᠭᠠᠯ ᠨᠠᠴᠢᠨ ᠳᠡᠬᠦᠰᠵᠢᠷᠭᠠᠯ ᠢ ᠡᠪᠦᠳᠦᠭ ᠤᠨᠤᠭᠤᠯᠵᠤ ᠬᠠᠶ᠋ᠬᠠᠰᠠᠨ; ᠵᠠᠭᠠᠨ ᠪᠠᠶᠠᠨᠵᠢᠷᠭᠠᠯ ᠨᠠᠴᠢᠨ ᠨᠠᠰᠤᠨᠴᠤᠬᠳᠤ ᠶᠢ ᠰᠤᠭᠤᠨ ᠳᠤᠤᠭᠤᠷ ᠨᠢ ᠰᠢᠷᠭᠤᠨ ᠳᠠᠪᠡᠷᠢᠵᠤ ᠠᠪᠤᠭᠠᠳ ᠬᠢᠰᠬᠢᠵᠤ ᠬᠠᠶᠠᠬᠰᠠᠨ ᠵᠡᠷᠭᠡ ᠰᠠᠶᠢᠬᠠᠨ ᠪᠠᠷᠢᠯᠳᠤᠭᠠᠨ ᠡᠬᠦᠰᠴᠦ᠂ ᠢᠡᠭᠬᠢᠭᠡᠳ ᠳᠡᠭᠡᠳᠤ ᠳᠦᠷᠪᠡ ᠳᠤ ᠦᠯᠡᠳᠡᠭᠰᠡᠨ ᠨᠢ ᠬᠠᠷᠢᠨ ᠪᠦᠬᠦᠳᠡ ᠵᠡᠬᠦᠨ ᠦᠵᠦᠮᠦᠴᠢᠨ ᠬᠤᠰᠢᠭᠤᠨ ᠪ᠊ ᠪᠦᠭᠡᠴᠢᠳ ᠪᠠᠶᠢᠬᠰᠠᠨ ᠨᠢ ᠤᠯᠠᠨ ᠪ᠊ ᠭᠠᠶᠢᠬᠠᠰᠢ ᠶᠢ ᠠᠯᠳᠠᠭᠤᠯᠵᠤ᠂ ᠵᠠᠷᠢᠮ ᠨᠢ ᠪᠠᠰᠠ ᠪᠦᠬᠦᠳᠡᠭᠡᠷ ᠢᠶᠠᠨ︽ᠪᠠ ᠊ ᠳᠤᠯᠤᠭᠠᠢ︾᠎ ᠪᠠᠷ ᠡᠬᠢᠯᠡᠵᠤ ᠪᠠᠶᠢᠨ᠎ᠠ ᠭᠡᠵᠤ ᠳ᠋ᠦᠡᠭᠨᠡᠵᠤ ᠪᠢᠯᠡ᠃ ᠳᠡᠭᠡᠳᠦ ᠳᠦᠷᠪᠡ ᠳᠤ ᠠᠪᠤᠷᠭᠤ ᠪᠠᠶᠠᠷᠪᠠᠭᠠᠳᠦᠷ ᠠᠪᠤᠷᠭᠤ ᠠᠯᠳᠠᠨᠪᠠᠭᠠᠨ᠎ᠠ ᠲᠠᠢ ᠳᠠᠭᠠᠷᠠᠵᠤ᠂ ᠭᠡᠰᠡᠭ ᠪᠡᠷᠢᠴᠡ ᠪᠤᠯᠢᠶᠡᠯᠳᠤᠵᠤ ᠪᠠᠶᠢᠬᠰᠠᠨ ᠎ ᠢᠶᠠᠨ ᠪᠠᠶᠠᠷᠪᠠᠭᠠᠳᠤᠷ ᠪᠠᠷᠠᠭᠤᠨ ᠬᠠᠵᠠᠭᠤ ᠠᠴᠠ ᠨᠢ ᠳᠡᠪᠡᠷᠢᠨ ᠠᠪᠴᠦ ᠬᠢᠰᠬᠢᠵᠤ ᠬᠠᠶᠠᠯ᠎ᠠ; ᠡᠨᠡ ᠪᠤᠯ ᠡᠨᠡ ᠤᠳᠠᠭᠠ ᠪ᠊ ᠨᠠᠭᠠᠳᠤᠮ ᠳᠤ ᠠᠪᠤᠷᠭᠤ ᠴᠤᠯᠠ ᠲᠠᠢ ᠪᠦᠭᠡ ᠬᠤᠭᠤᠷᠤᠨᠳᠤ ᠪᠠᠨ ᠠᠡᠭ᠌ᠬ᠎ᠠ ᠳᠠᠭᠠᠷᠠᠵᠤ ᠪᠠᠶᠢᠭ᠎ᠠ ᠵᠢᠱᠢᠶ᠎ᠠ᠃ ᠵᠠᠯᠭᠠᠭᠠᠳ ᠠᠷᠰᠯᠠᠨ ᠪᠠᠳᠤᠵᠢᠷᠭᠠᠯ ᠵᠠᠭᠠᠨ ᠪᠠᠶᠠᠨᠵᠢᠷᠭᠠᠯ ᠢ ᠤᠡᠭ᠌ᠭᠤᠨ ᠡᠷᠳᠡᠮ ᠴᠤᠬᠢᠶ᠎ᠠ ᠪᠠᠷ ᠢᠶᠠᠨ ᠬᠠᠶᠠᠯ᠎ᠠ᠃ ᠳᠡᠷᠢᠬᠦᠨ ᠳᠡᠳ᠋ ᠲᠤ ᠪᠠᠶᠠᠷᠪᠠᠭᠠᠳᠤᠷ ᠪᠠᠳᠤᠵᠢᠷᠭᠠᠯ ᠤᠨ ᠪᠠᠷᠢᠯᠳᠤᠭᠠᠨ ᠭᠤᠴᠢᠨ ᠮᠢᠨᠦ᠋ᠲ ᠳᠤᠯᠵᠤ᠂ ᠪᠠᠷᠢᠴᠡ ᠰᠤᠡᠭ᠌ᠭᠤᠬᠤ ᠴᠠᠬ ᠲᠠᠭᠠᠨ ᠬᠦᠷᠦᠭᠰᠡᠨ; ᠤᠷᠢᠳᠡᠪᠡᠷ ᠪᠠᠳᠤᠵᠢᠷᠭᠠᠯ ᠪᠠᠷᠢᠴᠡ ᠰᠤᠡᠭ᠌ᠭᠤᠬᠤ ᠳᠤᠬᠢᠶᠡᠯ ᠤᠯᠵᠤ᠂ ᠪᠠᠶᠠᠷᠪᠠᠨᠭᠠᠳᠤᠷ ᠢᠶᠠᠨ ᠳᠡᠪᠡᠷᠢᠵᠤ ᠪᠠᠷᠢᠭᠠᠳ  ᠵᠡᠬᠦᠨᠰᠢ ᠪᠠᠨ ᠨᠢᠭᠡ ᠵᠠᠶᠢᠮᠠᠭᠤᠯᠵᠤ ᠪᠠᠷᠠᠭᠤᠨᠰᠢ ᠪᠠᠨ ᠨᠢᠭᠡ ᠳᠠᠷᠤᠳᠠᠯ᠎ᠠ ᠪᠠᠶᠠᠷᠪᠠᠭᠠᠳᠤᠷ ᠮᠦᠨ ᠵᠦᠭᠯᠡᠬᠦ ᠬᠦᠴᠦ ᠶᠢ ᠨᠢ ᠳᠠᠭᠠᠷᠠᠭᠤᠯᠤᠭᠠᠳ ᠬᠢᠰᠬᠢᠵᠤ ᠳᠠᠷᠤᠵᠤ ᠬᠠᠶᠠᠭᠠᠳ 1024 ᠪᠦᠭᠡ ᠎ ᠲᠠᠢ ᠨᠠᠶᠢᠷ ᠲᠤ ᠬᠤᠶᠠᠷᠳᠠ ᠳᠡᠷᠢᠬᠦᠯᠡᠭᠰᠡᠨ ᠳᠡᠮᠳᠡᠭᠯᠡᠯ ᠡᠬᠦᠳᠦᠯ᠎ᠠ᠃ ᠪᠦᠭᠡ ᠮᠦᠨ ᠢᠡᠭᠬᠢᠵᠤ ᠰᠠᠶᠢᠬᠠᠨ ᠦᠨᠳᠦᠷᠯᠡᠭᠰᠡᠨ᠂᠃      ᠴᠤᠯᠠ ᠴᠢᠮᠡᠭ ᠤᠯᠭᠤᠬᠤ ᠳᠤ ᠰᠢᠨ᠎ᠠ ᠠᠰᠠᠭᠤᠳᠠᠯ ᠤᠯᠠᠨ     ᠮᠤᠩᠭᠤᠯ ᠪᠦᠭᠡ ᠶᠢᠨ ᠴᠤᠯᠠ ᠴᠢᠮᠡᠭ ᠤᠯᠭᠤᠬᠤ ᠭᠡᠳᠤᠢ ᠳᠤ ᠡᠬᠦᠰᠦᠯ ᠲᠠᠢ᠂ ᠭᠡᠷᠬᠢᠨ ᠪᠤᠢ ᠪᠤᠯᠤᠬᠰᠠᠨ ᠳᠤᠬᠠᠢ ᠪᠠᠳᠤᠳᠠᠢ ᠳᠠᠰᠤ ᠭᠡᠯᠡᠭᠰᠡᠨ ᠪᠠᠷᠢᠮᠳᠡ ᠤᠯᠳᠠᠭᠠᠳᠤᠢ  ᠃ ᠭᠡᠪᠡᠴᠦ ᠯᠠᠪᠯᠠᠯᠳᠠ ᠪᠤᠯᠭᠠᠮᠠᠷ ᠰᠤᠨᠢᠷᠬᠠᠯᠳᠠᠢ ᠨᠢᠭᠡᠨ ᠰᠤᠳᠤᠯᠤᠯ ᠭᠡᠪᠡᠯ ᠳ᠋ᠤᠺᠲ᠋ᠤᠷ ᠨᠢᠮᠪᠤ ︵1996︶ ᠮᠤᠩᠭᠤᠯ ᠦᠨᠳᠦᠰᠦᠳᠡᠨ ᠪ᠊ ᠪᠦᠭᠡ ᠶᠢᠨ ᠴᠤᠯᠠ ᠤᠯᠭᠤᠬᠤ ᠳᠠᠤᠭᠡᠨ ᠬᠤᠭᠤᠴᠠᠭ᠎ᠠ ᠳᠤ︽ᠨᠠᠴᠢᠨ︾︽ᠵᠠᠭᠠᠨ︾︽ᠠᠷᠰᠯᠠᠨ︾︽ᠠᠪᠤᠷᠭᠤ︾ ᠭᠡᠰᠡᠨ ᠦᠨᠳᠦᠰᠦᠨ ᠳᠦᠷᠪᠡᠨ ᠴᠤᠯᠠ ᠶᠢ ᠤᠯᠭᠤᠳᠠᠬ ᠪᠦᠭᠡᠳ ᠡᠳᠡᠭᠡᠷ ᠴᠤᠯᠠ ᠪᠦᠬᠦᠢ ᠪᠦᠭᠡ ᠬᠦᠮᠦᠨ ᠳᠤ ᠪᠠᠶᠠᠷ ᠨᠠᠭᠠᠳᠤᠮ ᠤᠨ ᠠᠮᠵᠢᠯᠳᠠ ᠪᠠᠷ ᠨᠢ ᠴᠢᠮᠡᠭ ᠭᠡᠮᠡᠬᠦ ᠭᠤᠨᠭᠰᠢᠨ ᠢ ᠤᠯᠭᠤᠬᠰᠠᠭᠠᠷ ᠢᠷᠡᠵᠠᠢ᠂ ᠪᠦᠭᠡ ᠬᠦᠮᠦᠨ ᠳᠤ ᠤᠯᠭᠤᠬᠤ ᠴᠤᠯᠠ ᠬᠦᠴᠦ ᠴᠢᠳᠠᠯ᠂ ᠡᠷ᠎ᠠ ᠵᠤᠷᠢᠬ ᠢ ᠬᠦᠴᠦᠷᠭᠡᠭ ᠠᠷᠢᠶᠠᠳᠠᠨ ᠵᠢᠬᠦᠷᠳᠡᠨ ᠲᠠᠢ ᠵᠦᠢᠷᠯᠠᠨ ᠪᠡᠯᠭᠡᠳᠡᠭᠰᠡᠨ ᠳᠦᠷᠪᠡᠭᠡᠨ ᠵᠦᠢᠯ ᠪᠠᠶᠢᠬᠤ ᠳᠤ ᠴᠢᠮᠡᠭ ᠎ ᠨᠢ ᠬᠠᠷᠢᠨ ᠪᠦᠭᠡ ᠬᠦᠮᠦᠨ ᠳᠤ ᠵᠠᠶᠠᠭᠠᠮᠠᠯ ᠪᠠᠶᠢᠬᠤ ᠤᠴᠢᠷᠳᠡᠢ ᠰᠢᠨᠵᠢ ᠳᠦᠷᠬᠦ᠂ ᠰᠠᠳᠬᠢᠯ ᠵᠦᠢ ᠶᠢᠨ ᠦᠷᠨᠢᠯᠳᠡ᠂ ᠳᠤᠬᠠᠢᠢᠯᠠᠪᠠᠯ ᠪᠡᠶ᠎ᠠ ᠴᠤᠬᠴᠠᠰ ᠤᠨ ᠤᠨᠴᠠᠯᠢᠬ᠂ ᠠᠷᠠᠨᠰᠢᠨ ᠳᠦᠯᠦᠪ᠂ ᠡᠷ᠎ᠠ ᠵᠤᠷᠢᠬ᠂ ᠦᠪᠡᠷ ᠢᠶᠠᠨ ᠢᠳᠡᠭᠡᠬᠦ ᠢᠳᠡᠭᠡᠯ᠂ ᠪᠦᠭᠡ ᠳᠤ ᠤᠷᠮ᠎ᠠ ᠬᠠᠶᠢᠷᠠᠯᠠᠬᠤ᠂ ᠤᠯᠠᠨ ᠳᠦᠮᠡᠨ ᠳᠤ ᠠᠯᠳᠠᠷᠰᠢᠭᠤᠯᠬᠤ ᠤᠳᠬ᠎ᠠ ᠤᠴᠢᠷ ᠢ 120 ᠭᠠᠷᠤᠢ  ᠶᠠᠩᠵᠤ ᠳᠦᠷᠤᠯ ᠪᠠᠶᠢᠨ᠎ᠠ᠃ ᠶᠠᠬ ᠡᠨᠡᠬᠦ ᠵᠢᠷᠤᠮᠯᠠᠯ ᠢ ᠳᠠᠭᠠᠪᠡᠯ 1024 ᠪᠦᠭᠡ ᠶᠢᠨ ᠳᠡᠭᠡᠳᠤ 8 ᠪᠦᠭᠡ ᠪᠤᠶᠤ 16 ᠪᠦᠭᠡ ᠳᠤ ᠴᠤᠯᠠ ᠴᠢᠮᠡᠭ ᠤᠯᠭᠤᠵᠤ ᠪᠤᠯᠬᠤ ᠨᠢ ᠶᠠᠷᠢᠶᠠᠨ ᠦᠭᠡᠢ᠃ ᠵᠢᠱᠢᠶᠠᠯᠡᠪᠡᠯ ᠪᠠᠶᠠᠷᠪᠠᠭᠠᠳᠤᠷ ᠪᠡᠶ᠎ᠡ ᠴᠤᠭᠴᠠ ᠪᠠᠷ ᠨᠢ᠂ ᠡᠰᠡᠬᠦᠯ᠎ᠡ ᠳᠠᠭᠠᠷᠢᠬᠤ ᠬᠦᠴᠤ ᠪᠠᠷ ᠨᠢ᠂ ᠪᠠᠰᠠ ᠪᠠᠳᠤᠵᠢᠷᠭᠠᠯ ᠨᠠᠷ ᠲᠤ ᠨᠡᠮᠡᠯᠳᠡ ᠴᠤᠯᠠ ᠦᠭᠴᠤ ᠪᠤᠯᠤᠨ᠎ᠡ᠃ ᠳᠠᠬᠢᠭᠠᠳ ᠭᠡᠯᠠᠪᠠᠯ ᠴᠤᠯᠠ ᠤᠯᠤᠭ᠎ᠠ ᠦᠭᠡᠢ ᠠᠶᠢᠮᠠᠬ ᠤᠨ ᠭᠠᠳᠠᠨ᠎ᠠ ᠶᠢᠨ ᠪᠦᠭᠡ ᠠᠯᠳᠠᠨᠰᠦ᠋ᠭᠡ ᠂ ᠢᠳᠡᠷ ᠬᠤᠶᠠᠷ ᠴᠦ ᠴᠤᠯᠠ ᠤᠯᠭᠤᠵᠤ ᠪᠤᠯᠬᠤ ᠶᠤᠮ᠃         ᠶᠠᠷᠢᠶᠡᠨ ᠦᠭᠡᠢ ᠮᠠᠨ ᠪ᠊ ᠪᠦᠭᠡ ᠶᠢᠨ ᠴᠤᠯᠠ ᠤᠯᠭᠤᠬᠤ ᠨᠠᠶᠢᠷ ᠪᠤᠯ ᠠᠶᠢᠮᠠᠬ ᠤᠨ ᠳᠠᠰ ᠤᠨ ᠪᠦᠭᠡ ᠶᠢᠨ ᠨᠡᠶᠢᠭᠡᠮᠯᠢᠭ ᠠᠴᠠ ᠳᠠᠷᠤᠢ ᠠᠷᠠᠳ ᠤᠨ ᠪᠦᠯᠬᠦᠮ ᠤᠨ ᠡᠷᠬᠢᠯᠡᠭᠰᠡᠨ ᠤᠯᠠᠡᠭ᠌ᠬᠢ ᠨᠢ ᠰᠠᠶ᠋ᠢ 128 ᠪᠦᠭᠡ ᠪᠠᠷᠢᠯᠳᠤᠭᠤᠯᠤᠬᠰᠠᠨ ᠨᠠᠶᠢᠷ ᠪᠤᠯᠳᠠᠬ᠂ ᠡᠶᠢᠮᠤ ᠤᠷᠤᠯᠳᠤᠭᠠᠨ ᠢᠶᠠᠷ ᠤᠯᠤᠬᠰᠠᠨ ᠴᠤᠯᠡ‌‍ᠢᠢ ᠬᠤᠰᠢᠭᠤ ᠪᠤᠶᠤ ᠢᠯᠡᠩᠭᠤᠶ᠎ᠠ ᠠᠶᠢᠮᠠᠬ ᠤᠨ ᠨᠠᠶᠢᠷ ᠲᠤ ᠶᠠᠭᠠᠬᠢᠵᠤ ᠳᠤᠬᠢᠷᠠᠭᠤᠯᠬᠤ ᠳᠤᠬᠠᠢ ᠤᠯᠠᠮ ᠨᠢᠭᠡ ᠠᠯᠬᠤᠮ ᠰᠤᠳᠤᠯᠵᠤ ᠦᠵᠡᠬᠦ ᠴᠢᠬᠤᠯᠠᠳᠠᠢ᠃ ᠵᠢᠱᠢᠶᠡᠯᠡᠪᠡᠯ ᠰᠢᠯᠢ ᠶᠢᠨ ᠭᠤᠤᠯ ᠠᠶᠢᠮᠠᠬ ᠤᠨ ᠪᠦᠭᠡ‌‍ᠶᠢᠨ ᠴᠤᠯᠠ ᠤᠯᠭᠤᠬᠤ ᠨᠠᠶᠢᠷ ᠲᠤ ᠤᠷᠤᠯᠴᠠᠬᠰᠠᠨ ᠦᠭᠡᠢ ᠭᠠᠳᠠᠨ᠎ᠠ ᠶᠢᠨ ᠰᠢᠯᠢᠳᠡᠭ ᠰᠠᠶᠢᠨ ᠪᠦᠭᠡᠴᠤᠤᠯ ᠳᠤ ᠭᠡᠷᠬᠢᠨ ᠬᠠᠨᠳᠤᠬᠤ ᠳᠤᠬᠠᠢ ᠪᠦᠭᠡ ᠶᠢᠨ ᠤᠨᠤᠭᠠᠯᠳᠠ ᠶᠢᠨ ᠪᠠᠰᠠ ᠨᠢᠭᠡᠨ ᠵᠢᠷᠤᠮᠯᠠᠯ ᠪᠠᠶᠢᠪᠠᠯ ᠵᠤᠬᠢᠨ᠎ᠠ᠂ ᠨᠡᠩ ᠴᠢᠨᠠᠬᠰᠢᠯᠠᠨ ᠮᠠᠨ ᠪ᠊ ᠠᠶᠢᠮᠠᠬ ᠤᠨ ᠨᠠᠶᠢᠷ ᠤᠨ ᠪᠦᠭᠡ ᠳᠤ ᠮᠤᠩᠭᠤᠯ ᠤᠯᠤᠰ ᠤᠨ ᠦᠨᠳᠦᠰᠦᠳᠡᠨ ᠪ᠊ ᠪᠦᠭᠡ ᠶᠢᠨ ᠪᠠᠷᠢᠯᠳᠤᠭᠠᠨ ᠪ᠊ ᠴᠤᠯᠠ ᠲᠠᠢ ᠪᠦᠭᠡᠴᠢᠨ ᠢᠷᠡᠪᠡᠯ ᠶᠠᠭᠠᠬᠢᠵᠤ ᠬᠠᠨᠳᠤᠬᠤ ᠪᠤᠢ? ᠭᠡᠬᠦ ᠵᠡᠷᠭᠡ ᠪᠠᠷ ᠴᠢᠨᠠᠬᠰᠢ ᠬᠦᠨ ᠪᠤᠳᠤᠯᠬᠢᠯᠠᠵᠤ ᠪᠤᠯᠤᠨ᠎ᠠ᠃     ᠦᠪᠦᠷ ᠮᠤᠩᠭᠤᠯ ᠤᠨ ᠪᠦᠭᠡ ᠶᠢᠨ ᠴᠤᠯᠠ᠂ ᠤᠨᠤᠭᠠᠯᠳᠠ ᠁  ᠡᠷᠢᠯᠬᠢᠯᠳᠡ ᠶᠢᠨ ᠵᠠᠮ ᠳᠠᠭᠠᠨ ᠤᠷᠤᠯ᠎ᠠ᠃
 
ᠢᠷᠡᠯᠲᠡ᠄ 《 ᠰᠢᠯᠢ ᠶᠢᠨ ᠭᠤᠤᠯ ᠤᠨ ᠡᠳᠦᠷ ᠤᠨ ᠰᠤᠨᠢᠨ 》
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号