ᠮᠢᠩᠭᠠᠨ ᠪᠦᠬᠡ ᠶᠢᠨ ᠮᠠᠩᠯᠠᠶᠢᠴᠣᠳ
ᠨᠡᠶᠢᠲᠡᠯᠡᠭᠰᠡᠨ ᠴᠠᠭ᠄
2016-07-22
    ᠦᠪᠦᠷ ᠮᠤᠩᠭᠤᠯ ᠤᠷᠤᠨ ᠤ ᠳᠡᠦᠬᠡᠨ ᠳᠤ ᠳᠡᠮᠳᠡᠭᠯᠡᠯ ᠲᠠᠢ ᠪᠠᠶᠢᠭ᠎ᠠ ᠮᠢᠩᠭᠠᠨ ᠪᠦᠬᠡ ᠪᠠᠷᠢᠯᠳᠤᠭᠤᠯᠤᠭᠰᠠᠨ  ᠨᠠᠶᠢᠷ ᠤᠨ ᠳᠤᠬᠠᠢ ᠳᠤᠪᠴᠢᠬᠠᠨ ᠪᠦᠷᠢᠳᠬᠡᠪᠡᠯ᠄     ᠮᠠᠨᠵᠥ ᠴᠢᠩ ᠬᠥᠷᠥᠨ ᠤ ᠥᠶ᠎ᠡ ᠳᠤ ᠥᠪᠥᠷᠯᠡᠭᠴᠢᠳ ᠤᠨ  ᠲᠡᠤᠭᠡᠨ  ᠎ ᠳᠤ  1024  ᠪᠥᠭᠡ  ᠪᠠᠷᠢᠯᠳᠤᠭᠤᠯᠤᠭᠰᠠᠨ ᠲᠤᠭᠠᠳᠠᠢ ᠳᠥᠷᠪᠡᠭᠡᠨ ᠲᠤᠮᠤ ᠨᠠᠶᠢᠷ ᠢ ᠴᠥᠮ ᠲᠤᠯᠤᠨ ᠨᠠᠭᠤᠷ ᠬᠤᠶᠢᠨ ᠭᠤᠤᠯ ︵ᠬᠤᠵᠢᠮ ᠨᠢ ᠬᠡᠶᠢᠪᠤᠡᠭ ᠭᠤᠤᠯ ᠬᠡᠵᠥ ᠲᠡᠮᠳᠡᠭᠯᠡᠬᠦ ᠪᠤᠯᠵᠠᠢ︶᠎ ᠤᠨ ᠲᠠᠨᠵᠢᠨ᠎ᠠ ᠬᠢᠵᠠᠢ᠃ ᠡᠶᠢᠮᠥ ᠪᠠᠷ ᠢᠶᠠᠨ ︽ᠬᠡᠶᠢᠪᠤᠡᠭ ᠤᠨ ᠨᠠᠶᠢᠷ︾ ᠬᠡᠮᠡᠨ ᠲᠡᠤᠭᠡᠨ ᠳᠤ ᠠᠯᠳᠠᠷᠰᠢᠭᠰᠠᠨ ᠪᠠᠶᠢᠨ᠎ᠠ᠃     ᠤᠤᠭᠠᠨ ᠨᠠᠶᠢᠷ ᠨᠢ ᠭᠠᠯ ︵ᠤᠯᠠᠭᠠᠨ︶ ᠮᠤᠷᠢᠨ ᠵᠢᠯ ︵1666 ᠤᠨ︶ ᠡᠩᠭᠡ ᠠᠮᠤᠭᠤᠯᠠᠩ ᠤᠨ  ᠲᠠᠪᠤᠳᠤᠭᠠᠷ  ᠤᠨ ᠳᠤ ᠤᠯᠤᠰ ᠤᠨ ᠶᠡᠭᠡ ᠨᠠᠶᠢᠷ ᠤᠨ 1024 ᠪᠥᠭᠡ ᠳᠤ ᠥᠵᠥᠮᠥᠴᠢᠨ ᠪᠠᠶᠢᠯᠠ ᠶᠢᠨ ᠬᠤᠰᠢᠭᠤᠨ ᠤ  ᠡᠩᠡ  ᠎ ᠶᠢᠨ  ᠰᠤᠮᠤᠨ ᠤ ᠬᠠᠪᠠᠭᠴᠢᠨ ᠤᠪᠤᠭ ᠤᠨ ᠲᠠᠰᠢᠮ᠎ᠠ ᠬᠢᠶ᠎ᠡ ᠶᠢᠨ ᠤᠤᠭᠠᠨ ᠬᠥᠪᠡᠬᠦᠨ ᠠᠨᠵᠤᠤ ᠬᠡᠭᠴᠢ ᠪᠥᠭᠡ ᠲᠡᠷᠢᠬᠦᠯᠡᠭᠰᠡᠨ ᠪᠠᠶᠢᠨᠠᠮ᠃     ᠬᠤᠶᠠᠳᠤᠭᠠᠷ ᠨᠠᠶᠢᠷ ᠨᠢ ᠰᠢᠷᠤᠢ ︵ᠰᠢᠷ᠎ᠠ︶ ᠮᠤᠷᠢᠨ ᠵᠢᠯ ︵1858 ᠤᠨ︶ ᠲᠥᠭᠡᠮᠡᠯ ᠡᠯᠪᠡᠭᠳᠥ ᠶᠢᠨ ᠨᠠᠢᠮᠠᠳᠤᠭᠠᠷ ᠤᠨ ᠳᠤ ᠲᠤᠯᠤᠨ ᠨᠠᠭᠤᠷ ᠬᠠᠯᠢᠭᠤᠳᠠᠢ ᠶᠢᠨ ᠲᠠᠯ᠎ᠠ  ᠎ ᠶᠢᠨ  ᠬᠥᠯ᠂  ᠵᠠᠩᠬᠢᠶ᠎ᠠ  ᠬᠡᠬᠡᠨ  ᠴᠠᠭᠠᠨ  ᠤᠪᠤᠭ᠎ᠠ  ᠎ ᠶᠢᠨ  ᠵᠡᠬᠦᠨᠭᠡᠨ᠎ᠡ  ᠠᠷᠪᠠᠨ ᠲᠤᠯᠤᠳᠤᠭᠠᠷ ᠳᠥᠷᠢ ᠶᠢᠨ ᠵᠠᠩᠬᠢᠶ᠎ᠠ ᠬᠤᠳᠤᠭᠳᠥ ᠢᠰᠢᠳᠠᠮᠪᠢᠨᠢᠮ᠎ᠠ ︵1849 — 1875  ᠤᠨ︶  ᠎ ᠳᠤ  ᠳ᠋ᠠᠩᠰᠢᠭ  ᠡᠷᠬᠦᠨ 1024 ᠪᠥᠭᠡ ᠪᠠᠷᠢᠯᠳᠤᠭᠤᠯᠤᠭᠰᠠᠨ ᠳᠤ ᠬᠠᠭᠤᠴᠢᠳ ᠬᠤᠰᠢᠭᠤᠨ ᠤ ᠬᠤᠶᠠᠷ ᠰᠤᠩᠳᠤᠢ ᠥᠵᠥ ︵ᠲᠡᠷᠢᠬᠦᠨ︶ ᠵᠠᠢ ︵ᠳᠡᠳ᠋︶᠎ ᠶᠢ ᠠᠪᠴᠠᠢ᠃     ᠭᠤᠷᠪᠠᠳᠤᠭᠠᠷ ᠨᠠᠶᠢᠷ ᠨᠢ ᠰᠢᠷᠤᠢ ︵ᠰᠢᠷ᠎ᠠ︶ ᠬᠤᠯᠤᠭᠠᠨ᠎ᠠ ᠵᠢᠯ ︵1888 ᠤᠨ︶ ᠪᠠᠳᠠᠷᠠᠭᠤᠯᠳᠥ ᠳᠥᠷᠥ ᠶᠢᠨ  ᠠᠷᠪᠠᠨ ᠳᠥᠷᠪᠡᠳᠥᠬᠡᠷ  ᠤᠨ  ᠎ ᠳᠤ  ᠬᠡᠶᠢᠪᠤᠡᠭ  ᠬᠠᠯᠢᠭᠤᠳᠤ  ᠎ ᠳᠤ  ᠠᠷᠪᠠᠨ  ᠨᠠᠢᠮᠠᠳᠤᠭᠠᠷ ᠳᠥᠷᠢ ᠶᠢᠨ ᠵᠠᠩᠬᠢᠶ᠎ᠠ ᠬᠤᠳᠤᠭᠳᠥ ᠯᠤᠪᠰᠠᠩᠳᠠᠨᠵᠢᠨᠵᠠᠮᠰᠤ ︵1878 — 1888 ᠤᠨ︶᠎ ᠳᠤ ᠳ᠋ᠠᠩᠰᠢᠭ ᠡᠷᠬᠦᠭᠰᠡᠨ  ᠶᠡᠭᠡ  ᠨᠠᠶᠢᠷ ᠤᠨ  1024  ᠪᠥᠭᠡ  ᠎ ᠳᠤ ᠥᠵᠥᠮᠥᠴᠢᠨ ᠪᠠᠷᠠᠭᠤᠨ ᠬᠤᠰᠢᠭᠤᠨ ᠤ ︽ᠳᠡᠭᠡᠳᠥ ᠰᠢᠳᠢᠰ ᠤᠨ ᠬᠡᠶᠢᠳ︾ ᠪᠤᠶᠤ ᠤᠯᠠᠭᠠᠨ ᠬᠠᠭᠠᠯᠭ᠎ᠠ  ᠰᠥᠮ᠎ᠡ  ᠎ ᠶᠢᠨ  ᠤᠨᠠᠭᠠᠨ ᠱᠠᠪᠢ ᠰᠢᠷ᠎ᠡ ᠲᠡᠮᠡᠭᠡᠴᠢᠨ ᠤᠪᠤᠭ ᠲᠠᠢ ᠪᠠᠭᠰᠢ ᠶᠢᠨ ᠤᠯᠠᠭᠠᠨ ᠬᠡᠭᠴᠢ ᠪᠥᠭᠡ ᠲᠡᠷᠢᠬᠦᠯᠡᠵᠥ᠂ ᠠᠷᠤ ᠬᠤᠷᠴᠢᠨ ᠬᠠᠨ  ᠰᠥᠮ᠎ᠡ  ᠎ ᠶᠢᠨ ᠤᠯᠠᠭᠠᠨ ᠭᠤᠳᠤᠯᠳᠥ ᠭᠤᠮᠪᠤᠵᠠᠪ ︵ᠭᠤᠮᠪᠤᠵᠠᠭᠠᠨ ᠴᠤ ᠬᠡᠳᠡᠭ︶ ᠲᠡᠳ᠋ᠯᠡᠭᠰᠡᠨ ᠪᠠᠶᠢᠨ᠎ᠠ᠃     ᠤᠳᠬᠤᠨ ᠨᠠᠶᠢᠷ ᠨᠢ ᠤᠰᠤ ︵ᠬᠠᠷᠠᠭᠴᠢᠨ︶ ᠲᠠᠤᠯᠠᠢ ᠵᠢᠯ ︵1903 ᠤᠨ︶  ᠪᠠᠳᠠᠷᠠᠭᠤᠯᠳᠥ  ᠳᠥᠷᠥ  ᠎ ᠶᠢᠨ  ᠬᠤᠷᠢ ᠶᠢᠰᠥᠳᠥᠬᠡᠷ ᠤᠨ ᠳᠤ ᠬᠡᠶᠢᠪᠤᠡᠭ ᠭᠤᠤᠯ ᠤᠨ ᠪᠠᠷᠠᠭᠤᠨᠳᠠᠢ ᠠᠯᠳᠠᠨ ᠰᠢᠷᠡᠭᠡᠳᠥ ᠶᠢᠨ ᠲᠠᠯ᠎ᠠ ᠳᠤ ᠠᠷᠪᠠ ᠶᠢᠰᠥᠳᠥᠬᠡᠷ ᠳᠥᠷᠢ ᠶᠢᠨ ᠵᠠᠩᠬᠢᠶ᠎ᠠ ᠬᠤᠳᠤᠭᠳᠥ ᠶᠢᠨ 13 ᠨᠠᠰᠤᠨ ᠰᠡᠬᠦᠳᠡᠷ ᠲᠤ ᠲᠤᠬᠢᠶᠠᠯᠳᠤᠭᠤᠯᠤᠨ ᠠᠪᠢᠰᠢᠭ ᠲᠠᠯᠪᠢᠬᠤ ᠳ᠋ᠠᠩᠰᠢᠭ ᠨᠠᠶᠢᠷ ᠤᠨ 1204 ᠪᠥᠭᠡ ᠳᠤ ᠲᠤᠯᠤᠨ ᠨᠠᠭᠤᠷ ᠤᠨ ᠰᠢᠷᠡᠭᠡᠳᠥ ᠬᠡᠬᠡᠨ ᠱᠠᠪᠢᠨᠠᠷ ᠤᠨ ︽ᠤᠭᠰᠠᠷᠠᠭ᠎ᠠ ᠲᠤᠯᠤᠭᠠᠨ ᠮᠡᠭᠡᠳᠥ︾  ᠰᠤᠳᠨᠠᠮ  ᠭᠡᠭᠴᠢ  ᠪᠥᠭᠡ ᠲᠡᠷᠢᠬᠦᠯᠡᠭᠰᠡᠨ ᠳᠤ  ᠵᠠᠩᠬᠢᠶ᠎ᠠ ᠬᠡᠬᠡᠨᠳᠡᠨ ︽ᠪᠥᠭᠡ ᠎ ᠶᠢᠨ ᠲᠡᠭᠷᠢ ᠬᠡᠶᠢᠮᠤᠷᠢ ᠬᠤᠷᠤᠶᠢᠯᠠᠨ ᠰᠤᠶᠤᠷᠬ᠎ᠠ︕︾ ᠬᠡᠮᠡᠨ ᠲᠡᠬᠦᠨ ᠳᠤ  ︽ᠱᠠᠵᠢᠨᠬᠡᠷᠡᠯ︾ ᠬᠡᠮᠡᠬᠦ ᠨᠡᠷ᠎ᠡ ᠬᠠᠶᠢᠷᠠᠯᠠᠭᠰᠠᠨ ᠭᠡᠳᠡᠭ ᠪᠢᠯᠡ᠃     ᠤᠯᠤᠰ ᠪᠠᠶᠢᠭᠤᠯᠤᠭᠳᠠᠭᠰᠠᠨ ᠠᠴᠠ ᠨᠠᠭᠠᠰᠢ ᠮᠢᠩᠭᠠᠨ ᠪᠦᠬᠡ ᠶᠢᠨ ᠨᠠᠶᠢᠷ ᠤᠨ ᠦᠵᠦ ᠵᠠᠢ ᠶᠢᠨ ᠪᠦᠬᠡᠴᠤᠳ     1982 ᠤᠨ ᠳᠤ ᠪᠤᠯᠤᠭᠰᠠᠨ ᠰᠢᠯᠢ ᠶᠢᠨ ᠭᠤᠤᠯ ᠠᠶᠢᠮᠠᠭ ᠤᠨ 6 ᠳ᠋ᠤᠭᠠᠷ ᠤᠳᠠᠭᠠᠨ ᠤ  ᠶᠡᠭᠡ  ᠨᠠᠭᠠᠳᠤᠮ ᠎ ᠢᠶᠠᠷ 1024 ᠪᠦᠬᠡ ᠪᠠᠷᠢᠯᠳᠤᠵᠤ᠂ ᠬᠦᠯᠦᠨ ᠪᠦᠢᠷ ᠤᠨ ᠪᠠᠽᠠᠷᠭᠠᠨᠳ᠋ ᠳᠡᠷᠢᠬᠦᠯᠡᠵᠦ᠂ ᠰᠢᠯᠢᠨ ᠭᠤᠤᠯ ᠤᠨ ᠪᠠᠶᠠᠨ  ᠰᠢᠯᠢ  ᠮᠠᠯᠵᠢᠯ  ᠎ ᠤᠨ ᠲᠠᠯᠠᠪᠠᠢ ᠶᠢᠨ ᠪᠠᠭᠠᠨ᠎ᠠ ᠳᠡᠳ᠋ᠯᠡᠭᠰᠡᠨ᠃     1990 ᠤᠨ ᠳᠤ ᠪᠤᠯᠤᠭᠰᠠᠨ ᠰᠢᠯᠢ ᠶᠢᠨ ᠭᠤᠤᠯ ᠠᠶᠢᠮᠠᠭ ᠤᠨ 7 ᠳ᠋ᠤᠭᠠᠷ  ᠤᠳᠠᠭᠠᠨ ᠤ  ᠶᠡᠭᠡ  ᠨᠠᠭᠠᠳᠤᠮ ᠎ ᠢᠶᠠᠷ ᠮᠦᠨ 1024 ᠪᠦᠬᠡ ᠪᠠᠷᠢᠯᠳᠤᠵᠤ᠂ ᠵᠡᠬᠦᠨ ᠦᠵᠦᠮᠦᠴᠢᠨ ᠤ ᠴᠠᠭᠠᠨᠵᠠᠭᠠᠨ ᠳᠡᠷᠢᠬᠦᠯᠡᠵᠦ᠂ ᠪᠠᠶᠠᠨ ᠰᠢᠯᠢ  ᠮᠠᠯᠵᠢᠯ  ᠎ ᠤᠨ  ᠲᠠᠯᠠᠪᠠᠢ ᠶᠢᠨ ᠪᠠᠭᠠᠨ᠎ᠠ ᠳᠡᠳ᠋ᠯᠡᠭᠰᠡᠨ᠃     1996 ᠤᠨ ᠳᠤ ᠪᠤᠯᠤᠭᠰᠠᠨ ᠵᠡᠬᠦᠨ ᠦᠵᠦᠮᠦᠴᠢᠨ ᠬᠤᠰᠢᠭᠤ ᠪᠠᠶᠢᠭᠤᠯᠤᠭᠳᠠᠭᠰᠠᠨ 40  ᠵᠢᠯ‌‍ᠤᠨ  ᠤᠢ  ᠎ ᠶᠢᠨ ᠶᠡᠭᠡ ᠨᠠᠶᠢᠷ ᠢᠶᠠᠷ 1024 ᠪᠦᠬᠡ ᠪᠠᠷᠢᠯᠳᠤᠵᠤ᠂ ᠵᠡᠬᠦᠨ ᠦᠵᠦᠮᠦᠴᠢᠨ  ᠎ ᠤ  ᠵᠢᠷᠭᠠᠯ  ᠳᠡᠷᠢᠬᠦᠯᠡᠵᠦ᠂  ᠵᠡᠬᠦᠨ ᠦᠵᠦᠮᠦᠴᠢᠨ  ᠎ ᠤ ᠰᠡᠴᠡᠨᠪᠡᠶᠡᠷ ᠳᠡᠳ᠋ᠯᠡᠭᠰᠡᠨ᠃     2006 ᠤᠨ ᠳᠤ ᠵᠡᠬᠦᠨ ᠦᠵᠦᠮᠦᠴᠢᠨ ᠬᠤᠰᠢᠭᠤ ᠪᠠᠶᠢᠭᠤᠯᠤᠭᠳᠠᠭᠰᠠᠨ 50 ᠵᠢᠯ ᠤᠨ ᠤᠢ ᠶᠢᠨ ᠶᠡᠭᠡ ᠨᠠᠭᠠᠳᠤᠮ ᠢᠶᠠᠷ ᠮᠦᠨ 1024 ᠪᠦᠬᠡ ᠪᠠᠷᠢᠯᠳᠤᠵᠤ᠂ ᠵᠡᠬᠦᠨ ᠦᠵᠦᠮᠦᠴᠢᠨ  ᠎ ᠤ  ᠪᠠᠳᠤᠰᠦ᠋ᠬᠡ  ᠳᠡᠷᠢᠬᠦᠯᠡᠵᠦ᠂  ᠵᠡᠬᠦᠨ  ᠦᠵᠦᠮᠦᠴᠢᠨ  ᠎ ᠤ ᠪᠠᠶᠠᠷᠪᠠᠭᠠᠳᠤᠷ ᠳᠡᠳ᠋ᠯᠡᠭᠰᠡᠨ᠃     2007 ᠤᠨ ᠳᠤ ᠬᠦᠯᠦᠨ ᠪᠤᠶᠢᠷ ᠬᠤᠳᠠ ᠶᠢᠨ ᠰᠢᠨ᠎ᠡ ᠪᠠᠷᠭᠤ ᠵᠡᠬᠦᠨ ᠬᠤᠰᠢᠭᠤᠨ ᠳᠤ ᠪᠤᠯᠤᠭᠰᠠᠨ  ︽ᠪᠠᠽᠠᠷᠭᠠᠨᠳ᠋ ᠬᠤᠨᠳᠠᠭᠠᠳᠤ︾ ᠮᠤᠩᠭᠤᠯ ᠪᠦᠬᠡ ᠶᠢᠨ  ᠤᠷᠤᠯᠳᠤᠭᠠᠨ ᠳᠤ  1024  ᠪᠦᠬᠡ  ᠪᠠᠷᠢᠯᠳᠤᠵᠤ᠂  ᠪᠠᠳᠤ ᠳᠡᠷᠢᠬᠦᠯᠡᠨ᠂  ᠪᠢᠰᠢᠷᠡᠯᠳᠦ ᠳᠡᠳ᠋ᠯᠡᠵᠡᠢ᠃     2004 ᠤᠨ ᠳᠤ ᠰᠢᠯᠢ  ᠎ ᠶᠢᠨ  ᠭᠤᠤᠯ  ᠠᠶᠢᠮᠠᠭ ᠤᠨ  ᠪᠠᠷᠠᠭᠤᠨ  ᠦᠵᠦᠮᠦᠴᠢᠨ  ᠬᠤᠰᠢᠭᠤ  2048  ᠪᠦᠬᠡ ᠪᠠᠷᠢᠯᠳᠤᠭᠤᠯᠤᠭᠰᠠᠨ ᠳᠤᠮᠤ ᠨᠠᠶᠢᠷ ᠬᠢᠵᠦ᠂ ᠤᠯᠠᠨ ᠪᠦᠬᠡ ᠪᠠᠷᠢᠯᠳᠤᠭᠰᠠᠨ ᠢᠶᠠᠷ ᠢᠶᠠᠨ ︽ᠬᠢᠨᠢᠰ ᠤᠨ ᠳᠡᠯᠡᠬᠡᠢ ᠎ ᠶᠢᠨ  ᠳᠡᠮᠳᠡᠭᠯᠡᠯ︾᠎ ᠳᠤ ᠳᠡᠮᠳᠡᠭᠯᠡᠬᠦᠯᠦᠭᠰᠡᠨ ᠪᠢᠯᠡ᠃ ᠡᠨᠡ ᠨᠠᠶᠢᠷ ᠲᠤ ᠪᠠᠷᠠᠭᠤᠨ ᠦᠵᠦᠮᠦᠴᠢᠨ ᠤ ᠮᠢ᠊· ᠰᠤᠶᠤᠯ ᠳᠡᠷᠢᠬᠦᠯᠡᠵᠦ᠂ ᠪᠠᠷᠠᠭᠤᠨ ᠦᠵᠦᠮᠦᠴᠢᠨ ᠤ ᠤᠶᠤᠨᠪᠠᠳᠤ ᠳᠡᠳ᠋ᠯᠡᠭᠰᠡᠨ ᠪᠢᠯᠡ᠃     2010 ᠤᠨ ᠤ 8 ᠰᠠᠷ᠎ᠠ ᠳᠤ ᠪᠤᠯᠤᠭᠰᠠᠨ ᠤᠯᠠᠭᠠᠨᠬᠠᠳᠠ ᠬᠤᠳᠠ ᠶᠢᠨ ᠠᠷᠤ ᠬᠤᠷᠴᠢᠨ ᠤ ᠮᠢᠩᠭᠠᠨ ᠪᠦᠬᠡ ᠎ ᠶᠢᠨ ᠨᠠᠶᠢᠷ ᠲᠤ ᠵᠡᠬᠦᠨ ᠦᠵᠦᠮᠦᠴᠢᠨ ᠪᠠᠶᠠᠷᠪᠠᠭᠠᠳᠤᠷ ᠲᠡᠷᠢᠬᠦᠯᠡᠵᠦ᠂ ᠠᠷᠤ ᠬᠤᠷᠴᠢᠨ ᠤ ᠰᠠᠷᠠᠨᠮᠠᠨᠳᠤᠯ᠎ᠠ ᠲᠡᠳ᠋ᠯᠡᠭᠰᠡᠨ     2011 ᠤᠨ ᠤ 7 ᠰᠠᠷ᠎ᠠ ᠳᠤ ᠪᠤᠯᠤᠭᠰᠠᠨ ᠰᠢᠯᠢᠨ ᠭᠤᠤᠯ ᠠᠶᠢᠮᠠᠭ  ᠎ ᠤᠨ  ᠰᠢᠯᠤᠭᠤᠨ  ᠬᠦᠬᠡ  ᠬᠤᠰᠢᠭᠤᠨ  ᠎ ᠤ ᠮᠢᠩᠭᠠᠨ ᠪᠦᠬᠡ ᠶᠢᠨ ᠨᠠᠶᠢᠷ  ᠎ ᠲᠤ  ᠵᠡᠬᠦᠨ  ᠪᠠᠭᠠᠷᠢᠨ  ᠎ ᠤ  ᠠᠯᠳᠠᠨᠰᠦ᠋ᠬᠡ  ᠲᠡᠷᠢᠬᠦᠯᠡᠵᠦ᠂  ᠰᠢᠯᠤᠭᠤᠨ ᠬᠦᠬᠡ ᠶᠢᠨ ᠤᠶᠠᠩᠭ᠎ᠠ ᠲᠡᠳ᠋ᠯᠡᠭᠰᠡᠨ᠃        2011 ᠤᠨ ᠤ7 ᠰᠠᠷ᠎ᠠ ᠳᠤ ᠪᠤᠯᠤᠭᠰᠠᠨ ᠵᠢᠷᠭᠠᠯᠠᠩᠳᠦ ᠲᠠᠯ᠎ᠠ ᠨᠤᠳᠤᠭ ᠰᠢᠯᠢ ᠶᠢᠨ ᠭᠤᠤᠯ ᠤᠨ  ᠶᠡᠭᠡ  ᠨᠠᠭᠠᠳᠤᠮ ᠳᠤ ᠵᠡᠬᠦᠨ ᠦᠵᠦᠮᠦᠴᠢᠨ ᠤ ᠪᠠᠶᠠᠷᠪᠠᠭᠠᠳᠤᠷ ᠠᠷᠪᠠ ᠲᠠᠪᠠᠵᠤ ᠲᠡᠷᠢᠬᠦᠯᠡᠨ᠂ ᠵᠡᠬᠦᠨ ᠦᠵᠦᠮᠦᠴᠢᠨ ᠤ ᠪᠠᠳᠤᠵᠢᠷᠭᠠᠯ ᠶᠢᠰᠦ ᠲᠠᠪᠠᠵᠤ ᠲᠡᠳ᠋ᠯᠡᠵᠡᠢ᠃
 
ᠢᠷᠡᠯᠲᠡ᠄ 《 ᠴᠢᠩᠬᠢᠰ— ᠵᠠᠭᠤᠨ ᠤᠳᠠᠨ ᠦᠵᠦᠭ ᠰᠦᠯᠵᠢᠶ᠎ᠡ 》
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号