ᠮᠤᠷᠢᠨ ᠬᠤᠭᠤᠷ ᠤᠨ ᠡᠪᠦᠭᠡ ᠪᠣᠯ ᠪᠦᠷ ᠾᠦᠩᠨᠦ ᠶᠢᠨ ᠦᠶ᠎ᠡ ᠶᠢᠨ ᠪᠢᠪᠠ ᠬᠡᠮᠡᠬᠦ ᠭᠦᠭᠵᠢᠮ ᠠᠴᠠ ᠭᠠᠷᠤᠯᠲᠠᠢ | ᠰᠢᠨᠠᠭᠠᠨ ᠬᠤᠭᠤᠷ ᠶᠤᠮ᠂ ᠰᠢᠨᠠᠭᠠᠨ ᠬᠤᠭᠤᠷ ᠨᠢ ᠬᠤᠨ᠂ ᠭᠠᠷᠤᠳᠢ᠂ ᠮᠠᠲᠠᠷ᠂ ᠯᠤᠤ᠂ ᠠᠷᠰᠯᠠᠨ ᠲᠣᠯᠣᠭᠠᠢ ᠲᠠᠢ᠂ | ᠰᠢᠨᠠᠭᠠᠷᠬᠠᠤ ᠬᠡᠯᠪᠡᠷᠢ ᠶᠢᠨ ᠮᠣᠳᠣᠨ ᠴᠠᠷ᠎ᠠ ᠲᠠᠢ᠂ ᠬᠤᠶᠠᠷ ᠴᠢᠪᠬᠠᠳᠠᠰᠤ ᠲᠠᠢ᠂ ᠲᠣᠪᠰᠢᠭᠤᠷ ᠬᠥᠭᠵᠢᠮ ᠪᠠᠶᠢᠵᠠᠢ᠃ | ᠬᠤᠵᠢᠮ ᠦᠶᠡᠰ ᠨᠤᠮᠤ ᠲᠠᠢ ᠪᠣᠯᠵᠤ᠂ ᠲᠣᠯᠣᠭᠠᠢ ᠶᠢᠨ ᠳᠦᠷᠰᠦ ᠶᠢ ᠮᠣᠷᠢᠨ ᠲᠣᠯᠣᠭᠠᠢ ᠪᠠᠷ ᠰᠤᠯᠢᠭᠰᠠᠨ ᠢᠶᠠᠷ | ᠮᠣᠷᠢᠨ ᠬᠤᠭᠤᠷ ᠡᠭᠦᠰᠦᠭᠰᠡᠨ ᠪᠠᠶᠢᠨ᠎ᠠ᠃ ᠬᠠᠷᠢᠨ ᠮᠣᠷᠢᠨ ᠲᠣᠯᠣᠭᠠᠢ ᠲᠠᠢ ᠰᠢᠨᠠᠭᠠᠨ ᠬᠤᠭᠤᠷ ᠪᠠᠶᠢᠬᠤ ᠦᠭᠡᠢ | ᠪᠥᠭᠡᠳ ᠮᠣᠩᠭᠤᠯᠴᠤᠳ ᠤᠨ ᠡᠷᠲᠡ ᠦᠶᠡᠡᠴᠡ ᠬᠡᠷᠡᠭᠯᠡᠵᠦ ᠢᠷᠡᠭᠰᠡᠨ ᠨᠢᠭᠡᠨ ᠲᠥᠷᠥᠯ ᠤᠨ ᠴᠢᠪᠬᠠᠳᠠᠰᠤᠲᠤ | ᠬᠢᠬᠢᠯᠢᠲᠤ ᠬᠥᠭᠵᠢᠮ ᠪᠤᠶᠤ ᠬᠤᠭᠤᠴᠢᠷ ᠨᠢ ᠮᠣᠷᠢᠨ ᠲᠣᠯᠣᠭᠠᠢ ᠲᠠᠢ ᠪᠠᠶᠢᠵᠠᠢ᠃ ᠬᠤᠭᠤᠴᠢᠷ ᠨᠢ ᠪᠢᠪᠠ ᠭᠦᠭᠵᠢᠮ | ᠠᠴᠠ ᠭᠠᠷᠤᠯᠲᠠᠢ ᠴᠦ ᠳᠥᠷᠪᠡᠨ ᠴᠢᠬᠢ ᠲᠠᠢ᠂ ᠬᠤᠣᠰ ᠢᠶᠠᠷ ᠨᠢ ᠬᠥᠭᠯᠡᠭᠰᠡᠨ ᠳᠥᠷᠪᠡᠨ ᠴᠢᠪᠬᠠᠳᠠᠰᠤ ᠲᠠᠢ᠂ | ᠨᠤᠮᠤ ᠨᠢ ᠴᠢᠪᠬᠠᠳᠠᠰᠤᠨ ᠤ ᠪᠠᠨ ᠬᠤᠭᠤᠷᠣᠨᠳᠤᠭᠤᠷ ᠣᠷᠣᠭᠰᠠᠨ ᠪᠠᠶᠢᠳᠠᠭ ᠢᠶᠠᠷ ᠢᠶᠠᠨ ᠮᠣᠷᠢᠨ ᠬᠤᠭᠤᠷ ᠠᠴᠠ | ᠢᠯᠭᠠᠷᠠᠳᠠᠭ ᠬᠥᠭᠵᠢᠮ ᠤᠨ ᠵᠢᠮᠰᠡᠭ ᠪᠥᠭᠡᠳ ᠨᠤᠲᠤᠭ ᠪᠦᠷᠢ ᠳᠤ ᠶᠠᠩᠵᠤ ᠪᠦᠷᠢ ᠪᠠᠷ ᠨᠡᠷᠡᠯᠡᠭᠳᠡᠵᠦ ᠪᠠᠶᠢᠭᠠᠳ | ᠬᠤᠵᠢᠮ ᠢᠶᠠᠨ ᠬᠤᠭᠤᠴᠢᠷ ᠬᠡᠮᠡᠨ ᠨᠡᠷᠡᠯᠡᠭᠳᠡᠬᠦ ᠪᠣᠯᠵᠠᠢ᠃ | ᠮᠣᠷᠢᠨ ᠬᠤᠭᠤᠷ ᠭᠡᠳᠡᠭ ᠡᠨᠡ ᠬᠦ ᠨᠡᠷ᠎ᠡ ᠪᠠᠷᠠᠭᠤᠨ ᠤᠷᠠᠳ ᠮᠣᠩᠭᠤᠯ ᠤᠨ ᠳᠠᠭᠤᠴᠢ ᠬᠤᠭᠤᠷᠴᠢ ᠬᠥᠬᠦᠭᠡ | ᠨᠠᠮᠵᠢᠯ ᠤᠨ ᠵᠢᠬᠦᠷᠲᠤ ᠬᠦᠯᠦᠭ ᠤᠨ ᠲᠣᠮᠤᠭ ᠲᠠᠢ ᠬᠤᠯᠪᠣᠭᠠᠲᠠᠢ᠃ ᠮᠢᠩᠭᠠᠳ ᠤᠨ ᠴᠠᠭᠠᠨ ᠰᠢᠪᠠᠭᠤ ᠤᠪᠤᠭ ᠤᠨ | ᠬᠢᠨ ᠤ ᠭᠠᠷᠤᠯ ᠤᠨ ᠳᠣᠮᠤᠭ ᠲᠤ ᠡᠪᠦᠭᠡᠳ ᠳᠡᠭᠡᠳᠦᠰ ᠢᠶᠠᠨ ᠬᠥᠬᠦᠭᠡ ᠨᠠᠮᠵᠢᠯ ᠲᠠᠢ ᠬᠤᠯᠪᠣᠳᠠᠭ ᠪᠥᠭᠡᠳ ᠬᠥᠬᠦᠭᠡ | ᠨᠠᠮᠵᠢᠯ ᠵᠢᠬᠦᠷᠲᠤ ᠴᠠᠭᠠᠨ ᠮᠣᠷᠢ ᠪᠣᠯᠵᠤ ᠬᠤᠪᠢᠷᠠᠭᠰᠠᠨ ᠬᠤᠨ ᠬᠥᠯᠥᠭᠯᠡᠵᠦ ᠶᠠᠪᠤᠭᠰᠠᠨ ᠶᠤᠮ ᠭᠡᠨ᠎ᠡ ᠯᠠᠢ ᠭᠡᠵᠦ | ᠭᠠᠷᠳᠠᠭ ᠨᠢ ᠰᠣᠨᠢᠷᠬᠠᠯᠲᠠᠢ᠃ ᠮᠣᠷᠢᠨ ᠬᠤᠭᠤᠷ ᠨᠢ ᠮᠣᠩᠭᠤᠯᠴᠤᠳ ᠤᠨ ᠭᠤᠴᠣ ᠬᠦᠨᠳᠦᠳᠬᠡᠨ ᠬᠠᠶᠢᠷᠠᠯᠠᠳᠠᠭ | ᠬᠥᠭᠵᠢᠮ ᠤᠨ ᠵᠢᠮᠰᠡᠭ ᠪᠠ ᠡᠰᠢᠨ ᠤ ᠦᠵᠦᠭᠦᠷᠲᠦ ᠰᠡᠶᠢᠯᠦᠭᠰᠡᠨ ᠮᠣᠷᠢᠨ ᠲᠣᠯᠣᠭᠠᠢ ᠪᠠᠷ ᠢᠶᠠᠨ ᠲᠡᠶᠢᠨ ᠬᠦ | ᠨᠡᠷᠡᠯᠡᠭᠳᠡᠭᠰᠡᠨ ᠪᠠᠶᠢᠨ᠎ᠠ᠃ ᠮᠣᠷᠢᠨ ᠬᠤᠭᠤᠷ ᠤᠨ ᠴᠠᠷ᠎ᠠ ᠨᠢ ᠭᠤᠨᠵᠣᠭᠤᠢ ᠳᠥᠷᠪᠡᠯᠵᠢᠨ ᠬᠡᠯᠪᠡᠷᠢ ᠲᠠᠢ ᠪᠥᠭᠡᠳ | ᠲᠡᠭᠦᠨ ᠢ ᠢᠮᠠᠭᠠᠨ ᠤ ᠶᠤᠮ ᠦᠦ ᠪᠣᠲᠣᠭᠤᠨ ᠤ ᠠᠷᠠᠰᠤ ᠪᠠᠷ ᠪᠦᠷᠢᠵᠦ᠂ ᠨᠣᠭᠤᠭᠠᠨ ᠪᠣᠳᠤᠭ ᠢᠶᠠᠷ ᠪᠣᠳᠣᠳᠠᠭ | ᠪᠠᠶᠢᠪᠠ᠃ ᠮᠥᠨ ᠮᠣᠷᠢᠨ ᠲᠣᠯᠣᠭᠠᠢ ᠶᠢ ᠨᠢ ᠴᠦ ᠨᠣᠭᠤᠭᠠᠨ ᠪᠣᠳᠤᠭ ᠢᠶᠠᠷ ᠪᠣᠳᠣᠳᠠᠭ᠃ ᠡᠨᠡ ᠨᠢ ᠮᠣᠩᠭᠤᠯᠴᠤᠳ | ᠨᠣᠭᠤᠭᠠᠨ ᠥᠩᠭᠡ ᠶᠢ ᠭᠠᠵᠠᠷ ᠳᠡᠯᠡᠬᠡᠢ᠂ ᠦᠷᠡᠵᠢᠯ ᠰᠢᠮ᠎ᠡ᠂ ᠬᠠᠶᠢᠷ᠎ᠠ ᠰᠡᠳᠬᠢᠯ ᠤᠨ ᠪᠡᠯᠭᠡ ᠲᠡᠮᠳᠡᠭ ᠭᠡᠵᠦ | ᠦᠵᠡᠳᠡᠭ ᠪᠠᠶᠢᠭᠰᠠᠨ ᠲᠠᠢ ᠬᠤᠯᠪᠣᠭᠠᠲᠠᠢ᠃ ᠮᠣᠷᠢᠨ ᠬᠤᠭᠤᠷ ᠢᠶᠠᠨ ᠮᠣᠩᠭᠤᠯᠴᠤᠳ ᠡᠷᠲᠡᠨ ᠠᠴᠠ ᠬᠦᠨᠳᠦᠳᠬᠡᠨ᠂ | ᠠᠶᠢᠯ ᠪᠣᠯᠭᠠᠨ ᠮᠣᠷᠢᠨ ᠬᠤᠭᠤᠷ ᠲᠠᠢ ᠪᠠᠶᠢᠬᠤ ᠶᠢ ᠴᠢᠬᠤᠯᠠᠴᠢᠯᠠᠳᠠᠭ ᠃ᠮᠣᠷᠢᠨ ᠬᠤᠭᠤᠷ ᠢᠶᠠᠨ ᠬᠤᠶᠢᠮᠤᠷ ᠤᠨ | ᠠᠪᠳᠠᠷ᠎ᠠ ᠶᠢᠨ ᠪᠠᠷᠠᠭᠤᠨ ᠵᠡᠭᠦᠨ ᠲᠠᠯ᠎ᠠ ᠪᠤᠶᠤ ᠭᠡᠷ ᠤᠨ ᠬᠢ ᠪᠠᠨ ᠬᠠᠮᠤᠭ ᠤᠨ ᠬᠦᠨᠳᠦᠲᠡᠢ ᠪᠠᠶᠢᠷᠢᠨ ᠳᠤ ᠵᠠᠯᠠᠳᠠᠭ | ᠪᠠᠶᠢᠪᠠ᠃ |