ᠴᠢᠭᠲᠠ
ᠨᠡᠶᠢᠲᠡᠯᠡᠭᠰᠡᠨ ᠴᠠᠭ᠄
2016-07-20
  ᠮᠤᠩᠭᠤᠯᠴᠤᠳ ᠤᠨ ᠨᠡᠭᠦᠳᠡᠯ ᠠᠮᠢᠳᠤᠷᠠᠯ ᠤᠨ ᠲᠤᠮᠳᠠᠬᠢ ᠡᠳᠦᠷ ᠲᠤᠳᠤᠮ ᠤᠨ ᠰᠤᠷ᠂ ᠳᠡᠭᠡᠰᠦᠨ ᠡᠳ᠋ᠯᠡᠯ ᠬᠡᠷᠡᠭᠯᠡᠭᠦᠨ ᠪᠠ ᠮᠠᠯ ᠤᠨ ᠬᠤᠷᠤᠭ᠎ᠠ ᠬᠠᠰᠢᠶᠠᠨ ᠤ ᠬᠠᠭᠠᠯᠳᠠ ᠵᠡᠷᠭᠡ ᠳᠤ ᠪᠤᠷᠭᠠᠰᠤᠨ ᠮᠤᠲᠤ ᠪᠠᠷ ᠢᠶᠠᠨ  ᠶᠠᠩᠵᠤ  ᠬᠡᠯᠪᠡᠷᠢ   ᠨᠢ  ᠠᠳᠠᠯᠢ  ᠦᠭᠡᠢ ᠤᠯᠠᠨ ᠵᠦᠢᠯ ᠤᠨ ᠴᠢᠬᠳᠠ ᠵᠤᠷᠭᠤᠵᠤ᠂ ᠤᠷ᠎ᠠ ᠰᠠᠶᠢᠬᠠᠨ ᠠᠰᠢᠭᠯᠠᠵᠤ ᠬᠡᠷᠡᠭᠯᠡᠵᠦ ᠪᠠᠶᠢᠳᠠᠭ᠃   ᠵᠢᠱᠢᠶᠡᠯᠡᠪᠡᠯ ᠮᠦᠭᠡᠷᠡᠨ ᠴᠢᠬᠳᠠ᠂  ᠠᠯᠤᠬᠠᠨ  ᠴᠢᠬᠳᠠ᠂  ᠰᠢᠯᠤᠭᠤᠨ  ᠴᠢᠬᠳᠠ᠂  ᠬᠠᠪᠳᠠᠭᠠᠢ  ᠴᠢᠭᠳᠠ᠂  ᠪᠦᠭᠡᠷᠡᠩᠬᠡᠢ ᠴᠢᠬᠳᠠ᠂ ᠬᠠᠨᠠᠨ ᠴᠢᠭᠳᠠ ᠭᠡᠬᠦ ᠮᠡᠳᠦ ᠶᠢᠨ ᠶᠠᠩᠵᠤ ᠬᠡᠯᠪᠡᠷᠢ ᠠᠳᠠᠯᠢ ᠦᠭᠡᠢ ᠵᠢᠷᠭᠤᠭᠠᠨ ᠵᠦᠢᠯ ᠤᠨ ᠭᠤᠶᠢᠳᠠ ᠰᠠᠶᠢᠬᠠᠨ ᠴᠢᠬᠳᠠ ᠨᠤᠭᠤᠳ ᠢ ᠵᠤᠬᠢᠶᠠᠨ ᠭᠠᠷᠭᠠᠵᠤ ᠡᠳ᠋ᠯᠡᠵᠦ ᠬᠡᠷᠡᠭᠯᠡᠭᠰᠡᠭᠡᠷ ᠢᠷᠡᠵᠡᠢ᠃   ᠴᠢᠭᠳᠠ ᠵᠤᠷᠭᠤᠬᠤ ᠤᠷ᠎ᠠ ᠮᠡᠷᠭᠡᠰᠢᠯ᠄   1᠂ ᠮᠦᠬᠡᠷ ᠤᠨ ᠴᠢᠭᠳᠠ   ᠡᠨᠡᠬᠦ ᠴᠢᠬᠳᠡ ᠶᠢ ᠵᠤᠷᠭᠤᠬᠤ ᠳᠠᠭᠠᠨ᠂ ᠨᠢᠭᠡ ᠰᠦᠬᠦᠮ ᠤᠷᠳᠤ᠂ ᠡᠷᠡᠬᠡᠢ ᠬᠤᠷᠤᠭᠤᠨ ᠤ ᠬᠢᠷᠢ  ᠪᠦᠳᠦᠭᠦᠨ  ᠳᠡᠭᠰᠢᠬᠡᠨ ᠤᠯᠠᠭᠠᠨ ᠪᠤᠷᠭᠠᠰᠤ ᠶᠢ ᠲᠠᠭᠠᠷᠢᠵᠤ ᠠᠪᠤᠨ᠎ᠠ᠃ ᠳᠠᠷᠠᠭ᠎ᠠ ᠨᠢ ᠡᠭᠦᠨ ᠤ ᠪᠠᠨ  ᠳᠦᠷᠪᠡᠨ  ᠲᠠᠯ᠎ᠠ   ᠠᠴᠠ   ᠨᠢ  ᠡᠬᠢᠯᠡᠵᠦ  ᠰᠠᠶᠢᠬᠠᠨ ᠳᠡᠭᠰᠢᠯᠡᠵᠦ ᠵᠤᠷᠭᠤᠭᠠᠳ᠂ ᠮᠤᠳᠤ ᠪᠠᠨ ᠲᠦᠷᠪᠡᠯᠵᠢᠨ ᠬᠡᠯᠪᠡᠷᠢᠳᠡᠢ ᠪᠤᠯᠭᠠᠵᠤ᠂ ᠴᠢᠬᠳᠠ  ᠶᠢᠨ ᠢᠶᠠᠨ  ᠤᠷᠳᠤ  ᠪᠠ  ᠪᠤᠭᠤᠨᠢ   ᠶᠢᠨ ᠬᠡᠮᠵᠢᠶ᠎ᠡ ᠶᠢ ᠨᠢ ᠲᠠᠭᠠᠷᠠᠭᠤᠯᠵᠤ ᠲᠠᠭᠠᠷᠢᠭᠠᠳ᠂ ᠬᠤᠶᠠᠷ ᠲᠠᠯ᠎ᠠ ᠶᠢᠨ ᠦᠵᠦᠭᠦᠷ ᠤᠨ ᠭᠡᠰᠡᠭ ᠢ ᠳᠡᠭᠡᠳᠦ ᠲᠠᠯ᠎ᠠ ᠠᠴᠠ ᠨᠢ ᠲᠤᠷᠤᠭᠰᠢ ᠪᠠᠭ᠎ᠠ ᠵᠢᠰᠢᠭᠦᠦ ᠰᠢᠭ ᠳᠡᠭᠰᠢᠬᠡᠨ ᠦᠡᠯᠡᠵᠦ ᠳᠠᠷᠤᠨ᠎ᠠ᠃ ᠳᠠᠬᠢᠭᠠᠳ ᠳᠡᠭᠡᠳᠦ ᠳᠠᠯ᠎ᠠ ᠶᠢᠨ ᠭᠡᠰᠡᠭ ᠠᠴᠠ ᠨᠢ  ᠬᠤᠶᠠᠷ  ᠲᠠᠯ᠎ᠠ   ᠶᠢᠨ ᠬᠢᠨ ᠦᠵᠦᠭᠦᠷ ᠤᠷᠤᠭᠤ᠂ ᠲᠡᠷᠭᠡᠨ ᠤ ᠲᠤᠭᠤᠢ ᠶᠢᠨ ᠮᠦᠭᠡᠷ ᠤᠨ ᠭᠠᠳᠠᠷ ᠲᠠᠯ᠎ᠠ ᠶᠢᠨ ᠶᠠᠩᠵᠤ ᠲᠠᠢ ᠵᠠᠰᠠᠵᠤ᠂ ᠬᠠᠮᠤᠭ ᠤᠨ ᠰᠡᠭᠦᠯ ᠳᠤᠨᠢ ᠳᠡᠭᠡᠳᠦ ᠲᠠᠯ᠎ᠠ ᠶᠢᠨ ᠭᠤᠤᠯ ᠢ ᠲᠠᠭᠠᠷᠠᠭᠤᠯᠵᠤ᠂ ᠪᠠᠭ᠎ᠠ ᠰᠢᠭ᠋ ᠬᠦᠨᠳᠡᠯᠡᠨ ᠭᠡᠷᠴᠢᠶᠡᠰᠦ ᠤᠬᠤᠵᠤ ᠭᠠᠷᠭᠠᠪᠠᠯ ᠪᠤᠯᠴᠢᠬᠠᠨ᠎ᠠ᠃   2᠂ ᠠᠯᠤᠬᠠᠨ ᠴᠢᠬᠳᠠ   ᠡᠨᠡᠬᠦ ᠴᠢᠬᠳᠠ ᠶᠢ ᠵᠤᠷᠭᠤᠬᠤ ᠳᠠᠭᠠᠨ ᠤᠷᠢᠳᠠᠪᠡᠷ ᠪᠡᠯᠡᠳᠬᠡᠵᠦ ᠲᠠᠯᠪᠢᠭᠰᠠᠨ ᠮᠤᠳᠤ ᠪᠠᠨ  ᠠᠪᠤᠭᠠᠳ᠂  ᠴᠢᠬᠳᠠ   ᠶᠢᠨ ᠢᠶᠠᠨ ᠦᠷᠭᠡᠨ ᠪᠠ ᠨᠢᠮᠬᠡᠨ ᠤ ᠬᠡᠮᠵᠢᠶ᠎ᠡ ᠪᠠᠨ ᠲᠠᠭᠠᠷᠠᠭᠤᠯᠵᠤ᠂ ᠲᠦᠷᠪᠡᠯᠵᠢᠨ ᠬᠡᠯᠪᠡᠷᠢ   ᠪᠠᠷ  ᠵᠠᠰᠠᠭᠠᠳ᠂  ᠤᠷᠳᠤ  ᠪᠤᠭᠤᠨᠢ   ᠶᠢᠨ ᠬᠡᠮᠵᠢᠶ᠎ᠡ ᠶᠢ ᠨᠢ ᠲᠡᠩᠴᠡᠭᠦᠯᠦᠭᠡᠳ᠂ ᠬᠤᠶᠠᠷ ᠲᠠᠯ᠎ᠠ ᠶᠢᠨ ᠢᠯᠡᠭᠦᠴᠡ ᠭᠠᠷᠤᠭᠰᠠᠠᠨ ᠦᠵᠦᠭᠦᠷ ᠢ ᠳᠡᠭᠰᠢᠬᠡᠨ ᠲᠠᠭᠠᠷᠢᠵᠤ ᠬᠠᠶᠠᠨ᠎ᠠ᠃   3᠂ ᠰᠢᠯᠤᠭᠤᠨ ᠴᠢᠬᠳᠠ   ᠡᠨᠡᠬᠦ ᠴᠢᠬᠳᠡ ᠶᠢ ᠵᠤᠷᠭᠤᠬᠤ ᠳᠤ ᠮᠤᠳᠤᠨ ᠤ ᠪᠠᠨ ᠭᠠᠳᠠᠷ ᠬᠠᠯᠢᠰᠦ ᠶᠢ ᠨᠢ ᠬᠤᠰᠤᠵᠤ ᠠᠷᠢᠯᠭᠠᠭᠠᠳ᠂  ᠤᠷᠳᠤ  ᠪᠠ ᠪᠤᠭᠤᠨᠢ ᠶᠢᠨ ᠬᠡᠮᠵᠢᠶ᠎ᠡ ᠪᠠᠨ ᠲᠡᠩᠴᠡᠭᠦᠯᠵᠦ᠂ ᠬᠤᠶᠠᠷ ᠲᠠᠯ᠎ᠠ ᠶᠢᠨ ᠬᠢᠨᠢ ᠢᠯᠡᠭᠦᠴᠡ ᠦᠵᠦᠭᠦᠷ ᠢ ᠳᠡᠭᠰᠢᠬᠡᠨ ᠲᠠᠭᠠᠷᠢᠵᠦ  ᠬᠠᠶᠠᠨ᠎ᠠ᠃ ᠡᠷᠭᠢᠭᠡᠳ ᠴᠢᠭᠳᠠ ᠶᠢᠨ ᠢᠶᠠᠨ ᠬᠤᠶᠠᠷ ᠲᠠᠯ᠎ᠠ ᠶᠢ ᠨᠢ ᠬᠠᠪᠳᠠᠭᠠᠢ ᠪᠠ ᠪᠦᠭᠡᠷᠡᠩᠬᠡᠢ ᠬᠡᠯᠪᠡᠷᠢ ᠶᠢᠨ ᠠᠯᠢ ᠨᠢ ᠴᠤ ᠪᠢᠰᠢ ᠶᠠᠩᠵᠦ ᠪᠠᠷ ᠵᠤᠷᠭᠤᠵᠤ᠂ ᠦ ᠦᠭᠡᠢ ᠰᠠᠶᠢᠬᠠᠨ ᠵᠠᠰᠠᠵᠤ᠂ ᠨᠢᠷᠤᠭᠤᠨ ᠤ ᠲᠠᠯ᠎ᠠ ᠶᠢᠨ ᠭᠤᠤᠯ ᠳᠤ ᠪᠠᠭᠠᠬᠠᠨ ᠬᠦᠨᠳᠡᠯᠡᠨ  ᠭᠡᠷᠴᠢᠶᠡᠰᠦ  ᠭᠠᠷᠭᠠᠵᠤ ᠲᠠᠯᠪᠢᠨ᠎ᠠ᠃   4᠂ ᠬᠠᠪᠳᠠᠭᠠᠢ ᠴᠢᠬᠳᠠ   ᠡᠨᠡᠬᠦ ᠴᠢᠬᠳᠠ ᠶᠢ ᠵᠤᠷᠭᠤᠬᠤ ᠳᠤ ᠮᠤᠳᠤᠨ ᠤ ᠪᠠᠨ ᠭᠠᠳᠠᠷ ᠬᠠᠯᠢᠰᠦ   ᠶᠢ   ᠨᠢ  ᠬᠤᠰᠤᠵᠤ  ᠬᠠᠶᠠᠭᠠᠳ᠂  ᠬᠤᠶᠠᠷ ᠲᠠᠯ᠎ᠠ ᠠᠴᠠ ᠨᠢ ᠡᠬᠢᠯᠡᠭᠡᠳ ᠤᠷᠳᠤ ᠪᠠᠷ ᠨᠢ ᠬᠠᠪᠳᠠᠭᠠᠢᠢᠯᠠᠨ ᠵᠤᠷᠭᠤᠵᠤ᠂ ᠴᠢᠬᠳᠠ ᠶᠢᠨ ᠢᠶᠠᠨ ᠦᠷᠭᠡᠨ ᠪᠡ ᠨᠢᠮᠬᠡᠨ  ᠵᠤᠵᠠᠭᠠᠨ ᠢ ᠨᠢ ᠲᠡᠩᠴᠡᠭᠦᠯᠵᠦ ᠵᠠᠰᠠᠭᠠᠳ᠂ ᠤᠷᠳᠤ ᠪᠠ ᠪᠤᠭᠤᠨᠢ ᠶᠢ ᠬᠡᠷᠡᠭᠯᠡᠬᠦ ᠬᠡᠮᠵᠢᠶᠡᠨ ᠳᠡᠭᠡᠨ  ᠲᠠᠭᠠᠷᠠᠭᠤᠯᠵᠤ᠂  ᠬᠤᠶᠠᠷ  ᠦᠵᠦᠭᠦᠷ ᠢ   ᠨᠢ ᠬᠦᠨᠳᠡᠯᠡᠨ ᠲᠠᠭᠠᠷᠢᠵᠤ ᠬᠠᠶᠠᠨ᠎ᠠ᠃   5᠂ ᠪᠦᠭᠡᠷᠡᠩᠬᠡᠢ ᠴᠢᠭᠳᠠ   ᠡᠨᠡᠬᠦ ᠴᠢᠭᠳᠠ ᠶᠢ ᠵᠤᠷᠭᠤᠬᠤ ᠳᠤ᠂ ᠮᠤᠲᠤᠨ ᠤ ᠪᠠᠨ ᠬᠠᠯᠢᠰᠦ ᠶᠢ ᠴᠡᠪᠡᠷᠬᠡᠨ ᠬᠠᠯᠢᠰᠤᠯᠠᠭᠠᠳ᠂ ᠤᠷᠳᠤ ᠪᠠ ᠪᠤᠭᠤᠨᠢ ᠶᠢ ᠨᠢ ᠬᠡᠷᠡᠭᠯᠡᠬᠦ ᠬᠡᠮᠵᠢᠶ᠎ᠡ ᠳᠡᠭᠡᠨ ᠲᠤᠬᠢᠷᠠᠭᠤᠯᠵᠤ᠂ ᠬᠤᠶᠠᠷ ᠦᠵᠦᠭᠦᠷ ᠢ ᠨᠢ ᠳᠡᠭᠰᠢᠬᠡᠨ ᠲᠠᠭᠠᠷᠢᠵᠤ᠂ ᠴᠢᠬᠳᠠ ᠶᠢᠨ ᠢᠶᠠᠨ ᠭᠤᠤᠯ ᠢ ᠲᠤᠭᠤᠷᠢᠭᠤᠯᠤᠭᠠᠳ ᠨᠠᠷᠢᠬᠠᠨ ᠭᠡᠷᠴᠢᠶᠡᠰᠦ ᠭᠠᠷᠭᠠᠵᠤ ᠲᠠᠯᠪᠢᠨ᠎ᠠ᠃   6᠂ ᠬᠠᠨᠠᠨ ᠴᠢᠬᠳᠠ   ᠬᠠᠨᠠᠨ ᠴᠢᠭᠳᠠ ᠶᠢ ᠵᠤᠷᠭᠤᠬᠤ   ᠳᠤ᠂ ᠮᠤᠳᠤᠨ ᠤ ᠪᠠᠨ ᠤᠷᠳᠤ ᠪᠠ ᠪᠤᠭᠤᠨᠢ   ᠶᠢᠨ  ᠬᠡᠷᠡᠭᠯᠡᠬᠦ  ᠬᠡᠮᠵᠢᠶ᠎ᠡ ᠪᠠᠨ ᠲᠡᠩᠴᠡᠭᠦᠯᠵᠦ ᠬᠤᠶᠠᠷ ᠲᠠᠯ᠎ᠠ ᠶᠢᠨ ᠬᠢᠨᠢ ᠦᠵᠦᠭᠦᠷ ᠢ ᠳᠡᠭᠰᠢᠬᠡᠨ ᠲᠠᠭᠠᠷᠢᠵᠤ ᠬᠠᠶᠠᠨ᠎ᠠ᠃ ᠡᠷᠭᠢᠭᠡᠳ ᠮᠤᠲᠤ   ᠪᠠᠨ  ᠬᠠᠯᠢᠰᠤᠯᠠᠵᠤ ᠲᠦᠷᠪᠡᠯᠵᠢᠨ ᠬᠡᠯᠪᠡᠷᠢ ᠲᠠᠢ ᠵᠤᠷᠭᠤᠭᠠᠳ ᠦᠷᠭᠡᠨ ᠪᠠ ᠨᠢᠮᠬᠡᠨ ᠤ ᠬᠡᠮᠵᠢᠶ᠎ᠡ ᠪᠠᠨ ᠲᠠᠭᠠᠷᠠᠭᠤᠯᠵᠤ ᠵᠠᠰᠠᠵᠤ ᠲᠠᠯᠪᠢᠨ᠎ᠠ᠃ ᠳᠠᠷᠠᠭ᠎ᠠ ᠨᠢ ᠴᠢᠬᠳᠠ ᠶᠢᠨ ᠢᠶᠠᠨ ᠭᠤᠤᠯ ᠠᠴᠠ ᠡᠬᠢᠯᠡᠭᠡᠳ᠂ ᠬᠤᠶᠠᠷ ᠲᠠᠯ᠎ᠠ ᠶᠢᠨ ᠬᠢᠨ ᠦᠵᠦᠭᠦᠷ ᠤᠷᠤᠭᠤ   ᠨᠢ  ᠱᠤᠪᠳᠤᠩ  ᠶᠠᠩᠵᠤ   ᠪᠠᠷ ᠵᠤᠷᠭᠤᠵᠤ᠂ ᠬᠠᠨᠠᠨ ᠤ ᠨᠢᠳᠤᠨ ᠬᠡᠯᠪᠡᠷᠢ ᠲᠠᠢ ᠵᠠᠰᠠᠵᠤ ᠦᠭᠭᠦᠨ᠎ᠡ᠃ ᠵᠠᠯᠭᠠᠵᠤ ᠵᠤᠷᠭᠤᠭᠠᠳ ᠴᠢᠬᠳᠠ ᠶᠢᠨ   ᠢᠶᠠᠨ  ᠭᠤᠤᠯ   ᠳᠤᠨᠢ ᠨᠠᠷᠢᠬᠠᠨ ᠴᠤᠷᠭᠢᠭᠤᠯ ᠢᠶᠠᠷ ᠨᠢᠭᠡ ᠨᠦᠬᠡ ᠴᠤᠷᠭᠢᠵᠦ ᠭᠠᠷᠭᠠᠬᠤ  ᠶᠤᠮ ᠤᠤ᠂  ᠡᠰᠡᠭᠦᠯ᠎ᠡ  ᠬᠤᠶᠠᠷ  ᠲᠠᠯ᠎ᠠ   ᠶᠢᠨ   ᠬᠢᠨ  ᠭᠤᠤᠯ ᠢ ᠲᠠᠭᠠᠷᠠᠭᠤᠯᠵᠤ ᠲᠤᠰ ᠪᠦᠷᠢ ᠨᠢᠭᠡ ᠬᠦᠨᠳᠡᠯᠡᠨ ᠭᠡᠷᠴᠢᠶᠡᠰᠦ ᠭᠠᠷᠭᠠᠵᠤ ᠲᠠᠯᠪᠢᠨ᠎ᠠ᠃   ᠮᠦᠭᠡᠷᠡᠨ ᠴᠢᠬᠳᠠ᠂ ᠠᠯᠤᠬᠠᠨ ᠴᠢᠬᠳᠠ᠂ ᠰᠢᠯᠤᠭᠤᠨ ᠴᠢᠬᠳᠠ ᠶᠢ ᠪᠤᠯ ᠭᠤᠤᠯᠳᠠᠭᠤ  ᠮᠤᠷᠢᠨ ᠤ  ᠴᠢᠳᠦᠷ᠂  ᠲᠡᠮᠡᠭᠡᠨ ᠤ ᠲᠤᠱᠠ᠂ ᠦᠬᠡᠷ ᠤᠨ ᠲᠤᠱᠠ ᠵᠡᠷᠭᠡ ᠳᠤ ᠬᠡᠷᠡᠭᠯᠡᠬᠦ ᠨᠢ ᠤᠯᠠᠨ ᠪᠠᠶᠢᠳᠠᠭ᠃ ᠬᠠᠪᠳᠠᠭᠠᠢ ᠴᠢᠬᠳᠠ ᠶᠢ ᠪᠤᠯ ᠭᠤᠤᠯ   ᠨᠢ  ᠬᠢᠷᠦᠭᠡᠨ ᠤ ᠠᠷᠠᠯ ᠤᠨ ᠡᠷᠢᠶᠡᠰᠦ ᠪᠠ ᠲᠡᠷᠭᠡᠨ ᠤ ᠠᠷᠠᠯ ᠤᠨ ᠡᠷᠢᠶᠡᠰᠦ ᠳᠤ ᠬᠡᠷᠡᠭᠯᠡᠬᠦ ᠨᠢ ᠠᠷᠪᠢᠨ ᠪᠠᠶᠢᠳᠠᠭ᠃   ᠪᠦᠭᠡᠷᠡᠩᠬᠡᠢ ᠴᠢᠭᠳᠠ ᠶᠢ ᠪᠤᠯ ᠭᠤᠤᠯ ᠨᠢ ᠡᠩᠭᠡᠷ ᠤᠨ ᠬᠦᠪᠴᠢ᠂ ᠲᠤᠳᠤᠷ᠎ᠠ ᠬᠤᠷᠤᠭ᠎ᠠ᠂ ᠬᠤᠨᠢᠨ ᠬᠤᠷᠤᠭ᠎ᠠ᠂ ᠲᠦᠯ ᠤᠨ ᠪᠦᠬᠦᠭᠡ᠂ ᠪᠦᠩᠬᠦᠷ᠂ ᠲᠤᠭᠤᠯ ᠤᠨ ᠬᠤᠷᠤᠭ᠎ᠠ ᠶᠢᠨ ᠬᠠᠭᠠᠯᠳᠠ ᠵᠡᠷᠭᠡ ᠳᠤ ᠬᠡᠷᠡᠭᠯᠡᠬᠦ ᠨᠢ ᠠᠷᠪᠢᠨ ᠪᠠᠶᠢᠳᠠᠭ᠃   ᠬᠠᠨᠠᠨ ᠴᠢᠬᠳᠠ ᠶᠢ ᠪᠤᠯ ᠶᠡᠷᠦᠨᠢ ᠦᠬᠡᠷ ᠲᠡᠷᠭᠡᠨ ᠤ ᠪᠤᠭᠤᠭ ᠤᠨ ᠤᠭᠤᠰᠤᠷ᠂  ᠭᠠᠷ ᠤᠨ  ᠪᠠᠷᠢᠶ᠎ᠠ  ᠵᠢᠴᠢ  ᠴᠠᠢ   ᠶᠢᠨ ᠲᠤᠯᠤᠮ᠂ ᠲᠠᠮᠠᠬᠢᠨ ᠤ ᠤᠭᠤᠳᠠ ᠵᠡᠷᠭᠡ ᠳᠤ ᠬᠡᠷᠡᠭᠯᠡᠬᠦ ᠨᠢ ᠠᠷᠪᠢᠨ ᠪᠠᠶᠢᠳᠠᠭ᠃
 
ᠢᠷᠡᠯᠲᠡ᠄ 《 ᠥᠪᠥᠷ ᠮᠤᠩᠭᠤᠯ ᠡᠳᠥᠷ ᠤᠨ ᠰᠤᠨᠢᠨ 》
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号