ᠮᠠᠯᠴᠢᠨ ᠳᠠᠷᠢᠶᠡᠴᠢᠨ ᠤ ᠤᠷᠤᠯᠭ᠎ᠠ ᠶᠢᠨ ᠨᠡᠮᠡᠭᠳᠡᠯ ᠢ ᠠᠬᠢᠭᠤᠯᠬᠤ ᠳᠤᠬᠠᠢ ᠠᠶᠢᠮᠠᠭ ᠤᠨ ᠮᠠᠯ ᠳᠠᠷᠢᠶᠡᠯᠠᠩ  ᠤᠨ ᠳᠤᠪᠴᠢᠶᠠᠨ ᠤ ᠰᠠᠨᠠᠯ ᠢ ᠴᠤᠬᠤᠯᠠᠪᠤᠷᠢᠯᠠᠨ ᠶᠠᠪᠤᠭᠤᠯᠬᠤ ᠳᠤᠬᠠᠢ ᠰᠢᠯᠢ ᠶᠢᠨ ᠭᠤᠤᠯ ᠠᠶᠢᠮᠠᠭ ᠤᠨ ᠵᠠᠬᠢᠷᠭ᠎ᠠ ᠶᠢᠨ ᠠᠯᠪᠠᠨ ᠳᠢᠩᠬᠢᠮ ᠤᠨ ᠮᠡᠳᠡᠭᠳᠡᠯ
ᠨᠡᠶᠢᠲᠡᠯᠡᠭᠰᠡᠨ ᠴᠠᠭ᠄
2016-07-20
          ᠰᠢᠯᠢ ᠵᠠᠬᠢᠷᠭ᠎ᠠ ᠠᠯᠪᠠᠨ ᠳᠠᠷᠬᠠᠭᠠᠭᠰᠠᠨ [ 2 0 1 3 ] 4 5 ᠳ᠋ᠤᠭᠠᠷ ᠳᠤᠭᠠᠳᠤ       ᠮᠠᠯᠴᠢᠨ ᠳᠠᠷᠢᠶᠡᠴᠢᠨ ᠤ ᠤᠷᠤᠯᠭ᠎ᠠ ᠶᠢᠨ ᠨᠡᠮᠡᠭᠳᠡᠯ ᠢ ᠠᠬᠢᠭᠤᠯᠬᠤ ᠳᠤᠬᠠᠢ ᠠᠶᠢᠮᠠᠭ ᠤᠨ       ᠮᠠᠯ ᠳᠠᠷᠢᠶᠡᠯᠠᠩ  ᠤᠨ ᠳᠤᠪᠴᠢᠶᠠᠨ ᠤ ᠰᠠᠨᠠᠯ ᠢ ᠴᠤᠬᠤᠯᠠᠪᠤᠷᠢᠯᠠᠨ ᠶᠠᠪᠤᠭᠤᠯᠬᠤ ᠳᠤᠬᠠᠢ       ᠰᠢᠯᠢ ᠶᠢᠨ ᠭᠤᠤᠯ ᠠᠶᠢᠮᠠᠭ ᠤᠨ ᠵᠠᠬᠢᠷᠭ᠎ᠠ ᠶᠢᠨ ᠠᠯᠪᠠᠨ ᠳᠢᠩᠬᠢᠮ ᠤᠨ ᠮᠡᠳᠡᠭᠳᠡᠯ       ᠡᠯ᠎ᠡ ᠬᠤᠰᠢᠭᠤ ᠰᠢᠶᠡᠨ ᠬᠤᠳᠠ ( ᠤᠷᠤᠨ ) ᠎ ᠶᠢᠨ ᠠᠷᠠᠳ ᠤᠨ ᠵᠠᠰᠠᠭ ᠤᠨ ᠤᠷᠳᠤᠨ ( ᠬᠠᠮᠢᠶᠠᠷᠤᠯᠳᠠ ᠎ ᠶᠢᠨ ᠵᠥᠪᠯᠡᠯ )  ᠂ ᠵᠠᠬᠢᠷᠭ᠎ᠠ ᠶᠢᠨ ᠡᠯ᠎ᠡ ᠵᠥᠪᠯᠡᠯ᠂ ᠠᠯᠪᠠᠨ ᠬᠡᠷ᠂ ᠳᠤᠪᠴᠢᠶᠡᠨ ᠳᠤ  ᠄   ᠠᠶᠢᠮᠠᠭ  ᠤᠨ ᠮᠠᠯ ᠳᠠᠷᠢᠶᠠᠯᠠᠩ  ᠤᠨ ᠳᠤᠪᠴᠢᠶᠠᠨ  ᠤ ︽ᠮᠠᠯᠴᠢᠨ ᠳᠠᠷᠢᠶᠡᠴᠢᠨ  ᠤ ᠤᠷᠤᠯᠭ᠎ᠠ  ᠶᠢᠨ ᠨᠡᠮᠡᠭᠳᠡᠯ ᠎ ᠢ ᠠᠬᠢᠭᠤᠯᠬᠤ ᠳᠤᠬᠠᠢ ᠰᠠᠨᠠᠯ ︾᠎ ᠢ ᠵᠠᠬᠢᠷᠭ᠎ᠠ ᠠᠴᠠ ᠵᠠᠷᠴᠢᠮ ᠳᠡᠬᠡᠷ᠎ᠡ ᠪᠠᠨ ᠵᠥᠪᠰᠢᠶᠡᠷᠡᠪᠡ  ᠂ ᠡᠳᠥᠬᠡ ᠳᠠᠨᠠᠷ ᠲᠤ ᠤᠯᠠᠮᠵᠢᠯᠠᠨ ᠳᠠᠷᠬᠠᠭᠠᠯ᠎ᠠ  ᠂ ᠡᠯ᠎ᠡ ᠭᠠᠵᠠᠷ ᠤᠷᠤᠨ  ᠂ ᠡᠯ᠎ᠡ ᠰᠠᠯᠠᠭ᠎ᠠ ᠮᠥᠴᠢᠷ ᠪᠤᠳᠠᠳᠤ ᠪᠠᠶᠢᠳᠠᠯ ᠲᠠᠢ ᠪᠠᠨ ᠤᠶᠠᠯᠳᠤᠭᠤᠯᠵᠤ  ᠂ ᠠᠷᠭ᠎ᠠ ᠬᠡᠮᠵᠢᠶ᠎ᠡ ᠪᠠᠨ ᠨᠠᠷᠢᠨ ᠳᠤᠳᠤᠷᠬᠠᠢ ᠳᠤᠭᠳᠠᠭᠠᠵᠤ  ᠂ ᠨᠠᠷᠢᠨ ᠬᠢᠨᠠᠮᠠᠭᠠᠢ ᠵᠤᠬᠢᠶᠠᠨ ᠪᠠᠶᠢᠭᠤᠯᠤᠨ ᠬᠡᠷᠡᠭᠵᠢᠬᠦᠯᠳᠥᠬᠡᠢ  ᠃                   ᠰᠢᠯᠢ  ᠶᠢᠨ ᠭᠤᠤᠯ ᠠᠶᠢᠮᠠᠭ  ᠤᠨ ᠵᠠᠬᠢᠷᠭ᠎ᠠ  ᠶᠢᠨ ᠠᠯᠪᠠᠨ ᠳᠢᠩᠬᠢᠮ                   2 0 1 3 ᠤᠨ  ᠤ 4 ᠳ᠋ᠤᠬᠡᠷ ᠰᠠᠷ᠎ᠠ  ᠶᠢᠨ 2 5 ᠎ ᠤ ᠡᠳᠤᠷ   ᠮᠠᠯᠴᠢᠨ ᠳᠠᠷᠢᠶᠡᠴᠢᠨ  ᠤ ᠤᠷᠤᠯᠭ᠎ᠠ  ᠶᠢᠨ ᠨᠡᠮᠡᠭᠳᠡᠯ  ᠢ ᠠᠬᠢᠭᠤᠯᠬᠤ ᠳᠤᠬᠠᠢ ᠰᠠᠨᠠᠯ    ( ᠠᠶᠢᠮᠠᠭ  ᠤᠨ ᠮᠠᠯ ᠳᠠᠷᠢᠶᠠᠯᠠᠩ  ᠤᠨ ᠳᠤᠪᠴᠢᠶ᠎ᠡ )   ᠳᠤᠮᠳᠠᠳᠤ ᠤᠯᠤᠰ  ᠤᠨ ᠡᠪ ᠬᠠᠮᠳᠤ ᠨᠠᠮ  ᠤᠨ ᠰᠢᠯᠢ  ᠶᠢᠨ ᠭᠤᠤᠯ ᠠᠶᠢᠮᠠᠭ  ᠤᠨ ᠬᠤᠷᠢᠶᠠᠨ  ᠤ 2 0 1 3 ᠤᠨ  ᠤ ᠠᠩᠬᠠᠳᠤᠭᠠᠷ ᠤᠳᠠᠭᠠᠨ  ᠤ ( ᠥᠷᠬᠡᠳᠬᠡᠭᠰᠡᠨ ) ᠬᠤᠷᠠᠯ ᠵᠢᠴᠢ ᠪᠥᠬᠦ ᠠᠶᠢᠮᠠᠭ  ᠤᠨ ᠠᠵᠤ ᠠᠬᠤᠢ ᠎ ᠶᠢᠨ ᠠᠵᠢᠯ  ᠤᠨ ᠬᠤᠷᠠᠯ  ᠂ ᠪᠥᠬᠦ ᠠᠶᠢᠮᠠᠭ  ᠤᠨ ᠮᠠᠯᠵᠢᠬᠤ ᠳᠠᠷᠢᠶᠠᠯᠠᠬᠤ ᠤᠷᠤᠨ  ᠤ ᠠᠵᠢᠯ  ᠤᠨ ᠬᠤᠷᠠᠯ  ᠤᠨ ᠵᠤᠷᠢᠭ ᠰᠠᠨᠠᠭ᠎ᠠ  ᠶᠢ ᠳᠤᠤᠱᠯᠠᠭᠤᠯᠤᠨ ᠨᠠᠶᠢᠳᠠᠪᠤᠷᠢᠵᠢᠭᠤᠯᠵᠤ  ᠂ ︽1 2  ᠂ 5 ︾᠎ ᠤᠨ ᠰᠡᠬᠦᠯᠴᠢ ᠪᠤᠯᠳᠠᠯ᠎ᠠ ᠮᠠᠯᠴᠢᠨ ᠳᠠᠷᠢᠶᠠᠴᠢᠨ  ᠤ ᠴᠡᠪᠡᠷ ᠤᠷᠤᠯᠭ᠎ᠠ  ᠶᠢ ᠬᠤᠶᠠᠷ ᠳᠠᠬᠢᠨ ᠢᠶᠠᠷ ᠨᠡᠮᠡᠭᠳᠡᠬᠦᠯᠬᠦ ᠬᠠᠷᠠᠯᠳᠠ  ᠶᠢ ᠪᠡᠶᠡᠯᠡᠬᠦᠯᠬᠦ ᠎ ᠶᠢᠨ ᠳᠤᠰᠠᠳᠠ  ᠂ ᠮᠠᠯᠴᠢᠨ ᠳᠠᠷᠢᠶᠠᠴᠢᠨ  ᠤ ᠤᠷᠤᠯᠭ᠎ᠠ  ᠶᠢ ᠨᠡᠮᠡᠭᠳᠡᠬᠦᠯᠬᠦ ᠳᠤᠬᠠᠢ ᠳᠤᠤᠷᠠᠬᠢ ᠰᠠᠨᠠᠯ  ᠢ ᠳᠤᠷᠠᠳᠤᠶ᠎ᠠ  ᠃   ᠨᠢᠬᠡ  ᠂ ᠵᠢᠯᠤᠭᠤᠳᠬᠤ ᠥᠵᠡᠯ ᠰᠠᠨᠠᠭ᠎ᠠ    ︽ᠳᠥᠷᠪᠡᠨ ᠠᠷᠭ᠎ᠠ ᠵᠠᠮ ︾᠎ ᠢ ᠨᠡᠬᠡᠬᠡᠬᠦ  ᠂ ︽ᠳᠥᠷᠪᠡᠨ ᠳᠤᠯᠭᠠᠭᠤᠷᠢ ︾᠎ ᠶᠢ ᠪᠠᠬᠢᠵᠢᠬᠦᠯᠬᠦ ᠱᠠᠭᠠᠷᠳᠠᠯᠭ᠎ᠠ ᠶᠤᠰᠤᠭᠠᠷ  ᠂ ᠤᠳᠤ ᠥᠶ᠎ᠡ  ᠶᠢᠨ ᠮᠠᠯ ᠳᠠᠷᠢᠶᠠᠯᠠᠩ  ᠢ ᠳᠥᠷᠬᠡᠨ ᠬᠥᠭᠵᠢᠬᠦᠯᠬᠦ ᠴᠢᠬᠤᠯᠠ ᠡᠬᠦᠷᠬᠡ  ᠶᠢ ᠴᠢᠩᠭ᠎ᠠ ᠡᠵᠡᠮᠳᠡᠵᠤ  ᠂ ᠰᠢᠨ᠎ᠡ ᠮᠠᠶ᠋ᠢᠭ ᠤᠨ ᠡᠵᠡᠩᠨᠡᠯᠳᠡ  ᠶᠢᠨ ᠭᠤᠤᠯ ᠴᠤᠭᠴᠠ  ᠶᠢ ᠬᠥᠴᠥ ᠳᠠᠯᠪᠢᠨ ᠪᠤᠶᠢᠵᠢᠭᠤᠯᠵᠤ᠂ ᠡᠷᠴᠢᠮᠵᠢᠯᠳᠡ  ᠂ ᠳᠤᠰᠬᠠᠢᠢᠵᠢᠯᠳᠡ  ᠂ ᠵᠤᠬᠢᠶᠠᠨ ᠪᠠᠶᠢᠭᠤᠯᠤᠯᠵᠢᠯᠳᠡ  ᠂ ᠨᠡᠶᠢᠬᠡᠮᠵᠢᠯᠳᠡ  ᠶᠢ ᠬᠠᠷᠢᠯᠴᠠᠨ ᠤᠶᠠᠯᠳᠤᠭᠤᠯᠤᠭᠰᠠᠨ ᠰᠢᠨ᠎ᠡ ᠮᠠᠶ᠋ᠢᠭ  ᠤᠨ ᠮᠠᠯ ᠳᠠᠷᠢᠶᠠᠯᠠᠩ  ᠤᠨ ᠡᠵᠡᠩᠨᠡᠯᠳᠡ  ᠶᠢᠨ ᠰᠢᠰᠲ᠋ᠧᠮ  ᠢ ᠳᠥᠷᠬᠡᠨ ᠪᠠᠶᠢᠭᠤᠯᠵᠤ  ᠂   ᠮᠠᠯ ᠳᠠᠷᠢᠶᠠᠯᠠᠩ  ᠎ ᠤᠨ ᠳᠤᠭᠳᠠᠭᠤᠨ ᠮᠥᠷᠳᠡᠬᠡᠨ ᠨᠡᠯᠢᠶᠡᠳ ᠳᠥᠷᠬᠡᠨ ᠬᠥᠭᠵᠢᠯᠳᠡ  ᠶᠢ ᠠᠬᠢᠭᠤᠯᠵᠤ  ᠂ ᠮᠠᠯᠴᠢᠨ ᠳᠠᠷᠢᠶᠠᠴᠢᠨ  ᠤ ᠤᠷᠤᠯᠭ᠎ᠠ  ᠶᠢᠨ ᠥᠷᠬᠦᠯᠵᠢᠯᠡᠭᠰᠡᠨ ᠳᠥᠷᠬᠡᠨ ᠨᠡᠮᠭᠳᠡᠯ ᠢ ᠪᠠᠳᠤᠯᠠᠨ᠎ᠠ  ᠃   ᠬᠤᠶᠠᠷ  ᠂ ᠥᠨᠳᠥᠰᠥᠨ ᠵᠡᠷᠴᠢᠮ     ( ᠨᠢᠬᠡ ) ᠬᠥᠮᠥᠨ  ᠢᠶᠠᠷ ᠥᠨᠳᠥᠰᠥ ᠪᠤᠯᠭᠠᠵᠤ  ᠂ ᠤᠷᠢᠳᠡᠪᠡᠷ ᠠᠷᠠᠳ  ᠢᠶᠠᠨ ᠪᠠᠶᠠᠵᠢᠭᠤᠯᠬᠤ ᠵᠠᠷᠴᠢᠮ  ᠢ ᠪᠠᠷᠢᠮᠳᠠᠯᠠᠨ᠎ᠠ  ᠃ ᠤᠳᠤ ᠥᠶ᠎ᠡ  ᠶᠢᠨ ᠮᠠᠯ ᠳᠠᠷᠢᠶᠠᠯᠠᠩ  ᠢ ᠬᠥᠭᠵᠢᠬᠦᠯᠬᠦ ᠠᠯᠬᠤᠮ  ᠢᠶᠠᠨ ᠳᠥᠷᠬᠡᠳᠬᠡᠵᠤ  ᠂ ᠮᠠᠯ ᠳᠠᠷᠢᠶᠠᠯᠠᠩ  ᠤᠨ ᠪᠥᠲᠥᠴᠡ  ᠶᠢ ᠳᠤᠬᠢᠷᠠᠭᠤᠯᠤᠨ ᠰᠢᠯᠢᠳᠡᠭᠵᠢᠬᠦᠯᠥᠭᠰᠡᠨ ᠰᠠᠭᠤᠷᠢᠨ ᠳᠡᠬᠡᠷ᠎ᠡ  ᠂ ᠠᠷᠠᠳ  ᠢᠶᠠᠨ ᠪᠠᠶᠠᠵᠢᠭᠤᠯᠬᠤ ᠵᠢᠯᠤᠭᠤᠳᠤᠮᠵᠢ  ᠶᠢ ᠨᠠᠩ ᠳᠤᠪᠤᠶᠢᠯᠭᠠᠵᠤ  ᠂ ᠮᠠᠯᠴᠢᠨ ᠳᠠᠷᠢᠶᠠᠴᠢᠨ  ᠤ ᠤᠷᠤᠯᠭ᠎ᠠ  ᠶᠢᠨ ᠨᠡᠮᠡᠭᠳᠡᠯ ᠪᠤᠯᠤᠨ ᠠᠵᠤ ᠠᠬᠤᠢ  ᠶᠢᠨ ᠬᠥᠭᠵᠢᠯᠳᠡ  ᠶᠢᠨ ᠠᠯᠬᠤᠮ  ᠢ ᠠᠳᠠᠯᠢ ᠪᠠᠶᠢᠯᠭᠠᠬᠤ  ᠂ ᠬᠥᠳᠡᠯᠮᠤᠷᠢ  ᠶᠢᠨ ᠬᠥᠯᠥᠰᠤ ᠤᠯᠭᠤᠮᠵᠢ  ᠶᠢᠨ ᠨᠡᠮᠡᠭᠳᠡᠯ ᠪᠤᠯᠤᠨ ᠬᠥᠳᠡᠯᠮᠤᠷᠢ ᠥᠢᠯᠡᠳᠪᠤᠷᠢᠯᠡᠯ  ᠤᠨ ᠨᠤᠷᠮ᠎ᠠ  ᠶᠢᠨ ᠳᠡᠭᠡᠭᠰᠢᠯᠡᠯᠳᠡ ᠶᠢᠨ ᠠᠯᠬᠤᠮ ᠎ ᠢ ᠠᠳᠠᠯᠢ ᠪᠠᠶᠢᠯᠭᠠᠬᠤ ᠪᠠᠷ ᠬᠥᠴᠥᠯᠡᠨ ᠴᠢᠷᠮᠠᠶᠢᠵᠤ  ᠂ ︽ᠠᠶᠢᠮᠠᠭ  ᠢᠶᠠᠨ ᠬᠥᠴᠥᠷᠬᠡᠭᠵᠢᠬᠦᠯᠬᠦ ︾ ᠪᠠ ︽ᠠᠷᠠᠳ ᠎ ᠢᠶᠠᠨ ᠪᠠᠶᠠᠵᠢᠭᠤᠯᠬᠤ ︾᠎ ᠶᠢ ᠤᠷᠭᠠᠨᠢᠭ  ᠢᠶᠠᠷ ᠨᠢᠬᠡᠳᠥᠬᠦᠯᠥᠨ᠎ᠡ  ᠃   ( ᠬᠤᠶᠠᠷ ) ᠨᠢᠬᠡᠳᠥᠯᠳᠡᠢ ᠳᠥᠯᠥᠪᠵᠢᠬᠦᠯᠥᠨ ᠨᠡᠶᠢᠳᠡᠮ  ᠳᠤᠨᠢ ᠬᠠᠷᠠᠭᠠᠯᠵᠡᠵᠤ᠂ ᠭᠤᠤᠯᠳᠠᠯᠭ᠎ᠠ  ᠶᠢ ᠳᠤᠪᠤᠶᠢᠯᠭᠠᠬᠤ ᠵᠠᠷᠴᠢᠮ  ᠢ ᠪᠠᠷᠢᠮᠳᠡᠯᠡᠨ᠎ᠡ  ᠃ ᠬᠤᠳᠠ ᠬᠥᠳᠡᠭᠡ  ᠶᠢᠨ ᠬᠥᠭᠵᠢᠯᠳᠡ  ᠂ ᠠᠵᠢᠯ ᠲᠥᠷᠥᠯ  ᠤᠨ ᠬᠥᠭᠵᠢᠯᠳᠡ  ᠶᠢ ᠨᠢᠬᠡᠳᠥᠯᠳᠡᠢ ᠳᠥᠯᠥᠪᠵᠢᠬᠦᠯᠬᠦ  ᠶᠢ ᠪᠠᠷᠢᠮᠳᠡᠯᠡᠵᠤ  ᠂ ᠤᠷᠤᠯᠭ᠎ᠠ ᠳᠤᠤᠷ᠎ᠡ ᠮᠠᠯᠴᠢᠨ ᠳᠠᠷᠢᠶᠠᠴᠢᠨ  ᠢ ᠬᠥᠴᠥᠳᠡᠢ ᠳᠡᠮᠵᠢᠵᠤ  ᠂ ᠮᠠᠯᠴᠢᠨ ᠳᠠᠷᠢᠶᠠᠴᠢᠨ  ᠤ ᠤᠷᠤᠯᠭ᠎ᠠ  ᠶᠢ ᠨᠡᠮᠡᠭᠳᠡᠬᠦᠯᠬᠦ ᠳᠤᠭᠳᠠᠴᠠ  ᠶᠢᠨ ᠰᠢᠨ᠎ᠡ  ᠶᠢ ᠡᠬᠦᠳᠴᠥ  ᠂ ᠬᠠᠮᠳᠤ  ᠶᠢᠨ ᠪᠠᠶᠠᠵᠢᠯ  ᠤᠨ ᠬᠠᠷᠭᠤᠢ  ᠶᠢ ᠠᠯᠬᠤᠮ ᠠᠯᠬᠤᠮ  ᠢᠶᠠᠷ ᠨᠡᠬᠡᠬᠡᠨ᠎ᠡ  ᠃   ( ᠭᠤᠷᠪᠡ ) ᠤᠳᠤᠬᠠᠨ  ᠤ ᠪᠠᠶᠢᠳᠠᠯ ᠠᠴᠠ ᠡᠬᠦᠰᠴᠥ  ᠂ ᠢᠷᠡᠬᠡᠳᠥᠢ  ᠶᠢ ᠪᠤᠳᠤᠯᠬᠢᠯᠠᠬᠤ ᠵᠠᠷᠴᠢᠮ  ᠢ ᠪᠠᠷᠢᠮᠳᠠᠯᠠᠨ᠎ᠠ  ᠃ ᠮᠠᠯ ᠳᠠᠷᠢᠶᠠᠯᠠᠩ  ᠤᠨ ᠬᠥᠭᠵᠢᠯᠳᠡ  ᠶᠢᠨ ᠱᠠᠳᠤ ᠥᠶ᠎ᠡ ᠪᠠ ᠪᠤᠳᠠᠳᠤ ᠪᠠᠶᠢᠳᠠᠯ  ᠳᠤ ᠰᠠᠭᠤᠷᠢᠯᠠᠵᠤ  ᠂ ᠤᠷᠤᠯᠭ᠎ᠠ  ᠶᠢ ᠨᠡᠮᠡᠭᠳᠡᠬᠦᠯᠬᠦ ᠭᠤᠤᠯ ᠰᠢᠪᠳᠥᠯᠥᠯᠳᠡ ᠶᠢᠨ ᠴᠢᠭᠯᠡᠯ ᠪᠤᠯᠤᠨ ᠠᠷᠭ᠎ᠠ ᠵᠠᠮ  ᠢ ᠳᠤᠳᠤᠷᠬᠠᠢᠢᠯᠠᠵᠤ  ᠂ ᠮᠠᠯᠴᠢᠨ ᠳᠠᠷᠢᠶᠠᠴᠢᠨ  ᠤ ᠶᠡᠭᠡ ᠠᠩᠬᠠᠷᠤᠯ ᠳᠠᠯᠪᠢᠵᠤ ᠪᠠᠶᠢᠭ᠎ᠠ᠂ ᠬᠠᠮᠤᠭ  ᠤᠨ ᠰᠢᠭᠤᠳ  ᠂ ᠪᠤᠳᠠᠳᠠᠢ ᠠᠰᠠᠭᠤᠳᠠᠯ ᠎ ᠠᠴᠠ ᠭᠠᠷᠳᠠᠵᠤ  ᠂ ᠮᠠᠯᠴᠢᠨ ᠳᠠᠷᠢᠶᠠᠴᠢᠨ  ᠳᠤ ᠡᠷᠳᠡᠬᠡᠨ ᠠᠰᠢᠭ ᠬᠥᠷᠳᠡᠬᠡᠨ᠎ᠡ  ᠃   ( ᠳᠥᠷᠪᠡ ) ᠮᠠᠯ ᠪᠡᠯᠴᠢᠬᠡᠷ  ᠤᠨ ᠳᠡᠩᠴᠠᠬᠦᠷᠢ  ᠶᠢ ᠪᠠᠳᠤᠯᠬᠠᠤ  ᠂ ᠠᠮᠢ ᠠᠬᠤᠢ  ᠶᠢ ᠬᠠᠮᠠᠭᠠᠯᠠᠬᠤ ᠵᠡᠷᠴᠢᠮ  ᠢ ᠪᠡᠷᠢᠮᠳᠡᠯᠡᠨ᠎ᠡ  ᠃ ᠪᠠᠶᠢᠭᠠᠯᠢ  ᠶᠢᠨ ᠵᠢᠮ᠎ᠠ ᠶᠤᠰᠤ  ᠶᠢ ᠬᠥᠨᠳᠥᠳᠬᠡᠨ  ᠂ ᠪᠠᠶᠢᠭᠠᠯᠢ  ᠶᠢ ᠠᠶᠠᠳᠠᠨ ᠳᠠᠭᠠᠬᠤ  ᠂ ᠪᠠᠶᠢᠭᠠᠯᠢ  ᠶᠢ ᠬᠠᠮᠠᠭᠠᠯᠠᠬᠤ ᠠᠮᠢ ᠠᠬᠤᠢ  ᠶᠢᠨ ᠪᠤᠯᠪᠠᠰᠤᠨ  ᠤ ᠤᠢᠢᠯᠡᠭᠠᠭᠳᠠᠬᠤᠨ  ᠢ ᠪᠠᠷᠢᠮᠳᠠᠯᠠᠵᠤ  ᠂ ᠪᠠᠶᠢᠭᠠᠯᠢᠯᠢᠭ ᠨᠤᠳᠤᠭ ᠪᠡᠯᠴᠢᠬᠡᠷ  ᠢ ᠵᠤᠬᠢᠰᠳᠡᠢ ᠠᠰᠢᠭᠯᠠᠵᠤ  ᠂     ︽ᠪᠡᠯᠴᠢᠬᠡᠷᠯᠡᠬᠦᠯᠬᠦ  ᠶᠢ ᠵᠤᠭᠰᠤᠭᠠᠬᠤ ᠪᠡᠯᠴᠢᠬᠡᠷ ᠰᠡᠯᠭᠦᠬᠦ ᠪᠡᠯᠴᠢᠬᠡᠷ ᠰᠡᠷᠬᠦᠬᠡᠬᠦ ︾ ᠳᠥᠷᠢᠮ  ᠢ ᠡᠷᠡᠰ ᠬᠡᠷᠡᠭᠵᠢᠬᠦᠯᠵᠤ  ᠂ ᠨᠤᠭᠤᠭᠠᠷᠠᠭᠤᠯᠤᠯᠳᠠ  ᠶᠢ ᠨᠡᠮᠡᠭᠳᠡᠬᠦᠯᠬᠦ  ᠂ ᠤᠷᠤᠯᠭ᠎ᠠ  ᠶᠢ ᠨᠡᠮᠡᠭᠳᠡᠬᠦᠯᠬᠦ  ︽ᠬᠤᠤᠰ ᠠᠮᠵᠢᠯᠳᠡ ︾᠎ ᠶᠢᠨ ᠬᠠᠷᠠᠯᠳᠠ  ᠶᠢ ᠪᠠᠶᠠᠯᠡᠬᠦᠯᠥᠨ᠎ᠡ  ᠃    ( ᠳᠠᠪᠤ ) ᠰᠢᠨᠵᠢᠯᠡᠬᠦ ᠤᠬᠠᠭᠠᠨ ᠮᠡᠷᠬᠡᠵᠢᠯ  ᠳᠤ ᠳᠥᠰᠢᠭᠯᠡᠵᠤ  ᠂ ᠥᠷᠬᠦᠯᠵᠢᠯᠡᠬᠦᠯᠥᠨ ᠬᠥᠭᠵᠢᠬᠦᠯᠬᠦ ᠵᠠᠷᠴᠢᠮ  ᠢ ᠪᠠᠷᠢᠮᠳᠠᠯᠠᠨ᠎ᠠ  ᠃ ᠰᠢᠨᠵᠢᠯᠡᠬᠦ ᠤᠬᠠᠭᠠᠨ ᠮᠡᠷᠬᠡᠵᠢᠯ  ᠢᠶᠠᠷ ᠭᠤᠤᠯ ᠱᠤᠭᠤᠮ ᠪᠤᠯᠭᠠᠵᠤ᠂ ᠮᠠᠯ ᠳᠠᠷᠢᠶᠠᠯᠠᠩ  ᠤᠨ ᠬᠡᠷᠡᠭᠯᠡᠬᠡᠨ  ᠤ ᠮᠡᠷᠬᠡᠵᠢᠯ  ᠢ ᠢᠳᠡᠪᠬᠢᠳᠡᠢ ᠳᠥᠬᠡᠮᠡᠯᠵᠢᠬᠦᠯᠵᠤ  ᠂ ᠮᠠᠯ ᠳᠠᠷᠢᠶᠠᠯᠠᠩ  ᠤᠨ ᠰᠢᠨᠵᠢᠯᠡᠬᠦ ᠤᠬᠠᠭᠠᠨ ᠮᠡᠷᠬᠡᠵᠢᠯ  ᠤᠨ ᠠᠭᠤᠯᠤᠭᠳᠠᠬᠤᠨ  ᠢ ᠤᠯᠠᠮ ᠳᠡᠭᠡᠭᠰᠢᠯᠡᠬᠦᠯᠵᠤ  ᠂   ᠮᠠᠯᠴᠢᠨ ᠳᠠᠷᠢᠶᠠᠴᠢᠨ  ᠤ ᠤᠷᠤᠯᠭ᠎ᠠ  ᠶᠢ ᠤᠷᠳᠤ ᠬᠤᠭᠤᠴᠠᠭ᠎ᠠ ᠪᠠᠷ ᠥᠷᠬᠦᠯᠵᠢᠯᠡᠨ ᠳᠥᠷᠬᠡᠨ ᠨᠡᠮᠡᠭᠳᠡᠬᠦᠯᠤᠨ᠎ᠡ  ᠃   ᠭᠤᠷᠪᠡ  ᠂ ᠶᠡᠷᠥᠩᠬᠡᠢ ᠬᠠᠷᠠᠯᠳᠠ   2 0 1 5 ᠤᠨ ᠪᠤᠯᠬᠤ  ᠳᠤ  ᠂ ᠪᠥᠬᠦ ᠠᠶᠢᠮᠠᠭ  ᠤᠨ ᠮᠠᠯᠴᠢᠨ ᠳᠠᠷᠢᠶᠠᠴᠢᠨ ᠤ ᠬᠥᠮᠥᠨ ᠳᠤᠮᠳᠠᠴᠢ ᠴᠡᠪᠡᠷ ᠤᠷᠤᠯᠭ᠎ᠠ  ᠶᠢ 2 0 1 0 ᠤᠨ  ᠳᠤ 6 1 5 3 ᠳᠥᠬᠦᠷᠢᠭ ᠪᠠᠶᠢᠭᠰᠠᠨ ᠠᠴᠠ ᠨᠡᠮᠡᠭᠳᠡᠬᠦᠯᠥᠬᠡᠳ 1 3 7 0 0 ᠳᠥᠬᠦᠷᠢᠭ ᠲᠤ ᠬᠥᠷᠥᠬᠦᠯᠵᠤ  ᠂ ᠵᠢᠯ ᠪᠥᠷᠢ ᠳᠡᠭᠰᠢᠳᠬᠡᠬᠡᠳ 1 5 %᠎ ᠪᠠᠷ ᠨᠡᠮᠡᠭᠳᠡᠬᠦᠯᠵᠤ  ᠂ ᠮᠠᠯᠴᠢᠨ ᠳᠠᠷᠢᠶᠠᠴᠢᠨ  ᠤ ᠬᠥᠮᠥᠨ ᠳᠤᠮᠳᠠᠴᠢ ᠴᠡᠪᠡᠷ ᠤᠷᠤᠯᠭ᠎ᠠ  ᠶᠢ ᠳᠠᠪᠤᠨ ᠵᠢᠯ  ᠳᠤ ᠬᠤᠶᠠᠷ ᠳᠠᠬᠢᠨ ᠨᠡᠮᠡᠭᠳᠡᠬᠦᠯᠬᠦ ᠬᠠᠷᠠᠯᠳᠠ  ᠶᠢ ᠪᠡᠶᠡᠯᠡᠬᠦᠯᠥᠨ᠎ᠡ  ᠃   ᠳᠥᠷᠪᠡ  ᠂ ᠤᠷᠤᠯᠭ᠎ᠠ  ᠶᠢ ᠨᠡᠮᠡᠭᠳᠡᠬᠦᠯᠬᠦ ᠠᠷᠭ᠎ᠠ ᠬᠡᠮᠵᠢᠶ᠎ᠡ   ( ᠨᠢᠬᠡ ) ᠨᠤᠳᠤᠭ ᠪᠡᠯᠴᠢᠬᠡᠷ  ᠤᠨ ᠠᠮᠢ ᠠᠬᠤᠢ  ᠶᠢᠨ ᠤᠷᠴᠢᠨ ᠳᠤᠭᠤᠷᠢᠨ  ᠢ ᠬᠠᠮᠠᠭᠠᠯᠠᠵᠤ  ᠂ ᠠᠮᠢ ᠠᠬᠤᠢ ᠎ ᠶᠢᠨ ᠰᠡᠷᠬᠦᠯᠳᠡ  ᠶᠢ ᠠᠬᠢᠭᠤᠯᠤᠨ᠎ᠡ  ᠃ ᠨᠤᠳᠤᠭ ᠪᠡᠯᠴᠢᠬᠡᠷ  ᠤᠨ ᠠᠮᠢ ᠠᠬᠤᠢ  ᠶᠢᠨ ᠳᠠᠭᠠᠭᠠᠴᠠ  ᠪᠠᠷ ᠨᠡᠬᠡᠬᠡᠯᠳᠡ ᠬᠢᠵᠤ ᠪᠥᠲᠥᠬᠡᠨ ᠪᠠᠶᠢᠭᠤᠯᠬᠤ ᠠᠵᠢᠯᠯᠠᠭ᠎ᠠ  ᠶᠢᠨ ᠴᠢᠩᠭ᠎ᠠ ᠬᠥᠯᠢᠶᠡᠰᠤᠯᠡᠯ ᠪᠠ ᠤᠷᠢᠳᠡᠴᠢ ᠨᠥᠬᠦᠴᠡᠯ ᠪᠤᠯᠭᠠᠵᠤ  ᠂ ᠮᠡᠯ ᠪᠡᠯᠴᠢᠭᠡᠷ  ᠤᠨ ᠳᠡᠩᠴᠡᠬᠦᠷᠢ  ᠶᠢ ᠡᠷᠡᠰ ᠬᠡᠷᠡᠭᠵᠢᠬᠦᠯᠥᠭᠰᠡᠨ ᠰᠠᠭᠤᠷᠢᠨ ᠳᠡᠬᠡᠷ᠎ᠡ  ᠂ ᠨᠤᠳᠤᠭ ᠪᠡᠯᠴᠢᠬᠡᠷ  ᠤᠨ ᠠᠮᠢ ᠠᠬᠤᠢ  ᠶᠢᠨ ᠱᠠᠩᠨᠠᠯ ᠨᠥᠬᠦᠪᠤᠷᠢ  ᠶᠢᠨ ᠳᠥᠷᠥ  ᠶᠢᠨ ᠪᠤᠳᠤᠯᠭ᠎ᠠ  ᠶᠢᠨ ᠨᠠᠶᠢᠳᠠᠪᠤᠷᠢᠵᠢᠭᠤᠯᠤᠯᠳᠠ  ᠶᠢ ᠰᠠᠶᠢᠳᠤᠷ ᠠᠳᠬᠤᠵᠤ  ᠂ ᠮᠠᠨ  ᠤ ᠠᠶᠢᠮᠠᠭ  ᠤᠨ ᠠᠳᠠᠯᠢ ᠪᠤᠰᠤ ᠨᠤᠳᠤᠭ ᠪᠡᠯᠴᠢᠬᠡᠷ  ᠤᠨ ᠬᠠᠮᠠᠭᠠᠯᠠᠯᠳᠠ ᠪᠠ ᠪᠥᠲᠥᠬᠡᠨ ᠪᠠᠶᠢᠭᠤᠯᠤᠯᠳᠠ  ᠶᠢᠨ ᠠᠭᠤᠯᠭ᠎ᠠ  ᠂ ᠬᠡᠯᠪᠡᠷᠢ ᠪᠤᠯᠤᠨ ᠪᠠᠷᠢᠮᠵᠢᠶ᠎ᠡ  ᠶᠢ ᠤᠯᠠᠮ ᠳᠡᠬᠦᠯᠳᠡᠷᠵᠢᠬᠦᠯᠵᠤ  ᠂ ᠳᠠᠴᠢᠷᠰᠢᠭᠰᠠᠨ ᠳᠤᠭᠤᠷᠢᠭ  ᠢ ᠭᠤᠤᠯᠳᠠᠯᠭ᠎ᠠ ᠲᠠᠢ ᠵᠠᠰᠠᠵᠤ  ᠂ ᠰᠠᠯᠬᠢ ᠥᠶᠡᠷ ᠲᠤ ᠢᠳᠡᠭᠳᠡᠵᠤ ᠡᠯᠡᠰᠥᠷᠬᠡᠭᠵᠢᠨ ᠳᠠᠴᠢᠷᠰᠢᠬᠤ ᠬᠠᠨᠳᠤᠰᠢ  ᠶᠢ ᠪᠥᠲᠥᠮᠵᠢᠳᠡᠢ ᠬᠤᠷᠢᠭᠯᠠᠵᠤ  ᠂ ᠨᠤᠳᠤᠭ ᠪᠡᠯᠴᠢᠬᠡᠷ  ᠤᠨ ᠠᠮᠢ ᠠᠬᠤᠢ  ᠶᠢᠨ ᠰᠡᠷᠬᠦᠯᠳᠡ  ᠶᠢ ᠠᠬᠢᠭᠤᠯᠤᠨ᠎ᠠ  ᠃    ( ᠬᠤᠶᠠᠷ ) ᠡᠪᠡᠰᠤᠨ  ᠤ ᠠᠵᠤ ᠥᠢᠯᠡᠰ  ᠤᠨ ᠪᠥᠲᠥᠬᠡᠨ ᠪᠠᠶᠢᠭᠤᠯᠤᠯᠳᠠ  ᠶᠢ ᠳᠥᠷᠬᠡᠳᠬᠡᠵᠤ  ᠂ ᠳᠡᠵᠢᠬᠡᠯ ᠡᠪᠡᠰᠤ ᠪᠤᠷᠳᠤᠭᠠᠨ  ᠤ ᠬᠠᠩᠭᠠᠯᠭ᠎ᠠ  ᠶᠢᠨ ᠴᠢᠳᠡᠪᠤᠷᠢ  ᠶᠢ ᠳᠡᠭᠡᠭᠰᠢᠯᠡᠬᠦᠯᠥᠨ᠎ᠡ  ᠃ ᠡᠮᠤᠨᠡᠳᠤ ᠬᠡᠰᠡᠭ  ᠤᠨ ᠳᠤᠪᠤᠴᠠᠭ ᠭᠠᠵᠠᠷ ᠪᠤᠯᠤᠨ ᠡᠯᠡᠰᠤᠨ ᠭᠠᠵᠠᠷ ᠲᠤ  ᠂ ᠳᠥᠪᠯᠡᠷᠡᠬᠦᠯᠥᠨ ᠬᠡᠰᠡᠭᠯᠡᠬᠦ  ᠂ ᠤᠰᠤᠯᠠᠬᠤ ᠨᠥᠬᠦᠴᠡᠯ ᠲᠠᠢ ᠥᠨᠳᠥᠷ ᠤᠨᠠᠯᠳᠠ ᠲᠠᠢ ᠳᠡᠵᠢᠬᠡᠯ ᠡᠪᠡᠰᠤ ᠪᠤᠷᠳᠤᠭᠠᠨ  ᠤ ᠰᠠᠭᠤᠷᠢᠨ  ᠢ ᠭᠤᠤᠯᠳᠠᠯᠭ᠎ᠠ ᠲᠠᠢ ᠬᠥᠭᠵᠢᠬᠦᠯᠵᠤ  ᠂ ᠳᠡᠵᠢᠬᠡᠯ ᠡᠪᠡᠰᠤ ᠪᠤᠷᠳᠤᠭᠠᠨ  ᠤ ᠥᠢᠯᠡᠳᠪᠤᠷᠢᠯᠡᠯ  ᠢ ᠥᠷᠬᠡᠳᠬᠡᠵᠤ  ᠂ ᠳᠡᠵᠢᠬᠡᠯ ᠡᠪᠡᠰᠤ ᠪᠤᠷᠳᠤᠭᠠᠨ  ᠤ ᠬᠠᠩᠭᠠᠯᠭ᠎ᠠ  ᠶᠢᠨ ᠴᠢᠳᠠᠪᠤᠷᠢ  ᠶᠢ ᠳᠡᠭᠡᠭᠰᠢᠯᠡᠬᠦᠯᠥᠨ᠎ᠡ ; ᠵᠡᠬᠦᠨ ᠬᠡᠰᠡᠭ  ᠤᠨ ᠨᠡᠶᠢᠳᠡᠯᠢᠭ ᠨᠤᠳᠤᠭ ᠪᠡᠯᠴᠢᠬᠡᠷ ᠪᠤᠯᠤᠨ ᠵᠥᠯᠬᠡᠳᠤ ᠨᠤᠳᠤᠭ ᠪᠡᠯᠴᠢᠬᠡᠷ ᠲᠤ  ᠂ ᠵᠤᠬᠢᠬᠤ ᠬᠡᠪᠴᠢᠶᠡᠨ  ᠤ ᠪᠠᠶᠢᠭᠠᠯᠢᠯᠢᠭ ᠬᠠᠳᠤᠯᠠᠩ ᠪᠡᠯᠴᠢᠬᠡᠷ  ᠢ ᠪᠥᠲᠥᠬᠡᠨ ᠪᠠᠶᠢᠭᠤᠯᠵᠤ᠂ ᠳᠡᠵᠢᠬᠡᠯ ᠡᠪᠡᠰᠤᠨ  ᠤ ᠤᠨᠠᠯᠳᠠ  ᠶᠢ ᠨᠡᠮᠡᠭᠳᠡᠬᠦᠯᠬᠦ  ᠶᠢᠨ ᠬᠠᠮᠳᠤ ᠡᠪᠡᠰᠤᠨ  ᠤ ᠥᠢᠯᠡᠰ ᠎ ᠤᠨ ᠬᠤᠷᠰᠢᠶ᠎ᠠ  ᠂ ᠳᠤᠰᠬᠠᠢ ᠳᠤᠮᠤ ᠡᠷᠥᠬᠡ  ᠶᠢᠨ ᠡᠪᠡᠰᠤᠨ  ᠤ ᠥᠢᠯᠡᠰ ᠬᠥᠭᠵᠢᠬᠦᠯᠬᠦ  ᠶᠢ ᠳᠡᠮᠵᠢᠵᠤ  ᠂   ᠳᠡᠵᠢᠬᠡᠯ ᠡᠪᠡᠰᠤ ᠬᠠᠳᠠᠭᠠᠯᠠᠬᠤ ᠬᠥᠮᠥᠷᠬᠡ  ᠶᠢᠨ ᠪᠥᠲᠥᠬᠡᠨ  ᠶᠢᠨ ᠡᠷᠴᠢᠮ  ᠢ ᠴᠢᠩᠭᠠᠷᠠᠭᠤᠯᠵᠤ  ᠂ ᠮᠠᠨ  ᠤ ᠠᠶᠢᠮᠠᠭ  ᠤᠨ ᠳᠡᠵᠢᠬᠡᠯ ᠡᠪᠡᠰᠤᠨ  ᠤ ᠬᠠᠩᠭᠠᠯᠭ᠎ᠠ  ᠶᠢᠨ ᠤᠯᠠᠷᠢᠯ  ᠤᠨ ᠴᠢᠨᠠᠷᠳᠡᠢ ᠳᠡᠩᠴᠡᠬᠦᠷᠢ ᠥᠬᠡᠢ ᠪᠠ ᠭᠠᠵᠠᠷ ᠤᠷᠤᠨ  ᠤ ᠴᠢᠨᠠᠷᠳᠡᠢ ᠳᠤᠳᠠᠭᠳᠠᠬᠤ ᠠᠰᠠᠭᠤᠳᠠᠯ  ᠢ ᠰᠢᠢᠳᠪᠤᠷᠢᠯᠡᠵᠤ  ᠂   ᠬᠡᠪᠴᠢᠶᠡᠵᠢᠬᠦᠯᠥᠨ ᠬᠠᠰᠢᠶᠠᠯᠠᠵᠤ ᠪᠤᠷᠳᠤᠬᠤ ᠪᠠ ᠭᠠᠮᠰᠢᠭ ᠠᠴᠠ ᠵᠠᠶᠢᠯᠠᠰᠬᠢᠬᠤ ᠬᠡᠯᠪᠡᠷᠢ  ᠶᠢᠨ ᠮᠠᠯ ᠠᠵᠤ ᠠᠬᠤᠢ  ᠶᠢ ᠬᠥᠭᠵᠢᠬᠦᠯᠬᠦ  ᠳᠤ ᠬᠥᠴᠥᠳᠡᠢ ᠪᠠᠳᠤᠯᠠᠭ᠎ᠠ ᠬᠠᠩᠭᠠᠨ᠎ᠡ  ᠃   ( ᠭᠤᠷᠪᠡ ) ᠮᠡᠯ ᠰᠥᠷᠥᠭ  ᠤᠨ ᠡᠬᠦᠯᠳᠡᠷ ᠰᠠᠶᠢᠵᠢᠷᠠᠭᠤᠯᠤᠯᠳᠠ  ᠶᠢ ᠰᠠᠶᠢᠳᠤᠷ ᠠᠳᠬᠤᠵᠤ  ᠂ ᠶᠠᠰᠤ ᠴᠢᠨᠠᠷ ᠎ ᠢ ᠰᠠᠶᠢᠵᠢᠷᠠᠭᠤᠯᠤᠨ ᠥᠷ᠎ᠡ ᠠᠰᠢᠭ  ᠢ ᠨᠡᠮᠡᠭᠳᠡᠬᠦᠯᠤᠨ᠎ᠠ  ᠃ ᠤᠯᠤᠰ  ᠂ ᠥᠪᠡᠷᠳᠡᠬᠡᠨ ᠵᠠᠰᠠᠬᠤ ᠤᠷᠤᠨ  ᠤ ᠬᠡᠷᠡᠭᠵᠢᠬᠦᠯᠵᠤ ᠪᠠᠶᠢᠭ᠎ᠠ ᠮᠠᠯ ᠠᠵᠤ ᠠᠬᠤᠢ  ᠶᠢᠨ ᠰᠠᠶᠢᠨ ᠡᠬᠦᠯᠳᠡᠷ  ᠤᠨ ᠨᠥᠬᠦᠪᠤᠷᠢ ᠥᠭᠬᠦ ᠰᠠᠶᠢᠨ ᠳᠤᠬᠢᠶᠠᠯ  ᠢ ᠠᠳᠬᠤᠵᠤ  ᠂ ᠥᠬᠡᠷ  ᠤᠨ ᠡᠬᠦᠯᠳᠡᠷ ᠰᠠᠶᠢᠵᠢᠷᠠᠭᠤᠯᠬᠤ  ᠂ ᠨᠤᠳᠤᠭ  ᠤᠨ ᠰᠠᠶᠢᠨ ᠡᠬᠦᠯᠳᠡᠷ  ᠤᠨ ᠢᠳᠡᠰᠢᠨ ᠬᠤᠨᠢ ᠎ ᠶᠢ ᠰᠤᠩᠭᠤᠨ ᠪᠤᠶᠢᠵᠢᠭᠤᠯᠬᠤ ᠪᠠ ᠬᠤᠨᠢᠨ  ᠤ ᠭᠠᠷ ᠬᠡᠬᠡᠯᠳᠥᠯᠬᠡ  ᠶᠢᠨ ᠠᠵᠢᠯ  ᠢ ᠤᠯᠠᠮ ᠴᠢᠩᠭᠠᠳᠬᠠᠨ᠎ᠡ  ᠃ ᠪᠤᠳᠠ ᠮᠠᠯ  ᠢ ᠪᠤᠯ ᠭᠤᠤᠯ ᠨᠢ ᠰᠠᠶᠢᠨ ᠡᠬᠦᠯᠳᠡᠷ  ᠎ ᠢ ᠤᠷᠤᠭᠤᠯᠬᠤ  ᠂ ᠰᠠᠭᠤᠷᠢ ᠡᠬᠡ ᠮᠠᠯ  ᠤᠨ ᠭᠤᠤᠯ ᠰᠥᠷᠥᠭ ᠎ ᠢ ᠪᠤᠶᠢᠵᠢᠭᠤᠯᠬᠤ ᠵᠡᠷᠬᠡ ᠠᠷᠭ᠎ᠠ ᠬᠡᠮᠵᠢᠶ᠎ᠡ ᠠᠪᠴᠥ  ᠂ ᠢᠳᠡᠰᠢᠨ ᠥᠬᠡᠷ  ᠤᠨ ᠡᠬᠦᠯᠳᠡᠷ ᠰᠠᠶᠢᠵᠢᠷᠠᠭᠤᠯᠤᠯᠳᠠ  ᠶᠢᠨ ᠠᠬᠢᠴᠠ  ᠶᠢ ᠪᠥᠲᠥᠮᠵᠢᠳᠡᠢ ᠳᠥᠯᠬᠢᠨ ᠠᠬᠢᠭᠤᠯᠤᠨ᠎ᠠ ; ᠪᠤᠭ ᠮᠠᠯ  ᠢ ᠪᠤᠯ  ᠂ ᠰᠠᠭᠤᠷᠢ ᠡᠬᠡ ᠮᠠᠯ  ᠤᠨ ᠪᠠᠷᠢᠮᠵᠢᠶᠠᠵᠢᠭᠰᠠᠨ ᠰᠥᠷᠥᠭ  ᠢ ᠪᠤᠶᠢᠵᠢᠭᠤᠯᠬᠤ  ᠂ ᠪᠡᠯᠡᠳᠬᠡᠯ ᠥᠷ᠎ᠡ  ᠶᠢᠨ ᠮᠠᠯ  ᠤᠨ ᠳᠤᠰᠬᠠᠢ ᠡᠷᠥᠬᠡ ᠵᠢᠴᠢ ᠨᠠᠰᠤᠨ  ᠳᠤ ᠬᠥᠷᠥᠭᠰᠡᠨ ᠬᠤᠴᠠ  ᠶᠢ ᠭᠠᠴᠠᠭ᠎ᠠ ᠪᠠᠷ ᠨᠢᠬᠡᠴᠢ ᠪᠤᠯᠭᠠᠨ ᠨᠢᠬᠡᠳᠥᠯᠳᠡᠢ ᠬᠠᠮᠢᠶᠠᠷᠬᠤ  ᠶᠢ ᠳᠤᠪᠤᠶᠢᠮ᠎ᠠ ᠰᠠᠶᠢᠨ ᠠᠳᠬᠤᠵᠤ  ᠂ ᠪᠤᠳᠠᠭᠠᠯᠢ ᠪᠡᠶ᠎ᠡ  ᠶᠢᠨ ᠥᠢᠯᠡᠳᠪᠤᠷᠢᠯᠡᠯ  ᠤᠨ ᠴᠢᠳᠠᠪᠤᠷᠢ ᠪᠤᠯᠤᠨ ᠪᠥᠬᠦᠯᠢ ᠴᠤᠭᠴᠠ  ᠶᠢᠨ ᠶᠠᠰᠤ ᠴᠢᠨᠠᠷ  ᠢ ᠤᠯᠠᠮ ᠳᠡᠭᠡᠭᠰᠢᠯᠡᠬᠦᠯᠥᠨ᠎ᠡ  ᠃   ( ᠳᠥᠷᠪᠡ ) ᠠᠷᠠᠴᠢᠯᠠᠭ᠎ᠠ ᠮᠠᠯᠵᠢᠯᠠᠭ᠎ᠠ ᠪᠠᠨ ᠴᠢᠩᠭᠠᠳᠬᠠᠵᠤ  ᠂ ᠳᠡᠵᠢᠬᠡᠨ ᠥᠷᠡᠵᠢᠬᠦᠯᠬᠦ ᠥᠷ᠎ᠡ ᠠᠰᠢᠭ  ᠢ ᠳᠡᠭᠡᠭᠰᠢᠯᠡᠬᠦᠯᠥᠨ᠎ᠡ  ᠃ ᠢᠳᠡᠰᠢᠨ ᠥᠬᠡᠷ  ᠢ ᠥᠷᠡᠵᠢᠬᠦᠯᠥᠨ ᠪᠤᠶᠢᠵᠢᠭᠤᠯᠬᠤ ᠠᠵᠢᠯ  ᠢ ᠳᠤᠪᠤᠶᠢᠮ᠎ᠠ ᠰᠠᠶᠢᠨ ᠠᠳᠬᠤᠵᠤ  ᠂ ᠥᠨᠢᠶᠡᠨ  ᠤ ᠠᠷᠠᠴᠢᠯᠠᠭ᠎ᠠ  ᠶᠢ ᠴᠢᠩᠭᠠᠳᠬᠠᠵᠤ  ᠂ ᠬᠥᠢᠳᠡᠨ ᠤᠯᠡᠷᠢᠯ  ᠳᠤ ᠨᠡᠮᠡᠵᠤ ᠪᠤᠷᠳᠤᠬᠤ  ᠂ ᠬᠡᠪᠳᠠᠷᠢ  ᠶᠢ ᠳᠤᠯᠠᠭᠠᠨ ᠪᠠᠶᠢᠯᠭᠠᠬᠤ  ᠂ ᠰᠠᠶᠢᠨ ᠤᠰᠤᠯᠠᠬᠤ ᠵᠡᠷᠬᠡ ᠬᠡᠪᠰᠢᠭᠰᠡᠨ ᠠᠷᠠᠴᠢᠯᠠᠭ᠎ᠠ  ᠶᠢ ᠠᠬᠢᠭᠤᠯᠵᠤ  ᠂ ᠢᠳᠡᠰᠢᠨ ᠥᠬᠡᠷ  ᠤᠨ ᠪᠤᠶᠢᠵᠢᠯᠳᠡ  ᠶᠢᠨ ᠨᠤᠷᠮ᠎ᠠ  ᠶᠢ ᠮᠡᠳᠡᠭᠳᠡᠮ᠎ᠡ ᠳᠡᠭᠡᠭᠰᠢᠯᠡᠬᠦᠯᠵᠤ  ᠂ ᠳᠡᠵᠢᠬᠡᠨ ᠥᠷᠡᠵᠢᠬᠦᠯᠬᠦ ᠥᠷ᠎ᠡ ᠠᠰᠢᠭ  ᠢ ᠳᠡᠭᠡᠭᠰᠢᠯᠡᠬᠦᠯᠥᠨ᠎ᠡ  ᠃ ᠰᠠᠭᠤᠷᠢ ᠳᠥᠬᠦᠬᠡᠷᠥᠮᠵᠢ  ᠶᠢᠨ ᠪᠥᠲᠥᠬᠡᠨ ᠪᠠᠶᠢᠭᠤᠯᠤᠯᠳᠠ  ᠶᠢ ᠴᠢᠩᠭᠠᠳᠬᠠᠭᠰᠠᠨ ᠰᠠᠭᠤᠷᠢᠨ ᠳᠡᠭᠡᠷ᠎ᠡ  ᠂ ᠮᠠᠯᠴᠢᠨ ᠳᠠᠷᠢᠶᠡᠴᠢᠨ  ᠤ ᠠᠷᠠᠴᠢᠯᠠᠨ ᠮᠠᠯᠵᠢᠬᠤ ᠬᠢᠷᠢ ᠳᠥᠪᠰᠢᠨ  ᠢ ᠤᠯᠠᠮ ᠳᠡᠭᠡᠭᠰᠢᠯᠡᠬᠦᠯᠵᠤ  ᠂ ᠡᠪᠤᠯ ᠬᠠᠪᠤᠷ ᠲᠠᠭᠠᠨ ᠰᠠᠭᠤᠷᠢ ᠡᠬᠡ ᠮᠠᠯ  ᠢ ᠢᠯᠡᠬᠦᠥ ᠪᠤᠷᠳᠤᠬᠤ ᠠᠷᠭ᠎ᠠ  ᠶᠢ ᠠᠯᠬᠤᠮ ᠠᠯᠬᠤᠮ  ᠢᠶᠠᠷ ᠳᠥᠬᠡᠮᠡᠯᠵᠢᠬᠦᠯᠵᠤ  ᠂ ᠥᠷᠡᠵᠢᠯᠳᠡ ᠪᠤᠶᠢᠵᠢᠯᠳᠡ  ᠶᠢᠨ ᠨᠤᠷᠮ᠎ᠠ  ᠶᠢ ᠳᠡᠭᠡᠭᠰᠢᠯᠡᠬᠦᠯᠥᠨ᠎ᠡ  ᠃   ( ᠳᠠᠪᠤ ) ᠥᠢᠯᠡᠳᠪᠤᠷᠢᠯᠡᠯ ᠡᠵᠡᠩᠨᠡᠯᠳᠡ  ᠶᠢᠨ ᠠᠷᠭ᠎ᠠ  ᠶᠢ ᠬᠤᠪᠢᠷᠠᠭᠤᠯᠵᠤ  ᠂ ᠮᠠᠯ ᠠᠵᠤ ᠠᠬᠤᠢ  ᠶᠢᠨ ᠥᠷ᠎ᠡ ᠠᠰᠢᠭ  ᠢ ᠳᠡᠭᠡᠭᠰᠢᠯᠡᠬᠦᠯᠥᠨ᠎ᠡ  ᠃ ᠡᠷᠳᠡ ᠠᠴᠠ ᠬᠡᠬᠡᠯᠳᠥᠯᠬᠡ ᠬᠢᠬᠦ  ᠂ ᠡᠷᠳᠡ  ᠶᠢᠨ ᠳᠥᠯ ᠳᠤᠰᠬᠤ  ᠂ ᠡᠷᠳᠡᠬᠡᠨ ᠵᠠᠷᠤᠴᠠᠭᠤᠯᠬᠤ ᠥᠢᠯᠡᠳᠪᠤᠷᠢᠯᠡᠯ  ᠤᠨ ᠬᠡᠪ ᠵᠠᠭᠪᠤᠷ  ᠢ ᠬᠥᠴᠥᠳᠡᠢ ᠳᠥᠬᠡᠮᠡᠯᠵᠢᠬᠦᠯᠵᠤ  ᠂ ᠡᠷᠳᠡ ᠰᠥ ᠎ ᠠᠴᠠ ᠨᠢ ᠰᠠᠯᠭᠠᠬᠤ  ᠂ ᠡᠬᠡ ᠳᠥᠯ  ᠢ ᠰᠠᠯᠭᠠᠬᠤ  ᠂ ᠪᠡᠯᠴᠢᠬᠡᠷᠯᠡᠬᠦᠯᠬᠦ ᠳᠠᠭᠠᠤ ᠪᠤᠷᠳᠤᠬᠤ  ᠂ ᠤᠬᠤᠷᠬᠠᠨ ᠬᠤᠭᠤᠴᠠᠭᠠᠨ  ᠳᠤ ᠪᠤᠷᠳᠤᠨ ᠳᠠᠷᠭᠤᠯᠠᠭᠤᠯᠬᠤ ᠵᠡᠷᠬᠡ ᠳᠥᠬᠦᠮ ᠥᠢᠯᠡᠳᠪᠤᠷᠢᠯᠡᠯ  ᠤᠨ ᠠᠷᠭ᠎ᠠ ᠪᠠᠷ  ᠂ ᠳᠡᠵᠢᠬᠡᠨ ᠥᠷᠡᠵᠢᠬᠦᠯᠬᠦ ᠥᠷ᠎ᠡ ᠠᠰᠢᠭ  ᠢ ᠳᠡᠭᠡᠭᠰᠢᠯᠡᠬᠦᠯᠥᠨ᠎ᠡ᠃   ( ᠵᠢᠷᠭᠤᠭ᠎ᠠ ) ᠬᠠᠰᠢᠶᠠᠯᠠᠨ ᠪᠤᠷᠳᠤᠵᠤ ᠳᠠᠷᠭᠤᠯᠠᠭᠤᠯᠬᠤ  ᠶᠢ ᠢᠳᠡᠪᠬᠢᠳᠡᠢ ᠳᠥᠯᠬᠢᠨ ᠠᠬᠢᠭᠤᠯᠵᠤ  ᠂ ᠪᠡᠯᠴᠢᠬᠡᠷᠯᠡᠬᠦᠯᠬᠦ  ᠶᠢ ᠵᠤᠭᠰᠤᠭᠠᠭᠰᠠᠨ ᠤᠷᠤᠨ  ᠤ ᠵᠠᠯᠭᠠᠮᠵᠢ ᠠᠵᠤ ᠥᠢᠯᠡᠰ  ᠢ ᠬᠥᠭᠵᠢᠬᠦᠯᠥᠨ᠎ᠡ  ᠃ ︽ᠪᠡᠯᠴᠢᠬᠡᠷᠯᠡᠬᠦᠯᠬᠦ  ᠶᠢ ᠵᠤᠭᠰᠤᠭᠠᠭᠰᠠᠨ ᠴᠥ ᠮᠠᠯᠵᠢᠬᠤ  ᠶᠢ ᠵᠤᠭᠰᠤᠭᠠᠬᠤ ᠥᠭᠡᠢ  ᠂ ᠮᠠᠯ  ᠤᠨ ᠳᠤᠭ᠎ᠠ ᠳᠤᠯᠤᠭᠠᠢ ᠎ ᠶᠢ ᠴᠥᠬᠡᠳᠬᠡᠭᠰᠡᠨ ᠴᠥ ᠤᠷᠤᠯᠭ᠎ᠠ  ᠶᠢ ᠪᠠᠭᠠᠰᠬᠠᠬᠤ ᠥᠭᠡᠢ ︾ ᠱᠠᠭᠠᠷᠳᠠᠯᠭ᠎ᠠ ᠶᠤᠰᠤᠭᠠᠷ  ᠂ ᠰᠠᠭᠤᠷᠢ ᠡᠬᠡ ᠮᠠᠯ ᠎ ᠢ ᠪᠡᠯᠴᠢᠬᠡᠷᠯᠡᠬᠦᠯᠬᠦ  ᠂ ᠵᠠᠷᠤᠴᠠᠭᠤᠯᠬᠤ ᠳᠥᠯ  ᠢ ᠬᠠᠰᠢᠶᠠᠯᠠᠨ ᠪᠤᠷᠳᠤᠵᠤ ᠳᠠᠷᠭᠤᠯᠠᠭᠤᠯᠬᠤ ᠪᠠᠷ ᠴᠢᠭᠯᠡᠯ ᠪᠤᠯᠭᠠᠵᠤ  ᠂ ᠬᠠᠰᠢᠶᠠᠯᠠᠨ ᠪᠤᠷᠳᠤᠵᠤ ᠳᠠᠷᠭᠤᠯᠠᠭᠤᠯᠬᠤ ᠪᠠᠷ ᠮᠠᠯ ᠠᠵᠤ ᠠᠬᠤᠢ  ᠶᠢᠨ ᠬᠥᠭᠵᠢᠯᠳᠡ  ᠶᠢ ᠥᠷᠬᠡᠳᠬᠡᠬᠦ ᠪᠥᠲᠥᠮᠵᠢᠳᠡᠢ ᠠᠷᠭ᠎ᠠ ᠵᠠᠮ ᠪᠤᠯᠭᠠᠵᠤ  ᠂ ᠤᠨᠴᠠᠭᠠᠢᠢᠯᠠᠨ ᠪᠡᠯᠴᠢᠬᠡᠷᠯᠡᠬᠦᠯᠬᠦ  ᠶᠢ ᠵᠤᠭᠰᠤᠭᠠᠬᠰᠡᠨ ᠤᠷᠤᠨ  ᠤ ᠵᠠᠯᠭᠠᠮᠵᠢ ᠠᠵᠤ ᠥᠢᠯᠡᠰ  ᠎ ᠢ ᠬᠥᠭᠵᠢᠬᠦᠯᠬᠦ ᠭᠤᠤᠯ ᠰᠢᠪᠳᠤᠯᠤᠯᠳᠠ  ᠶᠢᠨ ᠴᠡᠭ ᠪᠤᠯᠭᠠᠵᠤ  ᠂ ᠬᠠᠰᠢᠶᠠᠯᠠᠨ ᠪᠤᠷᠳᠤᠵᠤ ᠳᠠᠷᠭᠤᠯᠠᠭᠤᠯᠬᠤ  ᠶᠢ ᠬᠥᠴᠥᠳᠡᠢ ᠠᠬᠢᠭᠤᠯᠤᠨ᠎ᠠ  ᠃ ᠲᠥᠷᠥᠯ ᠵᠥᠢᠯ  ᠢ ᠴᠤᠮᠬᠠᠳᠬᠠᠨ ᠨᠢᠬᠡᠳᠬᠡᠵᠤ  ᠂ ᠪᠡᠯᠡ ᠤᠷᠤᠭᠤᠯᠤᠯᠳᠠ  ᠶᠢ ᠳᠥᠪᠯᠡᠷᠡᠬᠦᠯᠵᠤ  ᠂ ᠥᠬᠡᠷ ᠬᠤᠨᠢ  ᠶᠢ ᠪᠤᠷᠳᠤᠵᠤ ᠳᠠᠷᠭᠤᠯᠠᠭᠤᠯᠬᠤ ᠳᠤᠰᠬᠠᠢ ᠬᠤᠷᠰᠢᠶ᠎ᠡ ᠪᠠᠷ ᠭᠤᠤᠯ ᠪᠤᠯᠭᠠᠵᠤ  ᠂ ᠪᠤᠷᠳᠤᠵᠤ ᠳᠠᠷᠭᠤᠯᠠᠭᠤᠯᠬᠤ  ᠳᠤ ᠬᠡᠷᠡᠭᠴᠡᠭᠡ ᠪᠥᠬᠦᠢ ᠫᠧᠩ ᠬᠤᠷᠤᠭ᠎ᠠ  ᠂ ᠬᠠᠰᠢᠶ᠎ᠡ ᠰᠠᠷᠡᠪᠴᠢ  ᠂ ᠡᠪᠡᠰᠤᠨ ᠬᠤᠷᠤᠭ᠎ᠠ  ᠂ ᠨᠤᠭᠤᠭᠠᠨ ᠳᠠᠷᠤᠰᠢ  ᠶᠢᠨ ᠵᠤᠭᠤᠷᠢ  ᠂ ᠳᠡᠵᠢᠬᠡᠯ ᠡᠪᠡᠰᠤᠨ  ᠤ ᠰᠠᠭᠤᠷᠢᠨ ᠵᠡᠷᠬᠡ ᠰᠠᠭᠤᠷᠢ ᠳᠥᠬᠦᠬᠡᠷᠥᠮᠵᠢ  ᠶᠢᠨ ᠪᠥᠲᠥᠬᠡᠨ ᠪᠠᠶᠢᠭᠤᠯᠤᠯᠳᠠ  ᠶᠢ ᠭᠤᠤᠯᠳᠠᠯᠭ᠎ᠠ ᠲᠠᠢ ᠳᠡᠮᠵᠢᠨ᠎ᠡ  ᠃   ( ᠳᠤᠯᠤᠭ᠎ᠠ ) ᠥᠢᠯᠡᠳᠪᠤᠷᠢᠯᠠᠯ  ᠤᠨ ᠳᠠᠯᠳᠠ ᠬᠥᠴᠥᠨ  ᠢ ᠢᠯᠡᠷᠡᠬᠦᠯᠵᠤ  ᠂ ᠳᠠᠷᠢᠶᠠᠯᠠᠬᠤ ᠤᠷᠤᠨ  ᠤ ᠮᠠᠯ ᠠᠵᠤ ᠠᠬᠤᠢ  ᠶᠢ ᠶᠡᠬᠡᠪᠡᠷ ᠬᠥᠭᠵᠢᠬᠦᠯᠥᠨ᠎ᠡ  ᠃ ᠳᠠᠷᠢᠶᠠᠯᠠᠬᠤ ᠤᠷᠤᠨ ᠨᠢ ᠪᠡᠯᠴᠢᠬᠡᠷᠯᠡᠬᠦᠯᠬᠦ  ᠶᠢ ᠵᠤᠭᠰᠤᠭᠠᠨ ᠬᠠᠰᠢᠶᠠᠯᠠᠨ ᠮᠠᠯᠵᠢᠬᠤ ᠱᠠᠭᠠᠷᠳᠠᠯᠭ᠎ᠠ ᠶᠤᠰᠤᠭᠠᠷ  ᠂ ᠳᠠᠷᠢᠮᠠᠯ  ᠤᠨ ᠡᠰᠢ ᠰᠥᠷᠡᠯ  ᠂ ᠳᠠᠷᠢᠶᠠᠯᠠᠩ  ᠤᠨ ᠳᠡᠭᠠᠯᠳᠠ ᠭᠠᠷᠤᠯᠳᠠ ᠪᠤᠯᠤᠨ ᠳᠥᠮᠥᠰᠥ ᠨᠤᠭᠤᠭᠠᠨ ᠳᠠᠷᠤᠰᠢ  ᠶᠢ ᠰᠡᠯᠬᠦᠵᠤ ᠳᠠᠷᠢᠬᠤ ᠵᠡᠷᠬᠡ ᠠᠰᠢᠭᠳᠠᠢ ᠨᠥᠬᠦᠴᠡᠯ  ᠢ ᠬᠥᠢᠴᠡᠳ ᠠᠰᠢᠭᠯᠠᠵᠤ  ᠂ ᠢᠳᠡᠰᠢᠨ ᠥᠬᠡᠷ  ᠂ ᠢᠳᠡᠰᠢᠨ ᠬᠤᠨᠢ  ᠶᠢ ᠪᠤᠷᠳᠤᠨ ᠳᠠᠷᠭᠤᠯᠠᠭᠤᠯᠬᠤ ᠥᠢᠯᠡᠰ ᠢ ᠶᠡᠬᠡᠪᠡᠷ ᠬᠥᠭᠵᠢᠬᠦᠯᠵᠤ  ᠂   ᠰᠠᠭᠠᠯᠢ  ᠶᠢᠨ ᠥᠨᠢᠶ᠎ᠡ  ᠂ ᠭᠠᠭ᠋ᠠᠢ  ᠂ ᠳᠠᠬᠢᠶ᠎ᠡ  ᠂ ᠵᠢᠬᠦᠷᠳᠡᠨ ᠳᠡᠵᠢᠬᠡᠬᠦ ᠪᠠᠷᠢᠮᠵᠢᠶᠠᠵᠢᠭᠰᠠᠨ ᠬᠡᠪᠴᠢᠶᠡᠵᠢᠯ  ᠤᠨ ᠳᠡᠵᠢᠬᠡᠬᠦ ᠳᠠᠯᠠᠪᠤᠷ  ᠤᠨ ᠪᠥᠲᠥᠬᠡᠨ ᠪᠠᠶᠢᠭᠤᠯᠤᠯᠳᠠ  ᠶᠢ ᠰᠠᠶᠢᠳᠤᠷ ᠠᠳᠬᠤᠵᠤ  ᠂ ᠳᠡᠵᠢᠬᠡᠬᠦ ᠬᠡᠮᠵᠢᠶ᠎ᠡ  ᠶᠢ ᠨᠡᠮᠡᠭᠳᠡᠬᠦᠯᠵᠤ  ᠂ ᠬᠡᠪᠴᠢᠶᠡᠵᠢᠭᠰᠡᠨ ᠥᠷ᠎ᠡ ᠠᠰᠢᠭ  ᠢ ᠳᠡᠭᠡᠭᠰᠢᠯᠡᠬᠦᠯᠥᠨ᠎ᠡ  ᠃   ( ᠨᠡᠢᠮᠡ ) ᠳᠠᠷᠢᠮᠠᠯ  ᠤᠨ ᠥᠢᠯᠡᠰ  ᠤᠨ ᠪᠥᠲᠥᠴᠡ  ᠶᠢ ᠰᠢᠯᠢᠳᠡᠭᠵᠢᠬᠦᠯᠵᠤ  ᠂ ᠳᠠᠷᠢᠶᠠᠯᠠᠩ  ᠤᠨ ᠭᠠᠷᠤᠯᠳᠠ ᠎ ᠶᠢ ᠡᠳ᠋ᠰᠢᠬᠦᠯᠥᠨ ᠪᠤᠯᠪᠠᠰᠤᠷᠠᠭᠤᠯᠵᠤ ᠥᠷᠳᠡᠭ  ᠢ ᠨᠡᠮᠡᠭᠳᠡᠬᠦᠯᠥᠨ᠎ᠡ  ᠃ ᠪᠤᠷᠤᠯᠠᠭᠤᠯᠭ᠎ᠠ ᠰᠠᠶᠢᠳᠡᠢ ᠰᠯᠢᠳᠡᠭ  ᠂ ᠳᠤᠰᠬᠠᠢ ᠳᠠᠷᠢᠶᠠᠯᠠᠩ  ᠤᠨ ᠭᠠᠷᠤᠯᠳᠠ ᠶᠢᠨ ᠥᠢᠯᠡᠳᠪᠤᠷᠢᠯᠡᠯ  ᠢ ᠶᠡᠬᠡᠪᠡᠷ ᠬᠥᠭᠵᠢᠬᠦᠯᠵᠤ᠂ ᠡᠳ᠋ᠰᠢᠬᠦᠯᠥᠨ ᠪᠤᠯᠪᠠᠰᠤᠷᠠᠭᠤᠯᠤᠭᠰᠠᠨ ᠭᠠᠷᠤᠯᠳᠠ  ᠶᠢᠨ ᠬᠠᠷᠢᠴᠠᠯ  ᠢ ᠨᠡᠮᠡᠭᠳᠡᠬᠦᠯᠥᠨ᠎ᠡ  ᠃ ᠠᠮᠤ ᠬᠥᠨᠡᠰᠤ  ᠂ ᠡᠳ᠋ᠰᠢᠬᠦᠯᠥᠨ ᠪᠤᠯᠪᠠᠰᠤᠷᠠᠭᠤᠯᠤᠭᠰᠠᠨ ᠳᠤᠰᠬᠠᠢ ᠬᠡᠷᠡᠭᠯᠡᠬᠡᠨ  ᠤ ᠠᠮᠤ  ᠂ ᠳᠡᠵᠢᠬᠡᠯ ᠪᠤᠷᠳᠤᠭᠠᠨ  ᠤ ᠠᠮᠤ  ᠶᠢᠨ ᠠᠳᠠᠯᠢ ᠪᠤᠰᠤ ᠱᠠᠭᠠᠷᠳᠠᠯᠭ᠎ᠠ ᠶᠤᠰᠤᠭᠠᠷ  ᠂ ᠰᠢᠯᠢᠳᠡᠭ ᠳᠥᠮᠥᠰᠤ  ᠂ ᠳᠤᠰᠬᠠᠢ ᠬᠡᠷᠡᠭᠯᠡᠬᠡᠨ  ᠤ ᠪᠤᠭᠤᠳᠠᠢ  ᠂ ᠳᠤᠰᠬᠠᠢ ᠬᠡᠷᠡᠭᠯᠡᠬᠡᠨ ᠎ ᠤ ᠡᠷᠳᠡᠨᠢ ᠰᠢᠰᠢ  ᠂ ᠨᠤᠭᠤᠭᠠᠨ ᠳᠠᠷᠤᠰᠢ  ᠶᠢᠨ ᠡᠷᠳᠡᠨᠢ ᠰᠢᠰᠢ ᠪᠤᠯᠤᠨ ᠰᠢᠯᠢᠳᠡᠭ ᠬᠤᠯᠢᠰᠢᠨ ᠠᠮᠤ  ᠶᠢᠨ ᠥᠢᠯᠡᠳᠪᠤᠷᠢᠯᠡᠯ  ᠢ ᠥᠷᠬᠡᠳᠬᠡᠵᠤ  ᠂ ︽ᠬᠤᠶᠠᠷ ᠳᠤᠤᠷ᠎ᠠ ︾ ᠳᠤᠰᠤᠨ ᠨᠤᠭᠤᠭᠠᠨ  ᠤ ᠬᠠᠷᠢᠴᠠᠯ  ᠢ ᠳᠡᠭᠡᠭᠰᠢᠯᠡᠬᠦᠯᠵᠤ  ᠂ ᠪᠤᠬᠢᠷᠳᠤᠯ ᠥᠭᠡᠢ ᠤᠷᠭᠠᠨᠢᠭ ᠳᠠᠷᠢᠶᠠᠯᠠᠩ  ᠤᠨ ᠭᠠᠷᠤᠯᠳᠠ  ᠶᠢᠨ ᠥᠢᠯᠡᠳᠪᠤᠷᠢᠯᠡᠯ  ᠢ ᠬᠥᠭᠵᠢᠯᠬᠦᠯᠥᠨ᠎ᠡ  ᠃   ( ᠶᠢᠰᠤ ) ᠳᠥᠮᠥᠰᠥᠨ ᠤ ᠠᠵᠤ ᠥᠢᠯᠡᠰ  ᠢ ᠶᠡᠬᠡᠪᠡᠷ ᠬᠥᠭᠵᠢᠬᠦᠯᠵᠤ  ᠂ ᠠᠵᠤ ᠥᠢᠯᠡᠰᠵᠢᠭᠰᠡᠨ ᠡᠵᠡᠩᠨᠡᠯᠳᠡ ᠎ ᠶᠢ ᠳᠥᠯᠬᠢᠨ ᠠᠬᠢᠭᠤᠯᠤᠨ᠎ᠠ  ᠃ ᠲᠥᠷᠥᠯ ᠵᠥᠢᠯ  ᠤᠨ ᠭᠠᠵᠠᠷ ᠤᠷᠤᠨᠴᠢᠯᠠᠭᠰᠠᠨ ᠪᠠᠶᠢᠷᠢᠰᠢᠯᠳᠠ  ᠂ ᠳᠤᠰᠬᠠᠢᠢᠵᠢᠭᠰᠠᠨ ᠥᠢᠯᠡᠳᠪᠤᠷᠢᠯᠠᠯ  ᠂ ᠡᠷᠴᠢᠮᠵᠡᠭᠰᠡᠨ ᠡᠵᠡᠩᠨᠡᠯᠳᠡ ᠶᠢ ᠳᠠᠰᠤᠷᠠᠯᠳᠠ ᠥᠭᠡᠢ ᠳᠥᠯᠬᠢᠨ ᠠᠬᠢᠭᠤᠯᠵᠤ  ᠂ ᠪᠤᠷᠤᠯᠠᠭᠤᠯᠭ᠎ᠠ ᠰᠠᠶᠢᠳᠡᠢ ᠳᠤᠰᠬᠠᠢ ᠬᠡᠷᠡᠭᠯᠡᠬᠡᠨ  ᠤ ᠡᠳ᠋ᠰᠢᠬᠦᠯᠥᠨ ᠪᠤᠯᠪᠠᠰᠤᠷᠠᠭᠤᠯᠤᠭᠰᠠᠨ ᠳᠥᠮᠥᠰᠥᠨ  ᠤ ᠬᠤᠤᠷ ᠎ ᠢ ᠠᠷᠢᠯᠭᠠᠭᠰᠠᠨ ᠲᠥᠷᠥᠯ ᠵᠥᠢᠯ  ᠢ ᠳᠥᠬᠡᠮᠡᠯᠵᠢᠬᠦᠯᠵᠤ  ᠂ ᠪᠠᠷᠢᠮᠵᠢᠶᠠᠵᠢᠭᠰᠠᠨ ᠥᠢᠯᠡᠳᠪᠤᠷᠢᠯᠡᠯ  ᠂ ᠠᠵᠤ ᠥᠢᠯᠡᠰᠵᠢᠭᠰᠡᠨ ᠡᠵᠡᠩᠨᠡᠯᠳᠡ  ᠶᠢ ᠪᠡᠶᠡᠯᠡᠬᠦᠯᠵᠤ  ᠂ ᠳᠠᠷᠢᠬᠤ ᠳᠠᠯᠠᠪᠠᠢ  ᠶᠢ ᠥᠷᠬᠡᠳᠬᠡᠵᠤ  ᠂ ᠨᠢᠬᠡᠴᠢ ᠭᠠᠷᠤᠯᠳᠠ  ᠶᠢ ᠭᠤᠤᠯ ᠰᠢᠪᠳᠤᠯᠵᠤ  ᠂ ᠶᠠᠰᠤ ᠴᠢᠨᠠᠷ  ᠢ ᠳᠡᠭᠡᠭᠰᠢᠯᠡᠬᠦᠯᠥᠨ᠎ᠡ  ᠃ ᠤᠯᠤᠰ  ᠤᠨ ᠳᠤᠳᠤᠭᠠᠳᠤ  ᠶᠢᠨ ᠳᠥᠮᠥᠰᠤᠨ  ᠤ ᠲᠥᠷᠥᠯ ᠵᠥᠢᠯ  ᠢ ᠪᠤᠶᠢᠵᠢᠭᠤᠯᠬᠤ ᠳᠤᠮᠤ ᠳᠤᠮᠳᠠ ᠠᠵᠤ ᠠᠬᠤᠢᠢᠯᠠᠯ ᠲᠠᠢ ᠬᠤᠯᠪᠤᠭᠠᠯᠠᠨ ᠡᠵᠡᠩᠨᠡᠬᠦ ᠪᠠᠷ ᠢᠳᠡᠪᠬᠢᠳᠡᠢ ᠬᠠᠷᠢᠴᠠᠵᠤ  ᠂ ᠳᠥᠷᠥᠯ ᠵᠥᠢᠯ  ᠢ ᠳᠠᠳᠠᠨ ᠤᠷᠤᠭᠤᠯᠵᠤ ᠪᠤᠶᠢᠵᠢᠭᠤᠯᠵᠤ  ᠂   ᠠᠵᠤ ᠠᠬᠤᠢᠢᠯᠠᠯ  ᠳᠤ ᠥᠢᠯᠡᠳᠪᠤᠷᠢᠯᠡᠯ  ᠤᠨ ᠲᠤᠰᠬᠠᠢ ᠰᠠᠭᠤᠷᠢᠨ ᠪᠠᠶᠢᠭᠤᠯᠵᠤ  ᠂ ᠺᠤᠮᠫᠠᠨᠢ + ᠰᠠᠭᠤᠷᠢᠨ  ᠂ ᠰᠠᠭᠤᠷᠢᠨ + ᠳᠠᠷᠢᠶᠠᠴᠢᠨ ( ᠳᠠᠷᠢᠶᠠᠴᠢᠤᠨ ᠡᠷᠥᠬᠡ ᠬᠤᠯᠪᠤᠭᠠᠯᠠᠨ ᠡᠵᠡᠩᠨᠡᠭᠰᠡᠨ ᠳᠤᠰᠬᠠᠢ ᠬᠤᠷᠰᠢᠶ᠎ᠡ )  ᠂ ᠥᠢᠯᠡᠳᠪᠤᠷᠢᠯᠡᠬᠦ ᠬᠠᠩᠭᠠᠬᠠᠤ ᠪᠤᠷᠤᠯᠠᠭᠤᠯᠬᠤ ᠨᠢᠬᠡ ᠴᠤᠭᠴᠠᠵᠢᠭᠰᠠᠨ ᠵᠠᠮ  ᠢᠶᠠᠷ ᠵᠠᠮᠨᠠᠵᠤ  ᠂ ᠳᠥᠮᠥᠰᠥᠨ  ᠤ ᠲᠥᠷᠥᠯ ᠵᠥᠢᠯ  ᠢ ᠪᠤᠶᠢᠵᠢᠭᠤᠯᠬᠤ ᠥᠢᠯᠡᠳᠪᠤᠷᠢᠯᠡᠬᠦ ᠠᠵᠤ ᠥᠢᠯᠡᠰ  ᠤᠨ ᠬᠡᠯᠬᠢᠶᠡᠰᠤ  ᠶᠢ ᠳᠠᠰᠤᠷᠠᠯᠳᠠ ᠥᠬᠡᠢ ᠤᠷᠳᠤᠳᠬᠠᠨ᠎ᠠ  ᠃ ᠮᠠᠨ ᠤ ᠠᠶᠢᠮᠠᠭ ᠎ ᠢᠶᠠᠨ ᠥᠪᠡᠷᠳᠡᠬᠡᠨ ᠵᠠᠰᠠᠬᠤ ᠤᠷᠤᠨ ᠴᠢᠨᠠᠭᠰᠢᠯᠠᠪᠠᠯ ᠪᠥᠬᠦ ᠤᠯᠤᠰ ᠲᠤ ᠬᠠᠮᠤᠭ ᠨᠥᠯᠥᠬᠡ ᠶᠡᠭᠡ  ᠂ ᠥᠷ᠎ᠡ ᠠᠰᠢᠭ ᠰᠠᠶᠢᠨ ᠳᠥᠮᠥᠰᠥᠨ  ᠤ ᠬᠤᠤᠷ  ᠢ ᠠᠷᠢᠯᠭᠠᠭᠰᠠᠨ ᠰᠢᠯᠢᠳᠡᠭ ᠲᠥᠷᠥᠯ ᠵᠥᠢᠯ  ᠤᠨ ᠰᠠᠭᠤᠷᠢᠨ ᠪᠤᠯᠭᠠᠵᠤ  ᠂ ᠬᠤᠤᠷ ᠎ ᠢ ᠠᠷᠢᠯᠭᠠᠭᠰᠠᠨ ᠳᠥᠮᠥᠰᠤᠨ  ᠤ ᠲᠥᠷᠥᠯ ᠵᠥᠢᠯ  ᠎ ᠢ ᠪᠤᠶᠢᠵᠢᠭᠤᠯᠬᠤ ᠵᠤᠬᠢᠬᠤ ᠬᠡᠪᠴᠢᠶ᠎ᠡ ᠪᠥᠬᠦᠢ ᠰᠠᠭᠤᠷᠢᠨ  ᠢ ᠪᠠᠶᠢᠭᠤᠯᠤᠨ᠎ᠠ  ᠃   ( ᠠᠷᠪᠠ ) ᠢᠳᠡᠰᠢᠨ ᠨᠤᠭᠤᠭ᠎ᠠ ᠳᠠᠷᠢᠬᠤ ᠳᠠᠯᠠᠪᠠᠢ  ᠶᠢ ᠥᠷᠬᠡᠳᠬᠡᠵᠤ  ᠂ ᠤᠷᠭᠠᠨᠢᠭ ᠢᠳᠡᠰᠢᠨ ᠨᠤᠭᠤᠭᠠᠨ  ᠤ ᠰᠠᠭᠤᠷᠢᠨ  ᠢ ᠪᠠᠶᠢᠭᠤᠯᠤᠨ᠎ᠠ  ᠃ ᠰᠢᠨᠵᠢᠯᠡᠬᠦ ᠤᠬᠠᠭᠠᠨᠴᠢ ᠪᠠᠷ ᠳᠥᠯᠥᠪᠵᠢᠬᠦᠯᠬᠡ ᠳᠤᠭᠳᠠᠭᠠᠬᠤ ᠪᠠ ᠪᠠᠷᠢᠮᠵᠢᠶᠠᠵᠢᠭᠤᠯᠤᠨ ᠥᠢᠯᠡᠳᠪᠤᠷᠢᠯᠡᠬᠦ ᠪᠠᠷ ᠳᠠᠮᠵᠢᠭᠤᠯᠤᠨ  ᠂ ᠳᠤᠯᠤᠭᠠᠢᠢᠯᠠᠭᠴᠢ ᠠᠵᠤ ᠠᠬᠤᠢᠢᠯᠠᠯ  ᠂ ᠳᠤᠰᠬᠠᠢ ᠬᠤᠷᠰᠢᠶ᠎ᠡ ᠪᠤᠯᠤᠨ ᠰᠢᠨᠵᠢᠯᠡᠬᠦ ᠤᠬᠠᠭᠠᠨ ᠮᠡᠷᠬᠡᠵᠢᠯ  ᠤᠨ ᠵᠢᠱᠢᠶ᠎ᠡ ᠥᠵᠡᠬᠦᠯᠬᠦ ᠡᠷᠥᠬᠡ  ᠶᠢ ᠶᠡᠬᠡᠪᠡᠷ ᠪᠤᠶᠢᠵᠢᠭᠤᠯᠵᠤ  ᠂ ᠤᠨᠴᠠᠭᠠᠢ ᠨᠠᠷᠢᠯᠢᠭ ᠨᠤᠭᠤᠭ᠎ᠠ  ᠂ ᠬᠥᠵᠡᠯᠵᠡᠬᠡᠨ᠎ᠡ  ᠂ ᠥᠵᠥᠮ  ᠂ ᠢᠩᠳᠤᠤᠷ  ᠂ ᠢᠳᠡᠰᠢᠨ  ᠤ ᠮᠥᠬᠦ   ᠵᠡᠷᠬᠡ ᠬᠤᠪᠤᠷ ᠴᠤᠬᠠᠭ ᠨᠤᠭᠤᠭ᠎ᠠ ᠵᠢᠮᠢᠰ  ᠤᠨ ᠳᠠᠷᠢᠮᠠᠯ  ᠢ ᠭᠤᠤᠯᠳᠠᠯᠭ᠎ᠠ ᠲᠠᠢ ᠬᠥᠭᠵᠢᠬᠦᠯᠥᠨ᠎ᠡ  ᠃ ᠢᠳᠡᠰᠢᠨ ᠨᠤᠭᠤᠭᠠᠨ ᠎ ᠤ ᠪᠥᠲᠥᠬᠡᠨ ᠪᠠᠶᠢᠭᠤᠯᠤᠯᠳᠠ  ᠳᠠᠬᠢ ᠪᠡᠯᠡ ᠤᠷᠤᠭᠤᠯᠤᠯᠳᠠ  ᠶᠢᠨ ᠡᠷᠴᠢᠮ  ᠢᠶᠠᠨ ᠴᠢᠩᠭᠠᠯᠠᠵᠤ  ᠂ ᠬᠥᠭᠵᠢᠯᠳᠡ ᠎ ᠶᠢᠨ ᠳᠡᠯᠳᠠ ᠬᠥᠴᠥᠨ  ᠢ ᠴᠢᠩᠭᠠᠷᠠᠭᠤᠯᠵᠤ  ᠂ ᠮᠠᠯᠴᠢᠨ ᠳᠠᠷᠢᠶᠠᠴᠢᠨ  ᠤ ᠪᠡᠯᠡ ᠤᠷᠤᠭᠤᠯᠬᠤ ᠢᠳᠡᠪᠬᠢᠵᠢᠯ  ᠢ ᠳᠠᠶᠢᠴᠢᠯᠠᠵᠤ  ᠂ ᠵᠤᠬᠢᠬᠤ ᠬᠡᠪᠴᠢᠶᠡᠨ  ᠤ ᠤᠷᠭᠠᠨᠢᠭ ᠢᠳᠡᠰᠢᠨ ᠨᠤᠭᠤᠭᠠᠨ  ᠤ ᠰᠠᠭᠤᠷᠢᠨ  ᠢ ᠪᠠᠶᠢᠭᠤᠯᠤᠨ᠎ᠠ  ᠃   ( ᠠᠷᠪᠠᠨ ᠨᠢᠬᠡ ) ᠤᠢ ᠡᠯᠡᠰᠤᠨ  ᠤ ᠠᠵᠤ ᠥᠢᠯᠡᠰ  ᠢ ᠬᠥᠭᠵᠢᠬᠦᠯᠵᠤ  ᠂ ᠠᠮᠢ ᠠᠬᠤᠢ  ᠶᠢᠨ ᠬᠠᠮᠠᠭᠠᠯᠠᠯᠳᠠ ᠬᠢᠬᠡᠳ ᠪᠥᠲᠥᠬᠡᠨ ᠪᠠᠶᠢᠭᠤᠯᠤᠯᠳᠠ  ᠶᠢ ᠠᠬᠢᠭᠤᠯᠤᠨ᠎ᠡ  ᠃ ᠭᠤᠤᠯ ᠨᠢ ᠡᠯᠡᠰᠤᠨ  ᠤ ᠡᠬᠢ  ᠶᠢ ᠵᠠᠰᠠᠬᠤ ᠢᠨᠵᠧᠨᠧᠷᠢᠩ  ᠂ ᠳᠠᠷᠢᠶᠠᠯᠠᠬᠤ  ᠶᠢ ᠵᠤᠭᠰᠤᠭᠠᠭᠰᠠᠨ ᠥᠷ᠎ᠡ ᠪᠥᠲᠥᠮᠵᠢ  ᠶᠢ ᠪᠠᠬᠢᠵᠢᠬᠦᠯᠬᠦ ᠲᠥᠷᠥᠯ  ᠳᠤ ᠳᠥᠰᠢᠭᠯᠡᠨ ᠂ ᠮᠤᠳᠤᠨ  ᠤ ᠲᠥᠷᠥᠯ  ᠤᠨ ᠪᠥᠲᠥᠴᠡ  ᠶᠢ ᠳᠤᠬᠢᠷᠠᠭᠤᠯᠵᠤ  ᠂ ᠠᠵᠤ ᠠᠬᠤᠢ  ᠶᠢᠨ ᠥᠨ᠎ᠡ ᠥᠷᠳᠡᠭ ᠲᠠᠢ ᠮᠤᠳᠤᠨ  ᠤ ᠲᠥᠷᠥᠯ  ᠤᠨ ᠬᠠᠷᠢᠴᠠᠯ  ᠢ ᠨᠡᠮᠡᠭᠳᠡᠬᠦᠯᠵᠤ  ᠂ ᠬᠡᠪᠴᠢᠶ᠎ᠡ  ᠶᠢ ᠠᠯᠬᠤᠮ ᠠᠯᠬᠤᠮ  ᠢᠶᠠᠷ ᠥᠷᠬᠡᠳᠬᠡᠨ᠎ᠡ  ᠃ ᠰᠢᠨᠵᠢᠯᠡᠬᠦ ᠤᠬᠠᠭᠠᠨᠴᠢ ᠳᠥᠯᠥᠪᠵᠢᠬᠦᠯᠬᠡ᠂ ᠤᠷᠤᠨ ᠪᠥᠰᠠ  ᠶᠢᠨ ᠪᠠᠶᠢᠷᠢᠰᠢᠯᠳᠡ  ᠶᠢ ᠪᠠᠷᠢᠮᠳᠠᠯᠠᠵᠤ  ᠂ ᠡᠮᠬᠢ ᠳᠢᠭᠯᠢᠮ ᠲᠠᠢ ᠨᠡᠬᠡᠬᠡᠯᠳᠡ ᠬᠢᠵᠤ  ᠂ ᠳᠤᠭᠳᠠᠴᠠ  ᠶᠢᠨ ᠰᠢᠨ᠎ᠡ  ᠶᠢ ᠡᠬᠦᠳᠴᠥ  ᠂ ᠳᠤᠯᠤᠭᠠᠢᠢᠯᠠᠭᠴᠢ ᠠᠵᠤ ᠠᠬᠤᠢᠢᠯᠠᠯ  ᠢ ᠳᠠᠳᠠᠨ ᠤᠷᠤᠭᠤᠯᠵᠤ ᠳᠥᠷᠬᠡᠨ ᠪᠤᠶᠢᠵᠢᠭᠤᠯᠵᠤ  ᠂   ᠤᠢ ᠡᠯᠡᠰᠤᠨ  ᠤ ᠠᠵᠤ ᠥᠢᠯᠡᠰ  ᠢ ᠶᠡᠬᠡᠪᠡᠷ ᠬᠥᠭᠵᠢᠬᠦᠯᠵᠤ  ᠂ ᠮᠠᠯᠴᠢᠨ ᠳᠠᠷᠢᠶᠠᠴᠢᠨ  ᠤ ᠤᠷᠤᠯᠭ᠎ᠠ  ᠶᠢ ᠨᠡᠮᠡᠭᠳᠡᠬᠦᠯᠥᠨ᠎ᠡ  ᠃   ( ᠠᠷᠪᠠᠨ ᠬᠤᠶᠠᠷ ) ᠮᠠᠯ ᠳᠠᠷᠢᠶᠠᠯᠠᠩ ᠤᠨ ᠰᠠᠭᠤᠷᠢ ᠪᠥᠲᠥᠬᠡᠨ ᠪᠠᠶᠢᠭᠤᠯᠤᠯᠳᠠ  ᠶᠢ ᠴᠢᠩᠭᠠᠳᠬᠠᠵᠤ  ᠂ ᠥᠢᠯᠡᠳᠪᠤᠷᠢᠯᠡᠯ  ᠤᠨ ᠨᠥᠬᠦᠴᠡᠯ  ᠢ ᠠᠯᠬᠤᠮ ᠠᠯᠬᠤᠮ  ᠢᠶᠠᠷ ᠰᠠᠶᠢᠵᠢᠷᠠᠭᠤᠯᠤᠨ᠎ᠡ  ᠃ ᠮᠠᠯ ᠳᠠᠷᠢᠶᠠᠯᠠᠩ  ᠤᠨ ᠰᠠᠭᠤᠷᠢ ᠳᠥᠬᠦᠬᠡᠷᠥᠮᠵᠢ  ᠶᠢᠨ ᠪᠥᠲᠥᠬᠡᠨ ᠪᠠᠶᠢᠭᠤᠯᠤᠯᠳᠠ ᠳᠠᠬᠢ ᠪᠡᠯᠡ ᠤᠷᠤᠭᠤᠯᠤᠯᠳᠠ ᠶᠢᠨ ᠡᠷᠴᠢᠮ ᠢᠶᠠᠨ ᠴᠢᠩᠭᠠᠯᠠᠵᠤ  ᠂ ᠲᠥᠷᠥᠯ ᠵᠥᠢᠯ  ᠢ ᠨᠢᠬᠡᠳᠬᠡᠬᠦ  ᠂ ᠪᠡᠯᠡ ᠮᠥᠩᠬᠦ  ᠶᠢ ᠨᠡᠶᠢᠯᠡᠬᠦᠯᠬᠦ  ᠂ ᠡᠳ᠋  ᠤᠨ ᠵᠠᠰᠠᠭ ᠠᠴᠠ ᠢᠵᠢ ᠪᠥᠷᠢᠳᠥᠬᠦᠯᠬᠦ  ᠂ ᠮᠠᠯᠴᠢᠨ ᠳᠠᠷᠢᠶᠠᠴᠢᠨ ᠥᠪᠡᠷᠳᠡᠬᠡᠨ ᠬᠤᠷᠠᠮᠳᠤᠭᠤᠯᠬᠤ ᠵᠡᠷᠬᠡ ᠬᠡᠯᠪᠡᠷᠢ ᠪᠠᠷ ᠪᠡᠯᠡ ᠮᠥᠩᠬᠦ ᠎ ᠶᠢ ᠥᠷᠬᠡᠨ  ᠢᠶᠠᠷ ᠬᠤᠷᠠᠮᠳᠤᠭᠤᠯᠤᠨ ᠳᠥᠪᠯᠡᠷᠡᠬᠦᠯᠵᠤ  ᠂ ᠮᠠᠯ ᠠᠵᠤ ᠠᠬᠤᠢ ᠨᠢ ᠫᠧᠩ ᠬᠤᠷᠤᠭ᠎ᠠ  ᠂ ᠡᠪᠡᠰᠤᠨ ᠬᠤᠷᠤᠭ᠎ᠠ  ᠂ ᠨᠤᠭᠤᠭᠠᠨ ᠳᠠᠷᠤᠰᠢ ᠶᠢᠨ ᠵᠤᠭᠤᠷᠢ  ᠂ ᠤᠰᠤᠨ ᠬᠤᠳᠳᠤᠭ᠂ ᠳᠡᠵᠢᠬᠡᠯ ᠡᠪᠡᠰᠤ ᠪᠤᠷᠳᠤᠭᠠᠨ  ᠤ ᠰᠠᠭᠤᠷᠢᠨ᠂ ᠮᠠᠯ ᠳᠠᠷᠢᠶᠠᠯᠠᠩ ᠤᠨ ᠳᠤᠨᠤᠭ ᠳᠥᠬᠦᠬᠡᠷᠥᠮᠵᠢ ᠵᠡᠷᠬᠡ ᠰᠠᠭᠤᠷᠢ ᠳᠥᠬᠦᠬᠡᠷᠥᠮᠵᠢ  ᠶᠢ ᠭᠤᠤᠯᠳᠠᠯᠭ᠎ᠠ ᠲᠠᠢ ᠴᠢᠩᠭᠠᠳᠬᠠᠨ᠎ᠡ ᠳᠠᠷᠢᠮᠠᠯ ᠤᠨ ᠥᠢᠯᠡᠰ ᠨᠢ ᠤᠰᠤᠯᠠᠯᠳᠠ ᠶᠢᠨ ᠭᠠᠵᠠᠷ  ᠂ ᠤᠰᠤ ᠠᠷᠪᠢᠯᠠᠬᠤ ᠤᠰᠤᠯᠠᠯᠳᠠ  ᠂ ᠬᠠᠮᠠᠭᠠᠯᠠᠯᠳᠠ ᠶᠢᠨ ᠭᠠᠵᠠᠷ ᠬᠢᠬᠡᠳ ᠬᠠᠳᠠᠭᠠᠯᠠᠬᠤ ᠳᠥᠬᠦᠬᠡᠷᠥᠮᠵᠢ  ᠶᠢᠨ ᠪᠥᠲᠥᠬᠡᠨ ᠪᠠᠶᠢᠭᠤᠯᠤᠯᠳᠠ  ᠶᠢ ᠭᠤᠤᠯᠳᠠᠯᠭ᠎ᠠ ᠲᠠᠢ ᠴᠢᠩᠭᠠᠳᠬᠠᠨ᠎ᠠ  ᠃ ᠡᠬᠦᠨ ᠤ ᠬᠠᠮᠳᠤ  ᠂ ᠵᠤᠬᠢᠶᠠᠨ ᠪᠠᠶᠢᠭᠤᠯᠤᠯᠳᠠ  ᠶᠢᠨ ᠬᠠᠮᠢᠶᠠᠷᠤᠯᠳᠠ᠂ ᠮᠡᠷᠬᠡᠵᠢᠯ  ᠤᠨ ᠥᠢᠯᠡᠴᠢᠯᠡᠭᠡ ᠶᠢᠨ ᠳᠤᠭᠤᠷᠢᠨ ᠳᠤ  ᠂ ᠲᠥᠷᠥ  ᠶᠢᠨ ᠪᠤᠳᠤᠯᠭ᠎ᠠ ᠪᠤᠯᠤᠨ ᠲᠥᠷᠥᠯ ᠵᠥᠢᠯ  ᠤᠨ ᠱᠠᠭᠠᠷᠳᠠᠯᠭ᠎ᠠ ᠶᠢ ᠴᠢᠩᠭ᠎ᠠ ᠬᠡᠷᠡᠭᠵᠢᠬᠦᠯᠵᠤ  ᠂ ᠰᠤᠳᠤᠨ ᠢᠨᠵᠧᠨᠧᠷᠢᠩ  ᠢ ᠪᠠᠶᠢᠭᠤᠯᠬᠤ ᠪᠠᠷ ᠬᠥᠴᠥᠯᠡᠨ ᠴᠢᠷᠮᠠᠶᠢᠵᠤ᠂ ᠮᠠᠨ  ᠤ ᠠᠶᠢᠮᠠᠭ  ᠤᠨ ᠮᠠᠯ ᠳᠠᠷᠢᠶᠠᠯᠠᠩ ᠤᠨ ᠰᠠᠭᠤᠷᠢ ᠳᠥᠬᠦᠬᠡᠷᠥᠮᠵᠢ  ᠶᠢᠨ ᠨᠥᠬᠦᠴᠡᠯ  ᠢ ᠪᠥᠲᠥᠮᠵᠢᠳᠡᠢ ᠰᠠᠶᠢᠵᠢᠷᠠᠭᠤᠯᠤᠨ᠎ᠠ  ᠃   ( ᠠᠷᠪᠠᠨ ᠭᠤᠷᠪᠠ ) ᠬᠡᠷ ᠪᠥᠯᠢ  ᠶᠢᠨ ᠳᠠᠷᠢᠶᠠᠯᠠᠩ ᠮᠠᠯᠵᠢᠯ  ᠤᠨ ᠳᠠᠯᠠᠪᠠᠢ  ᠂ ᠬᠤᠷᠰᠢᠶ᠎ᠡ  ᠶᠢᠨ ᠪᠥᠲᠥᠬᠡᠨ ᠪᠠᠶᠢᠭᠤᠯᠤᠯᠳᠠ  ᠶᠢ ᠳᠥᠷᠬᠡᠳᠬᠡᠵᠤ  ᠂ ᠮᠠᠯ ᠳᠠᠷᠢᠶᠠᠯᠠᠩ  ᠤᠨ ᠡᠵᠡᠩᠨᠡᠯᠳᠡ  ᠶᠢᠨ ᠭᠤᠤᠯ ᠴᠤᠭᠴᠠ  ᠶᠢᠨ ᠰᠢᠨ᠎ᠡ ᠎ ᠶᠢ ᠡᠬᠦᠳᠥᠨ᠎ᠡ  ᠃ ᠮᠠᠯᠴᠢᠨ ᠳᠠᠷᠢᠶᠠᠴᠢᠨ  ᠤ ᠵᠤᠬᠢᠶᠠᠨ ᠪᠠᠶᠢᠭᠤᠯᠤᠯᠳᠠᠴᠢᠯᠡᠯᠳᠠ  ᠶᠢᠨ ᠬᠡᠮᠵᠢᠶ᠎ᠡ  ᠶᠢ ᠳᠡᠭᠡᠭᠰᠢᠯᠡᠬᠦᠯᠬᠦ  ᠂ ᠰᠤᠯᠢᠯᠴᠠᠭᠠᠨ  ᠤ ᠵᠠᠷᠤᠳᠠᠯ ᠢ ᠪᠠᠭᠠᠰᠬᠠᠬᠤ  ᠂ ᠵᠠᠬ᠎ᠠ ᠳᠡᠯᠬᠡᠬᠦᠷ  ᠤᠨ ᠪᠠᠶᠢᠷᠢ ᠰᠠᠭᠤᠷᠢ  ᠶᠢ ᠳᠡᠭᠡᠭᠰᠢᠯᠡᠬᠦᠯᠬᠦ  ᠂ ᠬᠡᠪᠴᠢᠶᠡᠵᠢᠭᠰᠡᠨ ᠥᠷ᠎ᠡ ᠠᠰᠢᠭ  ᠢ ᠪᠠᠶᠡᠯᠡᠬᠦᠯᠬᠦ ᠵᠡᠷᠬᠡ ᠳᠡᠯ᠎ᠡ ᠪᠠᠷ ᠬᠢ ᠮᠠᠯᠴᠢᠨ ᠳᠠᠷᠢᠶᠠᠴᠢᠨ ᠎ ᠤ ᠬᠤᠷᠰᠢᠶ᠎ᠡ  ᠶᠢᠨ ᠭᠤᠤᠯ ᠵᠢᠯᠤᠭᠤᠳᠬᠤ ᠥᠢᠯᠡᠳᠥᠯ ᠢ ᠬᠥᠢᠴᠡᠳ ᠪᠠᠳᠠᠷᠠᠭᠤᠯᠵᠤ  ᠂ ᠬᠠᠮᠳᠤ  ᠶᠢᠨ ᠠᠵᠤ ᠠᠬᠤᠢ ᠨᠢᠬᠡᠳᠥᠬᠦᠯᠵᠤ ᠳᠠᠶᠢᠯᠬᠦ ᠥᠬᠡᠢ  ᠂ ᠵᠠᠰᠠᠭ  ᠤᠨ ᠤᠷᠳᠤᠨ  ᠤ ᠰᠠᠯᠠᠭ᠎ᠠ ᠮᠥᠴᠢᠷ ᠬᠠᠮᠢᠶᠠᠷᠴᠥ ᠴᠢᠳᠠᠬᠤ ᠥᠭᠡᠢ  ᠂ ᠳ᠋ᠠᠩ ᠭᠠᠭᠴᠠ ᠡᠷᠥᠬᠡ ᠪᠠᠷ ᠬᠢᠵᠤ ᠳᠠᠶᠢᠯᠬᠦ ᠥᠬᠡᠢ ᠶᠠᠪᠤᠳᠠᠯ ᠤᠳ ᠢ ᠪᠥᠲᠥᠮᠵᠢᠳᠡᠢ ᠰᠢᠢᠳᠪᠤᠷᠢᠯᠡᠨ᠎ᠡ  ᠃ ᠬᠡᠷ ᠪᠥᠯᠢ  ᠶᠢᠨ ᠳᠠᠷᠢᠶᠠᠯᠠᠩ ᠮᠠᠯᠵᠢᠯ  ᠤᠨ ᠳᠠᠯᠠᠪᠠᠢ  ᠶᠢ ᠬᠥᠭᠵᠢᠬᠦᠯᠬᠦ ᠳᠥᠯᠥᠪᠵᠢᠬᠦᠯᠬᠡ  ᠂ ᠪᠥᠲᠥᠬᠡᠨ ᠪᠠᠶᠢᠭᠤᠯᠬᠤ ᠪᠠᠷᠢᠮᠵᠢᠶ᠎ᠡ ᠪᠤᠯᠤᠨ ᠳᠡᠮᠵᠢᠬᠦ ᠳᠥᠷᠥ  ᠶᠢᠨ ᠪᠤᠳᠤᠯᠭ᠎ᠠ  ᠶᠢ ᠰᠤᠳᠤᠯᠤᠨ ᠳᠤᠭᠳᠠᠭᠠᠵᠤ  ᠂ ᠨᠤᠳᠤᠭ ᠪᠡᠯᠴᠢᠬᠡᠷ  ᠤᠨ ᠳᠠᠭᠠᠭᠠᠴᠠ ᠪᠠᠷ ᠮᠠᠯ  ᠤᠨ ᠳᠤᠭ᠎ᠠ ᠳᠤᠭᠳᠠᠭᠠᠬᠤ  ᠂ ᠮᠠᠯ ᠪᠡᠯᠴᠢᠬᠡᠷ  ᠤᠨ ᠲᠡᠩᠴᠡᠬᠦᠷᠢ  ᠶᠢ ᠪᠠᠳᠤᠯᠠᠬᠤ  ᠂ ᠳᠤᠭᠤᠷᠢᠭ ᠬᠤᠪᠢᠶᠠᠨ ᠰᠡᠯᠬᠦᠨ ᠮᠠᠯᠵᠢᠬᠤ  ᠶᠢ ᠴᠢᠩᠭ᠎ᠠ ᠬᠡᠷᠡᠭᠵᠢᠬᠦᠯᠵᠤ  ᠂ ᠳᠡᠵᠢᠬᠡᠯ ᠡᠪᠡᠰᠤ ᠪᠤᠷᠳᠤᠭᠠᠨ  ᠤ ᠥᠢᠯᠡᠳᠪᠤᠷᠢᠯᠡᠯ  ᠤᠨ ᠭᠤᠤᠯᠳᠠᠯᠭ᠎ᠠ ᠲᠠᠢ ᠭᠤᠭᠴᠤᠭ᠎ᠠ  ᠶᠢ ᠮᠠᠰᠢᠨᠴᠢᠯᠠᠵᠤ  ᠂ ᠮᠠᠯ ᠰᠥᠷᠥᠭ  ᠤᠨ ᠠᠷᠠᠴᠢᠯᠠᠭ᠎ᠠ ᠮᠠᠯᠵᠢᠯᠠᠭ᠎ᠠ  ᠂ ᠬᠢᠵᠢᠭ ᠰᠡᠷᠬᠡᠶᠢᠯᠡᠯᠳᠡ᠂ ᠬᠡᠬᠡᠯᠳᠥᠯᠬᠡ ᠶᠢ ᠨᠠᠩ ᠳᠥᠬᠦᠮ ᠪᠤᠯᠭᠠᠵᠤ  ᠂ ᠪᠠᠷᠢᠮᠵᠢᠶᠠᠵᠢᠭᠰᠠᠨ ᠥᠢᠯᠡᠳᠪᠤᠷᠢᠯᠡᠯ  ᠂ ᠡᠷᠴᠢᠮᠵᠢᠭᠰᠡᠨ ᠡᠵᠡᠩᠨᠡᠯᠳᠡ  ᠶᠢ ᠪᠡᠶᠡᠯᠡᠬᠦᠯᠵᠤ  ᠂   ᠥᠢᠯᠡᠳᠪᠤᠷᠢᠯᠡᠯ  ᠤᠨ ᠥᠷ᠎ᠡ ᠠᠰᠢᠭ  ᠢ ᠳᠡᠭᠡᠭᠰᠢᠯᠡᠬᠦᠯᠵᠤ  ᠂ ᠮᠠᠯᠴᠢᠨ ᠳᠠᠷᠢᠶᠠᠴᠢᠨ  ᠤ ᠥᠢᠯᠡᠳᠪᠤᠷᠢᠯᠡᠯ ᠠᠮᠢᠳᠤᠷᠠᠯ  ᠤᠨ ᠨᠥᠬᠦᠴᠡᠯ ᠪᠤᠯᠤᠨ ᠤᠷᠴᠢᠨ ᠳᠤᠭᠤᠷᠢᠨ  ᠢ ᠠᠯᠬᠤᠮ ᠠᠯᠬᠤᠮ  ᠢᠶᠠᠷ ᠰᠠᠶᠢᠵᠢᠷᠠᠭᠤᠯᠵᠤ  ᠂ ᠮᠠᠯ ᠠᠵᠤ ᠠᠬᠤᠢ  ᠎ ᠶᠢᠨ ᠥᠷᠬᠦᠯᠵᠢᠯᠡᠭᠰᠡᠨ ᠬᠥᠭᠵᠢᠯᠳᠡ  ᠶᠢ ᠪᠠᠶᠠᠯᠡᠬᠦᠯᠤᠨ᠎ᠡ  ᠃   ( ᠠᠷᠪᠠᠨ ᠳᠥᠷᠪᠡ ) ᠭᠠᠵᠠᠷ ᠰᠢᠷᠥᠢ ᠨᠤᠳᠤᠭ ᠪᠡᠯᠴᠢᠬᠡᠷ  ᠢ ᠰᠢᠯᠵᠢᠬᠦᠯᠬᠦ ᠬᠠᠮᠢᠶᠠᠷᠤᠯᠳᠠ  ᠶᠢ ᠳᠡᠬᠦᠯᠳᠡᠷᠵᠢᠬᠦᠯᠵᠤ  ᠂ ᠵᠤᠬᠢᠬᠤ ᠬᠡᠪᠴᠢᠶᠡᠵᠢᠭᠰᠡᠨ ᠡᠵᠡᠩᠨᠡᠯᠳᠡ  ᠶᠢ ᠢᠳᠡᠪᠬᠢᠳᠡᠢ ᠬᠥᠭᠵᠢᠬᠦᠯᠥᠨ᠎ᠡ᠃        ᠭᠠᠵᠠᠷ ᠰᠢᠷᠥᠢ ᠨᠤᠳᠤᠭ ᠪᠡᠯᠴᠢᠬᠡᠷ  ᠢ ᠰᠢᠯᠵᠢᠬᠦᠯᠬᠦ ᠬᠠᠮᠢᠶᠠᠷᠤᠯᠳᠡ ᠥᠢᠯᠡᠴᠢᠯᠡᠭᠡ  ᠶᠢ ᠴᠢᠩᠭᠠᠳᠬᠠᠵᠤ  ᠂ ᠭᠠᠵᠠᠷ ᠰᠢᠷᠥᠢ ᠨᠤᠳᠤᠭ ᠪᠡᠯᠴᠢᠬᠡᠷ  ᠢ ᠰᠢᠯᠵᠢᠬᠦᠯᠬᠦ ᠵᠠᠬ᠎ᠠ ᠳᠡᠯᠬᠡᠬᠦᠷ ᠪᠠᠶᠢᠭᠤᠯᠵᠤ  ᠂ ᠮᠠᠯᠴᠢᠨ ᠳᠠᠷᠢᠶ᠋ᠴᠢᠨ ᠭᠠᠵᠠᠷ ᠰᠢᠷᠥᠢ ᠨᠤᠳᠤᠭ ᠪᠡᠯᠴᠢᠬᠡᠷ  ᠤᠨ ᠡᠵᠡᠩᠨᠡᠯᠳᠡ  ᠶᠢᠨ ᠡᠷᠬᠡ ᠪᠠᠨ ᠬᠠᠤᠯᠢ ᠶᠤᠰᠤᠭᠠᠷ  ᠂ ᠰᠠᠶᠢᠨ ᠳᠤᠷ᠎ᠡ ᠠᠴᠠ ᠪᠠᠨ  ᠂ ᠥᠨ᠎ᠡ ᠳᠥᠯᠥᠪᠤᠷᠢ ᠲᠠᠢ ᠪᠠᠷ ᠰᠢᠯᠵᠢᠬᠦᠯᠬᠦ  ᠶᠢ ᠵᠤᠷᠢᠭᠵᠢᠭᠤᠯᠤᠨ᠎ᠡ  ᠃ ᠬᠡᠪᠴᠢᠶᠡᠵᠢᠭᠰᠡᠨ ᠡᠵᠡᠩᠨᠡᠯᠳᠡ  ᠶᠢ ᠢᠳᠡᠪᠬᠢᠳᠡᠢ ᠳᠥᠯᠬᠢᠨ ᠠᠬᠢᠭᠤᠯᠵᠤ  ᠂ ᠥᠷᠢᠰᠥᠯᠳᠥᠬᠦ ᠳᠤᠭᠳᠠᠴᠠ  ᠶᠢ ᠳᠠᠳᠠᠨ ᠤᠷᠤᠭᠤᠯᠵᠤ  ᠂ ᠳᠡᠷᠢᠵᠤ ᠳᠡᠵᠢᠬᠡᠬᠦ ᠴᠢᠳᠠᠪᠤᠷᠢᠳᠠᠨ ᠬᠢᠬᠡᠳ ᠴᠢᠳᠠᠪᠤᠷᠢ ᠲᠠᠢ  ᠂ ᠨᠥᠬᠦᠴᠡᠯ ᠲᠠᠢ ᠳᠤᠮᠳᠠ ᠵᠢᠵᠢᠭ ᠮᠠᠯᠴᠢᠨ ᠳᠠᠷᠢᠶᠠᠴᠢᠨ ᠡᠷᠥᠬᠡ ᠎ ᠶᠢ ᠵᠢᠯᠤᠭᠤᠳᠤᠨ ᠳᠡᠮᠵᠢᠵᠤ ᠬᠡᠷ ᠪᠥᠯᠢ  ᠶᠢᠨ ᠳᠠᠷᠢᠶᠠᠯᠠᠩ ᠮᠠᠯᠵᠢᠯ  ᠤᠨ ᠳᠠᠯᠠᠪᠠᠢ  ᠂ ᠳᠡᠷᠢᠵᠤ ᠳᠡᠵᠢᠬᠡᠬᠦ ᠳᠤᠰᠬᠠᠢ ᠡᠷᠥᠬᠡ  ᠂ ᠬᠤᠷᠰᠢᠶ᠎ᠡ ᠵᠥᠭ ᠬᠥᠭᠵᠢᠬᠦᠯᠵᠤ᠂ ᠭᠠᠵᠠᠷ ᠰᠢᠷᠥᠢ ᠨᠤᠳᠤᠭ ᠪᠡᠯᠴᠢᠬᠡᠷ  ᠢ ᠳᠤᠰᠠᠬᠠᠢ ᠬᠤᠷᠰᠢᠶ᠎ᠡ  ᠂ ᠳᠡᠷᠢᠵᠤ ᠳᠡᠵᠢᠬᠡᠬᠦ ᠳᠤᠮᠤ ᠡᠷᠥᠬᠡ ᠪᠤᠯᠤᠨ ᠬᠡᠷ ᠪᠥᠯᠢ  ᠶᠢᠨ ᠳᠠᠷᠢᠶᠠᠯᠠᠩ ᠮᠠᠯᠵᠢᠯ  ᠤᠨ ᠳᠠᠯᠠᠪᠠᠢ ᠵᠥᠭ ᠰᠢᠯᠵᠢᠬᠦᠯᠥᠨ ᠳᠥᠪᠯᠡᠷᠡᠬᠦᠯᠵᠤ  ᠂ ᠵᠤᠬᠢᠬᠤ ᠬᠡᠪᠴᠢᠶᠡᠨ  ᠤ ᠡᠵᠡᠩᠨᠡᠯᠳᠡ  ᠶᠢ ᠳᠥᠯᠬᠢᠨ ᠠᠬᠢᠭᠤᠯᠤᠨ᠎ᠡ  ᠃   ( ᠠᠷᠪᠠᠨ ᠳᠠᠪᠤ ) ᠮᠠᠯ ᠳᠠᠷᠢᠶᠠᠯᠠᠩ  ᠤᠨ ᠰᠢᠨᠵᠢᠯᠡᠬᠦ ᠤᠬᠠᠭᠠᠨ ᠮᠡᠷᠬᠡᠵᠢᠯ  ᠤᠨ ᠳᠤᠯᠭᠠᠭᠤᠷᠢ  ᠶᠢ ᠴᠢᠩᠭᠠᠳᠬᠠᠵᠤ  ᠂ ᠮᠠᠯ ᠳᠠᠷᠢᠶᠠᠯᠠᠩ  ᠤᠨ ᠡᠳ᠋ ᠪᠤᠳᠠᠰ  ᠤᠨ ᠳᠤᠨᠤᠭᠯᠠᠯ ᠬᠢᠬᠡᠳ ᠮᠡᠳᠡᠭᠡ ᠵᠠᠩᠬᠢᠵᠢᠯᠳᠡ  ᠶᠢᠨ ᠬᠢᠷᠢ ᠳᠥᠪᠰᠢᠨ  ᠢ ᠳᠡᠭᠡᠭᠰᠢᠯᠡᠬᠦᠯᠤᠨ᠎ᠡ  ᠃ ᠨᠢᠬᠡ  ᠳᠤ ᠮᠠᠯ ᠳᠠᠷᠢᠶᠠᠯᠠᠩ  ᠤᠨ ᠰᠢᠨᠵᠢᠯᠡᠬᠦ ᠤᠬᠠᠭᠠᠨ ᠰᠤᠷᠭᠠᠨ ᠬᠥᠮᠥᠵᠢᠯ ᠎ ᠤᠨ ᠠᠵᠢᠯ  ᠢ ᠴᠢᠩᠭᠠᠳᠬᠠᠨ᠎ᠠ  ᠃ ᠮᠠᠯᠴᠢᠨ ᠳᠠᠷᠢᠶᠠᠴᠢᠨ  ᠤ ︽ᠨᠡᠷᠡᠨ ᠬᠡᠷᠡᠯ ᠢᠨᠵᠧᠨᠧᠷᠢᠩ ︾᠎ ᠤᠨ ᠪᠤᠯᠪᠠᠰᠤᠷᠠᠯ ᠎ ᠢ ᠰᠠᠶᠢᠳᠤᠷ ᠵᠤᠬᠢᠶᠠᠨ ᠪᠠᠶᠢᠭᠤᠯᠤᠨ ᠬᠡᠷᠡᠭᠵᠢᠬᠦᠯᠵᠤ  ᠂ ᠮᠠᠯ ᠳᠠᠷᠢᠶᠠᠯᠠᠩ  ᠤᠨ ᠬᠡᠷᠡᠭᠯᠡᠬᠡᠨ  ᠤ ᠴᠢᠳᠠᠪᠤᠷᠢᠳᠡᠨ  ᠂ ᠥᠨᠳᠥᠰᠥᠨ ᠱᠠᠳᠤᠨ  ᠤ ᠮᠠᠯ ᠳᠠᠷᠢᠶᠠᠯᠠᠩ  ᠤᠨ ᠮᠡᠷᠬᠡᠵᠢᠯᠳᠡᠨ  ᠂ ᠮᠠᠯᠴᠢᠨ ᠳᠠᠷᠢᠶᠠᠴᠢᠨ ᠵᠠᠭᠤᠴᠢᠯᠠᠭᠴᠢ  ᠂ ᠳᠠᠭᠠᠭᠤᠯᠤᠭᠴᠢ ᠪᠤᠯᠤᠨ ᠳᠤᠰᠬᠠᠢ ᠬᠤᠷᠰᠢᠬᠤ ᠵᠤᠬᠢᠶᠠᠨ ᠪᠠᠶᠢᠭᠤᠯᠤᠯᠳᠠ  ᠶᠢᠨ ᠡᠬᠦᠳᠥᠭᠴᠢ ᠵᠡᠷᠬᠡ ᠰᠢᠨ᠎ᠡ ᠮᠠᠶ᠋ᠢᠭ ᠎ ᠤᠨ ᠠᠵᠢᠯ ᠮᠡᠷᠬᠡᠵᠢᠯ  ᠤᠨ ᠮᠠᠯᠴᠢᠨ ᠳᠠᠷᠢᠶᠠᠴᠢᠨ  ᠢ ᠭᠤᠤᠯᠳᠠᠯᠭ᠎ᠠ ᠲᠠᠢ ᠪᠤᠯᠪᠠᠰᠤᠷᠠᠭᠤᠯᠤᠨ᠎ᠡ  ᠃ ᠬᠤᠶᠠᠷ ᠲᠤ ᠳᠡᠬᠡᠳᠤ ᠵᠡᠷᠬᠡ  ᠶᠢᠨ ᠰᠤᠷᠭᠠᠭᠤᠯᠢ ᠪᠤᠯᠤᠨ ᠡᠷᠳᠡᠮ ᠰᠢᠨᠵᠢᠯᠡᠬᠡᠨ  ᠤ ᠬᠥᠷᠢᠶᠡᠯᠡᠩ ᠲᠠᠢ ᠬᠤᠷᠰᠢᠬᠤ  ᠶᠢ ᠴᠢᠩᠭᠠᠳᠬᠠᠵᠤ  ᠂ ᠤᠯᠠᠨ ᠰᠡᠬᠡᠷ ᠨᠢᠷᠤᠭᠤ  ᠂ ᠤᠯᠠᠨ ᠬᠠᠪᠢᠷᠭ᠎ᠠ ᠤᠯᠠᠨ ᠢᠬᠢᠷᠯᠡᠬᠦ ᠬᠤᠨᠢ  ᠎ ᠶᠢ ᠰᠤᠩᠭᠤᠨ ᠪᠤᠶᠢᠵᠢᠭᠤᠯᠵᠤ  ᠂ ᠪᠥᠲᠥᠬᠦᠨ ᠰᠡᠬᠦᠯᠳᠤ ᠢᠳᠡᠰᠢᠨ ᠬᠤᠨᠢᠨ  ᠤ ᠰᠤᠳᠤᠯᠤᠯᠳᠠ ᠠᠰᠢᠭᠯᠠᠯᠳᠠ  ᠶᠢ ᠥᠷᠨᠢᠬᠦᠯᠥᠨ᠎ᠡ  ᠃ ᠭᠤᠷᠪᠡ  ᠳᠤ ᠬᠥᠮᠥᠨ ᠳᠤᠮᠳᠠᠴᠢ 2 ᠮᠤ᠋ ᠤᠰᠤᠯᠠᠯᠳᠠ ᠶᠢᠨ ᠭᠠᠵᠠᠷ  ᠤᠨ ᠳᠤᠭᠤᠷᠢᠨ  ᠳᠤ  ᠂ ᠤᠰᠤ ᠠᠷᠪᠢᠯᠠᠬᠤ ᠤᠰᠤᠯᠠᠯᠳᠠ  ᠂ ᠰᠥᠯᠢᠶᠤᠤ ᠪᠥᠷᠬᠦᠪᠴᠢ  ᠂ ᠰᠢᠷᠥᠢ  ᠶᠢᠨ ᠴᠢᠨᠠᠷ  ᠢ ᠥᠨᠳᠥᠰᠥᠯᠡᠨ ᠪᠤᠷᠳᠤᠭᠤᠷ ᠬᠢᠬᠦ ᠵᠡᠷᠬᠡ ᠮᠡᠷᠬᠡᠵᠢᠯ  ᠢ ᠶᠡᠬᠡᠪᠡᠷ ᠳᠥᠬᠡᠮᠡᠯᠵᠢᠬᠦᠯᠤᠨ᠎ᠡ  ᠃ ᠳᠥᠷᠪᠡ  ᠳᠤ ᠥᠨᠳᠥᠰᠥᠨ ᠱᠠᠳᠤᠨ  ᠤ ᠮᠠᠯ ᠳᠠᠷᠢᠶᠠᠯᠠᠩ ᠰᠢᠨᠵᠢᠯᠡᠬᠦ ᠤᠬᠠᠭᠠᠨ ᠮᠡᠷᠬᠡᠵᠢᠯ  ᠎ ᠢ ᠳᠥᠬᠡᠮᠡᠯᠵᠢᠬᠦᠯᠬᠦ ᠰᠢᠰᠲ᠋ᠧᠮ  ᠤᠨ ᠪᠥᠲᠥᠬᠡᠨ ᠪᠠᠶᠢᠭᠤᠯᠤᠯᠳᠠ ᠶᠢ ᠥᠷᠬᠦᠯᠵᠢᠯᠡᠨ ᠴᠢᠩᠭᠠᠳᠬᠠᠵᠤ  ᠂ ᠮᠠᠯ ᠳᠠᠷᠢᠶᠠᠯᠠᠩ  ᠤᠨ ᠡᠷᠳᠡᠮ ᠰᠢᠨᠵᠢᠯᠡᠬᠡᠨ  ᠤ ᠳᠥᠬᠡᠮᠡᠯᠵᠢᠬᠦᠯᠥᠯᠳᠡ ᠪᠤᠯᠤᠨ ᠳᠤᠷᠰᠢᠯᠳᠡ ᠬᠢᠵᠤ ᠵᠠᠱᠢᠶ᠎ᠡ ᠥᠵᠡᠬᠦᠯᠬᠦ  ᠶᠢ ᠤᠷᠭᠠᠨᠢᠭ  ᠢᠶᠠᠷ ᠤᠶᠠᠯᠳᠤᠭᠤᠯᠵᠤ  ᠂ ᠳᠡᠷᠢᠬᠦᠨ  ᠤ ᠬᠡᠷᠡᠭᠯᠡᠬᠡᠨ  ᠤ ᠮᠡᠷᠬᠡᠵᠢᠯ  ᠢ ᠳᠥᠬᠡᠮᠡᠯᠵᠢᠬᠦᠯᠵᠤ  ᠂ ᠮᠡᠷᠬᠡᠵᠢᠯ  ᠤᠨ ᠥᠷ᠎ᠡ ᠪᠥᠲᠥᠬᠡᠯ  ᠢ ᠳᠠᠷᠤᠢ ᠳᠥᠷᠬᠡᠨ ᠥᠢᠯᠡᠳᠪᠤᠷᠢᠯᠡᠯ  ᠤᠨ ᠬᠥᠴᠥᠨ ᠪᠤᠯᠭᠠᠨ ᠬᠤᠪᠢᠷᠠᠭᠤᠯᠤᠨ᠎ᠡ  ᠃ ᠳᠠᠪᠤ  ᠳᠤ  ᠂ ᠮᠠᠯ ᠳᠠᠷᠢᠶᠠᠯᠠᠩ  ᠤᠨ ᠮᠠᠰᠢᠨᠴᠢᠯᠡᠯᠳᠡ  ᠶᠢᠨ ᠳᠤᠨᠤᠭ ᠳᠥᠬᠦᠬᠡᠷᠥᠮᠵᠢ ᠎ ᠶᠢᠨ ᠪᠥᠲᠥᠴᠠ  ᠶᠢ ᠤᠯᠠᠮ ᠰᠠᠶᠢᠵᠢᠷᠠᠭᠤᠯᠵᠤ  ᠂ ᠳᠡᠷᠢᠬᠦᠨ  ᠤ ᠬᠡᠷᠡᠭᠯᠡᠬᠡᠨ  ᠤ ᠮᠠᠰᠢᠨ ᠳᠤᠨᠤᠭ  ᠤᠨ ᠵᠢᠱᠢᠶ᠎ᠡ ᠥᠵᠡᠬᠦᠯᠬᠦ ᠳᠥᠬᠡᠮᠡᠯᠵᠢᠬᠦᠯᠥᠯᠳᠡ  ᠶᠢ ᠥᠨᠡᠨᠬᠦ ᠴᠢᠩᠭᠠᠳᠬᠠᠵᠤ  ᠂ ᠭᠤᠤᠯᠳᠠᠯᠭ᠎ᠠ ᠲᠠᠢ ᠠᠵᠤ ᠥᠢᠯᠡᠰ  ᠤᠨ ᠥᠢᠯᠡᠳᠪᠤᠷᠢᠯᠡᠯ  ᠤᠨ ᠮᠠᠰᠢᠨᠴᠢᠯᠠᠯᠳᠠ  ᠶᠢᠨ ᠬᠢᠷᠢ ᠳᠥᠪᠰᠢᠨ  ᠢ ᠳᠡᠭᠡᠭᠰᠢᠯᠡᠬᠦᠯᠤᠨ᠎ᠡ  ᠃ ᠵᠢᠷᠭᠤᠭ᠎ᠠ  ᠳᠤ ᠮᠡᠳᠡᠭᠡ ᠵᠠᠩᠬᠢ  ᠶᠢᠨ ᠥᠢᠯᠡᠴᠢᠯᠡᠬᠡᠨ  ᠤ ᠰᠠᠭᠤᠷᠢ ᠳᠥᠬᠦᠬᠡᠷᠥᠮᠵᠢ  ᠶᠢᠨ ᠪᠥᠲᠥᠬᠡᠨ ᠪᠠᠶᠢᠭᠤᠯᠤᠯᠳᠠ  ᠶᠢ ᠴᠢᠩᠭᠠᠳᠬᠠᠵᠤ  ᠂ ᠮᠠᠯ ᠳᠠᠷᠢᠶᠠᠯᠠᠩ  ᠳᠤ ᠬᠤᠯᠪᠤᠭᠳᠠᠭᠰᠠᠨ ᠮᠡᠳᠡᠭᠡ ᠵᠠᠩᠬᠢ  ᠶᠢᠨ ᠡᠬᠢ ᠰᠤᠷᠪᠤᠯᠵᠢ  ᠶᠢ ᠴᠤᠮᠬᠤᠳᠬᠠᠵᠤ  ᠂ ᠥᠢᠯᠡᠴᠢᠯᠡᠬᠡᠨ  ᠤ ᠬᠡᠪ ᠵᠠᠭᠪᠤᠷ  ᠎ ᠤᠨ ᠰᠢᠨ᠎ᠡ  ᠶᠢ ᠡᠬᠦᠳᠴᠥ  ᠂ ᠭᠤᠤᠯᠳᠠᠯᠭ᠎ᠠ ᠲᠠᠢ ᠠᠵᠤ ᠥᠢᠯᠡᠰ  ᠤᠨ ᠡᠯᠧᠺᠲᠷᠥᠨ ᠳᠠᠪᠴᠠᠩ  ᠢ ᠪᠠᠶᠢᠭᠤᠯᠵᠤ  ᠂ ᠮᠠᠯ ᠳᠠᠷᠢᠶᠠᠯᠠᠩ  ᠤᠨ ᠮᠡᠳᠡᠭᠡ ᠵᠠᠩᠬᠢ  ᠶᠢ ᠴᠤᠭᠯᠠᠭᠤᠯᠬᠤ ᠪᠠ ᠨᠡᠶᠢᠳᠡᠯᠡᠬᠦ  ᠂ ᠰᠥᠯᠵᠢᠶᠡᠨ ᠳᠡᠬᠡᠷ᠎ᠡ ᠠᠷᠠᠯᠵᠢᠶᠠᠯᠠᠬᠤ ᠳᠥᠷᠢᠮ  ᠢ ᠪᠥᠷᠢᠨᠰᠢᠬᠦᠯᠵᠤ  ᠂ ᠮᠡᠳᠡᠭᠡ ᠵᠠᠩᠬᠢ  ᠶᠢ ᠭᠠᠴᠠᠭ᠎ᠠ ᠳᠤᠰᠬᠤᠨ᠂ ᠮᠠᠯᠴᠢᠨ ᠳᠠᠷᠢᠶᠠᠴᠢᠨ ᠡᠷᠥᠬᠡ  ᠳᠤ ᠨᠡᠪᠳᠡᠷᠡᠬᠦᠯᠬᠦ  ᠶᠢ ᠳᠥᠯᠬᠢᠨ ᠠᠬᠢᠭᠤᠯᠤᠨ᠎ᠡ  ᠃   ( ᠠᠷᠪᠠᠨ ᠵᠢᠷᠭᠤᠭ᠎ᠠ ) ᠮᠠᠯ  ᠤᠨ ᠠᠰᠢᠭ ᠰᠢᠮ᠎ᠡ ᠳᠠᠷᠢᠶᠠᠯᠠᠩ  ᠤᠨ ᠭᠠᠷᠤᠯᠳᠠ  ᠶᠢᠨ ᠪᠠᠷᠢᠮᠵᠢᠶᠠᠵᠢᠭᠰᠠᠨ ᠥᠢᠯᠡᠳᠪᠤᠷᠢᠯᠡᠯ  ᠢ ᠴᠢᠩᠭᠠᠳᠬᠠᠵᠤ  ᠂ ᠢᠳᠡᠬᠡᠨ  ᠤ ᠵᠥᠢᠯ  ᠤᠨ ᠠᠶᠤᠯᠬᠦᠢ  ᠶᠢ ᠪᠠᠳᠤᠯᠠᠨ᠎ᠠ᠃ ᠮᠠᠯ ᠳᠠᠷᠢᠶᠠᠯᠠᠩ ᠎ ᠤᠨ ᠪᠠᠷᠢᠮᠵᠢᠶᠠᠳᠤ ᠰᠢᠰᠲ᠋ᠧᠮ  ᠢ ᠪᠠᠶᠢᠭᠤᠯᠤᠨ ᠪᠥᠷᠢᠨᠰᠢᠬᠦᠯᠵᠤ  ᠂ ᠭᠤᠤᠯᠳᠠᠯᠭ᠎ᠠ ᠲᠠᠢ ᠭᠠᠵᠠᠷ ᠤᠷᠤᠨ  ᠂ ᠲᠥᠷᠥᠯ ᠵᠥᠢᠯ  ᠂ ᠭᠤᠭᠴᠤᠭ᠎ᠠ ᠪᠤᠯᠤᠨ ᠠᠵᠤ ᠠᠬᠤᠢᠢᠯᠠᠯ  ᠳᠤ  ᠂ ᠪᠠᠷᠢᠮᠵᠢᠶᠠᠵᠢᠭᠰᠠᠨ ᠥᠢᠯᠡᠳᠪᠤᠷᠢᠯᠡᠯ ᠪᠤᠯᠤᠨ ᠬᠠᠮᠢᠶᠠᠷᠤᠯᠳᠠ  ᠶᠢ ᠳᠥᠷᠬᠡᠨ ᠠᠬᠢᠭᠤᠯᠤᠨ᠎ᠡ  ᠃ ᠳᠤᠯᠤᠭᠠᠢᠢᠯᠠᠭᠴᠢ ᠠᠵᠤ ᠠᠬᠤᠢᠢᠯᠠᠯ  ᠂ ᠮᠠᠯᠴᠢᠨ ᠳᠠᠷᠢᠶᠠᠴᠢᠨ  ᠤ ᠳᠤᠰᠬᠠᠢ ᠬᠤᠷᠰᠢᠶ᠎ᠡ  ᠂ ᠰᠢᠨᠵᠢᠯᠡᠬᠦ ᠤᠬᠠᠭᠠᠨ ᠮᠡᠷᠬᠡᠵᠢᠯ  ᠤᠨ ᠵᠢᠱᠢᠶ᠎ᠡ ᠥᠵᠡᠬᠦᠯᠬᠦ ᠡᠷᠥᠬᠡ ᠪᠤᠯᠤᠨ ᠳᠡᠷᠢᠵᠤ ᠳᠡᠵᠢᠬᠡᠬᠦ ᠳᠤᠮᠤ ᠡᠷᠥᠬᠡ  ᠶᠢ ᠳᠡᠮᠵᠢᠵᠤ ᠪᠠᠷᠢᠮᠵᠢᠶᠠᠵᠢᠭᠰᠠᠨ ᠥᠢᠯᠡᠳᠪᠤᠷᠢᠯᠡᠯ  ᠢ ᠳᠥᠷᠥᠬᠦᠯᠥᠨ ᠬᠡᠷᠡᠭᠵᠢᠬᠦᠯᠥᠨ᠎ᠡ  ᠃ ᠡᠯ᠎ᠡ ᠵᠥᠢᠯ  ᠤᠨ ᠳᠡᠷᠢᠵᠤ ᠳᠡᠵᠢᠬᠡᠬᠦ ᠡᠳ᠋ᠰᠢᠬᠦᠯᠥᠨ ᠪᠤᠯᠪᠠᠰᠤᠷᠠᠭᠤᠯᠬᠤ ᠠᠵᠤ ᠠᠬᠤᠢᠢᠯᠡᠯ  ᠂ ᠰᠠᠭᠤᠷᠢᠨ ᠪᠤᠯᠤᠨ ᠮᠠᠯᠴᠢᠨ ᠡᠷᠥᠬᠡ ᠵᠠᠷᠤᠴᠠᠭᠤᠯᠬᠤ ᠪᠤᠷᠤᠯᠠᠭᠤᠯᠬᠤ ᠡᠯ᠎ᠡ ᠭᠤᠭᠴᠤᠭᠠᠨ  ᠳᠤ ᠬᠠᠷᠢᠯᠴᠠᠨ ᠬᠠᠮᠵᠢᠯᠴᠠᠨ ᠳᠡᠮᠵᠢᠬᠦ ᠡᠷᠴᠢᠮ ᠎ ᠢᠶᠠᠨ ᠴᠢᠩᠭᠠᠷᠠᠭᠤᠯᠬᠤ  ᠶᠢ ᠵᠤᠷᠢᠭᠵᠢᠭᠤᠯᠵᠤ  ᠂ ᠰᠢᠯᠢ  ᠶᠢᠨ ᠭᠤᠤᠯ ᠠᠶᠢᠮᠠᠭ  ᠤᠨ ᠮᠠᠯ  ᠤᠨ ᠠᠰᠢᠭ ᠰᠢᠮ᠎ᠡ ᠳᠠᠷᠢᠶᠠᠯᠠᠩ  ᠤᠨ ᠭᠠᠷᠤᠯᠳᠠ  ᠤᠨ ᠶᠠᠰᠤ ᠴᠢᠨᠠᠷ  ᠤᠨ ᠠᠶᠤᠯᠬᠦᠢ  ᠶᠢ ᠮᠥᠷᠳᠡᠨ ᠪᠠᠶᠢᠴᠠᠭᠠᠬᠤ ᠳᠥᠷᠢᠮ  ᠢ ᠳᠤᠭᠳᠠᠭᠠᠵᠤ  ᠂ ᠮᠠᠨ  ᠤ ᠠᠶᠢᠮᠠᠭ  ᠤᠨ ᠮᠠᠯ  ᠤᠨ ᠠᠰᠢᠭ ᠰᠢᠮ᠎ᠡ ᠳᠠᠷᠢᠶᠠᠯᠠᠩ  ᠤᠨ ᠭᠠᠷᠤᠯᠳᠠ   ᠎ ᠶᠢᠨ ᠶᠠᠰᠤ ᠴᠢᠨᠠᠷ  ᠶᠢ ᠰᠢᠯᠭᠠᠨ ᠪᠠᠶᠢᠴᠠᠭᠠᠬᠤ ᠪᠠᠶᠢᠭᠤᠯᠤᠮᠵᠢ  ᠶᠢ ᠪᠥᠷᠢᠨᠰᠢᠬᠦᠯᠵᠤ᠂ ᠵᠠᠬ᠎ᠠ ᠳᠡᠯᠬᠡᠬᠦᠷ  ᠤᠨ ᠰᠤᠭᠤᠴᠠᠨ ᠪᠠᠶᠢᠴᠠᠭᠠᠬᠤ ᠪᠠ ᠬᠢᠨᠡᠯᠳᠡ ᠳᠠᠯᠪᠢᠬᠤ ᠡᠷᠴᠢᠮ  ᠢ ᠴᠢᠩᠭᠠᠯᠠᠵᠤ  ᠂ ᠰᠢᠯᠢ  ᠶᠢᠨ ᠭᠤᠤᠯ ᠠᠶᠢᠮᠠᠭ  ᠤᠨ ᠮᠠᠯ  ᠤᠨ ᠠᠰᠢᠭ ᠰᠢᠮ᠎ᠡ ᠳᠠᠷᠢᠶᠠᠯᠠᠩ  ᠤᠨ ᠭᠠᠷᠤᠯᠳᠠ ᠠᠶᠤᠯᠬᠦᠢ ᠪᠠᠷ ᠵᠠᠬ᠎ᠠ ᠳᠡᠯᠬᠡᠬᠦᠷ ᠲᠤ ᠭᠠᠷᠴᠥ  ᠂ ᠬᠠᠭᠤᠷᠮᠠᠭ ᠵᠥᠢᠯ ᠎ ᠢᠶᠠᠷ ᠤᠷᠤᠯᠠᠭᠤᠭᠳᠠᠨ ᠨᠥᠯᠥᠬᠡᠯᠡᠭᠳᠡᠬᠦ ᠥᠬᠡᠢ ᠪᠠᠶᠢᠬᠤ  ᠶᠢ ᠪᠠᠳᠤᠯᠠᠵᠤ  ᠂ ᠰᠢᠯᠢ  ᠶᠢᠨ ᠭᠤᠤᠯ ᠠᠶᠢᠮᠠᠭ  ᠤᠨ ᠮᠠᠯ ᠎ ᠤᠨ ᠠᠰᠢᠭ ᠰᠢᠮ᠎ᠡ ᠳᠠᠷᠢᠶᠠᠯᠠᠩ  ᠤᠨ ᠭᠠᠷᠤᠯᠳᠠ ᠳᠤᠳᠤᠷ᠎ᠡ ᠤᠷᠤᠨ  ᠤ ᠵᠠᠬ᠎ᠠ ᠳᠡᠯᠬᠡᠬᠦᠷ  ᠲᠠᠬᠢ ᠥᠷᠢᠰᠥᠯᠳᠥᠬᠦ ᠬᠥᠴᠥᠨ  ᠢᠶᠠᠨ ᠳᠡᠭᠡᠭᠰᠢᠯᠡᠬᠦᠯᠬᠦ  ᠶᠢ ᠪᠠᠳᠤᠯᠠᠵᠤ  ᠂ ᠨᠡᠷᠡᠳᠤ ᠪᠥᠲᠥᠬᠡᠭᠳᠡᠬᠦᠨ  ᠢ ᠪᠤᠷᠤᠯᠠᠭᠤᠯᠵᠤ  ᠂ ᠰᠢᠯᠢᠳᠡᠭ ᠴᠢᠨᠠᠷ ᠰᠠᠶᠢᠨ ᠥᠨ᠎ᠡ  ᠶᠢ ᠪᠡᠶᠡᠯᠡᠬᠦᠯᠬᠦ ᠪᠠᠷ ᠬᠥᠴᠥᠯᠡᠨ ᠴᠢᠷᠮᠡᠶᠢᠨ᠎ᠡ  ᠃   ( ᠠᠷᠪᠠᠨ ᠳᠤᠯᠤᠭ᠎ᠠ ) ᠳᠤᠯᠤᠭᠠᠢᠢᠯᠠᠭᠴᠢ ᠠᠵᠤ ᠠᠬᠤᠢᠢᠯᠠᠯ  ᠢ ᠢᠳᠡᠪᠬᠢᠳᠡᠢ ᠪᠤᠶᠢᠵᠢᠭᠤᠯᠵᠤ  ᠂ ᠮᠠᠯ ᠳᠠᠷᠢᠶᠠᠯᠠᠩ  ᠤᠨ ᠠᠵᠤ ᠥᠢᠯᠡᠰᠵᠢᠭᠰᠡᠨ ᠡᠵᠡᠩᠨᠡᠯᠳᠡ  ᠶᠢᠨ ᠳᠤᠯᠭᠠᠭᠤᠷᠢ  ᠶᠢᠨ ᠬᠢᠷᠢ ᠳᠥᠪᠰᠢᠨ  ᠢ ᠬᠥᠴᠥᠯᠠᠨ ᠳᠡᠭᠡᠭᠰᠢᠯᠡᠬᠦᠯᠥᠨ᠎ᠡ  ᠃ ᠮᠠᠯ ᠳᠠᠷᠢᠶᠠᠯᠠᠩ  ᠤᠨ ᠠᠵᠤ ᠥᠢᠯᠡᠰᠵᠢᠭᠰᠡᠨ ᠡᠵᠡᠩᠨᠡᠯᠳᠡ  ᠶᠢ ᠳᠡᠮᠵᠢᠬᠦ ᠡᠯ᠎ᠡ ᠵᠥᠢᠯ  ᠤᠨ ᠲᠥᠷᠥ  ᠶᠢᠨ ᠪᠤᠳᠤᠯᠭ᠎ᠠ  ᠶᠢ ᠨᠠᠶᠢᠳᠠᠪᠤᠷᠢᠵᠢᠭᠤᠯᠵᠤ  ᠂ ᠡᠳ᠋  ᠤᠨ ᠵᠠᠰᠠᠭ  ᠤᠨ ᠳᠡᠮᠵᠢᠬᠦ ᠪᠡᠯᠡ ᠤᠷᠤᠭᠤᠯᠤᠯᠳᠠ ᠎ ᠶᠢᠨ ᠬᠡᠪ ᠵᠠᠭᠪᠤᠷ  ᠤᠨ ᠰᠢᠨ᠎ᠡ  ᠶᠢ ᠡᠬᠦᠳᠴᠥ  ᠂ ᠬᠥᠥ ᠮᠥᠩᠬᠦ ᠠᠪᠬᠤ ᠥᠬᠡᠢ ᠨᠥᠬᠦᠪᠤᠷᠢ  ᠂ ᠪᠡᠯᠡ ᠮᠥᠩᠬᠦ ᠪᠠᠷ ᠬᠤᠪᠢ ᠤᠷᠤᠭᠤᠯᠬᠤ  ᠂ ᠭᠠᠶᠢᠯᠢ ᠳᠠᠳᠠᠪᠤᠷᠢ  ᠶᠢᠨ ᠬᠠᠷᠠᠭᠠᠯᠵᠠᠯ ᠵᠡᠷᠬᠡ ᠬᠡᠯᠪᠡᠷᠢ ᠪᠠᠷ ᠳᠠᠮᠵᠢᠭᠤᠯᠤᠨ  ᠂ ᠨᠢᠬᠡ ᠪᠥᠯᠥᠭ ᠡᠬᠢᠯᠡᠯᠳᠡ  ᠶᠢᠨ ᠴᠡᠭ ᠥᠨᠳᠥᠷ  ᠂ ᠬᠥᠭᠵᠢᠯᠳᠡ  ᠶᠢᠨ ᠬᠠᠨᠳᠤᠰᠢ ᠲᠠᠢ  ᠂ ᠳᠠᠶᠢᠴᠢᠯᠠᠬᠤ ᠬᠥᠴᠥᠨ ᠳᠡᠬᠦᠯᠳᠡᠷ ᠮᠠᠯ ᠳᠠᠷᠢᠶᠠᠯᠠᠩ  ᠤᠨ ᠠᠵᠤ ᠥᠢᠯᠡᠰᠵᠢᠭᠰᠡᠨ ᠳᠤᠯᠤᠭᠠᠢᠢᠯᠠᠭᠴᠢ ᠠᠵᠤ ᠠᠬᠤᠢᠢᠯᠠᠯ  ᠢ ᠢᠳᠡᠪᠬᠢᠳᠡᠢ ᠳᠠᠳᠠᠨ ᠤᠷᠤᠭᠤᠯᠵᠤ ᠪᠤᠶᠢᠵᠢᠭᠤᠯᠤᠨ᠎ᠡ  ᠃ ᠠᠵᠤ ᠥᠢᠯᠡᠰ  ᠢ ᠳᠥᠪᠯᠡᠷᠡᠬᠦᠯᠬᠦ  ᠂ ᠠᠵᠤ ᠥᠢᠯᠡᠰ  ᠢ ᠤᠷᠳᠤᠳᠬᠠᠬᠤ  ᠂ ᠠᠵᠤ ᠥᠢᠯᠡᠰ  ᠎ ᠢ ᠳᠡᠰ ᠳᠡᠪᠰᠢᠬᠦᠯᠬᠦ ᠠᠷᠭ᠎ᠠ ᠵᠠᠮ  ᠢ ᠤᠯᠠᠮ ᠨᠢᠬᠡ ᠠᠯᠬᠤᠮ ᠰᠥᠪᠡᠭᠴᠢᠯᠡᠵᠤ  ᠂ ᠮᠠᠯ  ᠤᠨ ᠠᠰᠢᠭ ᠰᠢᠮ᠎ᠡ ᠳᠠᠷᠢᠶᠠᠯᠠᠩ  ᠤᠨ ᠭᠠᠷᠤᠯᠳᠠ  ᠶᠢ ᠬᠤᠪᠢᠷᠠᠭᠤᠯᠤᠨ ᠥᠷᠳᠡᠭ ᠨᠡᠮᠡᠭᠳᠡᠬᠦᠯᠬᠦ ᠬᠠᠷᠢᠴᠠᠯ  ᠢ ᠶᠡᠬᠡᠪᠡᠷ ᠳᠡᠭᠡᠭᠰᠢᠯᠡᠬᠦᠯᠥᠨ᠎ᠡ  ᠃   ︽ᠮᠢᠬ᠎ᠠ  ᠂ ᠰᠥ  ᠂ ᠨᠤᠤᠰᠤ  ᠂ ᠠᠷᠠᠰᠤ  ᠂ ᠡᠪᠡᠰᠤ  ᠂ ᠪᠤᠷᠳᠤᠭ᠎ᠠ  ᠂ ᠨᠤᠭᠤᠭ᠎ᠠ  ᠂ ᠳᠥᠮᠥᠰᠤ ︾ ᠵᠡᠷᠬᠡ ᠭᠤᠤᠯᠯᠠᠭᠴᠢ ᠭᠠᠷᠤᠯᠳᠠ ᠪᠠᠷ ᠭᠤᠤᠯᠳᠠᠯᠭ᠎ᠠ ᠪᠤᠯᠭᠠᠵᠤ  ᠂ ᠰᠠᠭᠤᠷᠢᠨ  ᠤ ᠪᠥᠲᠥᠬᠡᠨ ᠪᠠᠶᠢᠭᠤᠯᠤᠯᠳᠠ  ᠶᠢ ᠰᠠᠶᠢᠳᠤᠷ ᠠᠳᠬᠤᠵᠤ  ᠂ ᠮᠠᠯᠴᠢᠨ ᠳᠠᠷᠢᠶᠠᠴᠢᠨ  ᠢ ᠵᠢᠯᠤᠭᠤᠳᠤᠨ ᠳᠤᠰᠬᠠᠢᠢᠵᠢᠭᠰᠠᠨ ᠥᠢᠯᠡᠳᠪᠤᠷᠢᠯᠡᠯ ᠪᠤᠯᠤᠨ ᠵᠤᠬᠢᠬᠤ ᠬᠡᠪᠴᠢᠶᠡᠵᠢᠭᠰᠡᠨ ᠡᠵᠡᠩᠨᠡᠯᠳᠡ  ᠶᠢᠨ ᠵᠠᠮ  ᠢᠶᠠᠷ ᠵᠠᠮᠨᠠᠭᠤᠯᠵᠤ  ᠂ ᠳᠤᠯᠤᠭᠠᠢᠢᠯᠠᠭᠴᠢ ᠠᠵᠤ ᠠᠬᠤᠢᠢᠯᠠᠯ  ᠤᠨ ᠳᠠᠶᠢᠴᠢᠯᠠᠬᠤ ᠥᠢᠯᠡᠳᠥᠯ  ᠢ ᠬᠥᠢᠴᠡᠳ ᠪᠠᠳᠠᠷᠠᠭᠤᠯᠵᠤ  ᠂ ᠮᠠᠯ ᠳᠠᠷᠢᠶᠠᠯᠠᠩ  ᠤᠨ ᠡᠵᠡᠩᠨᠡᠯᠳᠡ  ᠎ ᠶᠢᠨ ᠪᠠᠶᠢᠭᠤᠯᠤᠯ  ᠂ ᠳᠤᠭᠳᠠᠴᠠ  ᠶᠢᠨ ᠰᠢᠨ᠎ᠡ  ᠶᠢ ᠡᠬᠦᠳᠬᠦ  ᠶᠢ ᠳᠥᠯᠬᠢᠨ ᠠᠬᠢᠭᠤᠯᠤᠨ᠎ᠡ  ᠃ ᠥᠪᠡᠷᠳᠡᠬᠡᠨ ᠵᠠᠰᠠᠬᠤ ᠤᠷᠤᠨ  ᠠᠴᠠ ᠢᠳᠡᠰᠢᠨ ᠬᠤᠨᠢ ᠪᠤᠯᠤᠨ ᠳᠥᠮᠥᠰᠤᠨ  ᠤ ᠠᠵᠤ ᠥᠢᠯᠡᠰ  ᠢ ᠰᠥ  ᠂ ᠨᠤᠤᠰᠤᠨ  ᠤ ᠠᠵᠤ ᠥᠢᠯᠡᠰ  ᠤᠨ ᠳᠠᠷᠠᠭᠠᠬᠢ ᠰᠢᠨ᠎ᠡ ᠳᠤᠯᠭᠠᠭᠤᠷᠢ ᠠᠵᠤ ᠥᠢᠯᠡᠰ ᠪᠤᠯᠭᠠᠭᠰᠠᠨ ᠳᠤᠬᠢᠶᠠᠯ  ᠢ ᠠᠳᠬᠤᠨ  ᠂ ᠲᠥᠷᠥᠯ ᠵᠥᠢᠯ  ᠤᠨ ᠪᠡᠯᠡ ᠮᠥᠩᠬᠦ  ᠶᠢ ᠢᠳᠡᠪᠬᠢᠳᠡᠢ ᠬᠥᠴᠥᠯᠠᠨ ᠤᠯᠵᠤ  ᠂ ᠳᠡᠮᠵᠢᠬᠦ ᠡᠷᠴᠢᠮ  ᠢᠶᠠᠨ ᠴᠢᠩᠭᠠᠯᠠᠵᠤ  ᠂ ᠮᠠᠨ  ᠤ ᠠᠶᠢᠮᠠᠭ  ᠤᠨ ᠮᠠᠯ ᠳᠠᠷᠢᠶᠠᠯᠠᠩ  ᠤᠨ ᠭᠤᠤᠯᠯᠠᠭᠴᠢ ᠠᠵᠤ ᠥᠢᠯᠡᠰ  ᠶᠢ ᠬᠥᠴᠥᠷᠭᠡᠭᠵᠢᠬᠦᠯᠥᠨ᠎ᠡ  ᠃   ( ᠠᠷᠪᠠᠨ ᠨᠡᠢᠮᠠ ) ᠨᠡᠷᠡᠳᠤ ᠳᠠᠮᠳᠡᠭ  ᠤᠨ ᠪᠠᠶᠢᠯᠳᠤᠬᠤ ᠪᠤᠳᠤᠯᠭ᠎ᠠ  ᠶᠢ ᠢᠳᠡᠪᠬᠢᠳᠡᠢ ᠳᠥᠯᠬᠢᠨ ᠠᠬᠢᠭᠤᠯᠵᠤ  ᠂ ᠴᠢᠨᠡᠷ ᠰᠢᠯᠢᠳᠡᠭ ᠥᠨ᠎ᠡ ᠰᠠᠶᠢᠨ ᠪᠠᠶᠢᠯᠭᠠᠬᠤ ᠪᠠᠷ ᠬᠥᠴᠥᠯᠡᠨ᠎ᠡ  ᠃ ᠠᠵᠤ ᠥᠢᠯᠡᠰ  ᠤᠨ ᠳᠠᠪᠠᠭᠤᠯᠢᠭ  ᠢ ᠬᠥᠢᠴᠡᠳ ᠪᠠᠳᠠᠷᠠᠭᠤᠯᠵᠤ  ᠂ ︽ᠥᠵᠥᠮᠥᠴᠢᠨ ︾᠂ ︽ᠰᠥᠨᠢᠳ ︾᠂ ︽ᠳ᠋ᠧ ᠱᠧᠩ ︾ ᠳᠠᠷᠪᠤᠰ  ᠂ ︽ᠴᠠᠬᠠᠷ ︾ ᠴᠤᠭᠤᠷ ᠨᠤᠭᠤᠭ᠎ᠠ  ᠂ ︽ᠵᠢᠩ ᠳ᠋ᠸᠥ ︾ ᠳᠥᠮᠥᠰᠤ ᠵᠡᠷᠬᠡ ᠨᠡᠷᠡᠳᠤ ᠳᠡᠮᠳᠡᠭ  ᠢ ᠬᠥᠴᠥᠯᠡᠨ ᠬᠥᠴᠥᠷᠬᠡᠭᠵᠢᠬᠦᠯᠵᠤ  ᠂ ︽ᠰᠢᠯᠢ  ᠶᠢᠨ ᠭᠤᠤᠯ ᠬᠤᠨᠢᠨ ᠮᠢᠬ᠎ᠠ ︾᠂ ︽ᠰᠥᠨᠢᠳ ᠬᠤᠨᠢᠨ ᠮᠢᠬ᠎ᠠ ︾ ᠵᠡᠷᠬᠡ ᠤᠤᠯ ᠭᠠᠷᠤᠯᠳᠠ  ᠶᠢᠨ ᠤᠷᠤᠨ  ᠤ ᠬᠡᠷᠡᠴᠢ ᠳᠡᠮᠳᠡᠭ  ᠢᠶᠠᠨ ᠰᠠᠶᠢᠳᠤᠷ ᠬᠠᠮᠠᠭᠠᠯᠠᠵᠤ ᠠᠰᠢᠭᠯᠠᠨ᠎ᠠ  ᠃ ᠥᠵᠥᠮᠥᠴᠢᠨ ᠬᠤᠨᠢᠨ ᠮᠢᠬᠠᠨ  ᠤ ᠪᠠᠷᠢᠮᠵᠢᠶ᠎ᠡ  ᠶᠢ ᠳᠤᠭᠳᠠᠭᠠᠬᠤ  ᠂ ᠰᠥᠨᠢᠳ ᠬᠤᠨᠢᠨ ᠮᠢᠬᠠᠨ  ᠤ ᠪᠠᠷᠢᠮᠵᠢᠶᠡᠨ  ᠳᠤ ᠵᠠᠰᠠᠪᠤᠷᠢ ᠤᠷᠤᠭᠤᠯᠬᠤ᠂ ᠴᠠᠬᠠᠷ ᠬᠤᠨᠢᠨ  ᠤ ᠲᠥᠷᠥᠯ ᠵᠥᠢᠯ  ᠢ ᠨᠡᠷᠡᠶᠢᠳᠬᠦ ᠵᠢᠴᠢ ᠭᠤᠸᠠ ᠵᠢᠮᠢᠰ ᠢᠳᠡᠰᠢᠨ ᠨᠤᠭᠤᠭ᠎ᠠ ᠳᠠᠷᠢᠶᠠᠯᠠᠩ  ᠤᠨ ᠭᠠᠷᠤᠯᠳᠠ  ᠶᠢᠨ ᠭᠠᠵᠠᠷ ᠵᠥᠢ  ᠶᠢᠨ ᠢᠯᠡᠷᠬᠡᠶᠢᠯᠡᠯ  ᠢ ᠭᠤᠶᠤᠴᠢᠯᠠᠨ ᠮᠡᠳᠡᠬᠦᠯᠬᠦ ᠠᠵᠢᠯ  ᠢ ᠳᠥᠷᠬᠡᠨ ᠪᠡᠶᠡᠯᠡᠬᠦᠯᠵᠤ  ᠂ ᠬᠤᠨᠢᠨ ᠮᠢᠬ᠎ᠠ ᠬᠢᠬᠡᠳ ᠳᠡᠬᠦᠨ  ᠤ ᠭᠠᠷᠤᠯᠳᠠ  ᠶᠢᠨ ᠶᠠᠰᠤ ᠴᠢᠨᠠᠷ  ᠢ ᠮᠥᠷᠳᠡᠨ ᠪᠠᠶᠢᠴᠠᠭᠠᠬᠤ ᠰᠢᠰᠲ᠋ᠧᠮ  ᠢ ᠳᠠᠷᠤᠢ ᠳᠥᠷᠬᠡᠨ ᠪᠠᠶᠢᠭᠤᠯᠤᠨ ᠪᠥᠷᠢᠨᠰᠢᠬᠦᠯᠵᠤ᠂ ᠨᠡᠷᠡᠳᠤ ᠳᠡᠮᠳᠡᠭ  ᠢ ᠡᠬᠦᠳᠴᠥ  ᠂ ᠳᠡᠬᠦᠨ  ᠤ ᠮᠡᠳᠡᠭᠳᠡᠴᠡ ᠪᠤᠯᠤᠨ ᠳᠠᠭᠠᠯᠳᠠ ᠥᠷᠳᠡᠭ  ᠢ ᠨᠢ ᠨᠡᠮᠡᠭᠳᠡᠬᠦᠯᠵᠤ  ᠂ ᠴᠢᠨᠡᠷ ᠰᠢᠯᠢᠳᠡᠭ ᠥᠨ᠎ᠡ ᠰᠠᠶᠢᠨ ᠪᠠᠶᠢᠯᠭᠠᠨ᠎ᠡ  ᠃ ᠢᠳᠡᠰᠢᠨ ᠬᠤᠨᠢ  ᠢ ᠨᠠᠷᠢᠯᠢᠭ ᠡᠳ᠋ᠰᠢᠬᠦᠯᠥᠨ ᠪᠤᠯᠪᠠᠰᠤᠷᠠᠭᠤᠯᠵᠤ  ᠂ ᠬᠤᠨᠢᠨ ᠰᠡᠬᠦᠯ  ᠤᠨ ᠠᠰᠢᠭᠯᠠᠯᠳᠠ  ᠶᠢᠨ ᠥᠷᠳᠡᠭ ᠨᠡᠮᠡᠭᠳᠡᠬᠦᠯᠬᠦ  ᠂ ᠬᠡᠪᠴᠢᠶᠡᠵᠢᠭᠦᠯᠥᠨ ᠳᠠᠷᠢᠵᠤ ᠳᠡᠵᠢᠬᠡᠨ ᠤᠷᠳᠤᠳᠬᠠᠨ ᠡᠳ᠋ᠰᠢᠬᠦᠯᠥᠨ ᠪᠤᠷᠤᠯᠠᠭᠤᠯᠬᠤ  ᠂ ᠮᠠᠯ  ᠤᠨ ᠠᠰᠢᠭ ᠰᠢᠮ᠎ᠡ ᠳᠠᠷᠢᠶᠠᠯᠠᠩ  ᠤᠨ ᠭᠠᠷᠤᠯᠳᠠ ᠪᠤᠯᠤᠨ ᠴᠢᠯᠥᠬᠡᠳᠤ ᠵᠠᠬ᠎ᠠ  ᠶᠢ ᠵᠤᠯᠭᠠᠭᠤᠯᠬᠤ  ᠂ ᠪᠤᠬᠢᠷᠳᠥᠯ ᠥᠬᠡᠢ ᠭᠠᠷᠤᠯᠳᠠ  ᠶᠢ ᠨᠤᠳᠠᠯᠠᠬᠤ ᠵᠡᠷᠬᠡ ᠡᠵᠡᠩᠨᠡᠯᠳᠡ  ᠶᠢᠨ ᠬᠡᠯᠪᠡᠷᠢ  ᠶᠢᠨ ᠰᠢᠨ᠎ᠡ ᠡᠬᠦᠳᠥᠯᠳᠡ  ᠶᠢ ᠰᠥᠪᠡᠭᠴᠢᠯᠡᠵᠤ  ᠂   ᠬᠤᠨᠢᠨ ᠮᠢᠬᠠᠨ  ᠤ ᠳᠠᠭᠠᠯᠳᠠ ᠥᠷᠳᠡᠭ  ᠢ ᠳᠡᠭᠡᠭᠰᠢᠯᠡᠬᠦᠯᠵᠤ  ᠂ ᠮᠠᠯᠴᠢᠨ ᠳᠠᠷᠢᠶᠠᠴᠢᠨ  ᠤ ᠤᠷᠤᠯᠭ᠎ᠠ  ᠶᠢ ᠨᠡᠮᠡᠭᠳᠡᠬᠦᠯᠥᠨ᠎ᠡ  ᠃   ( ᠠᠷᠪᠠ ᠶᠢᠰᠤ ) ᠶᠠᠳᠠᠭᠤ  ᠶᠢ ᠳᠡᠳᠬᠦᠵᠤ ᠨᠡᠬᠡᠬᠡᠨ ᠬᠥᠭᠵᠢᠬᠦᠯᠬᠦ ᠠᠵᠢᠯ  ᠢ ᠥᠨᠡᠨᠬᠦ ᠴᠢᠩᠭᠠᠳᠬᠠᠵᠤ  ᠂ ᠶᠠᠳᠠᠭᠤ ᠬᠥᠴᠢᠷᠳᠡᠯᠳᠡᠢ ᠡᠷᠥᠬᠡ  ᠎ ᠶᠢᠨ ᠤᠷᠤᠯᠭ᠎ᠠ  ᠶᠢ ᠨᠡᠮᠡᠭᠳᠡᠬᠦᠯᠥᠨ᠎ᠡ  ᠃ ᠶᠠᠳᠠᠭᠤ  ᠶᠢ ᠳᠡᠳᠬᠦᠵᠤ ᠨᠡᠬᠡᠬᠡᠨ ᠬᠥᠭᠵᠢᠬᠦᠯᠬᠦ ᠠᠵᠢᠯ  ᠢ ᠳᠡᠷᠢᠬᠦᠨ ᠴᠢᠬᠤᠯᠠ ᠠᠷᠠᠳ ᠤᠨ ᠠᠮᠢᠳᠤᠷᠠᠯ  ᠤᠨ ᠢᠨᠵᠧᠨᠧᠷᠢᠩ ᠪᠤᠯᠭᠠᠬᠤ ᠱᠠᠭᠠᠷᠳᠠᠯᠭ᠎ᠠ ᠎ ᠶᠢ ᠪᠤᠳᠠᠳᠠᠢ  ᠳᠤ ᠨᠡᠶᠢᠳᠡᠪᠤᠷᠢᠵᠢᠭᠤᠯᠵᠤ  ᠂ ᠭᠤᠤᠯᠳᠠᠯᠭ᠎ᠠ ᠪᠠᠨ ᠳᠤᠪᠤᠶᠢᠯᠭᠠᠵᠤ  ᠂ ᠠᠷᠭ᠎ᠠ ᠬᠡᠮᠵᠢᠶ᠎ᠡ ᠪᠠᠨ ᠴᠢᠩᠭᠠᠷᠠᠭᠤᠯᠵᠤ  ᠂ ᠲᠥᠷᠥᠯ ᠵᠥᠢᠯ  ᠤᠨ ᠳᠡᠮᠵᠢᠯᠬᠡ ᠪᠤᠯᠤᠨ ᠪᠡᠯᠡ ᠤᠷᠤᠭᠤᠯᠤᠯᠳᠠ  ᠪᠠᠨ ᠤᠯᠠᠮ ᠨᠡᠮᠡᠭᠳᠡᠬᠦᠯᠵᠤ  ᠂ ᠶᠠᠳᠠᠭᠤ ᠬᠥᠴᠢᠷᠳᠡᠯᠳᠡᠢ ᠮᠠᠯᠴᠢᠨ ᠳᠠᠷᠢᠶᠠᠴᠢᠨ  ᠤ ᠥᠪᠡᠷᠳᠡᠬᠡᠨ ᠬᠥᠭᠵᠢᠬᠦᠯᠬᠦ ᠴᠢᠳᠠᠪᠤᠷᠢ ᠶᠢ ᠥᠨᠡᠨᠬᠦ ᠳᠡᠭᠡᠭᠰᠢᠯᠡᠬᠦᠯᠵ ᠤ᠂ ᠤᠷᠤᠯᠭ᠎ᠠ  ᠶᠢ ᠨᠢ ᠨᠡᠮᠡᠭᠳᠡᠬᠦᠯᠥᠨ᠎ᠡ  ᠃ ᠴᠡᠭ ᠳᠤᠭᠳᠠᠭᠠᠨ ᠶᠠᠳᠠᠭᠤ  ᠶᠢ ᠳᠡᠳᠬᠦᠬᠦ ᠠᠵᠢᠯ ᠲᠠᠢ ᠤᠶᠠᠯᠳᠤᠭᠤᠯᠵᠤ  ᠂ ᠶᠠᠳᠠᠭᠤ ᠬᠥᠴᠢᠷᠳᠡᠯᠳᠡᠢ ᠭᠠᠴᠠᠭ᠎ᠠ ᠳᠤᠰᠬᠤᠨ  ᠤ ᠭᠤᠤᠯᠯᠠᠭᠴᠢ ᠠᠵᠤ ᠥᠢᠯᠡᠰ  ᠢ ᠢᠳᠡᠪᠬᠢᠳᠡᠢ ᠪᠤᠶᠢᠵᠢᠭᠤᠯᠵᠤ  ᠂ ᠰᠠᠭᠤᠷᠢ ᠳᠥᠬᠦᠬᠡᠷᠥᠮᠵᠢ  ᠶᠢᠨ ᠪᠥᠲᠥᠬᠡᠨ ᠪᠠᠶᠢᠭᠤᠯᠤᠯᠳᠠ  ᠶᠢ ᠴᠢᠩᠭᠠᠳᠬᠠᠵᠤ  ᠂ ᠡᠷᠴᠢᠮᠵᠢᠬᠦᠯᠥᠨ ᠡᠵᠡᠩᠨᠡᠵᠤ  ᠂ ᠨᠡᠶᠢᠳᠡ  ᠶᠢᠨ ᠠᠰᠠᠷᠠᠮᠵᠢ  ᠶᠢᠨ ᠥᠢᠯᠡᠰ  ᠢ ᠬᠥᠭᠵᠢᠬᠦᠯᠵᠤ  ᠂ ᠶᠠᠳᠠᠭᠤ ᠬᠥᠴᠢᠷᠳᠡᠯᠳᠡᠢ ᠮᠠᠯᠴᠢᠨ ᠳᠠᠷᠢᠶᠠᠴᠢᠨ  ᠤ ᠥᠢᠯᠡᠳᠪᠤᠷᠢᠯᠡᠯ ᠠᠮᠢᠳᠤᠷᠠᠯ  ᠤᠨ ᠨᠥᠬᠦᠴᠡᠯ  ᠢ ᠰᠠᠶᠢᠵᠢᠷᠠᠭᠤᠯᠬᠤ ᠪᠠᠷ ᠬᠥᠴᠥᠯᠠᠨ ᠴᠢᠷᠮᠡᠶᠢᠨ᠎ᠡ  ᠃   ( ᠬᠤᠷᠢ ) ᠬᠤᠶᠠᠷ  ᠂ ᠭᠤᠷᠪᠠᠳᠤᠭᠠᠷ ᠠᠵᠤ ᠥᠢᠯᠡᠰ ᠲᠤ ᠰᠠᠭᠤᠷᠢᠯᠠᠵᠤ  ᠂ ᠮᠠᠯᠴᠢᠨ ᠳᠠᠷᠢᠶᠠᠴᠢᠨ  ᠤ ᠴᠠᠯᠢᠩ ᠎ ᠤᠨ ᠴᠢᠨᠠᠷ ᠲᠠᠢ ᠤᠷᠤᠯᠭ᠎ᠠ  ᠶᠢ ᠨᠡᠮᠡᠭᠳᠡᠬᠦᠯᠥᠨ᠎ᠡ  ᠃ ᠮᠠᠯᠵᠢᠬᠤ ᠳᠠᠷᠢᠶᠠᠯᠠᠬᠤ ᠤᠷᠤᠨ  ᠤ ᠬᠥᠮᠥᠨ ᠠᠮᠠ  ᠶᠢ ᠰᠢᠯᠵᠢᠬᠦᠯᠬᠦ ᠲᠥᠷᠥ  ᠶᠢᠨ ᠪᠤᠳᠤᠯᠭ᠎ᠠ  ᠎ ᠶᠢᠨ ᠠᠷᠭ᠎ᠠ ᠬᠡᠮᠵᠢᠶ᠎ᠡ  ᠶᠢ ᠳᠡᠬᠦᠯᠳᠡᠷᠵᠢᠬᠦᠯᠵᠤ  ᠂ ᠮᠠᠯᠴᠢᠨ ᠳᠠᠷᠢᠶᠠᠴᠢᠨ  ᠢ ᠰᠢᠯᠵᠢᠬᠦᠯᠥᠨ ᠠᠵᠢᠯ ᠤᠯᠭᠤᠬᠤ ᠤᠷᠳᠤ ᠬᠤᠭᠤᠴᠠᠭᠠᠨ  ᠤ ᠪᠥᠲᠥᠮᠵᠢᠳᠡᠢ ᠳᠤᠭᠳᠠᠴᠠ  ᠶᠢ ᠠᠯᠬᠤᠮ ᠠᠯᠬᠤᠮ ᠎ ᠢᠶᠠᠷ ᠪᠠᠶᠢᠭᠤᠯᠤᠨ᠎ᠠ  ᠃ ᠤᠯᠠᠨ ᠵᠥᠢᠯ  ᠤᠨ ᠠᠷᠭ᠎ᠠ ᠬᠡᠯᠪᠡᠷᠢ ᠪᠠᠷ  ᠂ ᠮᠠᠯᠴᠢᠨ ᠳᠠᠷᠢᠶᠠᠴᠢᠨ  ᠢ ᠬᠤᠳᠠ ᠪᠠᠯᠭᠠᠰᠤ ᠪᠤᠯᠤᠨ ᠬᠤᠶᠠᠷ ᠭᠤᠷᠪᠠᠳᠤᠭᠠᠷ ᠠᠵᠤ ᠥᠢᠯᠡᠰ ᠵᠥᠭ ᠰᠢᠯᠵᠢᠬᠦᠯᠬᠦ ᠠᠷᠭ᠎ᠠ ᠵᠠᠮ  ᠢ ᠥᠷᠬᠡᠳᠬᠡᠨ᠎ᠡ  ᠃ ᠮᠠᠯᠴᠢᠨ ᠳᠠᠷᠢᠶᠠᠴᠢᠨ  ᠤ ᠤᠷ᠎ᠡ ᠮᠡᠷᠬᠡᠵᠢᠯ  ᠤᠨ ᠪᠤᠯᠪᠠᠰᠤᠷᠠᠯ  ᠢ ᠨᠠᠷᠢᠨ ᠬᠢᠨᠠᠮᠠᠭᠠᠢ ᠥᠷᠨᠢᠬᠦᠯᠵᠤ  ᠂ ᠳᠡᠳᠡᠨ  ᠤ ᠭᠠᠳᠠᠭᠰᠢ ᠭᠠᠷᠴᠥ ᠬᠥᠯᠥᠰᠤᠨ ᠠᠵᠢᠯ ᠬᠢᠬᠦ  ᠳᠤ ᠥᠢᠯᠡᠴᠢᠯᠡᠭᠡ ᠬᠠᠩᠭᠠᠨ᠎ᠠ  ᠃ ᠮᠠᠯᠴᠢᠨ ᠳᠠᠷᠢᠶᠠᠴᠢᠨ ᠢ ᠬᠠᠮᠵᠢᠨ ᠳᠠᠯ᠎ᠠ ᠨᠤᠳᠤᠭ  ᠤᠨ ᠵᠤᠭᠠᠴᠠᠯ  ᠂ ᠴᠡᠭᠡ  ᠂ ᠮᠠᠯ ᠳᠠᠷᠢᠶᠠᠯᠠᠩ  ᠤᠨ ᠡᠳ᠋ ᠪᠠᠷᠠᠭ᠎ᠠ  ᠂ ᠮᠠᠯ  ᠤᠨ ᠠᠰᠢᠭ ᠰᠢᠮ᠎ᠡ ᠳᠠᠷᠢᠶᠠᠯᠠᠩ ᠎ ᠤᠨ ᠭᠠᠷᠤᠯᠳᠠ  ᠶᠢᠨ ᠬᠥᠢᠯᠬᠡᠬᠡᠨ  ᠂ ᠮᠠᠯ ᠳᠠᠷᠢᠶᠠᠯᠠᠩ  ᠤᠨ ᠮᠠᠰᠢᠨ ᠳᠤᠨᠤᠭ ᠪᠠᠷᠢᠬᠤ  ᠂ ᠮᠠᠯ  ᠤᠨ ᠠᠰᠢᠭ ᠰᠢᠮ᠎ᠡ ᠳᠠᠷᠢᠶᠠᠯᠠᠩ  ᠤᠨ ᠭᠠᠷᠤᠯᠳᠠ  ᠶᠢ ᠡᠳ᠋ᠰᠢᠬᠦᠯᠥᠨ ᠪᠤᠯᠪᠠᠰᠤᠷᠠᠭᠤᠯᠬᠤ ᠵᠡᠷᠬᠡ  ᠶᠢ ᠢᠳᠡᠪᠬᠢᠳᠡᠢ ᠥᠷᠨᠢᠬᠦᠯᠵ ᠤ  ᠂ ᠮᠠᠯᠴᠢᠨ ᠳᠠᠷᠢᠶᠠᠢᠴᠨ  ᠢ ᠳᠤᠬᠠᠢ  ᠶᠢᠨ ᠭᠠᠵᠠᠷ ᠲᠠᠭᠠᠨ ᠥᠢᠯᠡᠳᠪᠤᠷᠢᠯᠡᠯ  ᠢᠶᠠᠨ ᠬᠤᠪᠢᠷᠠᠭᠤᠯᠤᠨ ᠥᠢᠯᠡᠰ ᠪᠥᠲᠥᠬᠡᠬᠦ  ᠳᠤ ᠥᠢᠯᠡᠴᠢᠯᠡᠨ᠎ᠡ  ᠃ ᠤᠯᠠᠮᠵᠢᠯᠠᠯᠳᠤ ᠴᠠᠭᠠᠨ ᠢᠳᠡᠬᠡᠨ  ᠂ ᠥᠨᠳᠥᠰᠥᠳᠡᠨ  ᠤ ᠬᠤᠪᠴᠠᠰᠤ ᠵᠠᠰᠠᠯ  ᠂ ᠥᠨᠳᠥᠰᠥᠳᠡᠨ  ᠤ ᠭᠠᠷ ᠤᠷᠠᠯᠠᠯ ᠬᠢᠬᠡᠳ ᠥᠨᠳᠥᠰᠥᠳᠡᠨ  ᠤ ᠢᠡᠳᠡᠬᠡᠨ ᠤᠮᠳᠠᠭᠠᠨ ᠵᠡᠷᠬᠡ ᠮᠠᠯᠴᠢᠨ ᠳᠠᠷᠢᠶᠠᠴᠢᠨ  ᠢ ᠰᠢᠯᠵᠢᠬᠦᠯᠥᠨ ᠠᠵᠢᠯ ᠤᠯᠭᠤᠬᠤ  ᠳᠤ ᠬᠢᠯᠪᠡᠷ ᠤᠷᠤᠨ ᠨᠤᠳᠤᠭ  ᠤᠨ ᠤᠨᠴᠠᠯᠢᠭᠳᠤ ᠠᠵᠤ ᠥᠢᠯᠡᠰ  ᠢ ᠢᠳᠡᠪᠬᠢᠳᠡᠢ ᠳᠠᠮᠵᠢᠨ ᠬᠥᠭᠵᠢᠬᠦᠯᠵᠤ  ᠂ ᠮᠠᠯᠴᠢᠨ ᠳᠠᠷᠢᠶᠠᠴᠢᠨ  ᠢ ᠡᠯᠰᠡᠨ ᠠᠵᠢᠯ ᠤᠯᠭᠤᠨ᠎ᠠ  ᠃   ( ᠬᠤᠷᠢᠨ ᠨᠢᠬᠡ ) ᠮᠠᠯ ᠳᠠᠷᠢᠶᠠᠯᠠᠩ  ᠳᠤ ᠬᠤᠯᠪᠤᠭᠳᠠᠭᠰᠠᠨ ᠡᠯ᠎ᠡ ᠵᠥᠢᠯ  ᠤᠨ ᠬᠠᠷᠠᠭᠠᠯᠵᠠᠯ  ᠤᠨ ᠲᠥᠷᠥ  ᠶᠢᠨ ᠪᠤᠳᠤᠯᠭ᠎ᠠ  ᠶᠢ ᠰᠠᠶᠢᠳᠤᠷ ᠨᠠᠶᠢᠳᠠᠪᠤᠷᠢᠵᠢᠭᠤᠯᠵᠤ  ᠂ ᠮᠠᠯᠴᠢᠨ ᠳᠠᠷᠢᠶᠠᠴᠢᠨ  ᠤ ᠰᠢᠯᠵᠢᠯᠳᠡ  ᠶᠢᠨ ᠴᠢᠨᠠᠷᠳᠡᠢ ᠤᠷᠤᠯᠭ᠎ᠠ  ᠶᠢ ᠨᠡᠮᠡᠭᠳᠡᠬᠦᠯᠥᠨ᠎ᠡ  ᠃ ᠤᠯᠤᠰ ᠪᠤᠯᠤᠨ ᠥᠪᠡᠷᠳᠡᠬᠡᠨ ᠵᠠᠰᠠᠬᠤ ᠤᠷᠤᠨ  ᠤ ᠮᠠᠯ ᠳᠠᠷᠢᠶᠠᠯᠠᠩ  ᠢ ᠬᠠᠷᠠᠭᠠᠯᠵᠠᠬᠤ ᠪᠠ ᠮᠠᠯ ᠳᠠᠷᠢᠶᠠᠯᠠᠩ ᠢ ᠬᠥᠴᠥᠷᠬᠡᠭᠵᠢᠬᠦᠯᠬᠦ ᠳᠥᠷᠥ  ᠶᠢᠨ ᠪᠤᠳᠤᠯᠭ᠎ᠠ  ᠶᠢ ᠡᠷᠡᠰ ᠭᠤᠶᠢᠪᠠᠰᠢ ᠥᠭᠡᠢ ᠳᠤᠤᠱᠯᠠᠭᠤᠯᠵᠤ  ᠂ ᠨᠤᠳᠤᠭ ᠪᠡᠯᠴᠢᠬᠡᠷ  ᠤᠨ ᠠᠮᠢ ᠠᠬᠤᠢ  ᠶᠢᠨ ᠱᠠᠩᠨᠠᠯ ᠨᠥᠬᠦᠪᠤᠷᠢ  ᠶᠢᠨ ᠪᠡᠯᠡ ᠮᠥᠩᠬᠦ  ᠂ ᠳᠠᠷᠢᠶᠠᠯᠠᠩ  ᠤᠨ ᠡᠳ᠋ ᠪᠠᠷᠠᠭ᠎ᠠ  ᠶᠢᠨ ᠶᠡᠷᠥᠩᠬᠡᠢ ᠨᠥᠬᠦᠪᠤᠷᠢ  ᠂ ᠰᠠᠶᠢᠨ ᠡᠬᠦᠯᠳᠡᠷ  ᠤᠨ ᠨᠥᠬᠦᠪᠤᠷᠢ  ᠂ ᠳᠠᠷᠢᠶᠠᠯᠠᠩ ᠎ ᠤᠨ ᠮᠠᠰᠢᠨ ᠳᠤᠨᠤᠭ ᠬᠤᠳᠠᠯᠳᠤᠨ ᠠᠪᠬᠤ ᠨᠥᠬᠦᠪᠤᠷᠢ  ᠂ ᠠᠮᠤ ᠪᠤᠳᠠᠭᠠᠨ  ᠤ ᠰᠢᠭᠤᠳ ᠨᠥᠬᠦᠪᠤᠷᠢ  ᠂ ᠳᠠᠷᠢᠶᠠᠯᠠᠠᠬᠤ  ᠶᠢ ᠵᠤᠭᠰᠤᠭᠠᠨ ᠮᠤᠳᠤ ᠳᠠᠷᠢᠬᠤ ᠨᠥᠬᠦᠪᠤᠷᠢ  ᠂ ᠨᠡᠶᠢᠳᠡ  ᠶᠢᠨ ᠠᠰᠠᠷᠠᠮᠵᠢ  ᠶᠢᠨ ᠤᠢ  ᠶᠢᠨ ᠨᠥᠬᠦᠪᠤᠷᠢ ᠵᠡᠷᠬᠡ ᠡᠯ᠎ᠡ ᠵᠥᠢᠯ  ᠤᠨ ᠲᠥᠷᠥ  ᠶᠢᠨ ᠪᠤᠳᠤᠯᠭ᠎ᠠ  ᠶᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠵᠤ  ᠂ ᠮᠠᠯᠴᠢᠨ ᠳᠠᠷᠢᠶᠠᠴᠢᠨ  ᠳᠤ ᠥᠨᠡᠨᠬᠦ ᠠᠰᠢᠭ ᠬᠥᠷᠳᠡᠬᠡᠵᠤ  ᠂ ᠮᠠᠯᠴᠢᠨ ᠳᠠᠷᠢᠶᠠᠴᠢᠠ  ᠤ ᠥᠢᠯᠡᠳᠪᠤᠷᠢᠯᠡᠯ  ᠤᠨ ᠢᠳᠡᠪᠬᠢᠵᠢᠯ  ᠢ ᠳᠠᠶᠢᠴᠢᠯᠠᠨ᠎ᠠ  ᠃   ( ᠬᠤᠷᠢᠨ ᠬᠤᠶᠠᠷ ) ᠮᠠᠯᠵᠢᠬᠤ ᠳᠠᠷᠢᠶᠠᠯᠠᠬᠤ ᠤᠷᠤᠨ  ᠤ ᠮᠥᠩᠬᠦᠨ ᠬᠥᠢᠯᠬᠡᠬᠡᠨ  ᠤ ᠥᠢᠯᠡᠴᠢᠯᠡᠭᠡ  ᠶᠢ ᠰᠠᠶᠢᠵᠢᠷᠠᠭᠤᠯᠵᠤ  ᠂ ᠮᠠᠯ ᠳᠠᠷᠢᠶᠠᠯᠠᠩ  ᠤᠨ ᠬᠥᠢᠯᠬᠡᠬᠡᠨ  ᠤ ᠭᠤᠭᠴᠤᠭ᠋᠎ᠠ  ᠎ ᠳᠠᠬᠢ ᠪᠡᠯᠡ ᠮᠥᠩᠬᠦ  ᠶᠢᠨ ᠳᠡᠮᠵᠢᠯᠬᠡ ᠎ ᠶᠢ ᠴᠢᠩᠭᠠᠳᠬᠠᠨ᠎ᠠ  ᠃ ᠳᠠᠷᠢᠶᠠᠯᠠᠩ  ᠤᠨ ᠢᠳᠡᠬᠡᠮᠵᠢᠳᠤ ᠵᠢᠬᠡᠯᠡᠯᠬᠡ  ᠶᠢᠨ ᠪᠡᠯᠡ ᠤᠷᠤᠭᠤᠯᠤᠯᠳᠡ ᠶᠢ ᠳᠤᠭᠳᠠᠭᠤᠨ ᠢᠶᠠᠷ ᠨᠡᠮᠡᠭᠳᠡᠬᠦᠯᠬᠦ ᠳᠤᠭᠳᠠᠴᠠ ᠶᠢ ᠪᠠᠶᠢᠭᠤᠯᠵᠤ  ᠂ ᠤᠯᠠᠨ ᠵᠥᠢᠯ  ᠤᠨ ᠪᠡᠯᠡ ᠮᠥᠩᠬᠦ  ᠶᠢ ᠳᠠᠳᠠᠨ ᠤᠷᠤᠭᠤᠯᠬᠤ  ᠶᠢ ᠵᠤᠷᠢᠭᠵᠢᠭᠤᠯᠵᠤ  ᠂ ᠬᠥᠳᠡᠭᠡ ᠳᠤᠰᠬᠤᠨ ᠤᠯᠠᠨ ᠵᠥᠢᠯ  ᠤᠨ  ᠤ ᠮᠥᠩᠬᠦᠨ ᠬᠥᠢᠯᠬᠡᠬᠡᠨ  ᠤ ᠵᠤᠬᠢᠶᠠᠨ ᠪᠠᠶᠢᠭᠤᠯᠤᠯᠳᠠ  ᠶᠢ ᠳᠥᠷᠢᠮᠵᠢᠬᠦᠯᠥᠨ ᠬᠥᠭᠵᠢᠬᠦᠯᠥᠨ᠎ᠡ᠃ ᠮᠠᠯ ᠳᠠᠷᠢᠶᠠᠯᠠᠩ  ᠳᠤ ᠬᠤᠯᠪᠤᠭᠳᠠᠭᠰᠠᠨ ᠵᠢᠬᠡᠯᠡᠯᠬᠡ  ᠶᠢᠨ ᠳᠡᠨᠵᠢᠯᠡᠨ ᠪᠠᠳᠤᠯᠠᠬᠤ  ᠂ ᠮᠠᠯ ᠳᠠᠷᠢᠶᠠᠯᠠᠩ  ᠤᠨ ᠳᠠᠭᠠᠳᠬᠠᠯ ᠵᠡᠷᠬᠡ ᠳᠤᠭᠳᠠᠴᠠ  ᠶᠢ ᠳᠡᠬᠦᠯᠳᠡᠷᠵᠢᠬᠦᠯᠵᠤ  ᠂ ᠮᠠᠯ  ᠤᠨ ᠠᠰᠢᠭ ᠰᠢᠮ᠎ᠡ ᠳᠠᠷᠢᠶᠠᠯᠠᠩ  ᠤᠨ ᠭᠠᠷᠤᠯᠳᠠ  ᠶᠢᠨ ᠥᠢᠯᠡᠳᠪᠤᠷᠢᠯᠡᠯ  ᠂ ᠪᠤᠷᠤᠯᠠᠭᠤᠯᠭ᠎ᠠ  ᠶᠢᠨ ᠶᠠᠪᠤᠴᠠ  ᠳᠠᠬᠢ ᠪᠡᠯᠡ ᠬᠤᠷᠠᠮᠳᠤᠭᠤᠯᠬᠤ ᠠᠷᠭ᠎ᠠ ᠵᠠᠮ  ᠢ ᠥᠷᠬᠡᠳᠬᠡᠵᠤ ᠪᠡᠯᠡ ᠮᠥᠩᠬᠦ  ᠶᠢᠨ ᠳᠡᠮᠵᠢᠯᠬᠡ ᠥᠵᠡᠬᠦᠯᠥᠨ᠎ᠡ᠃   ᠳᠠᠪᠤ  ᠂ ᠵᠤᠬᠢᠶᠠᠨ ᠪᠠᠶᠢᠭᠤᠯᠤᠯᠳᠠ  ᠶᠢᠨ ᠪᠠᠳᠤᠯᠠᠭ᠎ᠠ   ( ᠨᠢᠬᠡ ) ᠵᠤᠬᠢᠶᠠᠨ ᠪᠠᠶᠢᠭᠤᠯᠤᠯᠳᠠ  ᠶᠢᠨ ᠤᠳᠤᠷᠢᠳᠤᠯᠭ᠎ᠠ  ᠶᠢ ᠴᠢᠩᠭᠠᠳᠬᠠᠨ᠎ᠠ  ᠃ ᠡᠯ᠎ᠡ ᠱᠠᠳᠤᠨ  ᠤ ᠨᠠᠮ ᠎ ᠤᠨ ᠬᠤᠷᠢᠶ᠎ᠠ  ᠂ ᠵᠠᠰᠠᠭ  ᠤᠨ ᠤᠷᠳᠤᠨ ᠪᠤᠯᠤᠨ ᠡᠯ᠎ᠡ ᠰᠠᠯᠠᠭ᠎ᠠ ᠮᠥᠴᠢᠷ ᠡᠷᠬᠡᠪᠰᠢ ᠪᠠᠶᠢᠯᠳᠤᠬᠤ ᠪᠤᠳᠤᠯᠭ᠎ᠠ ᠪᠠ ᠪᠥᠬᠦ ᠳᠠᠯ᠎ᠠ  ᠶᠢᠨ ᠥᠨᠳᠥᠷᠴᠡ ᠠᠴᠠ  ᠂ ᠤᠳᠤᠬᠠᠨ ᠪᠠ ᠬᠤᠶᠢᠰᠢᠳᠡ  ᠶᠢᠨ ᠨᠢᠬᠡᠨ ᠬᠤᠭᠤᠴᠠᠭᠠᠨ  ᠎ ᠳᠤ ᠮᠠᠯᠴᠢᠨ ᠳᠠᠷᠢᠶᠠᠴᠢᠨ  ᠤ ᠤᠷᠤᠯᠭ᠎ᠠ  ᠶᠢ ᠨᠡᠮᠡᠭᠳᠡᠬᠦᠯᠬᠦ ᠠᠵᠢᠯ  ᠢ ᠰᠠᠶᠢᠳᠤᠷ ᠠᠳᠬᠤᠬᠤ ᠴᠢᠬᠤᠯᠠ ᠴᠢᠨᠠᠷ ᠪᠤᠯᠤᠨ ᠳᠤᠯᠭᠠᠮ᠎ᠠ ᠴᠢᠨᠠᠷ  ᠢ ᠬᠥᠢᠴᠡᠳ ᠳᠠᠨᠢᠵᠤ  ᠂ ᠮᠠᠯᠴᠢᠨ ᠳᠠᠷᠢᠶᠠᠴᠢᠨ  ᠤ ᠤᠷᠤᠯᠭ᠎ᠠ  ᠶᠢᠨ ᠨᠡᠮᠡᠭᠳᠡᠯ  ᠢ ᠠᠬᠢᠭᠤᠯᠬᠤ ᠶᠢ ᠪᠥᠬᠦ ᠳᠠᠯ᠎ᠠ  ᠎ ᠳᠤ ᠬᠤᠯᠪᠤᠭᠳᠠᠭᠰᠠᠨ ᠶᠡᠭᠡ ᠶᠠᠪᠤᠳᠠᠯ ᠪᠤᠯᠭᠠᠨ ᠳᠤᠪᠤᠶᠢᠮ᠎ᠡ ᠪᠠᠶᠢᠷᠢᠨ  ᠳᠤ ᠳᠠᠯᠪᠢᠨ ᠠᠳᠬᠤᠵᠤ  ᠂ ᠪᠤᠳᠠᠳᠠᠢ ᠠᠵᠢᠯ  ᠤᠨ ᠰᠶᠢᠳᠪᠤᠷᠢᠳᠤ ᠪᠤᠳᠤᠯᠭ᠎ᠠ  ᠂ ᠠᠵᠢᠯ  ᠤᠨ ᠪᠠᠶᠢᠷᠢᠯᠠᠭᠤᠯᠤᠯᠳᠠ  ᠂ ᠪᠡᠯᠡ ᠮᠥᠩᠬᠦ  ᠶᠢᠨ ᠤᠷᠤᠭᠤᠯᠤᠯᠳᠠ ᠳᠡᠬᠡᠷ᠎ᠡ ᠪᠠᠨ ᠪᠤᠳᠠᠳᠠᠢ ᠢᠯᠡᠷᠡᠬᠦᠯᠵᠤ  ᠂ ︽ᠮᠠᠯ ᠠᠵᠤ ᠠᠬᠤᠢ ᠳᠠᠷᠢᠶᠠᠯᠠᠩ ᠮᠠᠯᠴᠢᠨ ᠳᠠᠷᠢᠶᠠᠴᠢᠨ ᠮᠠᠯᠵᠢᠬᠤ ᠳᠠᠷᠢᠶᠠᠯᠠᠬᠤ ᠤᠷᠤᠨ ︾᠎ ᠢ ᠴᠢᠬᠤᠯᠠᠴᠢᠯᠠᠨ ᠥᠵᠡᠭᠰᠡᠨ ᠠᠵᠢᠯ  ᠤᠨ ᠵᠢᠯᠤᠭᠤᠳᠤᠮᠵᠢ  ᠶᠢ ᠪᠤᠢ ᠪᠤᠯᠭᠠᠨ᠎ᠠ᠃ ᠨᠠᠮ ᠵᠠᠰᠠᠭ  ᠤᠨ ᠨᠢᠬᠡᠳᠥᠬᠡᠷ ᠭᠠᠷ ᠪᠥᠬᠦ ᠳᠡᠯ᠎ᠡ ᠪᠠᠷ ᠠᠳᠬᠤᠵᠤ  ᠂ ᠶᠡᠷᠥᠩᠬᠡᠢ  ᠳᠤᠨᠢ ᠬᠠᠷᠢᠭᠤᠴᠠᠵᠤ  ᠂ ᠬᠤᠪᠢᠳᠠᠨ ᠬᠠᠮᠢᠶᠠᠷᠴᠥ ᠪᠠᠶᠢᠭ᠎ᠠ ᠤᠳᠤᠷᠢᠳᠤᠯᠭ᠎ᠠ ᠰᠢᠭᠤᠳ ᠠᠳᠬᠤᠵᠤ  ᠂ ᠨᠠᠮ ᠵᠠᠰᠠᠭ ᠵᠠᠷᠬᠡᠪᠡᠷ ᠠᠳᠬᠤᠨ ᠬᠠᠮᠳᠤᠪᠠᠷ ᠬᠠᠮᠢᠶᠠᠷᠴᠥ  ᠂ ᠬᠤᠯᠪᠤᠭᠳᠠᠯ ᠪᠥᠬᠦᠢ ᠰᠠᠯᠠᠭ᠋ ᠎ᠠ ᠮᠥᠴᠢᠷ ᠳᠤᠰ ᠳᠤᠰ  ᠤᠨ ᠬᠠᠷᠢᠭᠤᠴᠠᠯᠭ᠎ᠠ ᠪᠠᠨ ᠡᠬᠦᠷᠬᠡᠯᠡᠭᠰᠡᠨ ᠠᠵᠢᠯ  ᠤᠨ ᠳᠤᠭᠳᠠᠴᠠ  ᠶᠢ ᠪᠤᠢ ᠪᠤᠯᠭᠠᠨ᠎ᠠ  ᠃ ᠡᠯ᠎ᠡ ᠬᠤᠯᠪᠤᠭᠳᠠᠯ ᠪᠥᠬᠦᠢ ᠰᠠᠯᠠᠭ᠎ᠠ ᠮᠥᠴᠢᠷ ᠮᠠᠯᠴᠢᠨ ᠳᠠᠷᠢᠶᠠᠴᠢᠨ  ᠤ ᠤᠷᠤᠯᠭ᠎ᠠ  ᠶᠢᠨ ᠨᠡᠮᠡᠭᠳᠡᠯ  ᠢ ᠠᠬᠢᠭᠤᠯᠬᠤ  ᠶᠢ ︽ᠮᠠᠯ ᠠᠵᠤ ᠠᠬᠤᠢ ᠳᠠᠷᠢᠶᠠᠯᠠᠩ ᠮᠠᠯᠴᠢᠨ ᠳᠠᠷᠢᠶᠠᠴᠢᠨ ᠮᠠᠯᠵᠢᠬᠤ ᠳᠠᠷᠢᠶᠠᠯᠠᠬᠤ ᠤᠷᠤᠨ ︾᠎ ᠤ ᠠᠵᠢᠯ  ᠤᠨ ᠴᠢᠬᠤᠯᠠ ᠡᠬᠦᠷᠬᠡ ᠪᠠᠨ ᠪᠤᠯᠭᠠᠵᠤ  ᠂ ᠰᠠᠯᠠᠭ᠎ᠠ ᠮᠥᠴᠢᠷ  ᠤᠨ ᠡᠬᠦᠷᠬᠡ ᠬᠠᠷᠢᠭᠤᠴᠠᠯᠭ᠎ᠠ  ᠶᠢ ᠳᠤᠳᠤᠷᠬᠠᠢᠢᠯᠠᠵᠤ  ᠂ ᠵᠤᠬᠢᠴᠠᠯᠴᠠᠭ᠎ᠠ ᠬᠠᠮᠵᠢᠯᠴᠠᠭ᠎ᠠ ᠪᠠᠨ ᠴᠢᠩᠭᠠᠳᠬᠠᠵᠤ  ᠂ ᠳᠤᠰ ᠭᠠᠵᠠᠷ ᠤᠷᠤᠨ  ᠤ ᠠᠵᠤ ᠥᠢᠯᠡᠰ  ᠤᠨ ᠬᠥᠭᠵᠢᠯᠳᠡ  ᠶᠢᠨ ᠪᠤᠳᠠᠳᠤ ᠪᠠᠶᠢᠳᠠᠯ ᠲᠠᠢ ᠪᠠᠨ ᠤᠶᠠᠯᠳᠤᠭᠤᠯᠵᠤ  ᠂ ᠬᠥᠨᠵᠡᠬᠡᠢ ᠪᠠᠶᠢᠴᠠᠭᠠᠨ ᠰᠤᠳᠤᠯᠤᠯᠳᠠ ᠬᠢᠵᠤ  ᠂ ᠪᠤᠳᠠᠳᠠᠢ ᠲᠥᠷᠥ  ᠶᠢᠨ ᠪᠤᠳᠤᠯᠭ᠎ᠠ  ᠶᠢᠨ ᠠᠷᠭ᠎ᠠ ᠬᠡᠮᠵᠢᠶ᠎ᠡ ᠪᠤᠯᠤᠨ ᠬᠡᠷᠡᠭᠵᠢᠬᠦᠯᠬᠦ ᠠᠷᠭ᠎ᠠ ᠳᠤᠭᠳᠠᠭᠠᠵᠤ  ᠂ ᠡᠬᠦᠷᠬᠡ  ᠶᠢ ᠨᠠᠷᠢᠨ ᠳᠤᠳᠤᠷᠬᠠᠢ ᠳᠤᠭᠳᠠᠭᠠᠵᠤ  ᠂ ᠠᠷᠭ᠎ᠠ ᠪᠠᠷᠢᠯ  ᠢ ᠴᠢᠩᠭᠠᠳᠬᠠᠵᠤ  ᠂ ᠨᠠᠶᠢᠳᠠᠪᠤᠷᠢᠵᠢᠭᠤᠯᠤᠯᠳᠠ  ᠶᠢ ᠰᠠᠶᠢᠳᠤᠷ ᠠᠳᠬᠤᠬᠤ ᠬᠡᠷᠡᠭᠳᠡᠢ  ᠃   ( ᠬᠤᠶᠠᠷ ) ᠨᠡᠶᠢᠳᠡᠯᠢᠭ ᠵᠢᠱᠢᠶ᠎ᠡ  ᠶᠢ ᠤᠬᠠᠭᠤᠯᠬᠤ ᠡᠷᠴᠢᠮ  ᠢᠶᠠᠨ ᠴᠢᠩᠭᠠᠯᠠᠨ᠎ᠠ  ᠃ ᠡᠯ᠎ᠡ ᠬᠤᠰᠢᠭᠤ ᠰᠢᠶᠡᠨ ᠬᠤᠳᠠ ᠤᠷᠤᠨ  ᠂ ᠡᠯ᠎ᠡ ᠬᠤᠯᠪᠤᠭᠳᠠᠯ ᠪᠥᠬᠦᠢ ᠰᠠᠯᠠᠭ᠎ᠠ ᠮᠥᠴᠢᠷ ᠳᠤᠰᠢᠶᠠᠯ  ᠤᠨ ᠥᠢᠯᠡᠳᠤᠯ  ᠢᠶᠠᠨ ᠬᠥᠢᠴᠡᠳ ᠪᠠᠳᠠᠷᠠᠭᠤᠯᠵᠤ᠂ ᠥᠢᠯᠡᠴᠢᠯᠡᠬᠦ ᠤᠬᠠᠮᠰᠠᠷ  ᠢᠶᠠᠨ ᠳᠡᠭᠡᠭᠰᠢᠯᠡᠬᠦᠯᠵᠤ  ᠂ ᠡᠬᠦᠷᠬᠡ ᠬᠠᠷᠢᠭᠤᠴᠠᠯᠭ᠎ᠠ ᠪᠠᠨ ᠥᠨᠡᠨᠬᠦ ᠪᠡᠶᠡᠯᠡᠬᠦᠯᠵᠤ  ᠂ ᠪᠤᠳᠠᠳᠠᠢ ᠵᠢᠭᠠᠨ ᠵᠢᠯᠤᠭᠤᠳᠬᠤ ᠬᠡᠷᠡᠭᠳᠡᠢ  ᠃ ᠮᠠᠯᠴᠢᠨ ᠳᠠᠷᠢᠶᠠᠴᠢᠨ  ᠤ ᠤᠷᠤᠯᠭ᠎ᠠ  ᠶᠢᠨ ᠨᠡᠮᠡᠭᠳᠡᠯ ᠎ ᠢ ᠠᠬᠢᠭᠤᠯᠤᠭᠰᠠᠨ ᠨᠡᠶᠢᠳᠡᠯᠢᠭ ᠵᠢᠱᠢᠶ᠎ᠡ ᠪᠤᠯᠤᠨ ᠠᠷᠭ᠎ᠠ  ᠶᠢ ᠴᠠᠭ ᠳᠤᠬᠠᠢ  ᠳᠤᠨᠢ ᠳ᠋ᠥᠩᠨᠡᠨ ᠳᠥᠬᠡᠮᠡᠯᠵᠢᠬᠦᠯᠵᠤ  ᠂ ᠨᠡᠶᠢᠳᠡᠯᠢᠭ ᠵᠢᠱᠢᠶ᠎ᠡ  ᠶᠢᠨ ᠳᠠᠭᠠᠭᠤᠯᠬᠤ ᠥᠢᠯᠡᠳᠤᠯ  ᠎ ᠢ ᠬᠥᠢᠴᠡᠳ ᠪᠠᠳᠠᠷᠠᠭᠤᠯᠬᠤ ᠬᠡᠷᠡᠭᠳᠡᠢ  ᠃ ᠡᠯ᠎ᠡ ᠱᠠᠳᠤᠨ  ᠎ ᠤ ᠤᠬᠠᠭᠤᠯᠬᠤ ᠰᠠᠯᠠᠭ᠎ᠠ ᠮᠥᠴᠢᠷ ᠮᠠᠯᠴᠢᠨ ᠳᠠᠷᠢᠶᠠᠴᠢᠨ  ᠤ ᠤᠷᠤᠯᠭ᠎ᠠ  ᠶᠢᠨ ᠨᠡᠮᠡᠭᠳᠡᠯ  ᠢ ᠠᠬᠢᠭᠤᠯᠬᠤ ᠲᠥᠷᠥ  ᠶᠢᠨ ᠪᠤᠳᠤᠯᠭ᠎ᠠ  ᠶᠢᠨ ᠠᠷᠭ᠎ᠠ ᠬᠡᠮᠵᠢᠶ᠎ᠡ  ᠂ ᠳᠡᠷᠢᠬᠦᠨ  ᠤ ᠳᠤᠷᠰᠢᠯᠭ᠎ᠠ  ᠂ ᠨᠡᠶᠢᠳᠡᠯᠢᠭ ᠥᠢᠯᠡ ᠠᠵᠢᠯᠯᠠᠭ᠎ᠠ  ᠶᠢ ᠶᠡᠬᠡᠪᠡᠷ ᠤᠬᠠᠭᠤᠯᠵᠤ  ᠂ ᠤᠯᠠᠨ ᠳᠥᠮᠡᠨ  ᠢ ᠤᠷᠮᠠᠰᠢᠭᠤᠯᠤᠨ ᠵᠤᠷᠢᠭᠵᠢᠭᠤᠯᠬᠤ ᠮᠠᠰᠢ ᠰᠠᠶᠢᠨ ᠶᠠᠷᠢᠶ᠎ᠡ ᠬᠡᠯᠡᠯᠴᠡᠬᠡᠨ  ᠤ ᠠᠭᠤᠷ ᠠᠮᠢᠰᠬᠤᠯ  ᠢ ᠪᠤᠢ ᠪᠤᠯᠭᠠᠬᠤ ᠬᠡᠷᠡᠭᠳᠡᠢ  ᠃   ( ᠭᠤᠷᠪᠡ ) ᠮᠠᠯᠴᠢᠨ ᠳᠠᠷᠢᠶᠠᠴᠢᠨ  ᠤ ᠤᠷᠤᠯᠭ᠎ᠠ  ᠶᠢᠨ ᠨᠡᠮᠡᠭᠳᠡᠯ  ᠎ ᠤᠨ ᠤᠷᠮᠠᠰᠢᠭᠤᠯᠬᠤ ᠳᠤᠭᠳᠠᠴᠠ  ᠶᠢ ᠪᠠᠶᠢᠭᠤᠯᠤᠨ᠎ᠠ  ᠃ ᠮᠠᠯᠵᠢᠬᠤ ᠳᠠᠷᠢᠶᠠᠯᠠᠬᠤ ᠤᠷᠤᠨ  ᠤ ᠠᠵᠤ ᠠᠬᠤᠢ  ᠶᠢᠨ ᠬᠥᠭᠵᠢᠯᠳᠡ  ᠶᠢᠨ ᠬᠢᠨᠠᠨ ᠰᠢᠯᠭᠠᠬᠤ ᠰᠢᠰᠲ᠋ᠧᠮ  ᠢ ᠪᠠᠶᠢᠭᠤᠯᠤᠨ ᠪᠥᠷᠢᠨᠰᠢᠬᠦᠯᠵᠤ  ᠂ ᠮᠠᠯᠴᠢᠨ ᠳᠠᠷᠢᠶᠠᠴᠢᠨ  ᠤ ᠤᠷᠤᠯᠭ᠎ᠠ  ᠶᠢᠨ ᠨᠡᠮᠡᠭᠳᠡᠯ  ᠎ ᠤᠨ ᠬᠠᠷᠢᠭᠤᠴᠠᠯᠭ᠎ᠠ  ᠶᠢᠨ ᠳᠥᠷᠢᠮ  ᠤᠨ ᠬᠢᠨᠠᠨ ᠰᠢᠯᠭᠠᠬᠤ  ᠳᠠᠬᠢ ᠬᠠᠷᠢᠴᠠᠯ  ᠢ ᠤᠯᠠᠮ ᠨᠢᠬᠡ ᠠᠯᠬᠤᠮ ᠳᠡᠭᠡᠭᠰᠢᠯᠡᠬᠦᠯᠵᠤ  ᠂ ᠮᠠᠯᠴᠢᠨ ᠳᠠᠷᠢᠶᠠᠴᠢᠨ  ᠤ ᠤᠷᠤᠯᠭ᠎ᠠ  ᠶᠢᠨ ᠨᠡᠮᠡᠭᠳᠡᠯ  ᠤᠨ ᠤᠷᠮᠠᠰᠢᠭᠤᠯᠬᠤ ᠳᠤᠭᠳᠠᠴᠠ  ᠶᠢ ᠪᠠᠶᠢᠭᠤᠯᠵᠤ  ᠂ ᠱᠠᠩᠨᠠᠵᠤ ᠳᠤᠷᠭᠠᠬᠤ ᠠᠷᠭ᠎ᠠ  ᠶᠢ ᠳᠤᠭᠳᠠᠭᠠᠡ ᠬᠡᠷᠡᠭᠵᠢᠬᠦᠯᠥᠨ᠎ᠡ  ᠃ ᠳᠤᠰ ᠵᠢᠯ  ᠳᠤ ᠮᠠᠯᠴᠢᠨ ᠳᠠᠷᠢᠶᠠᠴᠢᠨ  ᠤ ᠤᠷᠤᠯᠭ᠎ᠠ  ᠶᠢ ᠨᠡᠯᠢᠶᠡᠳ ᠶᠡᠭᠡ ᠨᠡᠮᠡᠭᠳᠡᠬᠦᠯᠵᠤ  ᠂ ᠮᠡᠳᠡᠭᠳᠡᠮ᠎ᠠ ᠥᠷ᠎ᠡ ᠪᠥᠲᠥᠮᠵᠢ ᠤᠯᠤᠭᠰᠠᠨ ᠭᠠᠵᠠᠷ ᠤᠷᠤᠨ  ᠢ ᠱᠠᠩᠨᠠᠨ ᠬᠥᠬᠢᠬᠦᠯᠵᠤ  ᠂ ᠠᠵᠢᠯ  ᠤᠨ ᠰᠢᠯᠳᠠᠭᠠᠨ ᠠᠴᠠ ᠪᠤᠯᠵᠤ ᠮᠠᠯᠴᠢᠨ ᠳᠠᠷᠢᠶᠠᠴᠢᠨ  ᠤ ᠤᠷᠤᠯᠭ᠎ᠠ  ᠶᠢᠨ ᠨᠡᠮᠡᠭᠳᠡᠯ ᠤᠳᠠᠭᠠᠨ ᠪᠤᠯᠤᠭᠰᠠᠨ ᠬᠤᠰᠢᠭᠤ ᠰᠢᠶᠡᠨ ᠬᠤᠳᠠ ᠤᠷᠤᠨ  ᠢ ᠪᠤᠯ  ᠂ ᠵᠠᠰᠠᠭ ᠵᠠᠬᠢᠷᠭᠠᠨ ᠎ ᠤ ᠬᠠᠷᠢᠭᠤᠴᠠᠯᠭ᠎ᠠ ᠨᠡᠬᠡᠮᠵᠢᠯᠠᠵᠤ  ᠂ ᠮᠠᠯᠴᠢᠨ ᠳᠠᠷᠢᠶᠠᠴᠢᠨ  ᠤ ᠤᠷᠤᠯᠭ᠎ᠠ  ᠶᠢ ᠨᠡᠮᠡᠭᠳᠡᠬᠦᠯᠬᠦ  ᠳᠤ ᠬᠥᠴᠥᠨ ᠳᠡᠬᠦᠯᠳᠡᠷ ᠵᠤᠬᠢᠶᠠᠨ ᠪᠠᠶᠢᠭᠤᠯᠤᠯᠳᠠ  ᠶᠢᠨ ᠪᠠᠳᠤᠯᠠᠭ᠎ᠠ ᠬᠠᠩᠭᠠᠨ᠎ᠠ  ᠃   ( ᠳᠥᠷᠪᠡ ) ᠠᠵᠢᠯ  ᠤᠨ ᠤᠪᠤᠷ ᠰᠤᠷᠳᠠᠯ  ᠢᠶᠠᠨ ᠰᠠᠶᠢᠳᠤᠷ ᠬᠤᠪᠢᠷᠠᠭᠤᠯᠤᠨ᠎ᠠ  ᠃ ᠡᠯ᠎ᠡ ᠱᠠᠳᠤᠨ  ᠤ ᠤᠳᠤᠷᠢᠳᠬᠤ ᠺᠠᠳ᠋ᠷ ᠮᠠᠯᠵᠢᠬᠤ ᠳᠠᠷᠢᠶᠠᠯᠠᠬᠤ ᠤᠷᠤᠨ  ᠳᠤ ᠬᠥᠨᠵᠡᠬᠡᠶᠢᠷᠡᠨ  ᠂ ᠮᠠᠯᠴᠢᠨ ᠳᠠᠷᠢᠶᠠᠴᠢᠨ ᠡᠷᠥᠬᠡ ᠪᠠᠷ ᠳᠤᠭᠤᠷᠢᠨ  ᠂ ᠪᠠᠶᠢᠴᠠᠭᠠᠨ ᠰᠤᠳᠤᠯᠤᠯᠳᠠ ᠬᠢᠵᠤ  ᠂ ᠨᠡᠶᠢᠳᠡᠯᠢᠭ ᠵᠢᠱᠢᠶ᠎ᠡ  ᠶᠢ ᠪᠡᠶ᠎ᠡ ᠪᠠᠷ  ᠢᠶᠠᠨ ᠠᠳᠬᠤᠵᠤ  ᠂ ᠮᠠᠯᠴᠢᠨ ᠳᠠᠷᠢᠶᠠᠴᠢᠨ  ᠤ ᠤᠷᠤᠯᠭ᠎ᠠ  ᠶᠢ ᠨᠡᠮᠡᠭᠳᠡᠬᠦᠯᠬᠦ ᠠᠵᠢᠯ  ᠤᠨ ᠶᠠᠪᠤᠴᠠ ᠳᠠᠬᠢ ᠬᠠᠯᠠᠮᠰᠢᠷᠡᠯ ᠠᠰᠠᠭᠤᠳᠠᠯ  ᠂ ᠬᠥᠴᠢᠷ ᠠᠰᠠᠭᠤᠳᠠᠯ  ᠢ ᠰᠢᠢᠳᠪᠤᠷᠢᠯᠡᠵᠤ  ᠂ ᠮᠠᠯᠴᠢᠨ ᠳᠠᠷᠢᠶᠠᠴᠢᠨ  ᠤ ᠤᠷᠤᠯᠭ᠎ᠠ  ᠶᠢ ᠨᠡᠮᠡᠭᠳᠡᠬᠦᠯᠬᠦ  ᠳᠤ ᠠᠷᠭ᠎ᠠ ᠭᠠᠷᠭᠠᠨ᠂ ᠪᠤᠳᠠᠳᠤ ᠶᠠᠪᠤᠳᠠᠯ ᠬᠢᠵᠤ ᠥᠭᠬᠦᠨ᠂   ᠰᠠᠶᠢᠨ ᠥᠢᠯᠡᠴᠢᠯᠡᠬᠦ ᠬᠡᠷᠡᠭᠳᠡᠢ  ᠃ ᠮᠠᠯ ᠳᠠᠷᠢᠶᠠᠯᠠᠩ  ᠳᠤ ᠬᠤᠯᠪᠤᠭᠳᠠᠭᠰᠠᠨ ᠡᠯ᠎ᠡ ᠰᠠᠯᠠᠭ᠎ᠠ ᠮᠥᠴᠢᠷ ᠮᠠᠯᠴᠢᠨ ᠳᠠᠷᠢᠶᠠᠴᠢᠨ  ᠤ ᠤᠷᠤᠯᠭ᠎ᠠ  ᠶᠢ ᠨᠡᠮᠡᠭᠳᠡᠬᠦᠯᠬᠦ ᠪᠠᠷ ᠭᠤᠤᠯ ᠰᠡᠳᠤᠪ ᠪᠤᠯᠭᠠᠵᠤ  ᠂ ᠪᠤᠳᠠᠳᠤ ᠪᠠᠶᠢᠳᠠᠯ ᠲᠠᠢ ᠤᠶᠠᠯᠳᠤᠭᠤᠯᠵᠤ  ᠂ ᠬᠤᠯᠪᠤᠭᠳᠠᠯ ᠪᠥᠬᠦᠢ ᠳᠤᠰᠬᠠᠢ ᠰᠡᠳᠤᠪ ᠳᠤᠭᠳᠠᠭᠠᠨ ᠪᠠᠶᠢᠴᠠᠭᠠᠨ ᠰᠤᠳᠤᠯᠤᠯᠳᠠ ᠬᠢᠵᠤ  ᠂ ᠤᠷᠤᠯᠭ᠎ᠠ  ᠶᠢ ᠨᠡᠮᠡᠭᠳᠡᠬᠦᠯᠬᠦ ᠠᠷᠭ᠎ᠠ ᠳᠤᠭᠳᠠᠭᠠᠵᠤ  ᠂ ᠤᠷᠤᠯᠭ᠎ᠠ ᠎ ᠶᠢᠨ ᠨᠡᠮᠡᠭᠳᠡᠬᠦᠯᠬᠦ ᠬᠥᠴᠢᠷ ᠠᠰᠠᠭᠤᠳᠠᠯ  ᠢ ᠰᠢᠢᠳᠪᠤᠷᠢᠯᠡᠵᠤ  ᠂ ᠡᠯ᠎ᠡ ᠵᠥᠢᠯ  ᠤᠨ ᠲᠥᠷᠥ  ᠶᠢᠨ ᠪᠤᠳᠤᠯᠭ᠎ᠠ  ᠶᠢ ᠥᠨᠡᠨᠬᠦ ᠪᠤᠳᠠᠳᠠᠢ  ᠳᠤ ᠨᠠᠶᠢᠳᠠᠪᠤᠷᠢᠵᠢᠭᠤᠯᠬᠤ ᠬᠡᠷᠡᠭᠳᠡᠢ  ᠃
 
ᠢᠷᠡᠯᠲᠡ᠄ ᠰᠢᠯᠢ  ᠶᠢᠨ ᠭᠤᠤᠯ ᠠᠶᠢᠮᠠᠭ  ᠤᠨ ᠵᠠᠬᠢᠷᠭ᠎ᠠ  ᠶᠢᠨ ᠠᠯᠪᠠᠨ ᠳᠢᠩᠬᠢᠮ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃   ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ : 010098    蒙ICP备05000248号