ᠳᠠᠯ᠎ᠡ ᠨᠤᠳᠤᠭ ᠤᠨ ᠠᠮᠢ ᠠᠬᠤᠢ ᠶᠢᠨ ᠬᠠᠮᠠᠭᠠᠯᠠᠯᠳᠠ ᠶᠢᠨ ᠨᠥᠬᠦᠪᠤᠷᠢ ᠶᠢᠨ ᠳᠤᠭᠳᠠᠴᠠ ᠳᠠᠬᠢ ᠪᠡᠯᠴᠢᠬᠡᠷᠯᠡᠬᠦᠯᠬᠦ ᠶᠢ ᠴᠠᠭᠠᠵᠠᠯᠠᠭᠰᠠᠨ ᠤᠷᠤᠨ ᠤ ᠠᠵᠢᠯ ᠤᠨ ᠪᠠᠶᠢᠷᠢ ᠶᠢᠨ ᠨᠥᠬᠦᠪᠤᠷᠢ ᠶᠢᠨ ᠢᠵᠢ ᠪᠥᠷᠢᠯᠳᠥᠭᠰᠡᠨ ᠲᠥᠷᠥ ᠶᠢᠨ ᠪᠤᠳᠤᠯᠭ᠎ᠠ ᠳᠤ ᠳᠤᠬᠢᠷᠠᠭᠤᠯᠤᠯᠳᠠ ᠬᠢᠬᠦ ᠳᠤᠬᠠᠢ ᠰᠢᠯᠢ ᠶᠢᠨ ᠭᠤᠤᠯ ᠠᠶᠢᠮᠠᠭ ᠤᠨ ᠵᠠᠬᠢᠷᠭ᠎ᠠ ᠶᠢᠨ ᠠᠯᠪᠠᠨ ᠲᠢᠩᠬᠢᠮ ᠤᠨ ᠮᠡᠳᠡᠭᠳᠡᠯ
ᠨᠡᠶᠢᠲᠡᠯᠡᠭᠰᠡᠨ ᠴᠠᠭ᠄
2016-07-20
            ᠰᠢᠯᠢ ᠵᠠᠬᠢᠷᠭ᠎ᠠ ᠠᠯᠪᠠᠨ ᠳᠠᠷᠬᠠᠭᠠᠭᠰᠠᠨ [ 2 0 1 3 ] 9 ᠳ᠋ᠤᠬᠡᠷ ᠳᠤᠭᠠᠳᠤ               ᠳᠠᠯ᠎ᠡ ᠨᠤᠳᠤᠭ ᠤᠨ ᠠᠮᠢ ᠠᠬᠤᠢ ᠶᠢᠨ ᠬᠠᠮᠠᠭᠠᠯᠠᠯᠳᠠ ᠶᠢᠨ ᠨᠥᠬᠦᠪᠤᠷᠢ ᠶᠢᠨ ᠳᠤᠭᠳᠠᠴᠠ      ᠎ ᠳᠠᠬᠢ ᠪᠡᠯᠴᠢᠬᠡᠷᠯᠡᠬᠦᠯᠬᠦ ᠶᠢ ᠴᠠᠭᠠᠵᠠᠯᠠᠭᠰᠠᠨ ᠤᠷᠤᠨ ᠤ ᠠᠵᠢᠯ ᠤᠨ ᠪᠠᠶᠢᠷᠢ ᠶᠢᠨ ᠨᠥᠬᠦᠪᠤᠷᠢ      ᠎ ᠶᠢᠨ ᠢᠵᠢ ᠪᠥᠷᠢᠯᠳᠥᠭᠰᠡᠨ ᠲᠥᠷᠥ ᠶᠢᠨ ᠪᠤᠳᠤᠯᠭ᠎ᠠ ᠳᠤ ᠳᠤᠬᠢᠷᠠᠭᠤᠯᠤᠯᠳᠠ ᠬᠢᠬᠦ ᠳᠤᠬᠠᠢ       ᠰᠢᠯᠢ ᠶᠢᠨ ᠭᠤᠤᠯ ᠠᠶᠢᠮᠠᠭ ᠤᠨ ᠵᠠᠬᠢᠷᠭ᠎ᠠ ᠶᠢᠨ ᠠᠯᠪᠠᠨ ᠲᠢᠩᠬᠢᠮ ᠤᠨ ᠮᠡᠳᠡᠭᠳᠡᠯ       ᠡᠯ᠎ᠡ ᠬᠤᠰᠢᠭᠤ ᠰᠢᠶᠡᠨ ᠬᠤᠳᠠ ( ᠤᠷᠤᠨ ) ᠎ ᠶᠢᠨ ᠠᠷᠠᠳ  ᠤᠨ ᠵᠠᠰᠠᠭ  ᠤᠨ ᠤᠷᠳᠤᠨ ( ᠬᠠᠮᠢᠶᠠᠷᠤᠯᠳᠠ ᠎ ᠶᠢᠨ ᠵᠥᠪᠯᠡᠯ )  ᠂ ᠵᠠᠬᠢᠷᠭ᠎ᠠ  ᠶᠢᠨ ᠡᠯ᠎ᠡ ᠵᠥᠪᠯᠡᠯ  ᠂ ᠠᠯᠪᠠᠨ ᠬᠡᠷ᠂ ᠳᠤᠪᠴᠢᠶᠡᠨ  ᠳᠤ  ᠄   ᠪᠡᠯᠴᠢᠬᠡᠷᠯᠡᠬᠦᠯᠬᠦ  ᠶᠢ ᠴᠠᠭᠠᠵᠠᠯᠠᠭᠰᠠᠨ ᠤᠷᠤᠨ  ᠤ ᠠᠳᠠᠯᠢ ᠪᠤᠰᠤ ᠨᠠᠰᠤᠨ  ᠤ ᠬᠥᠮᠥᠰ  ᠤᠨ ᠠᠳᠠᠯᠢ ᠪᠤᠰᠤ ᠬᠡᠷᠡᠭᠴᠡᠭᠡ  ᠶᠢ ᠥᠨᠳᠥᠰᠥᠯᠡᠵᠤ  ᠂ ᠵᠠᠬᠢᠷᠭ᠎ᠠ  ᠶᠢᠨ ᠠᠯᠪᠠᠨ ᠳᠢᠩᠬᠢᠮ ︽ᠰᠢᠯᠢ  ᠶᠢᠨ ᠭᠤᠤᠯ ᠠᠶᠢᠮᠠᠭ  ᠤᠨ ᠪᠡᠯᠴᠢᠬᠡᠷᠯᠡᠬᠦᠯᠬᠦ  ᠶᠢ ᠴᠠᠭᠠᠵᠠᠯᠠᠭᠰᠠᠨ ᠤᠷᠤᠨ  ᠤ ᠮᠠᠯᠴᠢᠳ ᠤᠨ ᠥᠷ᠎ᠡ ᠬᠡᠤᠬᠡᠳ ᠤᠨ ᠳᠡᠬᠡᠳᠤ ᠵᠡᠷᠬᠡ ᠶᠢᠨ ᠰᠤᠷᠭᠠᠨ ᠬᠥᠮᠥᠵᠢᠯ ᠬᠥᠷᠳᠡᠬᠦ ᠳᠤᠰᠠᠯᠠᠮᠵᠢ  ᠶᠢᠨ ᠮᠥᠩᠬᠦ ᠶᠢᠨ ᠬᠠᠮᠢᠶᠠᠷᠤᠯᠳᠠ  ᠶᠢᠨ ᠠᠷᠭ᠎ᠠ ( ᠳᠤᠷᠰᠢᠨ ᠬᠡᠷᠡᠭᠵᠢᠬᠦᠯᠬᠦ ) ᠵᠡᠷᠬᠡ ᠳᠥᠷᠪᠡᠨ ᠪᠢᠴᠢᠭ ᠮᠠᠲ᠋ᠧᠷᠢᠶᠡᠯ  ᠢ ᠤᠯᠠᠮᠵᠢᠯᠠᠨ ᠳᠠᠷᠬᠠᠭᠠᠬᠤ ᠳᠤᠬᠠᠢ ᠰᠢᠯᠢ  ᠶᠢᠨ ᠭᠤᠤᠯ ᠠᠶᠢᠮᠠᠭ  ᠤᠨ ᠵᠠᠬᠢᠷᠭ᠎ᠠ  ᠶᠢᠨ ᠠᠯᠪᠠᠨ ᠳᠢᠩᠬᠢᠮ ᠤᠨ ᠮᠡᠳᠡᠭᠳᠡᠯ ︾( ᠰᠢᠯᠢ ᠵᠠᠬᠢᠷᠭ᠎ᠠ ᠠᠯᠪᠠᠨ ᠳᠠᠷᠬᠠᠭᠠᠭᠰᠠᠨ [ 2 0 1 1 ] 7 5 ᠳ᠋ᠤᠭᠠᠷ ᠳᠤᠭᠠᠳᠤ ) ᠎ ᠢ ᠪᠠᠭᠤᠯᠭᠠᠵᠤ  ᠂ ᠪᠡᠯᠴᠢᠬᠡᠷᠯᠡᠬᠦᠯᠬᠦ  ᠶᠢ ᠴᠠᠭᠠᠵᠠᠯᠠᠭᠰᠠᠨ ᠤᠷᠤᠨ  ᠤ ᠨᠠᠰᠤᠵᠢᠯ  ᠂ ᠰᠤᠷᠤᠯᠭ᠎ᠠ  ᠶᠢᠨ ᠳᠤᠰᠠᠯᠠᠮᠵᠢ  ᠂ ᠥᠢᠯᠡᠰ ᠪᠥᠲᠥᠬᠡᠬᠦ  ᠂ ᠠᠵᠢᠯ  ᠤᠨ ᠪᠠᠶᠢᠷᠢ ᠤᠯᠤᠭᠰᠠᠨ ᠵᠡᠷᠬᠡ ᠳᠥᠷᠪᠡᠨ ᠢᠵᠢ ᠪᠥᠷᠢᠯᠳᠥᠭᠰᠡᠨ ᠳᠡᠳᠬᠦᠮᠵᠢ  ᠶᠢᠨ ᠠᠷᠭ᠎ᠠ ᠬᠡᠮᠵᠢᠶ᠎ᠡ  ᠶᠢ ᠬᠡᠷᠡᠭᠵᠢᠬᠦᠯᠵᠡᠢ  ᠃   ᠳᠥᠷᠪᠡᠨ ᠢᠵᠢ ᠪᠥᠷᠢᠯᠳᠥᠭᠰᠡᠨ ᠲᠥᠷᠥ  ᠶᠢᠨ ᠪᠤᠳᠤᠯᠭ᠎ᠠ  ᠶᠢ ᠬᠡᠷᠡᠭᠵᠢᠬᠦᠯᠥᠬᠡᠳ  ᠂ ᠮᠠᠯᠴᠢᠳ  ᠤᠨ ᠥᠢᠯᠡᠳᠪᠤᠷᠢᠯᠡᠯ ᠡᠵᠡᠩᠨᠡᠯᠳᠡ  ᠶᠢᠨ ᠠᠷᠭ᠎ᠠ  ᠶᠢᠨ ᠬᠤᠪᠢᠷᠠᠭᠤᠯᠤᠯᠳᠠ  ᠶᠢ ᠠᠬᠢᠭᠤᠯᠵᠤ  ᠂ ᠪᠡᠯᠴᠢᠬᠡᠷᠯᠡᠬᠦᠯᠬᠦ  ᠶᠢ ᠴᠠᠭᠠᠵᠠᠯᠠᠭᠰᠠᠨ ᠤᠷᠤᠨ  ᠤ ᠮᠠᠯᠴᠢᠳ  ᠤᠨ ᠤᠷᠤᠯᠭ᠎ᠠ  ᠶᠢ ᠨᠡᠮᠡᠭᠳᠡᠬᠦᠯᠵᠤ  ᠂ ᠨᠥᠬᠦᠪᠤᠷᠢ ᠱᠠᠩᠨᠠᠯ  ᠤᠨ ᠳᠤᠭᠳᠠᠴᠠ ᠎ ᠶᠢᠨ ᠪᠤᠳᠠᠳᠤ ᠥᠷ᠎ᠡ ᠠᠰᠢᠭ  ᠢ ᠤᠯᠠᠮ ᠨᠢᠬᠡ ᠠᠯᠬᠤᠮ ᠳᠡᠭᠡᠭᠰᠢᠯᠡᠬᠦᠯᠵᠡᠢ  ᠃ ᠬᠡᠪᠠᠴᠤ  ᠂ ᠪᠡᠯᠴᠢᠬᠡᠷᠯᠡᠬᠦᠯᠬᠦ  ᠶᠢ ᠴᠠᠭᠠᠵᠠᠯᠠᠭᠰᠠᠨ ᠤᠷᠤᠨ  ᠤ ᠬᠥᠳᠡᠯᠮᠤᠷᠢ ᠬᠥᠴᠥᠨ  ᠤ ᠠᠵᠢᠯ  ᠤᠨ ᠪᠠᠶᠢᠷᠢ  ᠶᠢᠨ ᠨᠥᠬᠦᠪᠤᠷᠢ  ᠶᠢᠨ ᠢᠵᠢ ᠪᠥᠷᠢᠯᠳᠥᠭᠰᠡᠨ ᠲᠥᠷᠥ  ᠶᠢᠨ ᠪᠤᠳᠤᠯᠭ᠋ ᠎ᠠ ᠶᠢ ᠬᠡᠷᠡᠭᠵᠢᠬᠦᠯᠬᠦ ᠶᠠᠪᠤᠴᠠ  ᠳᠤ ᠮᠠᠰᠢ ᠤᠯᠠᠨ ᠬᠥᠴᠢᠷᠳᠡᠯ ᠪᠠ ᠠᠰᠠᠭᠤᠳᠠᠯ ᠢᠯᠡᠷᠡᠭᠰᠡᠨ ᠪᠠᠶᠢᠨ᠎ᠠ  ᠃ ᠨᠢᠬᠡ  ᠳᠤ ᠨᠥᠬᠦᠪᠤᠷᠢ ᠤᠯᠬᠤ ᠪᠠᠷ ᠭᠤᠶᠤᠴᠢᠯᠠᠭᠰᠠᠨ ᠬᠥᠮᠥᠨ ᠠᠷᠪᠢᠨ  ᠂ ᠠᠵᠢᠯ ᠤᠯᠭᠤᠬᠤ ᠬᠥᠷᠢᠶ᠎ᠡ ᠬᠡᠪᠴᠢᠶ᠎ᠡ ᠥᠷᠬᠡᠨ  ᠂ ᠠᠮᠢᠳᠤᠯᠢᠭ ᠮᠥᠷᠳᠡᠬᠡᠨ ᠤᠯᠠᠨ ᠶᠠᠩᠵᠤ ᠪᠤᠯᠬᠤᠷ  ᠂ ᠬᠢᠨᠠᠨ ᠳᠤᠭᠳᠠᠭᠠᠬᠤ ᠪᠠ ᠬᠠᠷᠭᠤᠭᠤᠯᠬᠤ  ᠳᠤ ᠨᠡᠯᠢᠶᠡᠳ ᠬᠥᠴᠢᠷ ᠪᠤᠯᠵᠤ  ᠂ ᠬᠤᠳᠠᠯ  ᠢᠶᠠᠷ ᠤᠷᠤᠯᠠᠨ ᠠᠪᠬᠤ ᠪᠤᠶᠤ ᠵᠢᠩᠬᠢᠨᠢ ᠨᠥᠬᠦᠪᠤᠷᠢ ᠤᠯᠬᠤ ᠴᠢᠬᠤᠯᠠ ᠲᠠᠢ ᠨᠢ ᠤᠯᠵᠤ ᠳᠠᠶᠢᠯᠬᠦ ᠥᠬᠡᠢ ᠠᠰᠠᠭᠤᠳᠠᠯ ᠤᠷᠤᠰᠢᠵᠤ ᠪᠠᠶᠢᠨ᠎ᠠ  ᠃ ᠬᠤᠶᠠᠷ ᠲᠤ ᠵᠠᠷᠢᠮ ᠮᠠᠯᠴᠢᠳ ᠤᠯᠠᠷᠢᠯ  ᠤᠨ ᠴᠢᠨᠠᠷᠳᠡᠢ ᠠᠵᠢᠯ ᠬᠢᠬᠦ ᠪᠤᠶᠤ ᠤᠬᠤᠷᠬᠠᠨ ᠬᠤᠭᠤᠴᠠᠭᠠᠨ  ᠤ ᠠᠵᠢᠯ ᠬᠢᠵᠤ ᠪᠠᠶᠢᠭ᠎ᠠ ᠪᠤᠯᠬᠤᠷ ᠠᠵᠢᠯ ᠤᠯᠤᠭᠰᠠᠨ ᠬᠥᠴᠥᠨ ᠲᠠᠢ ᠬᠡᠷᠡᠴᠢ  ᠶᠢ ᠬᠠᠩᠭᠠᠵᠤ ᠴᠢᠳᠠᠬᠤ ᠥᠭᠡᠢ ᠠᠴᠠ ᠪᠤᠯᠵᠤ ᠡᠨᠡᠬᠦ ᠲᠥᠷᠥ ᠪᠤᠳᠤᠯᠭ᠎ᠠ  ᠶᠢᠨ ᠨᠥᠬᠦᠪᠤᠷᠢ  ᠶᠢ ᠬᠥᠷᠳᠡᠬᠦ  ᠶᠢᠨ ᠠᠷᠭ᠎ᠠ ᠥᠬᠡᠢ ᠪᠠᠶᠢᠨ᠎ᠠ  ᠃   ᠡᠶᠢᠮᠥᠷᠬᠦ ᠪᠠᠶᠢᠳᠠᠯ  ᠳᠤ ᠴᠢᠭᠯᠡᠬᠦᠯᠵᠤ  ᠂ ᠵᠠᠬᠢᠷᠭ᠎ᠠ ᠠᠴᠠ ᠬᠤᠯᠪᠤᠭᠳᠠᠯ ᠪᠥᠬᠦᠢ ᠰᠠᠯᠠᠭ᠎ᠠ ᠮᠥᠴᠢᠷ  ᠢ ᠱᠠᠭᠠᠷᠳᠠᠨ ᠤᠯᠠᠨ ᠤᠳᠠᠭ᠎ᠠ ᠪᠠᠶᠢᠴᠠᠭᠠᠨ ᠰᠤᠳᠤᠯᠤᠯᠳᠠ ᠬᠢᠯᠬᠡᠵᠤ  ᠂ ᠡᠯ᠎ᠡ ᠳᠠᠯ᠎ᠡ  ᠶᠢᠨ ᠬᠢᠨ  ᠤ ᠰᠠᠨᠠᠯ  ᠢ ᠰᠤᠨᠤᠰᠤᠭᠰᠠᠨ ᠰᠠᠭᠤᠷᠢᠨ ᠳᠡᠭᠡᠷ᠎ᠡ  ᠂ ᠬᠥᠳᠡᠯᠮᠤᠷᠢ ᠬᠥᠴᠥᠨ  ᠤ ᠠᠵᠢᠯ  ᠤᠨ ᠪᠠᠶᠢᠷᠢ  ᠶᠢᠨ ᠨᠥᠬᠦᠪᠤᠷᠢ  ᠶᠢ ᠪᠡᠯᠴᠢᠬᠡᠷᠯᠡᠬᠦᠯᠬᠦ  ᠶᠢ ᠴᠠᠭᠠᠵᠠᠯᠠᠭᠰᠠᠨ ᠤᠷᠤᠨ  ᠤ ᠵᠠᠯᠭᠠᠮᠵᠢ ᠠᠵᠤ ᠥᠢᠯᠡᠰ  ᠢ ᠳᠡᠮᠵᠢᠬᠦ ᠲᠥᠷᠥ  ᠶᠢᠨ ᠪᠤᠳᠤᠯᠭ᠎ᠠ ᠪᠤᠯᠭᠠᠨ ᠳᠤᠬᠢᠷᠠᠭᠤᠯᠵᠤ  ᠂ 2 0 1 3 ᠤᠨ  ᠤ 1 ᠳ᠋ᠤᠬᠡᠷ ᠰᠠᠷ᠎ᠡ ᠠᠴᠠ ᠡᠬᠢᠯᠠᠨ ᠠᠵᠢᠯ ᠤᠯᠭᠤᠬᠤ ᠨᠥᠬᠦᠪᠤᠷᠢ ᠎ ᠶᠢ ᠥᠭᠬᠦ ᠪᠠᠨ ᠪᠤᠯᠢᠵᠤ  ᠂ ︽ᠪᠡᠯᠴᠢᠬᠡᠷᠯᠡᠬᠦᠯᠬᠦ  ᠶᠢ ᠴᠠᠭᠠᠵᠠᠯᠠᠭᠰᠠᠨ ᠤᠷᠤᠨ ᠤ ᠬᠥᠳᠡᠯᠮᠤᠷᠢ ᠬᠥᠴᠥᠨ ᠤ ᠠᠵᠢᠯ ᠎ ᠤᠨ ᠪᠠᠶᠢᠷᠢ  ᠶᠢᠨ ᠨᠥᠬᠦᠪᠤᠷᠢ  ᠶᠢᠨ ᠬᠠᠮᠢᠶᠠᠷᠤᠯᠳᠠ  ᠶᠢᠨ ᠠᠷᠭ᠎ᠠ ( ᠳᠤᠷᠰᠢᠨ ᠬᠡᠷᠡᠭᠵᠢᠬᠦᠯᠬᠦ )︾᠎ ᠶᠢ ᠴᠤᠭ ᠲᠤᠨᠢ ᠬᠥᠴᠥᠨ ᠥᠬᠡᠢ ᠪᠤᠯᠭᠠᠬᠤ ᠪᠠᠷ ᠳᠤᠭᠳᠠᠭᠠᠪᠠ  ᠃ ᠡᠯ᠎ᠡ ᠭᠠᠵᠠᠷ ᠤᠷᠤᠨ  ᠂ ᠡᠯ᠎ᠡ ᠬᠤᠯᠪᠤᠭᠳᠠᠯ ᠪᠥᠬᠦᠢ ᠰᠠᠯᠠᠭ᠎ᠠ ᠮᠥᠴᠢᠷ ᠳᠡᠬᠡᠳᠤ ᠬᠡᠮᠵᠢᠶ᠎ᠡ ᠪᠠᠷ ᠬᠥᠨᠳᠥᠳᠬᠡᠨ ᠥᠵᠡᠵᠤ  ᠂ ᠤᠯᠠᠨ ᠠᠷᠭ᠎ᠠ ᠵᠠᠮ  ᠢᠶᠠᠷ ᠮᠠᠯᠴᠢᠨ ᠳᠥᠮᠡᠨ  ᠳᠤ ᠴᠠᠭ ᠳᠤᠬᠠᠢ ᠳᠤᠨᠢ ᠪᠥᠬᠦ ᠳᠠᠯ᠎ᠠ ᠪᠠᠷ ᠤᠬᠠᠭᠤᠯᠤᠨ ᠳᠡᠶᠢᠯᠪᠤᠷᠢᠯᠡᠬᠤ  ᠶᠢᠨ ᠬᠠᠮᠳᠤ ᠲᠥᠷᠥ  ᠶᠢᠨ ᠪᠤᠳᠤᠯᠭ᠎ᠠ  ᠶᠢ ᠳᠤᠬᠢᠷᠠᠭᠤᠯᠤᠭᠰᠠᠨ  ᠤ ᠳᠠᠷᠠᠭᠠᠬᠢ ᠵᠤᠯᠭᠠᠭᠤᠯᠬᠤ ᠠᠵᠢᠯ  ᠢ ᠰᠠᠶᠢᠳᠤᠷ ᠬᠢᠵᠤ  ᠂ ᠪᠡᠯᠴᠢᠬᠡᠷᠯᠡᠬᠦᠯᠬᠦ  ᠶᠢ ᠴᠠᠭᠠᠵᠠᠯᠠᠭᠰᠠᠨ ᠤᠷᠤᠨ  ᠤ ᠮᠠᠯᠴᠢᠳ  ᠤᠨ ᠤᠷᠤᠯᠭ᠎ᠠ  ᠶᠢ ᠥᠷᠬᠦᠯᠵᠢᠯᠡᠨ ᠨᠡᠮᠡᠭᠳᠡᠬᠦᠯᠬᠦ  ᠶᠢ ᠪᠠᠳᠤᠯᠠᠬᠤ ᠬᠡᠷᠡᠭᠳᠡᠢ  ᠃
 
ᠢᠷᠡᠯᠲᠡ᠄ ᠰᠢᠯᠢ  ᠶᠢᠨ ᠭᠤᠤᠯ ᠠᠶᠢᠮᠠᠭ  ᠤᠨ ᠵᠠᠬᠢᠷᠭ᠎ᠠ  ᠶᠢᠨ ᠠᠯᠪᠠᠨ ᠳᠢᠩᠬᠢᠮ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃   ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ : 010098    蒙ICP备05000248号