《 ᠰᠢᠯᠢ ᠶᠢᠨ ᠭᠤᠤᠯ ᠠᠶᠢᠮᠠᠭ ᠤᠨ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ ᠶᠢ ᠳᠥᠯᠬᠢᠨ ᠠᠬᠢᠭᠤᠯᠬᠤ ᠳᠥᠯᠥᠪᠵᠢᠬᠦᠯᠬᠡ 》᠎ ᠶᠢ ᠳᠠᠷᠤᠮᠠᠯᠯᠠᠨ ᠳᠠᠷᠬᠠᠭᠠᠬᠤ ᠳᠤᠬᠠᠢ ᠰᠢᠯᠢ ᠎ ᠶᠢᠨ ᠭᠤᠤᠯ ᠠᠶᠢᠮᠠᠭ ᠤᠨ ᠵᠠᠬᠢᠷᠭ᠎ᠠ ᠶᠢᠨ ᠮᠡᠳᠡᠭᠳᠡᠯ
ᠨᠡᠶᠢᠲᠡᠯᠡᠭᠰᠡᠨ ᠴᠠᠭ᠄
2016-07-20
            ᠰᠢᠯᠢ ᠵᠠᠬᠢᠷᠭ᠎ᠠ ᠠᠯᠪᠠᠨ ᠳᠠᠷᠬᠠᠭᠠᠭᠰᠠᠨ [ 2 0 1 3 ] 5 ᠳ᠋ᠤᠭᠠᠷ ᠳᠤᠭᠠᠳᠤ  《 ᠰᠢᠯᠢ ᠶᠢᠨ ᠭᠤᠤᠯ ᠠᠶᠢᠮᠠᠭ ᠤᠨ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ     ᠳᠡᠩᠴᠡᠬᠦᠷᠢᠳᠡᠢ ᠬᠥᠭᠵᠢᠯᠳᠡ ᠶᠢ ᠳᠥᠯᠬᠢᠨ ᠠᠬᠢᠭᠤᠯᠬᠤ ᠳᠥᠯᠥᠪᠵᠢᠬᠦᠯᠬᠡ 》᠎ ᠶᠢ     ᠳᠠᠷᠤᠮᠠᠯᠯᠠᠨ ᠳᠠᠷᠬᠠᠭᠠᠬᠤ ᠳᠤᠬᠠᠢ ᠰᠢᠯᠢ ᠶᠢᠨ ᠭᠤᠤᠯ ᠠᠶᠢᠮᠠᠭ ᠤᠨ ᠵᠠᠬᠢᠷᠭ᠎ᠠ ᠶᠢᠨ ᠮᠡᠳᠡᠭᠳᠡᠯ                   ᠡᠯ᠎ᠡ ᠬᠤᠰᠢᠭᠤ ᠰᠢᠶᠡᠨ ᠬᠤᠳᠠ ( ᠤᠷᠤᠨ ) ᠎ ᠶᠢᠨ ᠠᠷᠠᠳ  ᠤᠨ ᠵᠠᠰᠠᠭ  ᠤᠨ ᠤᠷᠳᠤᠨ ( ᠬᠠᠮᠢᠶᠠᠷᠤᠯᠳᠠ ᠎ ᠶᠢᠨ ᠵᠥᠪᠯᠡᠯ )  ᠂ ᠵᠠᠬᠢᠷᠭ᠎ᠠ  ᠶᠢᠨ ᠡᠯ᠎ᠡ ᠵᠥᠪᠯᠡᠯ  ᠂ ᠠᠯᠪᠠᠨ ᠬᠡᠷ  ᠂ ᠳᠤᠪᠴᠢᠶᠡᠨ  ᠳᠤ  ᠄     ᠪᠥᠬᠦ ᠠᠶᠢᠮᠠᠭ ᠶᠢᠰᠤᠨ ᠵᠢᠯ  ᠤᠨ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠬᠢᠷᠢ ᠳᠥᠪᠰᠢᠨ  ᠢ ᠪᠠᠬᠢᠵᠢᠬᠦᠯᠥᠨ ᠳᠡᠭᠡᠭᠰᠢᠯᠡᠬᠦᠯᠵᠤ  ᠂ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠠᠬᠦᠷᠢᠳᠡᠢ ᠬᠥᠭᠵᠢᠯᠳᠡ ᠎ ᠶᠢ ᠠᠬᠢᠭᠤᠯᠬᠤ  ᠶᠢᠨ ᠳᠤᠰᠠᠳᠠ  ᠂ ︽ᠰᠢᠯᠢ ᠶᠢᠨ ᠭᠤᠤᠯ ᠠᠶᠢᠮᠠᠭ ᠤᠨ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠠᠬᠦᠷᠢᠳᠡᠢ ᠬᠥᠭᠵᠢᠯᠳᠡ  ᠶᠢ ᠳᠥᠯᠬᠢᠨ ᠠᠬᠢᠭᠤᠯᠬᠤ ᠳᠥᠯᠥᠪᠵᠢᠬᠦᠯᠬᠡ ︾᠎ ᠶᠢ ᠳᠠᠨᠠᠷ ᠲᠤ ᠳᠠᠠᠷᠤᠮᠠᠯᠯᠠᠨ ᠳᠠᠷᠬᠠᠭᠠᠯ᠎ᠠ  ᠂ ᠬᠤᠯᠪᠤᠭᠳᠠᠯ ᠪᠥᠬᠦᠢ ᠰᠠᠯᠠᠭ᠎ᠠ ᠮᠥᠴᠢᠷ ᠨᠠᠷᠢᠨ ᠬᠢᠨᠠᠮᠠᠭᠠᠢ ᠵᠢᠷᠥᠮᠯᠠᠨ ᠬᠡᠷᠡᠭᠵᠢᠬᠦᠯᠳᠥᠬᠡᠢ  ᠃           ᠰᠢᠯᠢ  ᠶᠢᠨ ᠭᠤᠤᠯ ᠠᠶᠢᠮᠠᠭ  ᠤᠨ ᠵᠠᠬᠢᠷᠭ᠎ᠠ  ᠶᠢᠨ ᠠᠯᠪᠠᠨ ᠳᠢᠩᠬᠢᠮ              2 0 1 3 ᠤᠨ  ᠤ 1 ᠳ᠋ᠤᠬᠡᠷ ᠰᠠᠷ᠎ᠠ  ᠶᠢᠨ 1 8 ᠎ ᠤ ᠡᠳᠤᠷ     ᠰᠢᠯᠢ ᠶᠢᠨ ᠭᠤᠤᠯ ᠠᠶᠢᠮᠠᠭ ᠤᠨ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ     ᠳᠡᠩᠴᠡᠬᠦᠷᠢᠳᠡᠢ ᠬᠥᠭᠵᠢᠯᠳᠡ  ᠶᠢ ᠳᠥᠯᠬᠢᠨ ᠠᠬᠢᠭᠤᠯᠬᠤ ᠳᠥᠯᠥᠪᠵᠢᠬᠦᠯᠬᠡ   ᠨᠢᠬᠡ  ᠂ ᠬᠥᠭᠵᠢᠯᠳᠡ  ᠶᠢᠨ ᠤᠳᠤᠬᠢ ᠪᠠᠶᠢᠳᠠᠯ   ᠤᠳᠤᠬᠠᠨ ᠳᠤ ᠪᠥᠬᠦ ᠠᠶᠢᠮᠠᠭ ᠲᠤ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠱᠠᠳᠤᠨ  ᠤ ᠰᠤᠷᠭᠠᠭᠤᠯᠢ 1 2 4 ᠪᠤᠢ  ᠂ ᠡᠬᠦᠨ  ᠳᠤ  ᠄ 8 7 ᠪᠠᠭ᠎ᠠ ᠰᠤᠷᠭᠠᠭᠤᠯᠢ  ᠂ 2 3 ᠠᠩᠬ᠎ᠠ ᠵᠡᠷᠬᠡ ᠶᠢᠨ ᠳᠤᠮᠳᠠᠳᠤ ᠰᠤᠷᠭᠠᠭᠤᠯᠢ  ᠂ 1 1 ᠪᠥᠷᠢᠨ ᠳᠤᠮᠳᠠᠳᠤ ᠰᠤᠷᠭᠠᠭᠤᠯᠢ  ᠂ 3 ᠶᠢᠰᠤᠨ ᠵᠢᠯ  ᠤᠨ ᠳᠥᠷᠢᠮᠳᠤ ᠰᠤᠷᠭᠠᠭᠤᠯᠢ ᠪᠤᠢ  ᠃ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠱᠠᠳᠤᠨ  ᠤ ᠰᠤᠷᠭᠠᠭᠤᠯᠢ  ᠳᠤ ᠰᠠᠭᠤᠭ᠎ᠠ ᠰᠤᠷᠤᠭᠴᠢ 9 3 4 4 9 ᠨᠡᠷ᠎ᠡ  ᠂ ᠡᠬᠦᠨ  ᠳᠤ ᠪᠠᠭ᠎ᠠ ᠰᠤᠷᠭᠠᠭᠤᠯᠢ  ᠶᠢᠨ ᠰᠤᠷᠤᠭᠴᠢ 6 0 9 1 8 ᠨᠡᠷ᠎ᠡ  ᠂ ᠠᠩᠬ᠎ᠠ ᠳᠤᠮᠳᠠᠳᠤ  ᠶᠢᠨ ᠰᠤᠷᠤᠭᠴᠢ 3 2 5 3 1 ᠨᠡᠷ᠎ᠡ᠃ 2 0 0 5 ᠤᠨ  ᠳᠤ ᠪᠥᠬᠦ ᠠᠶᠢᠮᠠᠭ  ᠢᠶᠠᠷ  ᠢᠶᠠᠨ ︽ᠬᠤᠶᠠᠷ  ᠢ ᠥᠨᠳᠥᠰᠥᠨ ᠎ ᠳᠡᠭᠡᠨ ᠪᠠᠷᠢᠮᠵᠢᠶᠡᠨ  ᠳᠤ ᠬᠥᠷᠬᠡᠵᠤ ︾᠂ 2 0 0 7 ᠤᠨ  ᠳᠤ ᠤᠯᠤᠰ  ᠤᠨ ᠰᠤᠷᠭᠠᠨ ᠬᠥᠮᠥᠵᠢᠯ ᠎ ᠤᠨ ᠱᠠᠭᠠᠷᠳᠠᠨ ᠵᠢᠯᠤᠭᠤᠳᠬᠤ ᠳᠤᠭᠤᠢᠢᠯᠠᠩ ᠤᠨ ︽ᠬᠤᠶᠡᠷ  ᠢ ᠥᠨᠳᠥᠰᠥᠨ  ᠳᠡᠭᠡᠨ ᠪᠠᠷᠢᠮᠵᠢᠶᠡᠨ  ᠳᠤ ᠬᠥᠷᠬᠡᠬᠦ ︾ ᠪᠠᠶᠢᠴᠠᠭᠠᠯᠳᠠ  ᠳᠤ ᠬᠢᠷᠢ ᠳᠡᠩᠴᠡᠵᠡᠢ ; 2 0 1 0 ᠤᠨ ᠪᠤᠯᠬᠤ  ᠳᠤ  ᠂   ᠥᠪᠡᠷᠳᠡᠬᠡᠨ ᠵᠠᠰᠠᠬᠤ ᠤᠷᠤᠨ  ᠤ ︽ᠬᠤᠶᠡᠷ  ᠢ ᠥᠨᠳᠥᠰᠥᠨ  ᠳᠡᠭᠡᠨ ᠪᠠᠷᠢᠮᠵᠢᠶᠡᠨ  ᠳᠤ ᠬᠥᠷᠬᠡᠭᠰᠡᠨ ︾ ᠥᠷ᠎ᠡ ᠪᠥᠲᠥᠮᠵᠢ  ᠶᠢ ᠪᠠᠬᠢᠵᠢᠬᠦᠯᠥᠨ ᠳᠡᠭᠡᠭᠰᠢᠯᠡᠬᠦᠯᠬᠦ ᠳᠠᠬᠢᠨ ᠪᠠᠶᠢᠴᠠᠭᠠᠯᠳᠠ  ᠳᠤ 6 ᠬᠤᠰᠢᠭᠤ ᠬᠢᠷᠢ ᠳᠡᠩᠴᠡᠭᠰᠡᠨ ᠮᠥᠷᠳᠡᠬᠡᠨ ︽ᠬᠤᠶᠡᠷ ᠎ ᠢ ᠥᠨᠳᠥᠰᠥᠨ  ᠳᠡᠭᠡᠨ ᠪᠠᠷᠢᠮᠵᠢᠶᠡᠨ  ᠳᠤ ᠬᠥᠷᠬᠡᠭᠰᠡᠨ ︾ ᠥᠷ᠎ᠡ ᠪᠥᠲᠥᠮᠵᠢ  ᠶᠢ ᠪᠠᠬᠢᠵᠢᠬᠦᠯᠥᠨ ᠳᠡᠭᠡᠭᠰᠢᠯᠡᠬᠦᠯᠬᠦ ᠠᠵᠢᠯ  ᠤᠨ ᠳᠠᠷᠢᠬᠦᠨ  ᠤ ᠬᠤᠰᠢᠭᠤ ᠪᠠᠷ ᠰᠤᠩᠭᠤᠭᠳᠠᠵᠠᠢ ; ᠪᠠᠷᠠᠭᠤᠨ ᠥᠵᠥᠮᠥᠴᠢᠨ ᠬᠤᠰᠢᠭᠤ ︽ᠪᠥᠬᠦ ᠤᠯᠤᠰ  ᠤᠨ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ  ᠶᠢᠨ ᠠᠵᠢᠯ  ᠤᠨ ᠳᠡᠷᠢᠬᠦᠨ  ᠤ ᠭᠠᠵᠠᠷ ᠤᠷᠤᠨ ︾᠂   ᠪᠥᠬᠦ ᠤᠷᠤᠨ  ᠤ ᠠᠩᠬᠠᠳᠠᠭᠴᠢ ︽ᠬᠤᠶᠠᠷ ᠥᠨᠳᠥᠷ ᠶᠢᠰᠤ  ᠶᠢ ᠳᠥᠬᠡᠮᠡᠯᠵᠢᠬᠦᠯᠥᠭᠰᠡᠨ ︾ ᠮᠠᠯᠵᠢᠬᠤ ᠬᠤᠰᠢᠭᠤ ᠪᠠᠷ ᠰᠤᠩᠭᠤᠭᠳᠠᠵᠠᠢ  ᠃ ︽ᠬᠤᠶᠠᠷ  ᠢ ᠥᠨᠳᠥᠰᠥᠨ ᠎ ᠳᠡᠭᠡᠨ ᠪᠠᠷᠢᠮᠵᠢᠶᠡᠨ  ᠳᠤ ᠬᠥᠷᠬᠡᠬᠦ ︾᠎ ᠶᠢ ᠳᠠᠭᠠᠯᠳᠤᠨ  ᠂ ᠶᠢᠰᠤᠨ ᠵᠢᠯ  ᠤᠨ ᠠᠯᠪᠠᠨ ᠵᠢᠷᠤᠮ  ᠤᠨ ᠰᠤᠷᠭᠠᠨ ᠬᠥᠮᠥᠵᠢᠯ  ᠢ ᠳᠥᠬᠡᠮᠡᠯᠵᠢᠬᠦᠯᠬᠦ ᠠᠵᠢᠯ  ᠢ ᠳᠡᠰᠤᠷᠠᠯᠳᠠ ᠥᠬᠡᠢ ᠪᠠᠬᠢᠵᠢᠬᠦᠯᠥᠨ ᠳᠡᠭᠡᠭᠰᠢᠯᠡᠬᠦᠯᠵᠤ  ᠂ ᠰᠤᠷᠭᠠᠭᠤᠯᠢ  ᠶᠢᠨ ᠨᠠᠰᠤᠨ ᠎ ᠤ ᠬᠡᠤᠬᠡᠳ ᠪᠠᠭᠠᠴᠤᠳ ︽ᠰᠠᠭᠤᠬᠤ ᠰᠤᠷᠭᠠᠭᠤᠯᠢ ᠲᠠᠢ ᠪᠠᠶᠢᠬᠤ ︾ ᠠᠰᠠᠭᠤᠳᠠᠯ  ᠢ ᠥᠨᠳᠥᠰᠥᠨ ᠠᠴᠠ ᠨᠢ ᠰᠢᠢᠳᠪᠤᠷᠢᠯᠠᠵᠠᠢ  ᠃ ᠬᠡᠪᠡᠴᠤ ᠭᠠᠵᠠᠷ ᠤᠷᠤᠨ  ᠤ ᠬᠤᠭᠤᠷᠤᠨᠳᠤᠬᠢ  ᠂ ᠬᠤᠳᠠ ᠬᠥᠳᠡᠭᠡ  ᠶᠢᠨ ᠬᠤᠭᠤᠷᠤᠨᠳᠤᠬᠢ  ᠂ ᠰᠤᠷᠭᠠᠭᠤᠯᠢ ᠨᠤᠭᠤᠳ  ᠤᠨ ᠬᠤᠭᠤᠷᠤᠨᠳᠤᠬᠢ ᠰᠤᠷᠭᠠᠭᠤᠯᠢ ᠡᠷᠬᠢᠯᠡᠬᠦ ᠬᠢᠷᠢ ᠬᠡᠮᠵᠢᠶ᠎ᠡ ᠪᠤᠯᠤᠨ ᠰᠤᠷᠭᠠᠨ ᠬᠥᠮᠥᠵᠢᠯ ᠎ ᠤᠨ ᠶᠠᠰᠤ ᠴᠢᠨᠠᠷ ᠮᠥᠨ ᠯᠡ ᠮᠡᠳᠡᠭᠳᠡᠮ᠎ᠡ ᠵᠥᠷᠢᠶ᠎ᠡ ᠲᠠᠢ ᠪᠠᠶᠢᠵᠤ  ᠂ ᠠᠷᠠᠳ ᠤᠯᠠᠨ  ᠤ ᠳᠠᠰᠤᠷᠠᠯᠳᠠ ᠥᠬᠡᠢ ᠳᠡᠭᠡᠭᠰᠢᠯᠡᠵᠤ ᠪᠠᠶᠢᠭ᠎ᠠ ᠰᠤᠷᠭᠠᠨ ᠬᠥᠮᠥᠵᠢᠯ  ᠤᠨ ᠬᠡᠷᠡᠭᠴᠡᠭᠡ ᠬᠢᠬᠡᠳ ᠬᠠᠩᠭᠠᠯᠭ᠎ᠠ ᠬᠥᠷᠥᠯᠴᠡᠬᠦ ᠥᠭᠡᠢ ᠵᠥᠷᠢᠴᠡᠯ ᠮᠥᠨ ᠯᠡ ᠳᠤᠪᠤᠶᠢᠮ᠎ᠠ ᠪᠠᠶᠢᠭᠰᠠᠭᠠᠷ ᠶᠤᠮ  ᠃ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ  ᠶᠢ ᠬᠥᠨᠵᠡᠬᠡᠢ ᠳᠥᠯᠬᠢᠨ ᠠᠬᠢᠭᠤᠯᠵᠤ᠂ ᠮᠠᠯᠵᠢᠬᠤ ᠳᠠᠷᠢᠶᠠᠯᠠᠬᠤ ᠤᠷᠤᠨ  ᠤ ᠰᠤᠷᠭᠠᠭᠤᠯᠢ ᠪᠠ ᠪᠠᠭᠤᠷᠠᠢ ᠰᠤᠷᠭᠠᠭᠤᠯᠢ  ᠶᠢᠨ ᠰᠤᠷᠭᠠᠭᠤᠯᠢ ᠡᠷᠬᠢᠯᠡᠬᠦ ᠬᠢᠷᠢ ᠬᠡᠮᠵᠢᠶ᠎ᠡ  ᠶᠢ ᠬᠥᠴᠥᠯᠠᠨ ᠳᠡᠭᠡᠭᠰᠢᠯᠡᠬᠦᠯᠵᠤ  ᠂ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠶᠠᠰᠤ ᠴᠢᠨᠠᠷ  ᠢ ᠪᠥᠬᠦ ᠳᠠᠯ᠎ᠠ ᠪᠠᠷ ᠳᠡᠭᠡᠭᠰᠢᠯᠡᠬᠦᠯᠵᠤ  ᠂ ᠰᠤᠷᠭᠠᠭᠤᠯᠢ  ᠶᠢᠨ ᠨᠠᠰᠤᠨ ᠤ ᠬᠡᠤᠬᠡᠳ ᠪᠠᠭᠠᠴᠤᠳ  ᠢ ᠴᠥᠮ ︽ᠰᠠᠶᠢᠨ ᠰᠤᠷᠭᠠᠭᠤᠯᠢ  ᠳᠤ ᠰᠤᠷᠤᠯᠴᠠᠭᠤᠯᠬᠤ ︾᠎ ᠪᠠᠷ ᠬᠥᠴᠥᠯᠠᠨ ᠴᠢᠷᠮᠠᠶᠢᠬᠤ ᠪᠤᠯ  ᠂ ᠤᠳᠤᠬᠠᠨ  ᠤ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠬᠥᠭᠵᠢᠯᠳᠡ  ᠶᠢᠨ ᠴᠢᠬᠤᠯᠠ ᠡᠬᠦᠷᠬᠡ ᠪᠤᠯᠤᠨ᠎ᠠ  ᠃ ᠡᠨᠡ ᠨᠢ ᠬᠥᠮᠥᠨ  ᠢᠶᠠᠷ ᠥᠨᠳᠥᠰᠥ ᠪᠤᠯᠭᠠᠵᠤ ᠬᠥᠮᠥᠨ  ᠤ ᠪᠥᠬᠦ ᠳᠠᠯ᠎ᠠ  ᠶᠢᠨ ᠬᠥᠭᠵᠢᠯᠳᠡ ᠎ ᠶᠢ ᠠᠬᠢᠭᠤᠯᠬᠤ  ᠂   ᠰᠤᠷᠭᠠᠨ ᠬᠥᠮᠥᠵᠢᠯ  ᠤᠨ ᠥᠬᠡᠷᠡᠴᠢᠯᠡᠯᠳᠡ  ᠶᠢ ᠬᠥᠨᠵᠡᠬᠡᠶᠢᠷᠡᠬᠦᠯᠬᠦ  ᠂ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠬᠥᠨ ᠳᠡᠰ ᠳᠠᠪᠬᠤᠷᠭ᠎ᠠ  ᠳᠠᠬᠢ ᠵᠥᠷᠢᠴᠡᠯ  ᠢ ᠰᠢᠢᠳᠪᠤᠷᠢᠯᠡᠬᠦ  ᠂ ᠰᠤᠷᠭᠠᠨ ᠬᠥᠮᠥᠵᠢᠯ ᠎ ᠤᠨ ᠥᠢᠯᠡᠰ  ᠤᠨ ᠰᠢᠨᠵᠢᠯᠡᠬᠦ ᠤᠬᠠᠭᠠᠨᠴᠢ ᠬᠥᠭᠵᠢᠯᠳᠡ  ᠶᠢ ᠠᠬᠢᠭᠤᠯᠬᠤ  ᠂ ᠰᠤᠷᠭᠠᠨ ᠬᠥᠮᠥᠵᠢᠯ  ᠤᠨ ᠡᠷᠬᠡ ᠳᠡᠭᠰᠢ  ᠶᠢ ᠠᠬᠢᠭᠤᠯᠬᠤ  ᠂ ᠨᠡᠶᠢᠬᠡᠮ ᠵᠢᠷᠤᠮ  ᠤᠨ ᠡᠶ᠎ᠡ ᠵᠤᠬᠢᠴᠠᠯᠳᠤ ᠨᠡᠶᠢᠬᠡᠮ  ᠢ ᠪᠠᠶᠢᠭᠤᠯᠬᠤ  ᠳᠤ ᠴᠥᠮ ᠳᠥᠢᠯ ᠎ ᠤᠨ ᠴᠢᠬᠤᠯᠠ ᠠᠴᠢ ᠬᠤᠯᠪᠤᠭᠳᠠᠯ ᠲᠠᠢ ᠶᠤᠮ  ᠃   ᠬᠤᠶᠠᠷ  ᠂ ᠠᠵᠢᠯ  ᠤᠨ ᠬᠠᠷᠠᠯᠳᠠ   ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ  ᠶᠢ ᠠᠬᠢᠭᠤᠯᠬᠤ ᠥᠨᠳᠥᠰᠥᠨ ᠬᠠᠷᠠᠯᠳᠠ ᠪᠤᠯ  ᠄ ᠰᠤᠷᠭᠠᠭᠤᠯᠢ ᠪᠥᠬᠦᠨ  ᠢ ᠰᠤᠷᠭᠠᠭᠤᠯᠢ ᠡᠷᠬᠢᠯᠡᠬᠦ ᠤᠯᠤᠰ  ᠤᠨ ᠪᠠᠷᠢᠮᠵᠢᠶᠡᠨ  ᠳᠤ ᠬᠥᠷᠬᠡᠵᠤ  ᠂ ᠰᠤᠷᠭᠠᠭᠤᠯᠢ ᠡᠷᠬᠢᠯᠡᠬᠦ ᠵᠠᠷᠤᠳᠠᠯ  ᠢ ᠪᠠᠳᠤᠯᠠᠨ᠎ᠠ  ᠃ ᠰᠤᠷᠭᠠᠨ ᠬᠥᠮᠥᠵᠢᠯ  ᠤᠨ ᠡᠬᠢ ᠰᠤᠷᠪᠤᠯᠵᠢ ᠨᠢ ᠰᠤᠷᠭᠠᠭᠤᠯᠢ ᠎ ᠶᠢᠨ ᠰᠤᠷᠭᠠᠨ ᠬᠥᠮᠥᠵᠢᠯ  ᠤᠨ ᠬᠡᠷᠡᠭᠴᠡᠭᠡ  ᠶᠢ ᠬᠠᠩᠭᠠᠵᠤ  ᠂ ᠤᠯᠤᠰ ᠠᠴᠠ ᠳᠤᠭᠳᠠᠭᠠᠭᠰᠠᠨ ᠬᠢᠴᠢᠶᠡᠯ  ᠢ ᠪᠥᠬᠦᠨ  ᠢ ᠤᠷᠤᠨ᠎ᠠ  ᠃ ᠪᠠᠭᠰᠢᠨᠠᠷ  ᠢ ᠨᠡᠩ ᠵᠤᠬᠢᠰᠳᠡᠢ ᠳᠤᠬᠢᠷᠠᠭᠤᠯᠵᠤ  ᠂ ᠪᠠᠭᠰᠢᠨᠠᠷ  ᠤᠨ ᠪᠥᠬᠦᠯᠢ ᠴᠤᠭᠴᠠ ᠎ ᠶᠢᠨ ᠬᠡᠪ ᠴᠢᠨᠠᠷ  ᠢ ᠳᠡᠭᠡᠭᠰᠢᠯᠡᠬᠦᠯᠥᠨ᠎ᠡ  ᠃ ᠰᠤᠷᠭᠠᠭᠤᠯᠢ  ᠶᠢᠨ ᠠᠩᠬᠢ  ᠶᠢᠨ ᠬᠡᠪᠴᠢᠶ᠎ᠡ ᠨᠢ ᠤᠯᠤᠰ  ᠤᠨ ᠳᠤᠭᠳᠠᠭᠰᠠᠨ ᠪᠠᠷᠢᠮᠵᠢᠶᠡᠨ  ᠳᠤ ᠬᠥᠷᠴᠤ  ᠂ ︽ᠶᠡᠭᠡ ᠠᠩᠬᠢ ︾᠎ ᠶᠢᠨ ᠥᠵᠡᠭᠳᠡᠯ  ᠢ ᠥᠬᠡᠶᠢᠰᠬᠡᠨ᠎ᠡ  ᠃ ᠡᠯ᠎ᠡ ᠬᠤᠰᠢᠭᠤ ᠰᠢᠶᠡᠨ ᠬᠤᠳᠠ ( ᠤᠷᠤᠨ ) ᠶᠠᠭᠤᠨ  ᠤ ᠡᠮᠤᠨ᠎ᠡ ᠬᠤᠰᠢᠭᠤ ᠳᠤᠳᠤᠷᠡᠬᠢ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ  ᠶᠢ ᠪᠡᠶᠡᠯᠡᠬᠦᠯᠵᠤ  ᠂ ᠬᠤᠰᠢᠭᠤ ᠳᠤᠳᠤᠷᠡᠬᠢ ᠰᠤᠷᠭᠠᠭᠤᠯᠢ  ᠶᠢᠨ ᠬᠤᠭᠤᠷᠤᠨᠳᠤᠬᠢ ᠵᠥᠷᠢᠶ᠎ᠡ  ᠶᠢ ᠮᠡᠳᠡᠭᠳᠡᠮ᠎ᠡ ᠪᠠᠭᠠᠰᠬᠠᠨ᠎ᠠ  ᠃ 2 0 1 5 ᠤᠨ ᠪᠤᠯᠬᠤ  ᠳᠤ  ᠂ ᠪᠥᠬᠦ ᠠᠶᠢᠮᠠᠭ ᠎ ᠲᠤ ᠬᠤᠰᠢᠭᠤ ᠳᠤᠳᠤᠷᠡᠬᠢ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ  ᠶᠢ ᠪᠡᠶᠡᠯᠡᠬᠦᠯᠥᠭᠰᠡᠨ ᠬᠤᠰᠢᠭᠤ ᠰᠢᠶᠡᠨ ᠬᠤᠳᠠ ( ᠤᠷᠤᠨ ) ᠎ ᠶᠢᠨ ᠬᠠᠷᠢᠴᠠᠯ  ᠢ 6 9 % ᠎ ᠳᠤ ᠬᠥᠷᠥᠬᠦᠯᠥᠨ᠎ᠡ ; 2 0 1 7 ᠤᠨ ᠪᠤᠯᠬᠤ  ᠳᠤ  ᠂ ᠪᠥᠬᠦ ᠠᠶᠢᠮᠠᠭ  ᠤᠨ 1 3 ᠬᠤᠰᠢᠭᠤ ᠰᠢᠶᠡᠨ ᠬᠤᠳᠠ ( ᠤᠷᠤᠨ ) ᠴᠥᠮ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ ᠶᠢ ᠪᠡᠶᠡᠯᠡᠬᠦᠯᠥᠨ᠎ᠡ  ᠃ ᠪᠤᠳᠠᠳᠠᠢ ᠬᠠᠷᠠᠯᠳᠠ ᠪᠤᠯ  ᠄   2 0 1 3 ᠤᠨ  ᠳᠤ  ᠂ ᠪᠠᠷᠠᠭᠤᠨ ᠥᠵᠥᠮᠥᠴᠢᠨ ᠬᠤᠰᠢᠭᠤ ᠠᠯᠪᠠᠨ ᠵᠢᠷᠤᠮ  ᠤᠨ ᠰᠤᠷᠭᠠᠨ ᠬᠥᠮᠥᠵᠢᠯ ᠎ ᠤᠨ ᠥᠨᠳᠥᠰᠥᠨ  ᠳᠡᠭᠡᠨ ᠳᠡᠩᠴᠡᠬᠦᠷᠢᠳᠡᠢ ᠬᠥᠭᠵᠢᠯᠳᠡ  ᠶᠢ ᠪᠠᠶᠡᠯᠡᠬᠦᠯᠥᠨ᠎ᠡ ;   2 0 1 4 ᠤᠨ  ᠳᠤ  ᠂ ᠰᠢᠯᠢ  ᠶᠢᠨ ᠬᠤᠳᠠ  ᠂ ᠬᠥᠪᠡᠬᠡᠳᠤ ᠰᠢᠷ᠎ᠡ ᠬᠤᠰᠢᠭᠤ  ᠂ ᠰᠥᠨᠢᠳ ᠪᠠᠷᠠᠭᠤᠨ ᠬᠤᠰᠢᠭᠤ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠥᠨᠳᠥᠰᠥᠨ  ᠳᠡᠭᠡᠨ ᠳᠡᠩᠴᠡᠬᠦᠷᠢᠳᠡᠢ ᠬᠥᠭᠵᠢᠯᠳᠡ  ᠶᠢ ᠪᠠᠶᠡᠯᠡᠬᠦᠯᠥᠨ᠎ᠡ ;   2 0 1 5 ᠤᠨ  ᠳᠤ  ᠂ ᠡᠷᠢᠶᠡᠨ ᠬᠤᠳᠠ  ᠂ ᠰᠥᠨᠢᠳ ᠵᠡᠬᠦᠨ ᠬᠤᠰᠢᠭᠤ  ᠂ ᠰᠢᠯᠤᠭᠤᠨ ᠬᠥᠪᠡᠬᠡᠳᠤ ᠴᠠᠭᠠᠨ ᠬᠤᠰᠢᠭᠤ  ᠂ ᠵᠡᠬᠦᠨ ᠥᠵᠥᠮᠥᠴᠢᠨ ᠬᠤᠰᠢᠭᠤ  ᠂ ᠤᠯᠠᠭᠠᠢ ᠬᠠᠮᠢᠶᠠᠷᠤᠯᠳᠠ  ᠶᠢᠨ ᠤᠷᠤᠨ ᠠᠯᠪᠠᠨ ᠵᠢᠷᠤᠮ ᠎ ᠤᠨ ᠰᠤᠷᠭᠠᠨ ᠬᠥᠮᠥᠵᠢᠯ  ᠤᠨ ᠥᠨᠳᠥᠰᠥᠨ  ᠳᠡᠭᠡᠨ ᠳᠡᠩᠴᠡᠬᠦᠷᠢᠳᠡᠢ ᠬᠥᠭᠵᠢᠯᠳᠡ  ᠶᠢ ᠪᠠᠶᠡᠯᠡᠬᠦᠯᠥᠨ᠎ᠡ ;   2 0 1 6 ᠤᠨ  ᠳᠤ  ᠂ ᠰᠢᠯᠤᠭᠤᠨ ᠬᠥᠬᠡ ᠬᠤᠰᠢᠭᠤ᠂ ᠠᠪᠠᠭ᠎ᠠ ᠬᠤᠰᠢᠭᠤ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠥᠨᠳᠥᠰᠥᠨ  ᠳᠡᠭᠡᠨ ᠳᠡᠩᠴᠡᠬᠦᠷᠢᠳᠡᠢ ᠬᠥᠭᠵᠢᠯᠳᠡ  ᠶᠢ ᠪᠠᠶᠡᠯᠡᠬᠦᠯᠥᠨ᠎ᠡ ;   2 0 1 7 ᠤᠨ  ᠳᠤ ᠳᠤᠯᠤᠨ ᠨᠤᠤᠷ ᠰᠢᠶᠡᠨ  ᠂ ᠳᠠᠶᠢᠹᠤᠰᠧ ᠬᠤᠰᠢᠭᠤ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠥᠨᠳᠥᠰᠥᠨ  ᠳᠡᠭᠡᠨ ᠳᠡᠩᠴᠡᠬᠦᠷᠢᠳᠡᠢ ᠬᠥᠭᠵᠢᠯᠳᠡ  ᠶᠢ ᠪᠠᠶᠡᠯᠡᠬᠦᠯᠥᠨ᠎ᠡ  ᠃   ᠡᠯ᠎ᠡ ᠬᠤᠰᠢᠭᠤ ᠰᠢᠶᠡᠨ ᠬᠤᠳᠠ ( ᠤᠷᠤᠨ ) ᠳᠤᠬᠠᠢ  ᠶᠢᠨ ᠭᠠᠵᠠᠷ  ᠤᠨ ᠪᠤᠳᠠᠳᠤ ᠪᠠᠶᠢᠳᠠᠯ  ᠳᠠᠭᠠᠨ ᠳᠤᠬᠢᠷᠠᠭᠤᠯᠤᠨ  ᠂ ᠡᠷᠢᠯᠬᠢᠯᠡᠨ ᠳᠠᠪᠰᠢᠵᠤ  ᠂ ᠬᠥᠴᠥᠳᠡᠢ ᠳᠥᠯᠬᠢᠨ ᠠᠬᠢᠭᠤᠯᠵᠤ  ᠂   ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ  ᠶᠢ ᠤᠷᠢᠳᠴᠢᠯᠠᠨ ᠪᠡᠶᠡᠯᠡᠬᠦᠯᠬᠦ  ᠶᠢ ᠵᠤᠷᠢᠭᠵᠢᠭᠤᠯᠤᠨ᠎ᠠ  ᠃   ᠭᠤᠷᠪᠡ  ᠂ ᠳᠥᠯᠬᠢᠨ ᠠᠬᠢᠭᠤᠯᠬᠤ ᠠᠷᠭ᠎ᠠ ᠬᠡᠮᠵᠢᠶ᠎ᠡ   ( ᠨᠢᠬᠡ ) ᠳᠤᠨᠤᠭ ᠳᠥᠬᠦᠬᠡᠷᠥᠮᠵᠢ  ᠶᠢᠨ ᠪᠥᠲᠥᠬᠡᠨ ᠪᠠᠶᠢᠭᠤᠯᠤᠯᠳᠠ  ᠶᠢ ᠳᠥᠷᠬᠡᠳᠬᠡᠵᠤ  ᠂ ᠰᠤᠷᠭᠠᠭᠤᠯᠢ ᠎ ᠶᠢᠨ ᠬᠤᠭᠤᠷᠤᠨᠳᠤᠬᠢ ᠰᠤᠷᠭᠠᠭᠤᠯᠢ ᠡᠷᠬᠢᠯᠡᠬᠦ ᠵᠥᠷᠢᠶ᠎ᠡ  ᠶᠢ ᠪᠠᠭᠠᠰᠬᠠᠨ᠎ᠠ  ᠃ ᠡᠯ᠎ᠡ ᠬᠤᠰᠢᠭᠤ ᠰᠢᠶᠡᠨ ᠬᠤᠳᠠ ( ᠤᠷᠤᠨ )︽ᠰᠢᠯᠢ  ᠶᠢᠨ ᠭᠤᠤᠯ ᠠᠶᠢᠮᠠᠭ  ᠤᠨ ᠪᠠᠷᠢᠮᠵᠢᠶᠠᠵᠢᠭᠰᠠᠨ ᠰᠤᠷᠭᠠᠭᠤᠯᠢ  ᠶᠢᠨ ᠪᠠᠷᠢᠯᠭ᠎ᠠ  ᠶᠢᠨ ᠬᠡᠷᠡᠭᠵᠢᠬᠦᠯᠬᠦ ᠳᠥᠰᠥᠯ ︾᠎ ᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠵᠤ᠂ ᠪᠠᠷᠢᠮᠵᠢᠶᠠᠵᠢᠭᠰᠠᠨ ᠰᠤᠷᠭᠠᠭᠤᠯᠢ  ᠶᠢᠨ ᠪᠠᠷᠢᠯᠭ᠎ᠠ ᠠᠴᠠ ᠭᠠᠷᠳᠠᠨ  ᠂ ᠮᠠᠯᠵᠢᠬᠤ ᠳᠠᠷᠢᠶᠠᠯᠠᠬᠤ ᠤᠷᠤᠨ  ᠤ ᠰᠤᠷᠭᠠᠭᠤᠯᠢ ᠪᠠ ᠪᠠᠭᠤᠷᠠᠢ ᠰᠤᠷᠭᠠᠭᠤᠯᠢ  ᠶᠢᠨ ᠪᠥᠲᠥᠬᠡᠨ ᠪᠠᠶᠢᠭᠤᠯᠤᠯᠳᠠ ᠪᠠ ᠥᠬᠡᠷᠡᠴᠢᠯᠡᠯᠳᠡ  ᠶᠢ ᠳᠥᠷᠬᠡᠳᠬᠡᠵᠤ᠂ ᠰᠢᠯᠢᠳᠡᠭ ᠰᠤᠷᠭᠠᠨ ᠬᠥᠮᠥᠵᠢᠯ  ᠤᠨ ᠡᠬᠢ ᠰᠤᠷᠪᠤᠯᠵᠢ  ᠶᠢ ᠳᠠᠰᠤᠷᠠᠯᠳᠠ ᠥᠭᠡᠢ ᠥᠷᠬᠡᠳᠬᠡᠵᠤ  ᠂ ᠳᠤᠰ ᠭᠠᠵᠠᠷ ᠤᠷᠤᠨ  ᠤ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠰᠤᠷᠭᠠᠭᠤᠯᠢ  ᠶᠢᠨ ᠠᠩᠬᠢ ᠪᠠᠶᠢᠷᠢ  ᠂ ᠳᠤᠨᠤᠭ ᠳᠥᠬᠦᠬᠡᠷᠥᠮᠵᠢ  ᠂ ᠨᠤᠮ  ᠤᠨ ᠰᠠᠩ  ᠂ ᠳᠠᠮᠢᠷ ᠡᠷᠡᠬᠦᠯ ᠬᠠᠮᠠᠭᠠᠯᠠᠯ ᠤᠷᠠᠯᠢᠭ  ᠤᠨ ᠨᠥᠬᠦᠴᠡᠯ  ᠂ ᠠᠮᠢᠳᠤᠷᠠᠯ  ᠤᠨ ᠳᠥᠬᠦᠬᠡᠷᠥᠮᠵᠢ ᠵᠡᠷᠬᠡ  ᠶᠢ ᠳᠤᠭᠳᠠᠭᠰᠠᠨ ᠪᠠᠷᠢᠮᠵᠢᠶᠡᠨ  ᠳᠤ ᠬᠥᠷᠥᠬᠦᠯᠵᠤ  ᠂ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠰᠤᠷᠭᠠᠭᠤᠯᠢ ᠡᠷᠬᠢᠯᠡᠬᠦ ᠬᠢᠷᠢ ᠳᠥᠪᠰᠢᠨ ᠢ ᠪᠥᠬᠦ ᠳᠠᠯ᠎ᠠ ᠪᠠᠷ ᠳᠡᠭᠡᠭᠰᠢᠯᠡᠬᠦᠯᠬᠦ ᠬᠡᠷᠡᠭᠳᠡᠢ  ᠃   ᠰᠤᠷᠭᠠᠨ ᠬᠥᠮᠥᠵᠢᠯ  ᠤᠨ ᠮᠡᠳᠡᠭᠡ ᠵᠠᠩᠬᠢᠵᠢᠭᠤᠯᠤᠯᠳᠠ  ᠶᠢ ᠬᠥᠴᠥᠳᠡᠢ ᠳᠥᠯᠬᠢᠨ ᠠᠬᠢᠭᠤᠯᠵᠤ  ᠂ ᠪᠥᠬᠦ ᠠᠶᠢᠮᠠᠭ  ᠤᠨ ᠠᠯᠤᠰ ᠡᠵᠡᠮᠰᠢᠯᠳᠤ ᠰᠤᠷᠭᠠᠨ ᠬᠥᠮᠥᠵᠢᠯ  ᠤᠨ ᠵᠢᠭᠠᠨ ᠰᠤᠷᠭᠠᠬᠤ   ᠳᠠᠪᠴᠠᠩ ᠢ ᠪᠥᠷᠢᠨᠰᠢᠬᠦᠯᠥᠨ ᠳᠡᠬᠦᠯᠳᠡᠷᠵᠢᠬᠦᠯᠵᠤ  ᠂ ᠮᠠᠯᠵᠢᠬᠤ ᠳᠠᠷᠢᠶᠠᠯᠠᠬᠤ ᠤᠷᠤᠨ  ᠤ ᠰᠤᠷᠭᠠᠭᠤᠯᠢ ᠪᠠ ᠪᠠᠭᠤᠷᠠᠢ ᠰᠤᠷᠭᠠᠭᠤᠯᠢ  ᠳᠤ ᠤᠳᠤᠬᠢ ᠰᠤᠷᠭᠠᠨ ᠬᠥᠮᠥᠵᠢᠯ  ᠤᠨ ᠳᠤᠨᠤᠭ ᠳᠥᠬᠦᠬᠡᠷᠥᠮᠵᠢ  ᠶᠢ ᠤᠷᠢᠳᠠᠪᠠᠷ ᠳᠤᠬᠢᠷᠠᠭᠤᠯᠵᠤ  ᠂ ᠴᠢᠳᠠᠪᠬᠢ ᠪᠥᠷᠢᠨ ᠳᠡᠬᠦᠯᠳᠡᠷ ᠰᠤᠷᠭᠠᠭᠤᠯᠢ  ᠶᠢᠨ ᠬᠥᠷᠢᠶᠡᠨ ᠳᠠᠬᠢ ᠰᠥᠯᠵᠢᠶᠡᠨ ᠤ ᠰᠢᠰᠲ᠋ᠧᠮ  ᠢ ᠪᠠᠶᠢᠭᠤᠯᠤᠨ᠎ᠠ  ᠃ ᠰᠢᠯᠢᠳᠡᠭ ᠰᠤᠷᠭᠠᠨ ᠬᠥᠮᠥᠵᠢᠯ  ᠤᠨ ᠡᠬᠢ ᠰᠤᠷᠪᠤᠯᠵᠢ  ᠶᠢ ᠶᠡᠬᠡᠪᠡᠷ ᠨᠡᠬᠡᠬᠡᠨ ᠨᠢᠬᠡᠳᠬᠡᠵᠤ  ᠂ ᠵᠢᠭᠠᠨ ᠰᠤᠷᠭᠠᠬᠤ ᠶᠠᠪᠤᠴᠠ ᠎ ᠳᠠᠬᠢ ᠮᠡᠳᠡᠭᠡ ᠵᠠᠩᠬᠢ  ᠶᠢᠨ ᠮᠡᠷᠬᠡᠵᠢᠯ  ᠤᠨ ᠬᠡᠷᠡᠭᠯᠡᠬᠡᠨ  ᠢ ᠠᠬᠢᠭᠤᠯᠵᠤ  ᠂ ᠬᠤᠳᠠ ᠬᠥᠳᠡᠭᠡ  ᠶᠢᠨ ᠰᠤᠷᠭᠠᠨ ᠬᠥᠮᠥᠵᠢᠯ  ᠤᠨ ᠡᠬᠢ ᠰᠤᠷᠪᠤᠯᠵᠢ  ᠶᠢ ᠬᠠᠮᠳᠤᠪᠡᠷ ᠡᠳ᠋ᠯᠡᠬᠦ  ᠶᠢ ᠪᠠᠶᠡᠯᠡᠬᠦᠯᠥᠨ᠎ᠡ  ᠃ ᠰᠤᠷᠭᠠᠭᠤᠯᠢ ᠡᠷᠬᠢᠯᠡᠬᠦ ᠬᠡᠪ ᠵᠠᠭᠪᠤᠷ  ᠤᠨ ᠥᠬᠡᠷᠡᠴᠢᠯᠡᠯᠳᠡ  ᠶᠢ ᠬᠥᠨᠵᠡᠬᠡᠶᠢᠷᠡᠬᠦᠯᠵᠤ  ᠂   ᠡᠯ᠎ᠡ ᠭᠠᠵᠠᠷ ᠤᠷᠤᠨ ᠬᠠᠮᠢᠶ᠎ᠡ ᠪᠥᠬᠦᠢ ᠲᠥᠷᠥ  ᠶᠢᠨ ᠪᠤᠳᠤᠯᠭ᠎ᠠ  ᠶᠢ ᠶᠠᠷᠢᠯᠴᠠᠨ ᠳᠤᠭᠳᠠᠭᠠᠵᠤ  ᠂ ᠤᠷᠤᠨ ᠪᠥᠰᠠ  ᠶᠢᠨ ᠳᠤᠳᠤᠷᠠᠬᠢ ᠰᠢᠯᠢᠳᠡᠭ ᠰᠤᠷᠭᠠᠭᠤᠯᠢ   ᠪᠠᠭᠤᠷᠠᠢ ᠰᠤᠷᠭᠠᠭᠤᠯᠢ ᠲᠠᠢ ᠤᠯᠠᠨ ᠠᠷᠭ᠎ᠠ ᠵᠠᠮ  ᠢᠶᠠᠷ ᠬᠠᠮᠳᠤᠷᠠᠨ ᠰᠤᠷᠭᠠᠭᠤᠯᠢ ᠡᠷᠬᠢᠯᠡᠬᠦ ᠶᠢ ᠤᠷᠮᠠᠰᠢᠭᠤᠯᠤᠨ ᠳᠡᠮᠵᠢᠵᠤ  ᠂ ᠰᠠᠶᠢᠨ ᠰᠤᠷᠭᠠᠭᠤᠯᠢ ᠨᠢ ᠪᠠᠭᠤᠷᠠᠢ ᠰᠤᠷᠭᠠᠭᠤᠯᠢ  ᠶᠢ ᠳᠡᠮᠵᠢᠬᠦ ᠠᠵᠢᠯ  ᠤᠨ ᠳᠤᠭᠳᠠᠴᠠ  ᠶᠢ ᠪᠠᠶᠢᠭᠤᠯᠤᠨ ᠳᠡᠬᠦᠯᠳᠡᠷᠵᠢᠬᠦᠯᠵᠤ  ᠂ ᠰᠢᠯᠢᠳᠡᠭ ᠡᠬᠢ ᠰᠤᠷᠪᠤᠯᠵᠢ ᠶᠢ ᠬᠠᠮᠳᠤᠪᠠᠷ ᠡᠳ᠋ᠯᠡᠨ ᠬᠠᠮᠳᠤᠷᠠᠨ ᠰᠤᠷᠭᠠᠭᠤᠯᠢ ᠡᠷᠬᠢᠯᠡᠬᠦ ᠬᠠᠮᠳᠤ ᠎ ᠶᠢᠨ ᠴᠤᠭᠴᠠ  ᠶᠢ ᠪᠥᠷᠢᠯᠳᠥᠬᠦᠯᠵᠤ  ᠂ ᠠᠯᠪᠠᠨ ᠵᠢᠷᠤᠮ  ᠤᠨ ᠰᠤᠷᠭᠠᠭᠤᠯᠢ ᠡᠷᠬᠢᠯᠡᠬᠦ ᠪᠥᠬᠦᠯᠢ ᠴᠤᠭᠴᠠ  ᠶᠢᠨ ᠬᠢᠷᠢ ᠬᠡᠮᠵᠢᠶ᠎ᠡ  ᠶᠢ ᠳᠡᠭᠡᠭᠰᠢᠯᠡᠬᠦᠯᠤᠨ᠎ᠡ  ᠃   ( ᠬᠤᠶᠡᠷ ) ᠪᠠᠭᠰᠢ  ᠶᠢᠨ ᠡᠩᠨᠡᠬᠡᠨ  ᠤ ᠪᠠᠶᠢᠭᠤᠯᠤᠯᠳᠠ  ᠶᠢ ᠴᠢᠩᠭᠠᠳᠬᠠᠵᠤ  ᠂ ᠪᠠᠭᠰᠢ  ᠶᠢᠨ ᠬᠥᠴᠥᠨ  ᠢ ᠳᠡᠩᠴᠡᠬᠦᠷᠢᠳᠡᠢ ᠳᠤᠬᠢᠷᠠᠭᠤᠯᠬᠤ  ᠶᠢ ᠠᠬᠢᠭᠤᠯᠤᠨ᠎ᠠ  ᠃ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠱᠠᠳᠤᠨ ᠎ ᠤ ᠰᠤᠷᠭᠠᠭᠤᠯᠢ  ᠶᠢᠨ ᠪᠠᠭᠰᠢ ᠠᠵᠢᠯᠳᠡᠨ  ᠤ ᠤᠷᠤᠨ ᠳᠤᠭ᠎ᠠ  ᠶᠢᠨ ᠬᠠᠮᠢᠶᠠᠷᠤᠯᠳᠠ  ᠶᠢ ᠴᠢᠩᠭᠠᠳᠬᠠᠵᠤ  ᠂ ᠬᠤᠳᠠ ᠬᠥᠳᠡᠭᠡ  ᠶᠢᠨ ᠳᠤᠮᠳᠠᠳᠤ ᠪᠠᠭ᠎ᠠ ᠰᠤᠷᠭᠠᠭᠤᠯᠢ  ᠶᠢᠨ ᠤᠷᠤᠨ ᠳᠤᠭ᠋ ᠎ᠠ  ᠶᠢᠨ ᠨᠢᠬᠡᠳᠥᠯᠳᠡᠢ ᠪᠠᠷᠢᠮᠵᠢᠶ᠎ᠡ  ᠶᠢ ᠬᠡᠷᠡᠭᠵᠢᠬᠦᠯᠥᠨ᠎ᠡ  ᠃ ᠡᠯ᠎ᠡ ᠳᠤᠮᠳᠠᠳᠤ ᠪᠠᠭ᠎ᠠ ᠰᠤᠷᠭᠠᠭᠤᠯᠢ  ᠳᠤ ᠬᠢᠷᠢ ᠳᠡᠩᠴᠡᠭᠰᠡᠨ ᠪᠠᠭᠰᠢ  ᠶᠢ ᠬᠥᠷᠥᠯᠴᠡᠬᠦ᠋ᠢᠴᠡ ᠳᠤᠬᠢᠷᠠᠭᠤᠯᠵᠤ  ᠂   ᠮᠠᠯᠵᠢᠬᠤ ᠳᠠᠷᠢᠶᠠᠯᠠᠬᠤ ᠤᠷᠤᠨ  ᠤ ᠰᠤᠷᠭᠠᠭᠤᠯᠢ ᠪᠠ ᠪᠠᠭᠤᠷᠠᠢ ᠰᠤᠷᠭᠠᠭᠤᠯᠢ  ᠳᠤ ᠳᠤᠳᠠᠭᠳᠠᠵᠤ ᠪᠠᠶᠢᠭ᠎ᠠ ᠪᠠᠭᠰᠢ  ᠶᠢ ᠤᠷᠢᠳᠠᠪᠠᠷ ᠬᠥᠮᠥᠵᠢᠬᠦᠯᠵᠤ ᠥᠭᠬᠦ ᠪᠤᠶᠤ ᠨᠥᠬᠦᠪᠤᠷᠢᠯᠡᠨ᠎ᠠ  ᠃ ᠰᠤᠷᠭᠠᠨ ᠬᠥᠮᠥᠵᠢᠯ  ᠤᠨ ᠵᠠᠰᠠᠭ ᠵᠠᠬᠢᠷᠭᠠᠨ  ᠤ ᠰᠠᠯᠠᠭ᠎ᠠ ᠮᠥᠴᠢᠷ ᠠᠴᠠ ᠳᠤᠮᠳᠠᠳᠤ ᠪᠠᠭ᠎ᠠ ᠰᠤᠷᠭᠠᠭᠤᠯᠢ  ᠶᠢᠨ ᠪᠠᠭᠰᠢ  ᠶᠢᠨ ᠡᠩᠨᠡᠬᠡᠨ  ᠤ ᠨᠢᠬᠡᠳᠥᠯᠳᠡᠢ ᠲᠠᠢ ᠬᠠᠮᠢᠶᠠᠷᠤᠯᠳᠠ  ᠶᠢ ᠤᠯᠠᠮ ᠴᠢᠩᠭᠠᠳᠬᠠᠵᠤ  ᠂ ᠳᠤᠮᠳᠠᠳᠤ ᠪᠠᠭ᠎ᠠ ᠰᠤᠷᠭᠠᠭᠤᠯᠢ  ᠶᠢᠨ ᠪᠠᠭᠰᠢ ᠎ ᠶᠢᠨ ᠬᠢᠷᠢ ᠬᠡᠮ  ᠢ ᠳᠤᠭᠳᠠᠭᠠᠬᠤ  ᠂ ᠤᠷᠢᠵᠤ ᠬᠡᠷᠡᠭᠯᠡᠬᠦ  ᠂ ᠳᠤᠰᠢᠶᠡᠯ  ᠎ ᠳᠤ ᠤᠷᠢᠬᠤ  ᠂ ᠬᠥᠮᠥᠵᠢᠬᠦᠯᠥᠨ ᠪᠤᠯᠪᠠᠰᠤᠷᠠᠭᠤᠯᠬᠤ  ᠂ ᠳᠤᠬᠢᠷᠠᠭᠤᠯᠤᠨ ᠰᠤᠯᠢᠯᠴᠠᠬᠤ  ᠂ ᠬᠢᠨᠠᠨ ᠰᠢᠯᠭᠠᠵᠤ ᠱᠠᠩᠨᠠᠵᠤ ᠳᠤᠷᠭᠠᠬᠤ ᠵᠡᠷᠬᠡ ᠬᠠᠮᠢᠶᠠᠷᠤᠯᠳᠠ ᠡᠬᠦᠷᠬᠡ ᠬᠠᠷᠢᠭᠤᠴᠠᠯᠭ᠎ᠠ ᠪᠠᠨ ᠬᠠᠤᠯᠢ ᠶᠤᠰᠤᠭᠠᠷ ᠬᠡᠷᠡᠭᠵᠢᠬᠦᠯᠬᠦ  ᠶᠢ ᠪᠠᠳᠤᠯᠠᠨ᠎ᠠ  ᠃   ᠪᠠᠭᠰᠢ  ᠶᠢᠨ ᠬᠢᠷᠢ ᠬᠡᠮ  ᠤᠨ ᠳᠥᠷᠢᠮ  ᠢ ᠤᠯᠠᠮ ᠨᠢᠬᠡ ᠠᠯᠬᠤᠮ ᠳᠡᠬᠦᠯᠳᠡᠷᠵᠢᠬᠦᠯᠵᠤ  ᠂ ᠪᠠᠭᠰᠢ ᠤᠷᠢᠵᠤ ᠬᠡᠷᠡᠭᠯᠡᠬᠦ ᠪᠤᠭᠤᠮᠳᠠ  ᠶᠢ ᠴᠢᠩᠭ᠎ᠠ ᠠᠳᠬᠤᠨ᠎ᠠ  ᠃ ᠬᠠᠷᠠᠭᠠᠯᠵᠠᠯ  ᠤᠨ ᠲᠥᠷᠥ  ᠶᠢᠨ ᠪᠤᠳᠤᠯᠭ᠎ᠠ  ᠶᠢ ᠳᠤᠭᠳᠠᠭᠠᠨ ᠨᠠᠶᠢᠳᠠᠪᠤᠷᠢᠵᠢᠭᠤᠯᠵᠤ  ᠂ ᠶᠡᠭᠡ ᠳᠡᠭᠡᠳᠤ ᠰᠤᠷᠭᠠᠭᠤᠯᠢ ᠳᠡᠭᠦᠰᠥᠭᠰᠡᠨ ᠰᠢᠯᠢᠳᠡᠭ ᠰᠤᠷᠤᠭᠴᠢᠳ  ᠢ ᠳᠠᠳᠠᠨ ᠮᠠᠯᠵᠢᠬᠤ ᠳᠠᠷᠢᠶᠠᠯᠠᠬᠤ ᠤᠷᠤᠨ  ᠤ ᠰᠤᠷᠭᠠᠭᠤᠯᠢ ᠪᠤᠶᠤ ᠪᠠᠭᠤᠷᠠᠢ ᠰᠤᠷᠭᠠᠭᠤᠯᠢ  ᠳᠤ ᠪᠠᠭᠰᠢᠯᠠᠭᠤᠯᠤᠨ᠎ᠠ  ᠃ ᠬᠤᠰᠢᠭᠤ ᠳᠤᠳᠤᠷᠠᠬᠢ ᠠᠯᠪᠠᠨ ᠠᠴᠠ ᠡᠷᠬᠢᠯᠡᠭᠰᠡᠨ ᠰᠤᠷᠭᠠᠭᠤᠯᠢ  ᠶᠢᠨ ᠳᠠᠷᠤᠭ᠎ᠠ  ᠂ ᠪᠠᠭᠰᠢᠨᠠᠷ  ᠢ ᠰᠤᠯᠢᠯᠴᠠᠬᠤ ᠳᠥᠷᠢᠮ  ᠢ ᠢᠳᠡᠪᠬᠢᠳᠡᠢ ᠳᠥᠯᠬᠢᠨ ᠠᠬᠢᠭᠤᠯᠵᠤ᠂ ᠰᠢᠯᠢᠳᠡᠭ ᠰᠤᠷᠭᠠᠭᠤᠯᠢ  ᠶᠢᠨ ᠲᠠᠷᠤᠭ᠎ᠠ ᠪᠤᠯᠤᠨ ᠳᠤᠮᠳᠠ ᠱᠠᠳᠤᠨ  ᠤ ᠬᠠᠮᠢᠶᠠᠷᠤᠯᠳᠠ  ᠶᠢᠨ ᠠᠵᠢᠯᠳᠠᠨ ᠮᠠᠯᠵᠢᠬᠤ ᠳᠡᠷᠢᠶᠡᠯᠡᠬᠤ ᠤᠷᠤᠨ  ᠤ ᠰᠤᠷᠭᠠᠭᠤᠯᠢ ᠪᠤᠶᠤ ᠪᠠᠭᠤᠷᠠᠢ ᠰᠤᠷᠭᠠᠭᠤᠯᠢ ᠎ ᠳᠤ ᠳᠤᠰᠢᠶᠠᠯ ᠡᠬᠦᠷᠬᠡᠯᠡᠨ ᠰᠤᠯᠢᠯᠴᠠᠬᠤ  ᠶᠢ ᠵᠤᠷᠢᠭᠵᠢᠭᠤᠯᠵᠤ  ᠂ ᠰᠢᠯᠢᠳᠡᠭ ᠰᠤᠷᠭᠠᠭᠤᠯᠢ  ᠶᠢᠨ ᠳᠠᠷᠤᠭ᠎ᠠ ᠪᠤᠯᠤᠨ ᠨᠢᠷᠤᠭᠤᠪᠴᠢ ᠬᠥᠴᠥᠨ  ᠢ ᠳᠥᠯᠥᠪᠯᠡᠭᠡ ᠲᠠᠢ ᠳᠤᠮᠢᠯᠡᠨ ᠮᠠᠯᠵᠢᠬᠤ ᠳᠠᠷᠢᠶᠠᠯᠠᠬᠤ ᠤᠷᠤᠨ ᠤ ᠰᠤᠷᠭᠠᠭᠤᠯᠢ  ᠳᠤ ᠪᠠᠭᠰᠢᠯᠠᠭᠤᠯᠵᠤ  ᠂ ᠪᠠᠭᠤᠷᠠᠢ ᠰᠤᠷᠭᠠᠭᠤᠯᠢ  ᠶᠢᠨ ᠬᠠᠮᠢᠶᠠᠷᠤᠯᠳᠠ  ᠶᠢᠨ ᠬᠢᠷᠢ ᠬᠡᠮᠵᠢᠶ᠎ᠡ  ᠶᠢ ᠳᠠᠰᠤᠷᠠᠯᠳᠠ ᠥᠭᠡᠢ ᠳᠡᠭᠡᠭᠰᠢᠯᠡᠬᠦᠯᠥᠨ᠎ᠠ  ᠃ ᠬᠤᠳᠠ ᠪᠠᠯᠭᠠᠰᠤᠨ  ᠤ ᠰᠤᠷᠭᠠᠭᠤᠯᠢ  ᠶᠢᠨ ᠪᠠᠭᠰᠢ ᠥᠨᠳᠥᠷ ᠵᠡᠷᠬᠡ  ᠶᠢᠨ ᠪᠠᠭᠰᠢ  ᠶᠢᠨ ᠴᠤᠯᠠ ᠤᠯᠭᠤᠬᠤ  ᠳᠤ ᠵᠠᠷᠴᠢᠮ ᠳᠡᠭᠡᠷ᠎ᠡ ᠪᠠᠨ ᠮᠠᠯᠵᠢᠬᠤ ᠳᠠᠷᠢᠶᠠᠯᠠᠬᠤ ᠤᠷᠤᠨ  ᠤ ᠰᠤᠷᠭᠠᠭᠤᠯᠢ ᠪᠤᠶᠤ ᠪᠠᠭᠤᠷᠠᠢ ᠰᠤᠷᠭᠠᠭᠤᠯᠢ  ᠳᠤ ᠨᠢᠬᠡ ᠵᠢᠯ ᠠᠴᠠ ᠳᠡᠭᠡᠭᠰᠢ ᠪᠠᠭᠰᠢᠯᠠᠵᠤ ᠥᠩᠬᠡᠷᠡᠭᠰᠡᠨ ᠪᠠᠶᠢᠬᠤ ᠬᠡᠷᠡᠭᠳᠡᠢ  ᠃   ( ᠭᠤᠷᠪᠡ ) ᠵᠢᠭᠠᠨ ᠰᠤᠷᠭᠠᠬᠤ ᠬᠠᠮᠢᠶᠠᠷᠤᠯᠳᠠ  ᠶᠢ ᠴᠢᠩᠭᠠᠳᠬᠠᠵᠤ  ᠂ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠵᠢᠭᠠᠨ ᠰᠤᠷᠭᠠᠬᠤ ᠶᠠᠰᠤ ᠴᠢᠨᠠᠷ  ᠢ ᠪᠥᠬᠦ ᠳᠠᠯ᠎ᠠ ᠪᠠᠷ ᠳᠡᠭᠡᠭᠰᠢᠯᠡᠬᠦᠯᠥᠨ᠎ᠠ  ᠃ ᠬᠡᠪ ᠴᠢᠨᠠᠷ  ᠤᠨ ᠰᠤᠷᠭᠠᠨ ᠬᠥᠮᠥᠵᠢᠯ  ᠢᠶᠠᠷ ᠵᠢᠯᠤᠭᠤᠳᠤᠯᠭ᠎ᠠ ᠪᠤᠯᠭᠠᠬᠤ  ᠶᠢ ᠪᠠᠷᠢᠮᠳᠠᠯᠠᠵᠤ  ᠂ ᠰᠢᠨᠵᠢᠯᠡᠬᠦ ᠤᠬᠠᠭᠠᠨᠴᠢ ᠰᠤᠷᠭᠠᠨ ᠬᠥᠮᠥᠵᠢᠯ  ᠤᠨ ᠶᠠᠰᠤ ᠴᠢᠨᠠᠷ  ᠤᠨ ᠥᠵᠡᠯᠳᠡ  ᠶᠢ ᠪᠤᠢ ᠪᠤᠯᠭᠠᠨ᠎ᠠ  ᠃ ᠵᠢᠭᠠᠨ ᠰᠤᠷᠭᠠᠬᠤ ᠶᠠᠰᠤ ᠴᠢᠨᠠᠷ ᠪᠤᠯᠤᠨ ᠰᠤᠷᠤᠭᠴᠢᠳ  ᠤᠨ ᠰᠤᠷᠤᠯᠭ᠎ᠠ  ᠶᠢᠨ ᠬᠢᠷᠢ ᠪᠥᠲᠥᠮᠵᠢ  ᠶᠢᠨ ᠶᠠᠰᠤ ᠴᠢᠨᠠᠷ  ᠢ ᠥᠨᠡᠯᠡᠬᠦ ᠰᠢᠰᠲ᠋ᠧᠮᠵᠢ ᠶᠢ ᠢᠳᠡᠪᠬᠢᠳᠡᠢ ᠰᠥᠪᠡᠭᠴᠢᠯᠠᠨ ᠪᠠᠶᠢᠭᠤᠯᠵᠤ  ᠂ ᠰᠤᠷᠭᠠᠭᠤᠯᠢ  ᠶᠢᠨ ᠵᠢᠭᠠᠨ ᠰᠤᠷᠭᠠᠬᠤ ᠶᠠᠰᠤ ᠴᠢᠨᠠᠷ ᠪᠠ ᠰᠤᠷᠭᠠᠭᠤᠯᠢ ᠡᠷᠬᠢᠯᠡᠬᠦ ᠬᠢᠷᠢ ᠬᠡᠮᠵᠢᠶ᠎ᠡ  ᠶᠢ ᠰᠢᠨᠵᠢᠯᠡᠬᠦ ᠤᠬᠠᠭᠠᠨᠴᠢ ᠪᠠᠷ ᠥᠨᠡᠯᠡᠵᠤ  ᠂ ᠰᠤᠷᠭᠠᠭᠤᠯᠢ  ᠶᠢ ᠵᠢᠭᠠᠨ ᠵᠢᠯᠤᠭᠤᠳᠴᠤ ᠰᠤᠷᠭᠠᠨ ᠬᠥᠮᠥᠵᠢᠯ  ᠤᠨ ᠵᠢᠮ᠎ᠠ ᠶᠤᠰᠤ ᠪᠠ ᠰᠤᠷᠤᠭᠴᠢᠳ  ᠤᠨ ᠥᠰᠥᠨ ᠪᠤᠶᠢᠵᠢᠬᠤ ᠵᠢᠮ᠎ᠠ ᠶᠤᠰᠤ ᠪᠠᠷ ᠰᠤᠷᠭᠠᠨ ᠬᠥᠮᠥᠵᠢᠬᠦᠯᠵᠤ  ᠂ ᠨᠡᠶᠢᠬᠡᠮ  ᠢ ᠵᠢᠭᠠᠨ ᠵᠢᠯᠤᠭᠤᠳᠤᠨ ᠵᠥᠪ ᠤᠨᠤᠪᠴᠢᠳᠡᠢ ᠰᠤᠷᠭᠠᠨ ᠬᠥᠮᠥᠵᠢᠯ  ᠤᠨ ᠥᠵᠡᠯᠳᠡ ᠎ ᠪᠠᠷ ᠰᠤᠷᠭᠠᠨ ᠬᠥᠮᠥᠵᠢᠯ ᠪᠠ ᠰᠤᠷᠭᠠᠭᠤᠯᠢ ᠶᠢ ᠥᠨᠡᠯᠡᠬᠦᠯᠥᠨ᠎ᠡ  ᠃ ᠡᠯ᠎ᠡ ᠭᠠᠵᠠᠷ ᠤᠷᠤᠨ ᠰᠤᠷᠭᠠᠭᠤᠯᠢ ᠨᠤᠭᠤᠳ ᠎ ᠲᠤ ᠰᠤᠷᠭᠠᠭᠤᠯᠢ ᠳᠠᠪᠰᠢᠬᠤ ᠵᠢᠭᠠᠯᠳᠠ ᠳᠤᠭ᠎ᠠ ᠳᠠᠭᠠᠭᠠᠯᠭᠠᠵᠤ ᠪᠤᠯᠬᠤ ᠥᠬᠡᠢ  ᠂ ᠳ᠋ᠠᠩ ᠭᠠᠭᠴᠠ ᠰᠤᠷᠭᠠᠭᠤᠯᠢ ᠳᠠᠪᠰᠢᠭᠰᠠᠨ ᠨᠤᠷᠮ᠎ᠠ ᠪᠠᠷ ᠰᠤᠷᠭᠠᠭᠤᠯᠢ ᠨᠤᠭᠤᠳ  ᠢ ᠵᠢᠭᠰᠠᠭᠠᠵᠤ ᠪᠤᠯᠬᠤ ᠥᠭᠡᠢ  ᠃   ᠰᠢᠨ᠎ᠡ ᠪᠠᠷ ᠵᠠᠰᠠᠪᠤᠷᠢ ᠤᠷᠤᠭᠤᠯᠤᠭᠰᠠᠨ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠬᠢᠴᠢᠶᠡᠯ  ᠤᠨ ᠪᠠᠷᠢᠮᠵᠢᠶ᠎ᠡ  ᠶᠢ ᠨᠡᠷᠢᠨ ᠬᠢᠨᠡᠮᠠᠭᠠᠢ ᠨᠠᠶᠢᠳᠠᠪᠤᠷᠢᠵᠢᠭᠤᠯᠵᠤ  ᠂ ᠰᠤᠷᠤᠭᠴᠢᠳ  ᠤᠨ ᠳᠠᠷᠤᠭᠠᠰᠤ  ᠶᠢ ᠥᠨᠡᠨᠬᠦ ᠬᠥᠩᠬᠡᠷᠡᠬᠦᠯᠵᠤ  ᠂ ᠳᠤᠭᠳᠠᠭᠰᠠᠨ ᠬᠢᠴᠢᠶᠡᠯ  ᠢ ᠬᠥᠢᠴᠡᠳ ᠰᠠᠶᠢᠨ ᠨᠡᠬᠡᠬᠡᠵᠤ  ᠂ ᠰᠤᠷᠤᠭᠴᠢᠳ ᠤᠯᠤᠰ ᠠᠴᠠ ᠳᠤᠭᠳᠠᠭᠠᠭᠰᠠᠨ ᠡᠯ᠎ᠡ ᠲᠥᠷᠥᠯ  ᠤᠨ ᠬᠢᠴᠢᠶᠡᠯ  ᠤᠨ ᠰᠤᠷᠤᠯᠭ᠎ᠠ  ᠶᠢ ᠪᠥᠬᠦ ᠳᠠᠯ᠎ᠠ ᠪᠠᠷ ᠪᠠᠶᠠᠯᠡᠬᠦᠯᠬᠦ  ᠶᠢ ᠪᠠᠳᠤᠯᠠᠵᠤ ᠂ ᠨᠥᠬᠦᠴᠡᠯ ᠪᠥᠷᠢᠯᠳᠥᠬᠦᠯᠵᠤ ᠪᠠᠶᠢᠭᠠᠳ ᠡᠯᠪᠡᠭ ᠪᠠᠶᠠᠯᠢᠭ ᠠᠭᠤᠯᠭ᠎ᠠ ᠲᠠᠢ ᠰᠤᠩᠭᠤᠨ ᠰᠤᠷᠬᠤ ᠬᠢᠴᠢᠶᠡᠯ  ᠢ ᠨᠡᠬᠡᠬᠡᠵᠤ  ᠂ ᠠᠳᠠᠯᠢ ᠪᠤᠰᠤ ᠨᠢᠭᠤᠭᠳᠠᠮᠠᠯ ᠴᠢᠨᠰᠠᠭ᠎ᠠ ᠲᠠᠢ ᠰᠤᠷᠤᠭᠴᠢᠳ  ᠤᠨ ᠬᠥᠭᠵᠢᠯᠳᠡ  ᠶᠢᠨ ᠬᠡᠷᠡᠭᠴᠡᠭᠡ  ᠶᠢ ᠬᠠᠩᠭᠠᠨ᠎ᠠ  ᠃ ᠡᠯ᠎ᠡ ᠭᠠᠵᠠᠷ ᠤᠷᠤᠨ  ᠤ ᠰᠤᠷᠭᠠᠨ ᠬᠥᠮᠥᠵᠢᠯ  ᠤᠨ ᠰᠠᠯᠠᠭ᠎ᠠ ᠮᠥᠴᠢᠷ ᠰᠢᠯᠭᠠᠯᠳᠠ ᠬᠢᠬᠦ  ᠳᠡᠭᠡᠨ  ᠂ ᠠᠩᠬᠢ ᠬᠤᠪᠢᠶᠠᠨ  ᠂ ᠬᠢᠴᠢᠶᠡᠯ ᠲᠥᠷᠥᠯ ᠬᠤᠪᠢᠶᠠᠨ ᠰᠤᠩᠭᠤᠨ ᠰᠢᠯᠭᠠᠬᠤ ᠪᠠᠷ ᠭᠤᠤᠯ ᠪᠤᠯᠭᠠᠬᠤ ᠬᠡᠷᠡᠭᠳᠡᠢ  ᠂ ᠬᠡᠪᠴᠢᠶ᠎ᠡ ᠶᠡᠭᠡ ᠨᠢᠬᠡᠳᠥᠯᠳᠡᠢ ᠰᠢᠯᠭᠠᠯᠳᠠ ᠬᠢᠵᠤ ᠪᠤᠯᠬᠤ ᠥᠭᠡᠢ  ᠃ ᠬᠢᠴᠢᠶᠡᠯ  ᠤᠨ ᠬᠥᠴᠢᠷ  ᠤᠨ ᠬᠡᠮᠵᠢᠶ᠎ᠡ  ᠶᠢ ᠳᠤᠷ᠎ᠠ ᠪᠠᠷ  ᠢᠶᠠᠨ ᠨᠡᠮᠡᠭᠳᠡᠬᠦᠯᠵᠤ ᠪᠤᠯᠬᠤ ᠥᠭᠡᠢ  ᠂ ᠰᠤᠷᠭᠠᠭᠤᠯᠢ ᠨᠤᠭᠤᠳ ᠵᠢᠭᠠᠨ ᠰᠤᠷᠭᠠᠬᠤ ᠠᠷᠭ᠎ᠠ ᠪᠠᠨ ᠥᠬᠡᠷᠡᠴᠢᠯᠡᠵᠤ  ᠂ ᠵᠢᠭᠠᠨ ᠰᠤᠷᠭᠠᠬᠤ ᠥᠷ᠎ᠡ ᠪᠥᠲᠥᠮᠵᠢ ᠪᠠᠨ ᠳᠡᠭᠡᠭᠰᠢᠯᠡᠬᠦᠯᠵᠤ  ᠂ ᠰᠤᠷᠤᠭᠴᠢᠳ  ᠤᠨ ᠰᠤᠷᠤᠯᠴᠠᠬᠤ ᠤᠷᠮ᠎ᠠ  ᠶᠢ ᠬᠥᠭᠵᠢᠶᠡᠬᠦ  ᠶᠢ ᠵᠤᠷᠢᠭᠵᠢᠭᠤᠯᠤᠨ᠎ᠠ  ᠃   ᠳᠤᠮᠳᠠᠳᠤ ᠪᠠᠭ᠎ᠠ ᠰᠤᠷᠭᠠᠭᠤᠯᠢ  ᠶᠢᠨ ᠶᠤᠰᠤ ᠮᠤᠷᠠᠯ  ᠤᠨ ᠬᠥᠮᠥᠵᠢᠯ  ᠤᠨ ᠠᠵᠢᠯ  ᠢ ᠤᠯᠠᠮ ᠨᠢᠬᠡ ᠠᠯᠬᠤᠮ ᠴᠢᠩᠭᠠᠳᠬᠠᠵᠤ  ᠂ ︽ᠥᠪᠥᠷ ᠮᠤᠩᠭᠤᠯ  ᠤᠨ ᠥᠪᠡᠷᠳᠡᠬᠡᠨ ᠵᠠᠰᠠᠬᠤ ᠤᠷᠤᠨ  ᠤ ᠳᠤᠮᠳᠠᠳᠤ ᠪᠠᠭ᠎ᠠ ᠰᠤᠷᠭᠠᠭᠤᠯᠢ ᠎ ᠶᠢᠨ ᠡᠷᠬᠡᠳᠤ ᠠᠷᠠᠳ  ᠤᠨ ᠬᠥᠮᠥᠵᠢᠯ  ᠤᠨ ᠬᠡᠷᠡᠭᠵᠢᠬᠦᠯᠬᠦ ᠳᠥᠰᠥᠯ ︾᠎ ᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠵᠤ  ᠂ ᠳᠤᠮᠳᠠᠳᠤ ᠪᠠᠭ᠎ᠠ ᠰᠤᠷᠭᠠᠭᠤᠯᠢ  ᠶᠢᠨ ᠰᠤᠷᠤᠭᠴᠢᠳ  ᠤᠨ ᠬᠥᠮᠥᠵᠢᠯ ᠬᠥᠷᠳᠡᠬᠡᠯ  ᠤᠨ ᠭᠤᠤᠯ ᠠᠷᠭ᠎ᠠ ᠵᠠᠮ  ᠂ ᠭᠤᠤᠯ ᠵᠢᠭᠰᠠᠭᠠᠯ  ᠤᠨ ᠭᠠᠵᠠᠷ  ᠂ ᠭᠤᠤᠯ ᠬᠢᠴᠢᠶᠡᠯ  ᠤᠨ ᠳᠢᠩᠬᠢᠮ  ᠤᠨ ᠥᠢᠯᠡᠳᠤᠯ  ᠢ ᠬᠥᠢᠴᠡᠳ ᠪᠠᠳᠠᠷᠠᠭᠤᠯᠵᠤ  ᠂ ᠶᠤᠰᠤ ᠮᠤᠷᠠᠯ  ᠤᠨ ᠬᠥᠮᠥᠵᠢᠯ  ᠤᠨ ᠶᠡᠷᠥᠩᠬᠡᠢ ᠬᠠᠷᠠᠯᠳᠠ ᠪᠠ ᠰᠤᠷᠤᠭᠴᠢᠳ  ᠤᠨ ᠥᠰᠥᠨ ᠪᠤᠶᠢᠵᠢᠬᠤ ᠵᠢᠮ᠎ᠠ ᠶᠤᠰᠤ  ᠪᠠᠷ  ᠂ ᠥᠨᠳᠥᠰᠥᠳᠡᠨ  ᠤ ᠵᠤᠷᠢᠭ ᠰᠠᠨᠠᠭᠠᠨ  ᠤ ᠬᠥᠮᠥᠵᠢᠯ  ᠂ ᠪᠤᠯᠪᠠᠰᠤᠨ ᠵᠠᠩ ᠳᠠᠳᠬᠠᠯ  ᠤᠨ ᠬᠥᠮᠥᠵᠢᠯ  ᠂ ᠢᠳᠡᠬᠡᠯ ᠵᠢᠷᠤᠮ  ᠤᠨ ᠬᠥᠮᠥᠵᠢᠯ  ᠢ ᠶᠠᠬᠡᠪᠡᠷ ᠥᠷᠨᠢᠬᠦᠯᠵᠤ  ᠂ ᠬᠠᠤᠯᠢ ᠳᠥᠷᠢᠮ  ᠤᠨ ᠬᠥᠮᠥᠵᠢᠯ  ᠂ ᠬᠥᠰᠡᠯᠡᠩ ᠎ ᠤᠨ ᠬᠥᠮᠥᠵᠢᠯ  ᠂ ᠥᠨᠳᠥᠰᠥᠳᠡᠨ  ᠤ ᠪᠥᠯᠬᠦᠮᠳᠠᠯ  ᠤᠨ ᠬᠥᠮᠥᠵᠢᠯ᠂ ᠰᠡᠳᠬᠢᠯ ᠰᠠᠨᠠᠭᠠᠨ  ᠤ ᠡᠷᠡᠬᠦᠯ ᠴᠢᠬᠢᠷᠠᠭ ᠎ ᠤᠨ ᠬᠥᠮᠥᠵᠢᠯ ᠵᠡᠷᠬᠡ ᠶᠢ ᠴᠢᠭᠯᠡᠯᠳᠤ ᠴᠢᠨᠠᠷᠳᠡᠢ ᠴᠢᠩᠭᠠᠷᠠᠭᠤᠯᠵᠤ  ᠂ ᠳᠤᠮᠳᠠᠳᠤ ᠪᠠᠭ᠎ᠠ ᠰᠤᠷᠭᠠᠭᠤᠯᠢ  ᠶᠢᠨ ᠥᠵᠡᠯ ᠰᠠᠨᠠᠭ᠎ᠠ ᠶᠤᠰᠤ ᠮᠤᠷᠠᠯ  ᠤᠨ ᠬᠡᠪ ᠴᠢᠨᠠᠷ  ᠢ ᠳᠡᠭᠡᠭᠰᠢᠯᠡᠬᠦᠯᠬᠦ ᠪᠠᠷ ᠬᠥᠴᠥᠯᠡᠨ᠎ᠡ  ᠃   ( ᠳᠥᠷᠪᠡ ) ᠰᠤᠷᠭᠠᠨ ᠬᠥᠮᠥᠵᠢᠯ  ᠢ ᠬᠠᠤᠯᠢ ᠶᠤᠰᠤᠭᠠᠷ ᠵᠠᠰᠠᠬᠤ  ᠶᠢ ᠪᠠᠷᠢᠮᠳᠠᠯᠠᠵᠤ  ᠂ ᠰᠤᠷᠭᠠᠭᠤᠯᠢ ᠡᠷᠬᠢᠯᠡᠬᠦ ᠠᠵᠢᠯᠯᠠᠭ᠎ᠠ  ᠶᠢ ᠥᠨᠡᠨᠬᠦ ᠳᠥᠷᠢᠮᠵᠢᠬᠦᠯᠥᠨ᠎ᠡ  ᠃ ᠡᠯ᠎ᠡ ᠬᠤᠰᠢᠭᠤ ᠰᠢᠶᠡᠨ ᠬᠤᠳᠠ ( ᠤᠷᠤᠨ ) ᠎ ᠶᠢᠨ ᠵᠠᠰᠠᠭ  ᠤᠨ ᠤᠷᠳᠤᠨ ᠠᠯᠪᠠᠨ ᠵᠢᠷᠤᠮ  ᠤᠨ ᠰᠤᠷᠭᠠᠭᠤᠯᠢ ᠨᠢᠬᠡᠪᠤᠷᠢ  ᠶᠢ ᠬᠠᠤᠯᠢ ᠶᠤᠰᠤᠭᠠᠷ ᠰᠠᠶᠢᠳᠤᠷ ᠡᠷᠬᠢᠯᠡᠬᠦ ᠬᠡᠷᠡᠭᠳᠡᠢ  ᠂ ᠰᠤᠷᠭᠠᠭᠤᠯᠢ ᠨᠤᠭᠤᠳ  ᠢ ᠭᠤᠤᠯᠳᠠᠯᠭ᠎ᠠ ᠲᠠᠢ ᠰᠤᠷᠭᠠᠭᠤᠯᠢ ᠪᠠ ᠭᠤᠤᠯᠳᠠᠯᠭ᠎ᠠ ᠲᠠᠢ ᠪᠤᠰᠤ ᠰᠤᠷᠭᠠᠭᠤᠯᠢ ᠬᠡᠵᠤ ᠬᠤᠪᠢᠶᠠᠵᠤ ᠪᠤᠯᠬᠤ ᠥᠬᠡᠢ  ᠂ ᠤᠯᠠᠨ ᠨᠠᠶᠢᠳᠡ  ᠶᠢᠨ ᠡᠬᠢ ᠰᠤᠷᠪᠤᠯᠵᠢ  ᠶᠢ ᠠᠰᠢᠭᠯᠠᠨ ᠴᠥᠬᠡᠨ ᠳᠤᠭᠠᠨ  ᠤ ᠴᠤᠩᠬᠤᠪᠴᠢ ᠰᠤᠷᠭᠠᠭᠤᠯᠢ  ᠂ ᠵᠢᠱᠢᠶ᠎ᠡ ᠥᠵᠡᠬᠦᠯᠬᠦ ᠰᠤᠷᠭᠠᠭᠤᠯᠢ  ᠶᠢ ᠪᠠᠶᠢᠭᠤᠯᠬᠤ ᠪᠤᠶᠤ ᠳᠡᠮᠵᠢᠵᠤ ᠪᠤᠯᠬᠤ ᠥᠬᠡᠢ  ᠃   ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠱᠠᠳᠤᠨ  ᠤ ᠰᠤᠷᠭᠠᠭᠤᠯᠢ ᠨᠤᠭᠤᠳ ᠤᠷᠤᠨ ᠬᠡᠰᠡᠭ ᠬᠤᠪᠢᠶᠠᠨ ᠰᠤᠷᠤᠭᠴᠢ ᠡᠯᠰᠡᠬᠦ ᠳᠤᠭᠳᠠᠭᠠᠯ  ᠢ ᠴᠢᠩᠭ᠎ᠠ ᠬᠡᠷᠡᠭᠵᠢᠬᠦᠯᠵᠤ  ᠂ ᠰᠤᠷᠭᠠᠭᠤᠯᠢ  ᠶᠢᠨ ᠨᠠᠰᠤᠨ ᠤ ᠬᠡᠤᠬᠡᠳ  ᠤᠳ ᠤᠢᠢᠷ᠎ᠡ ᠬᠠᠪᠢ  ᠶᠢᠨ ᠰᠤᠷᠭᠠᠭᠤᠯᠢ  ᠳᠤ ᠰᠠᠭᠤᠬᠤ  ᠶᠢ ᠪᠠᠳᠤᠯᠠᠨ᠎ᠡ  ᠂ ᠰᠤᠷᠭᠠᠭᠤᠯᠢ ᠨᠤᠭᠤᠳ ᠶᠠᠮᠠᠷᠪᠡ ᠬᠡᠯᠪᠡᠷᠢ ᠎ ᠪᠠᠷ ᠰᠤᠩᠭᠤᠨ ᠡᠯᠰᠡᠬᠦ  ᠶᠢ ᠡᠷᠡᠰ ᠴᠠᠭᠠᠵᠠᠯᠠᠨ᠎ᠠ  ᠃ ᠰᠤᠷᠤᠭᠴᠢᠳ ᠰᠤᠷᠭᠠᠭᠤᠯᠢ  ᠳᠤ ᠤᠷᠤᠭᠰᠠᠨ  ᠤ ᠳᠠᠷᠠᠭ᠎ᠠ ᠢᠯᠡ ᠳᠤᠳᠤ ᠡᠷᠬᠡ ᠳᠡᠭᠰᠢ ᠪᠠᠷ ᠠᠩᠬᠢ ᠬᠤᠪᠢᠶᠠᠬᠤ ᠬᠡᠷᠡᠭᠳᠡᠢ  ᠂ ᠶᠠᠮᠠᠷᠪᠡ ᠨᠡᠷ᠎ᠡ ᠪᠤᠶᠤ ᠬᠡᠯᠪᠡᠷᠢ ᠪᠠᠷ ᠭᠤᠤᠯᠳᠠᠯᠭ᠎ᠠ ᠎ ᠲᠠᠢ ᠠᠩᠬᠢ  ᠂ ᠳᠤᠷᠰᠢᠯᠳᠡ  ᠶᠢᠨ ᠠᠩᠬᠢ ᠬᠤᠪᠢᠶᠠᠵᠤ ᠪᠤᠯᠬᠤ ᠥᠭᠡᠢ  ᠃ ᠡᠩ  ᠤᠨ ᠥᠨᠳᠥᠷ ᠵᠡᠷᠬᠡ ᠎ ᠶᠢᠨ ᠰᠢᠯᠢᠳᠡᠭ ᠳᠤᠮᠳᠠᠳᠤ ᠰᠤᠷᠭᠠᠭᠤᠯᠢ  ᠶᠢᠨ ᠰᠤᠷᠤᠭᠴᠢ ᠡᠯᠰᠡᠬᠦ ᠳᠥᠯᠥᠪᠯᠡᠭᠡ  ᠶᠢ ᠠᠩᠬ᠎ᠠ ᠵᠡᠷᠬᠡ  ᠶᠢᠨ ᠳᠤᠮᠳᠠᠳᠤ ᠰᠤᠷᠭᠠᠭᠤᠯᠢ  ᠳᠤ ᠬᠤᠪᠢᠶᠠᠷᠢᠯᠡᠬᠤ ᠠᠷᠭ᠎ᠠ  ᠶᠢ ᠥᠷᠬᠦᠯᠵᠢᠯᠡᠨ ᠬᠡᠷᠡᠭᠵᠢᠬᠦᠯᠵᠤ  ᠂ ᠠᠩᠬ᠎ᠠ ᠵᠡᠷᠬᠡ  ᠶᠢᠨ ᠳᠤᠮᠳᠠᠳᠤ ᠰᠤᠷᠭᠠᠭᠤᠯᠢ  ᠶᠢᠨ ᠰᠤᠷᠤᠭᠴᠢᠳ  ᠤᠨ ᠢᠷᠡᠯᠳᠡ  ᠶᠢ ᠤᠯᠠᠮ ᠨᠢᠬᠡ ᠠᠯᠬᠤᠮ ᠳᠡᠩᠴᠡᠬᠦᠷᠢᠳᠡᠢ ᠪᠠᠶᠢᠯᠭᠠᠨ᠎ᠠ᠃   ᠰᠤᠷᠭᠠᠭᠤᠯᠢ  ᠶᠢᠨ ᠡᠳ᠋  ᠤᠨ ᠶᠠᠪᠤᠳᠠᠯ  ᠤᠨ ᠬᠠᠮᠢᠶᠠᠷᠤᠯᠳᠠ  ᠶᠢ ᠴᠢᠩᠭᠠᠳᠬᠠᠵᠤ  ᠂ ᠰᠥᠢᠳᠬᠡᠯ ᠬᠤᠷᠢᠶᠠᠬᠤ ᠠᠵᠢᠯᠯᠠᠭ᠎ᠠ  ᠶᠢ ᠳᠥᠷᠢᠮᠵᠢᠬᠦᠯᠥᠨ᠎ᠡ  ᠃ ᠰᠤᠷᠭᠠᠨ ᠬᠥᠮᠥᠵᠢᠯ  ᠤᠨ ᠵᠠᠰᠠᠭ ᠵᠠᠬᠢᠷᠭᠠᠨ  ᠤ ᠰᠠᠯᠠᠭ᠎ᠠ ᠮᠥᠴᠢᠷ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠵᠠᠷᠤᠳᠠᠯ  ᠤᠨ ᠬᠠᠮᠢᠶᠠᠷᠤᠯᠳᠠ  ᠶᠢ ᠴᠢᠩᠭᠠᠳᠬᠠᠵᠤ  ᠂ ᠰᠤᠷᠭᠠᠭᠤᠯᠢ  ᠶᠢ ᠱᠠᠭᠠᠷᠳᠠᠨ ᠡᠳ᠋  ᠤᠨ ᠶᠠᠪᠤᠳᠠᠯ  ᠤᠨ ᠬᠠᠮᠢᠶᠠᠷᠤᠯᠳᠠ  ᠶᠢᠨ ᠳᠥᠷᠢᠮ  ᠢᠶᠠᠨ ᠪᠥᠷᠢᠨᠰᠢᠬᠦᠯᠵᠤ  ᠂ ᠠᠯᠪᠠᠨ ᠵᠢᠷᠤᠮ ᠎ ᠤᠨ ᠰᠤᠷᠭᠠᠨ ᠬᠥᠮᠥᠵᠢᠯ  ᠤᠨ ᠵᠠᠷᠤᠳᠠᠯ  ᠤᠨ ᠠᠮᠤᠷ ᠳᠥᠪᠰᠢᠨ  ᠂ ᠥᠨᠳᠥᠷ ᠥᠷ᠎ᠡ ᠠᠰᠢᠭ ᠲᠠᠢ ᠬᠡᠷᠡᠭᠯᠡᠯᠳᠡ ᠶᠢ ᠪᠠᠳᠤᠯᠠᠬᠤ ᠬᠡᠷᠡᠭᠳᠡᠢ  ᠃ ᠰᠤᠷᠭᠠᠭᠤᠯᠢ ᠨᠤᠭᠤᠳ  ᠤᠨ ᠰᠥᠢᠳᠬᠡᠯ ᠬᠤᠷᠢᠶᠠᠬᠤ ᠠᠵᠢᠯᠯᠠᠭ᠎ᠠ  ᠶᠢ ᠤᠯᠠᠮ ᠨᠢᠬᠡ ᠠᠯᠬᠤᠮ ᠳᠥᠷᠢᠮᠵᠢᠬᠦᠯᠵᠤ  ᠂ ᠬᠠᠮᠢᠶᠠᠷᠤᠯᠳᠠ  ᠶᠢᠨ ᠡᠷᠴᠢᠮ ᠢᠶᠠᠨ ᠴᠢᠩᠭᠠᠷᠠᠭᠤᠯᠵᠤ  ᠂ ᠳᠤᠭᠳᠠᠭᠠᠯ ᠠᠴᠠ ᠵᠥᠷᠢᠴᠡᠨ ᠰᠥᠢᠳᠬᠡᠯ ᠬᠤᠷᠢᠶᠠᠭᠰᠠᠨ ᠠᠵᠢᠯᠯᠠᠭ᠎ᠠ  ᠶᠢ ᠴᠢᠩᠭ᠎ᠠ ᠪᠠᠶᠢᠴᠠᠭᠠᠨ ᠰᠢᠢᠳᠬᠡᠬᠦ ᠬᠡᠷᠡᠭᠳᠡᠢ  ᠃     ᠰᠤᠷᠭᠠᠭᠤᠯᠢ  ᠶᠢᠨ ᠠᠶᠤᠯᠬᠦᠢ  ᠎ ᠶᠢᠨ ᠠᠵᠢᠯ  ᠢ ᠳᠡᠬᠡᠳᠤ ᠬᠡᠮᠵᠢᠶ᠎ᠡ ᠪᠠᠷ ᠴᠢᠬᠤᠯᠠᠴᠢᠯᠠᠨ ᠴᠢᠩᠭᠠᠳᠬᠠᠵᠤ  ᠂ ᠠᠶᠤᠯᠬᠦᠢ  ᠶᠢᠨ ᠬᠠᠮᠢᠶᠠᠷᠤᠯᠳᠠ ᠶᠢᠨ ᠳᠥᠷᠢᠮ  ᠢ ᠤᠯᠠᠮ ᠨᠢᠬᠡ ᠠᠯᠬᠤᠮ ᠪᠥᠷᠢᠨᠰᠢᠬᠦᠯᠥᠨ ᠳᠡᠬᠦᠯᠳᠡᠷᠵᠢᠬᠦᠯᠬᠦ  ᠶᠢᠨ ᠬᠠᠮᠳᠤ ᠰᠠᠶᠢᠳᠤᠷ ᠬᠡᠷᠡᠭᠵᠢᠬᠦᠯᠵᠤ  ᠂ ᠠᠶᠤᠯᠬᠦᠢ ᠶᠢᠨ ᠳᠡᠯᠳᠡ ᠬᠡᠮ  ᠢ ᠴᠠᠭ ᠳᠤᠬᠠᠢ  ᠳᠤᠨᠢ ᠪᠠᠶᠢᠴᠠᠭᠠᠨ ᠠᠷᠢᠯᠭᠠᠵᠤ  ᠂ ᠰᠤᠷᠭᠠᠭᠤᠯᠢ  ᠶᠢᠨ ᠠᠶᠤᠯᠬᠦᠢ  ᠶᠢᠨ ᠬᠥᠮᠥᠵᠢᠯ  ᠢ ᠴᠢᠩᠭᠠᠳᠬᠠᠵᠤ  ᠂ ᠰᠤᠷᠤᠭᠴᠢᠳ  ᠤᠨ ᠠᠮᠤᠷ ᠳᠥᠪᠰᠢᠨ  ᠢ ᠪᠠᠳᠤᠯᠠᠬᠤ ᠪᠠᠷ ᠬᠥᠴᠥᠯᠡᠨ ᠴᠢᠷᠮᠡᠶᠢᠨ᠎ᠡ  ᠃   ( ᠳᠠᠪᠤ ) ᠤᠨᠴᠠᠭᠠᠢ ᠬᠠᠮᠳᠤ ᠤᠯᠠᠨ ᠢ ᠬᠠᠯᠠᠮᠵᠢᠯᠠᠵᠤ  ᠂ ᠡᠷᠬᠡ ᠳᠡᠭᠰᠢ ᠪᠠᠷ ᠠᠯᠪᠠᠨ ᠵᠢᠷᠤᠮ  ᠤᠨ ᠰᠤᠷᠭᠠᠨ ᠬᠥᠮᠥᠵᠢᠯ ᠬᠥᠷᠳᠡᠬᠦ  ᠶᠢ ᠪᠠᠳᠤᠯᠠᠨ᠎ᠠ  ᠃ ᠬᠤᠳᠠ  ᠳᠤ ᠤᠷᠤᠵᠤ ᠬᠥᠴᠥ ᠶᠠᠪᠤᠭᠰᠠᠳ  ᠤᠨ ᠥᠷ᠎ᠡ ᠬᠡᠤᠬᠡᠳ  ᠤᠨ ᠡᠷᠬᠡ ᠳᠡᠭᠰᠢ ᠪᠠᠷ ᠠᠯᠪᠠᠨ ᠵᠢᠷᠤᠮ  ᠤᠨ ᠰᠤᠷᠭᠠᠨ ᠬᠥᠮᠥᠵᠢᠯ ᠬᠥᠷᠳᠡᠬᠦ  ᠶᠢ ᠪᠠᠳᠤᠯᠠᠨ᠎ᠠ  ᠃ ᠤᠴᠢᠭᠰᠠᠨ ᠭᠠᠵᠠᠷ ᠎ ᠢᠶᠠᠷ ᠭᠤᠤᠯ ᠪᠤᠯᠭᠠᠬᠤ  ᠂ ᠠᠯᠪᠠᠨ ᠠᠴᠠ ᠡᠷᠬᠢᠯᠡᠭᠰᠡᠨ ᠰᠤᠷᠭᠠᠭᠤᠯᠢ ᠪᠠᠷ ᠭᠤᠤᠯ ᠪᠤᠯᠭᠠᠬᠤ ︽ᠬᠤᠶᠠᠷ  ᠢᠶᠠᠷ ᠭᠤᠤᠯ ᠪᠤᠯᠭᠠᠬᠤ ︾ ᠲᠥᠷᠥ  ᠶᠢᠨ ᠪᠤᠳᠤᠯᠭ᠎ᠠ  ᠶᠢ ᠪᠠᠷᠢᠮᠳᠠᠯᠠᠵᠤ  ᠂ ᠪᠠᠶᠢᠩᠭᠤ  ᠶᠢᠨ ᠰᠠᠭᠤᠭ᠎ᠠ ᠬᠥᠮᠥᠨ ᠠᠮᠠ  ᠶᠢ ᠤᠷᠤᠨ ᠳᠤᠭᠤᠷᠢᠭ  ᠤᠨ ᠰᠤᠷᠭᠠᠨ ᠬᠥᠮᠥᠵᠢᠯ  ᠤᠨ ᠬᠥᠭᠵᠢᠯᠳᠡ  ᠶᠢᠨ ᠳᠥᠯᠤᠪᠵᠢᠬᠦᠯᠬᠡ  ᠳᠤ ᠤᠷᠤᠭᠤᠯᠵᠤ  ᠂ ᠠᠯᠪᠠᠨ ᠠᠴᠠ ᠡᠷᠬᠢᠯᠡᠭᠰᠡᠨ ᠰᠤᠷᠭᠠᠭᠤᠯᠢ  ᠶᠢᠨ ᠡᠬᠢ ᠰᠤᠷᠪᠤᠯᠵᠢ  ᠶᠢ ᠳᠥᠯᠥᠪᠯᠡᠭᠡ ᠲᠠᠢ ᠪᠠᠷ ᠥᠷᠬᠡᠳᠬᠡᠵᠤ  ᠂ ᠬᠤᠳᠠ  ᠳᠤ ᠤᠷᠤᠵᠤ ᠬᠥᠴᠥ ᠶᠠᠪᠤᠭᠰᠠᠳ  ᠤᠨ ᠥᠷ᠎ᠡ ᠬᠡᠤᠬᠡᠳ ᠢ ᠠᠯᠪᠠᠨ ᠠᠴᠠ ᠡᠷᠬᠢᠯᠡᠭᠰᠡᠨ ᠰᠤᠷᠭᠠᠭᠤᠯᠢ  ᠳᠤ ᠡᠷᠬᠡ ᠳᠡᠭᠰᠢ ᠪᠠᠷ ᠠᠯᠪᠠᠨ ᠵᠢᠷᠤᠮ  ᠤᠨ ᠰᠤᠷᠭᠠᠨ ᠬᠥᠮᠥᠵᠢᠯ ᠬᠥᠷᠳᠡᠬᠡᠨ᠎ᠡ  ᠃    ᠮᠠᠯᠵᠢᠬᠤ ᠳᠠᠷᠢᠶᠠᠯᠠᠬᠤ ᠤᠷᠤᠨ  ᠤ ᠨᠤᠳᠤᠭ ᠲᠠᠭᠠᠨ ᠬᠤᠴᠤᠷᠤᠭᠰᠠᠨ ᠬᠡᠤᠬᠡᠳ ᠪᠠᠭᠠᠴᠤᠳ  ᠤᠨ ᠰᠤᠷᠭᠠᠨ ᠬᠥᠮᠥᠵᠢᠯ ᠬᠠᠮᠢᠶᠠᠷᠤᠯᠳᠠ  ᠶᠢ ᠴᠢᠩᠭᠠᠳᠬᠠᠨ᠎ᠡ  ᠃ ᠵᠠᠰᠠᠭ  ᠤᠨ ᠤᠷᠳᠤᠨ ᠭᠤᠤᠯᠯᠠᠭᠰᠠᠨ᠂ ᠨᠡᠶᠢᠬᠡᠮ  ᠢᠶᠠᠷ  ᠢᠶᠠᠨ ᠤᠷᠤᠯᠴᠠᠭᠰᠠᠨ ᠨᠤᠳᠤᠭ ᠲᠠᠭᠠᠨ ᠬᠤᠴᠤᠷᠤᠭᠰᠠᠨ ᠬᠡᠤᠬᠡᠳ ᠪᠠᠭᠠᠴᠤᠳ  ᠢ ᠬᠠᠯᠠᠮᠵᠢᠯᠠᠨ ᠥᠢᠯᠡᠴᠢᠯᠡᠬᠦ ᠰᠢᠰᠲ᠋ᠧᠮᠵᠢ ᠎ ᠶᠢ ᠪᠠᠶᠢᠭᠤᠯᠤᠨ᠎ᠠ  ᠃ ᠰᠤᠷᠭᠠᠭᠤᠯᠢ ᠨᠤᠳᠤᠭ ᠲᠠᠭᠠᠨ ᠬᠤᠴᠤᠷᠤᠭᠰᠠᠨ ᠬᠡᠤᠬᠡᠳ ᠪᠠᠭᠠᠴᠤᠳ  ᠢ ᠳᠠᠩᠰᠠᠯᠠᠬᠤ  ᠂ ᠨᠢᠭᠤᠷᠯᠠᠯ ᠳᠤᠭᠳᠠᠭᠠᠨ ᠳᠡᠮᠵᠢᠬᠦ ᠳᠥᠷᠢᠮ  ᠢ ᠳᠤᠭᠳᠠᠭᠠᠨ ᠬᠡᠷᠡᠭᠵᠢᠬᠦᠯᠵᠤ  ᠂ ᠬᠡᠷ  ᠤᠨ ᠠᠬᠠᠮᠠᠳ  ᠂ ᠬᠠᠷᠠᠭᠠᠯᠵᠠᠨ ᠬᠠᠮᠠᠭᠠᠯᠠᠭᠴᠢ ᠲᠠᠢ ᠨᠢ ᠰᠠᠨᠠᠭᠠᠴᠢᠯᠠᠭ᠎ᠠ ᠠᠴᠠ ᠪᠠᠨ ᠬᠠᠷᠢᠯᠴᠠᠵᠤ  ᠂ ᠨᠤᠳᠤᠭ ᠲᠠᠭᠠᠨ ᠬᠤᠴᠤᠷᠤᠭᠰᠠᠨ ᠬᠡᠤᠬᠡᠳ ᠪᠠᠭᠠᠴᠤᠳ  ᠤᠨ ᠪᠡᠶ᠎ᠡ ᠰᠡᠳᠬᠢᠯ  ᠎ ᠤᠨ ᠡᠷᠡᠬᠦᠯ ᠴᠢᠬᠢᠷᠠᠭ  ᠢ ᠬᠠᠯᠠᠮᠵᠢᠯᠠᠵᠤ  ᠂ ᠳᠡᠳᠡᠨ  ᠳᠤ ᠨᠢᠬᠡᠨ ᠬᠠᠯᠠᠭᠤᠨ ᠳᠤᠯᠠᠭᠠᠨ ᠠᠮᠢᠳᠤᠷᠠᠯ  ᠤᠨ ᠤᠷᠴᠢᠨ ᠳᠤᠭᠤᠷᠢᠨ ᠬᠠᠩᠭᠠᠬᠤ ᠬᠡᠷᠡᠭᠳᠡᠢ  ᠃   ︽ᠰᠢᠯᠢ  ᠶᠢᠨ ᠭᠤᠤᠯ ᠠᠶᠢᠮᠠᠭ  ᠤᠨ ᠤᠨᠴᠠᠭᠠᠢ ᠰᠤᠷᠭᠠᠨ ᠬᠥᠮᠥᠵᠢᠯ  ᠤᠨ ᠬᠥᠭᠵᠢᠯᠳᠡ  ᠶᠢ ᠳᠥᠷᠬᠡᠳᠬᠡᠬᠦ ᠬᠡᠷᠡᠭᠵᠢᠬᠦᠯᠥᠯᠳᠡ  ᠶᠢᠨ ᠳᠥᠰᠥᠯ ︾᠎ ᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠵᠤ  ᠂ ᠤᠨᠴᠠᠭᠠᠢ ᠰᠤᠷᠭᠠᠨ ᠬᠥᠮᠥᠵᠢᠯ ᠎ ᠤᠨ ᠰᠤᠷᠭᠠᠭᠤᠯᠢ  ᠶᠢᠨ ᠪᠥᠲᠥᠬᠡᠨ ᠪᠠᠶᠢᠭᠤᠯᠤᠯᠳᠠ ᠪᠠ ᠬᠠᠮᠢᠶᠠᠷᠤᠯᠳᠠ  ᠶᠢ ᠤᠯᠠᠮ ᠨᠢᠬᠡ ᠠᠯᠬᠤᠮ ᠴᠢᠩᠭᠠᠳᠬᠠᠵᠤ  ᠂ ᠡᠩ  ᠤᠨ ᠰᠤᠷᠭᠠᠭᠤᠯᠢ  ᠳᠤ ᠤᠨᠴᠠᠭᠠᠢ ᠰᠤᠷᠭᠠᠨ ᠬᠥᠮᠥᠵᠢᠯ  ᠤᠨ ᠠᠩᠬᠢ ᠭᠠᠷᠭᠠᠬᠤ ᠪᠤᠶᠤ ᠡᠩ  ᠤᠨ ᠠᠩᠬᠢ ᠎ ᠎ ᠶᠢ ᠲᠠᠭᠠᠨ ᠰᠤᠷᠤᠯᠴᠠᠬᠤ ᠠᠵᠢᠯ  ᠢ ᠢᠳᠡᠪᠬᠢᠳᠡᠢ ᠥᠷᠨᠢᠬᠦᠯᠵᠤ  ᠂ ᠵᠡᠮᠳᠡᠭ ᠬᠡᠤᠬᠡᠳ ᠪᠠᠭᠠᠴᠤᠳ  ᠤᠨ ᠠᠯᠪᠠᠨ ᠵᠢᠷᠤᠮ  ᠤᠨ ᠰᠤᠷᠭᠠᠨ ᠬᠥᠮᠥᠵᠢᠯ ᠬᠥᠷᠳᠡᠬᠦ ᠡᠷᠬᠡ  ᠶᠢ ᠪᠠᠳᠤᠯᠠᠵᠤ  ᠂ ᠳᠡᠳᠡᠨ  ᠢ ᠡᠩ  ᠤᠨ ᠰᠤᠷᠤᠭᠴᠢᠳ ᠲᠠᠢ ᠠᠳᠠᠯᠢ ᠪᠠᠷ ᠥᠰᠥᠨ ᠪᠤᠶᠢᠵᠢᠭᠤᠯᠤᠨ᠎ᠠ  ᠃ ᠳᠥᠷᠪᠡ  ᠂ ᠤᠳᠤᠷᠢᠳᠤᠯᠭ᠎ᠠ  ᠶᠢᠨ ᠪᠠᠳᠤᠯᠠᠭ᠎ᠠ   ( ᠨᠢᠬᠡ ) ᠡᠯ᠎ᠡ ᠭᠠᠵᠠᠷ ᠤᠷᠤᠨ  ᠤ ᠵᠠᠰᠠᠭ  ᠤᠨ ᠤᠷᠳᠤᠨ ᠠᠯᠪᠠᠨ ᠵᠢᠷᠤᠮ  ᠤᠨ ᠰᠤᠷᠭᠠᠨ ᠬᠥᠮᠥᠵᠢᠯ  ᠎ ᠢ ᠳᠡᠩᠴᠡᠬᠦᠷᠢᠳᠡᠢ ᠬᠥᠭᠵᠢᠬᠦᠯᠬᠦ ᠬᠠᠷᠢᠭᠤᠴᠠᠯᠭ᠎ᠠ  ᠶᠢ ᠥᠨᠡᠨᠬᠦ ᠡᠬᠦᠷᠬᠡᠯᠡᠵᠤ  ᠂ ᠳᠤᠰ ᠭᠠᠵᠠᠷ ᠤᠷᠤᠨ  ᠤ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ  ᠳᠠᠬᠢ ᠤᠳᠤᠷᠢᠳᠤᠯᠭ᠎ᠠ ᠪᠠᠨ ᠴᠢᠩᠭᠠᠳᠬᠠᠵᠤ  ᠂ ᠠᠵᠤ ᠠᠬᠤᠢ ᠨᠡᠶᠢᠬᠡᠮ  ᠤᠨ ᠶᠡᠷᠥᠩᠬᠡᠢ ᠬᠥᠭᠵᠢᠯᠳᠡ  ᠶᠢᠨ ᠳᠥᠯᠥᠪᠵᠢᠬᠦᠯᠬᠡ  ᠳᠡᠭᠡᠨ ᠤᠷᠤᠭᠤᠯᠵᠤ  ᠂ ᠰᠤᠷᠭᠠᠨ ᠬᠥᠮᠥᠵᠢᠯ  ᠂ ᠬᠥᠭᠵᠢᠬᠦᠯᠥᠯᠳᠡ ᠥᠬᠡᠷᠡᠴᠢᠯᠡᠯᠳᠡ  ᠂ ᠡᠳ᠋  ᠤᠨ ᠵᠠᠰᠠᠭ  ᠂ ᠠᠵᠢᠯᠳᠡᠨ  ᠤ ᠶᠠᠪᠤᠳᠠᠯ  ᠂ ᠤᠷᠤᠨ ᠳᠤᠭ᠎ᠠ ᠵᠡᠷᠬᠡ ᠰᠠᠯᠠᠭ᠎ᠠ ᠮᠥᠴᠢᠷ  ᠤᠨ ᠬᠠᠷᠢᠭᠤᠴᠠᠯᠭ᠎ᠠ  ᠶᠢ ᠳᠤᠳᠤᠷᠬᠠᠢᠢᠯᠠᠵᠤ  ᠂ ᠨᠢᠬᠡᠳᠥᠯᠳᠡᠢ ᠵᠤᠬᠢᠴᠠᠭᠤᠯᠤᠨ ᠳᠥᠯᠥᠪᠯᠡᠵᠤ  ᠂ ᠨᠠᠶᠢᠳᠠᠪᠤᠷᠢᠵᠢᠭᠤᠯᠤᠯᠳᠠ  ᠶᠢ ᠬᠥᠴᠥᠳᠡᠢ ᠠᠳᠬᠤᠵᠤ  ᠂ ᠳᠤᠰ ᠭᠠᠵᠠᠷ ᠤᠷᠤᠨ  ᠤ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ   ᠳᠡᠩᠴᠡᠬᠦᠷᠢᠳᠡᠢ ᠬᠥᠭᠵᠢᠯᠳᠡ  ᠶᠢᠨ ᠳᠥᠯᠥᠪᠵᠢᠬᠦᠯᠬᠡ  ᠶᠢᠨ ᠬᠠᠷᠠᠯᠳᠠ ᠪᠠᠨ ᠳᠤᠭᠳᠠᠭᠰᠠᠨ ᠬᠤᠭᠤᠴᠠᠭᠠᠨ  ᠳᠤ ᠪᠡᠶᠡᠯᠡᠬᠦᠯᠬᠦ  ᠶᠢ ᠪᠠᠳᠤᠯᠠᠬᠤ ᠬᠡᠷᠡᠭᠳᠡᠢ  ᠃ ᠡᠯ᠎ᠡ ᠬᠤᠰᠢᠭᠤ ᠰᠢᠶᠡᠨ ᠬᠤᠳᠠ ( ᠤᠷᠤᠨ ) ᠎ ᠶᠢᠨ ᠵᠠᠰᠠᠭ  ᠤᠨ ᠤᠷᠳᠤᠨ ᠳᠤᠰ ᠭᠠᠵᠠᠷ ᠤᠷᠤᠨ  ᠤ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ  ᠶᠢᠨ ᠪᠤᠳᠠᠳᠠᠢ ᠳᠥᠯᠥᠪᠵᠢᠬᠦᠯᠬᠡ ᠪᠠ ᠬᠡᠷᠡᠭᠵᠢᠬᠦᠯᠥᠯᠳᠡ  ᠶᠢ ᠬᠠᠷᠢᠭᠤᠴᠠᠵᠤ᠂ ᠵᠠᠬᠢᠷᠭ᠎ᠠ ᠠᠴᠠ ᠳᠤᠭᠳᠠᠭᠰᠠᠨ ᠬᠤᠭᠤᠴᠠᠭᠠᠨ  ᠳᠤ ᠱᠠᠯᠠᠪᠳᠠᠭᠤᠯᠤᠨ ᠪᠠᠶᠢᠴᠠᠭᠠᠵᠤ  ᠂ ᠵᠢᠭᠠᠨ ᠵᠢᠯᠤᠭᠤᠳᠤᠨ᠎ᠠ  ᠃   ( ᠬᠤᠶᠠᠷ ) ᠠᠯᠪᠠᠨ ᠵᠢᠷᠤᠮ  ᠤᠨ ᠰᠤᠷᠭᠠᠨ ᠬᠥᠮᠥᠵᠢᠯ  ᠳᠠᠬᠢ ᠪᠡᠯᠡ ᠤᠷᠤᠭᠤᠯᠤᠯᠳᠠ  ᠶᠢᠨ ᠲᠥᠷᠥ  ᠶᠢᠨ ᠪᠤᠳᠤᠯᠭ᠎ᠠ  ᠶᠢ ᠪᠥᠬᠦ ᠳᠠᠯ᠎ᠠ ᠪᠠᠷ ᠨᠠᠶᠢᠳᠠᠪᠤᠷᠢᠵᠢᠭᠤᠯᠤᠨ᠎ᠠ  ᠃ ᠡᠯ᠎ᠡ ᠬᠤᠰᠢᠭᠤ ᠰᠢᠶᠡᠨ ᠬᠤᠳᠠ ( ᠤᠷᠤᠨ ) ᠎ ᠶᠢᠨ ᠠᠷᠠᠳ  ᠤᠨ ᠵᠠᠰᠠᠭ  ᠤᠨ ᠤᠷᠳᠤᠨ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠵᠠᠷᠤᠳᠠᠯ  ᠢ ᠪᠠᠳᠤᠯᠠᠬᠤ ᠳᠤᠭᠳᠠᠴᠠ  ᠶᠢ ᠳᠠᠰᠤᠷᠠᠯᠳᠠ ᠥᠭᠡᠢ ᠳᠡᠬᠦᠯᠳᠡᠷᠵᠢᠬᠦᠯᠵᠤ  ᠂ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠵᠠᠷᠤᠳᠠᠯ  ᠤᠨ ︽ᠭᠤᠷᠪᠡ  ᠶᠢ ᠨᠡᠮᠡᠭᠳᠡᠬᠦᠯᠬᠦ ︾᠎ ᠶᠢ ᠬᠠᠤᠯᠢ ᠶᠤᠰᠤᠭᠠᠷ ᠨᠡᠶᠢᠳᠠᠪᠤᠷᠢᠵᠢᠭᠤᠯᠵᠤ  ᠂ ᠰᠤᠷᠭᠠᠨ ᠬᠥᠮᠥᠵᠢᠯ  ᠤᠨ ᠳᠠᠭᠠᠯᠳᠠ ᠰᠥᠢᠳᠬᠡᠯ  ᠢ ᠳᠤᠭ᠎ᠠ ᠶᠤᠰᠤᠭᠠᠷ ᠬᠤᠷᠢᠶᠠᠨ᠎ᠠ  ᠃ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠵᠠᠷᠤᠳᠠᠯ  ᠢ ᠪᠥᠬᠦᠨ  ᠢ ᠡᠳ᠋  ᠤᠨ ᠵᠠᠰᠠᠭ  ᠤᠨ ᠳᠥᠰᠥᠪ ᠲᠡᠭᠡᠨ ᠤᠷᠤᠭᠤᠯᠵᠤ  ᠂ ᠠᠯᠪᠠᠨ ᠵᠢᠷᠤᠮ ᠎ ᠤᠨ ᠰᠤᠷᠭᠠᠨ ᠬᠥᠮᠥᠵᠢᠯ  ᠤᠨ ᠰᠤᠷᠤᠭᠴᠢᠳ ᠨᠢᠬᠡᠪᠤᠷᠢ  ᠳᠤ ᠳᠡᠭᠰᠢᠳᠬᠡᠭᠰᠡᠨ ᠵᠠᠷᠤᠳᠠᠯ ᠥᠭᠬᠦ ᠬᠤᠳᠠ ᠬᠥᠳᠡᠭᠡ ᠨᠢᠬᠡᠳᠥᠯᠳᠡᠢ ᠪᠠᠷᠢᠮᠵᠢᠶ᠎ᠡ  ᠶᠢ ᠬᠡᠷᠡᠭᠵᠢᠬᠦᠯᠤᠨ᠎ᠠ  ᠃ ᠰᠤᠷᠭᠠᠨ ᠬᠥᠮᠥᠵᠢᠯ  ᠤᠨ ᠵᠠᠷᠤᠯᠭ᠎ᠠ  ᠶᠢᠨ ᠪᠥᠲᠥᠴᠡ  ᠶᠢ ᠰᠢᠯᠢᠳᠡᠭᠵᠢᠬᠦᠯᠵᠤ  ᠂ ᠮᠠᠯᠵᠢᠬᠤ ᠳᠠᠷᠢᠶᠠᠯᠠᠬᠤ ᠤᠷᠤᠨ  ᠤ ᠰᠤᠷᠭᠠᠭᠤᠯᠢ ᠪᠠ ᠪᠠᠭᠤᠷᠠᠢ ᠰᠤᠷᠭᠠᠭᠤᠯᠢ  ᠶᠢ ᠬᠠᠷᠠᠭᠠᠯᠵᠠᠵᠤ  ᠂ ᠮᠠᠯᠵᠢᠬᠤ ᠳᠠᠷᠢᠶᠠᠯᠠᠬᠤ ᠤᠷᠤᠨ  ᠤ ᠰᠤᠷᠭᠠᠭᠤᠯᠢ ᠪᠠ ᠪᠠᠭᠤᠷᠠᠢ ᠰᠤᠷᠭᠠᠭᠤᠯᠢ ᠶᠢᠨ ᠪᠥᠲᠥᠬᠡᠨ ᠪᠠᠶᠢᠭᠤᠯᠤᠯᠳᠠ  ᠶᠢ ᠠᠬᠢᠭᠤᠯᠤᠨ᠎ᠠ  ᠃   ( ᠭᠤᠷᠪᠠ ) ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ  ᠶᠢ ᠱᠠᠭᠠᠷᠳᠠᠨ ᠵᠢᠯᠤᠭᠤᠳᠴᠤ ᠥᠨᠡᠯᠡᠬᠦ ᠳᠥᠷᠢᠮ  ᠢ ᠬᠡᠷᠡᠭᠵᠢᠬᠦᠯᠥᠨ᠎ᠡ  ᠃ ᠥᠪᠡᠷᠳᠡᠬᠡᠨ ᠵᠠᠰᠠᠬᠤ ᠤᠷᠤᠨ  ᠤ ᠠᠷᠠᠳ  ᠤᠨ ᠵᠠᠰᠠᠭ ᠎ ᠤᠨ ᠤᠷᠳᠤᠨ  ᠤ ᠰᠤᠷᠭᠠᠨ ᠬᠥᠮᠥᠵᠢᠯ  ᠤᠨ ᠱᠠᠭᠠᠷᠳᠠᠨ ᠵᠢᠯᠤᠭᠤᠳᠬᠤ ᠪᠥᠯᠬᠦᠮ ᠠᠴᠠ ᠬᠤᠰᠢᠭᠤ ᠰᠢᠶᠡᠨ  ᠤ ᠠᠷᠠᠳ  ᠤᠨ ᠵᠠᠰᠠᠭ  ᠤᠨ ᠤᠷᠳᠤᠨ  ᠤ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ  ᠶᠢ ᠠᠬᠢᠭᠤᠯᠬᠤ  ᠳᠤ ᠱᠠᠭᠠᠷᠳᠠᠨ ᠵᠢᠯᠤᠭᠤᠳᠴᠤ ᠥᠨᠡᠯᠡᠬᠦ ᠳᠥᠷᠢᠮ  ᠢ ᠬᠡᠷᠡᠭᠵᠢᠬᠦᠯᠵᠤ  ᠂ ᠥᠨᠡᠯᠡᠬᠦ ᠨᠠᠷᠢᠨ ᠳᠥᠷᠢᠮ  ᠢ ᠥᠨᠳᠥᠰᠥᠯᠡᠵᠤ ᠱᠠᠭᠠᠷᠳᠠᠨ ᠪᠠᠶᠢᠴᠠᠭᠠᠵᠤ  ᠂ ᠬᠤᠯᠪᠤᠭᠳᠠᠯ ᠪᠥᠬᠦᠢ ᠬᠤᠰᠢᠭᠤᠨ ( ᠰᠢᠶᠡᠨ ᠬᠤᠳᠠ ) ᠎ ᠤ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ  ᠶᠢᠨ ᠪᠠᠶᠢᠳᠠᠯ  ᠎ ᠢ ᠳᠤᠭᠳᠠᠮᠠᠯ ᠬᠤᠭᠤᠴᠠᠭ᠎ᠠ ᠪᠠᠷ ᠨᠡᠶᠢᠳᠡᠯᠡᠨ᠎ᠡ  ᠃ ᠵᠠᠬᠢᠷᠭ᠎ᠠ  ᠶᠢᠨ ᠱᠠᠭᠠᠷᠳᠠᠨ ᠵᠢᠯᠤᠭᠤᠳᠬᠤ ᠪᠥᠯᠬᠦᠮ ᠳᠤᠭᠳᠠᠮᠠᠯ ᠬᠤᠭᠤᠴᠠᠭ᠎ᠠ ᠲᠠᠢ ᠪᠠᠷ ᠵᠢᠯᠤᠭᠤᠳᠤᠨ ᠪᠠᠶᠢᠴᠠᠭᠠᠨ᠎ᠠ  ᠃ ᠡᠯ᠎ᠡ ᠬᠤᠰᠢᠭᠤ ᠰᠢᠶᠡᠨ ᠬᠤᠳᠠ ( ᠤᠷᠤᠨ ) ᠎ ᠶᠢᠨ ᠵᠠᠰᠠᠭ ᠎ ᠤᠨ ᠤᠷᠳᠤᠨ ᠬᠠᠷᠢᠶ᠎ᠡ ᠭᠠᠵᠠᠷ ᠤᠷᠤᠨ  ᠤ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠰᠤᠷᠭᠠᠭᠤᠯᠢ ᠎ ᠨᠤᠭᠤᠳ  ᠤᠨ ᠬᠤᠭᠤᠷᠤᠨᠳᠤᠬᠢ ᠵᠥᠷᠢᠶ᠎ᠡ  ᠂ ᠤᠷᠤᠰᠢᠵᠤ ᠪᠥᠬᠦᠢ ᠠᠰᠠᠭᠤᠳᠠᠯ  ᠢ ᠰᠤᠷᠭᠠᠭᠤᠯᠢ ᠳᠠᠷᠠᠭᠠᠯᠠᠨ ᠪᠠᠶᠢᠴᠠᠭᠠᠵᠤ  ᠂ ᠵᠠᠳᠠᠯᠤᠯᠳᠠ ᠬᠢᠬᠦ  ᠶᠢᠨ ᠬᠠᠮᠳᠤ ᠪᠠᠶᠢᠴᠠᠭᠠᠭᠰᠠᠨ ᠥᠷ᠎ᠡ ᠳ᠋ᠥᠩ  ᠢ ᠵᠤᠬᠢᠬᠤ ᠬᠡᠮᠵᠢᠶ᠎ᠡ ᠪᠠᠷ ᠨᠡᠶᠢᠳᠡᠯᠡᠨ᠎ᠡ  ᠃   ( ᠳᠥᠷᠪᠡ ) ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ  ᠶᠢ ᠤᠷᠮᠠᠰᠢᠭᠤᠯᠬᠤ ᠳᠤᠭᠳᠠᠴᠠ  ᠶᠢ ᠪᠠᠶᠢᠭᠤᠯᠤᠨ᠎ᠠ  ᠃ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ  ᠶᠢ ᠠᠬᠢᠭᠤᠯᠤᠭᠰᠠᠨ ᠳᠡᠷᠢᠬᠦᠨ  ᠤ ᠬᠤᠰᠢᠭᠤ ᠰᠢᠶᠡᠨ ᠬᠤᠳᠠ ( ᠤᠷᠤᠨ ) ᠪᠤᠯᠤᠨ ᠰᠤᠷᠭᠠᠭᠤᠯᠢ  ᠶᠢ ᠰᠤᠩᠭᠤᠬᠤ ᠠᠵᠢᠯ  ᠢ ᠥᠷᠨᠢᠬᠦᠯᠵᠤ  ᠂ ᠥᠪᠡᠷᠳᠡᠬᠡᠨ ᠵᠠᠰᠠᠬᠤ ᠤᠷᠤᠨ  ᠤ ᠵᠠᠰᠠᠭ  ᠤᠨ ᠤᠷᠳᠤᠨ  ᠂ ᠵᠠᠬᠢᠷᠭ᠎ᠠ ᠠᠴᠠ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ  ᠶᠢ ᠠᠬᠢᠭᠤᠯᠤᠭᠰᠠᠨ ᠳᠡᠷᠢᠬᠦᠨ  ᠤ ᠭᠠᠵᠠᠷ ᠤᠷᠤᠨ  ᠂ ᠨᠢᠬᠡᠴᠡ  ᠂ ᠬᠤᠪᠢ ᠬᠥᠮᠥᠨ  ᠢ ᠰᠠᠶᠢᠰᠢᠶᠡᠨ ᠬᠥᠬᠢᠬᠦᠯᠥᠨ᠎ᠡ  ᠃ ᠤᠷᠤᠨ ᠳᠤᠭᠤᠷᠢᠭ  ᠤᠨ ᠳᠤᠳᠤᠷᠡᠬᠢ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠱᠠᠳᠤᠨ  ᠤ ᠰᠤᠷᠭᠠᠭᠤᠯᠢ ᠎ ᠨᠤᠭᠤᠳ  ᠤᠨ ᠰᠤᠷᠭᠠᠭᠤᠯᠢ ᠡᠷᠬᠢᠯᠡᠬᠦ ᠬᠢᠷᠢ ᠬᠡᠮᠵᠢᠶ᠎ᠡ  ᠶᠢᠨ ᠵᠥᠷᠢᠶ᠎ᠡ ᠳᠡᠩᠳᠡᠬᠦᠥ ᠶᠡᠭᠡ ᠪᠤᠶᠤ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ ᠬᠡᠳᠤ ᠤᠳᠠᠭᠠᠨ ᠪᠠᠶᠢᠭ᠎ᠠ ᠬᠤᠰᠢᠭᠤ ᠰᠢᠶᠡᠨ ᠬᠤᠳᠠ ( ᠤᠷᠤᠨ ) ᠎ ᠶᠢᠨ ᠵᠠᠰᠠᠭ  ᠤᠨ ᠤᠷᠳᠤᠨ  ᠤ ᠭᠤᠤᠯ ᠤᠳᠤᠷᠢᠳᠤᠯᠭ᠎ᠠ  ᠂ ᠬᠤᠪᠢᠳᠠᠨ ᠬᠠᠮᠢᠶᠠᠷᠴᠤ ᠪᠠᠶᠢᠭ᠎ᠠ ᠤᠳᠤᠷᠢᠳᠤᠯᠭ᠎ᠠ ᠪᠤᠯᠤᠨ ᠬᠤᠯᠪᠤᠭᠳᠠᠯ ᠪᠥᠬᠦᠢ ᠡᠷᠬᠡ ᠳᠤᠰᠢᠶᠡᠯᠳᠤ ᠰᠠᠯᠠᠭ᠎ᠠ ᠮᠥᠴᠢᠷ  ᠤᠨ ᠬᠠᠷᠢᠭᠤᠴᠠᠯᠭᠠᠳᠠᠨ ᠠᠴᠠ ᠬᠠᠤᠯᠢ ᠶᠤᠰᠤᠭᠠᠷ ᠬᠠᠷᠢᠭᠤᠴᠠᠯᠭ᠎ᠠ ᠨᠡᠬᠡᠮᠵᠢᠯᠡᠨ᠎ᠡ  ᠃   ᠠᠯᠪᠠᠨ ᠵᠢᠷᠤᠮ  ᠤᠨ ᠰᠤᠷᠭᠠᠨ ᠬᠥᠮᠥᠵᠢᠯ  ᠢ ᠳᠡᠩᠴᠡᠬᠦᠷᠢᠳᠡᠢ ᠬᠥᠭᠵᠢᠬᠦᠯᠬᠦ ᠪᠤᠯ ᠰᠤᠷᠭᠠᠨ ᠬᠥᠮᠥᠵᠢᠯ  ᠤᠨ ᠥᠢᠯᠡᠰ  ᠢ ᠰᠢᠨᠵᠢᠯᠡᠬᠦ ᠤᠬᠠᠭᠠᠨᠴᠢ ᠪᠠᠷ ᠬᠥᠭᠵᠢᠬᠦᠯᠵᠤ  ᠂ ᠨᠡᠶᠢᠬᠡᠮ ᠵᠢᠷᠤᠮ  ᠤᠨ ᠡᠶ᠎ᠡ ᠵᠤᠬᠢᠴᠠᠯᠳᠤ ᠨᠡᠶᠢᠬᠡᠮ  ᠢ ᠪᠠᠶᠢᠭᠤᠯᠵᠤ  ᠂ ᠰᠤᠷᠭᠠᠨ ᠬᠥᠮᠥᠵᠢᠯ  ᠤᠨ ᠬᠥᠭᠵᠢᠯᠳᠡ  ᠶᠢᠨ ᠬᠢᠷᠢ ᠳᠥᠪᠰᠢᠨ ᠢ ᠤᠯᠠᠮ ᠨᠢᠬᠡ ᠠᠯᠬᠤᠮ ᠳᠡᠭᠡᠭᠰᠢᠯᠡᠬᠦᠯᠬᠦ ᠴᠢᠬᠤᠯᠠ ᠠᠷᠭ᠎ᠠ ᠬᠡᠮᠵᠢᠶ᠎ᠡ ᠮᠥᠨ  ᠃ ᠡᠯ᠎ᠡ ᠱᠠᠳᠤᠨ  ᠤ ᠵᠠᠰᠠᠭ  ᠤᠨ ᠤᠷᠳᠤᠨ ᠠᠯᠪᠠᠨ ᠵᠢᠷᠤᠮ ᠎ ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ  ᠶᠢ ᠳᠥᠯᠬᠢᠨ ᠠᠬᠢᠭᠤᠯᠬᠤ  ᠶᠢᠨ ᠴᠢᠬᠤᠯᠠ ᠴᠢᠨᠠᠷ  ᠂ ᠤᠷᠳᠤ ᠬᠤᠭᠤᠴᠠᠭᠠᠳᠤ ᠴᠢᠨᠠᠷ ᠪᠤᠯᠤᠨ ᠬᠠᠳᠠᠭᠤᠵᠢᠯᠳᠡᠢ ᠴᠢᠨᠠᠷ  ᠢ ᠬᠥᠢᠴᠡᠳ ᠳᠠᠨᠢᠵᠤ  ᠂ ᠬᠠᠷᠢᠭᠤᠴᠠᠯᠭᠠᠳᠤ ᠰᠡᠳᠬᠢᠯᠬᠡ ᠪᠡ ᠪᠠᠴᠢᠮ ᠳᠤᠯᠭᠠᠮ᠎ᠠ ᠰᠡᠳᠬᠢᠯᠬᠡ ᠪᠠᠨ ᠨᠡᠮᠡᠭᠳᠡᠬᠦᠯᠵᠤ  ᠂ ᠬᠠᠷᠢᠭᠤᠴᠠᠯᠭ᠎ᠠ ᠪᠠᠨ ᠪᠥᠬᠦ ᠳᠠᠯ᠎ᠠ ᠪᠠᠷ ᠨᠠᠶᠢᠳᠠᠪᠤᠷᠢᠵᠢᠭᠤᠯᠵᠤ  ᠂ ᠪᠡᠯᠡ ᠤᠷᠤᠭᠤᠯᠤᠯᠳᠠ ᠪᠠᠨ ᠥᠨᠡᠨᠬᠦ ᠨᠡᠮᠡᠭᠳᠡᠬᠦᠯᠵᠤ  ᠂ ᠲᠥᠷᠥ  ᠶᠢᠨ ᠪᠤᠳᠤᠯᠭ᠎ᠠ  ᠶᠢᠨ ᠠᠷᠭ᠎ᠠ ᠬᠡᠮᠵᠢᠶ᠎ᠡ ᠪᠠᠨ ᠳᠡᠬᠦᠯᠳᠡᠷᠵᠢᠬᠦᠯᠵᠤ  ᠂ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠳᠡᠩᠴᠡᠬᠦᠷᠢᠳᠡᠢ ᠬᠥᠭᠵᠢᠯᠳᠡ  ᠶᠢ ᠬᠥᠨᠵᠡᠬᠡᠢ ᠳᠥᠯᠬᠢᠨ ᠠᠬᠢᠭᠤᠯᠵᠤ  ᠂ ᠰᠤᠷᠭᠠᠭᠤᠯᠢ  ᠶᠢᠨ ᠨᠠᠰᠤᠨ  ᠤ ᠬᠡᠤᠬᠡᠳ ᠪᠠᠭᠠᠴᠤᠳ ᠮᠠᠰᠢ ᠰᠠᠶᠢᠨ ᠠᠯᠪᠠᠨ ᠵᠢᠷᠤᠮ  ᠤᠨ ᠰᠤᠷᠭᠠᠨ ᠬᠥᠮᠥᠵᠢᠯ ᠬᠥᠷᠳᠡᠬᠦ  ᠶᠢ ᠪᠠᠳᠤᠯᠠᠨ᠎ᠠ  ᠃
 
ᠢᠷᠡᠯᠲᠡ᠄ ᠰᠢᠯᠢ  ᠶᠢᠨ ᠭᠤᠤᠯ ᠠᠶᠢᠮᠠᠭ  ᠤᠨ ᠵᠠᠬᠢᠷᠭ᠎ᠠ  ᠶᠢᠨ ᠠᠯᠪᠠᠨ ᠳᠢᠩᠬᠢᠮ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃   ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ : 010098    蒙ICP备05000248号