ᠳᠡᠯᠡᠬᠡᠢ ᠳᠠᠭᠡᠷᠡᠬᠢ ᠬᠠᠮᠤᠬ ᠡᠷᠳᠡᠨ  ᠤ ᠴᠢᠩᠬᠢᠰ ᠬᠠᠭᠠᠨ  ᠤ ᠬᠥᠷᠦᠭ  ᠢ ᠳᠤᠮᠳᠠᠳᠤ ᠤᠯᠤᠰ  ᠤᠨ ᠲᠡᠦᠭᠡ  ᠶᠢᠨ ᠮᠥᠽᠧᠢ ᠳᠤ ᠬᠠᠳᠠᠭᠠᠯᠠᠬᠳᠠᠵᠤ ᠪᠠᠶᠢᠭ᠎ᠠ  ᠶᠢ ᠡᠷᠳᠡᠮᠳᠡᠳ ᠬᠡᠷᠡᠴᠢᠯᠡᠪᠡ
ᠨᠡᠶᠢᠲᠡᠯᠡᠭᠰᠡᠨ ᠴᠠᠭ᠄
2016-07-19
    ᠡᠨᠡ ᠵᠢᠯ  ᠤᠨ 6 ᠰᠠᠷ᠎ᠠ ᠶᠢᠨ 15 ᠳᠤ ᠭᠧᠷᠮᠠᠨ ᠤ ᠪᠤᠨ ᠬᠤᠳᠠ ᠳᠤ《 ᠴᠢᠩᠬᠢᠰ ᠬᠠᠭᠠᠨ ᠪᠤᠯᠤᠨ ᠳᠡᠬᠦᠨ  ᠤ ᠵᠠᠯᠭᠠᠮᠵᠢᠯᠠᠬᠴᠢ 》ᠭᠡᠰᠡᠨ ᠳᠡᠯᠭᠡᠨ ᠦᠵᠡᠬᠦᠯᠦᠯᠭᠡ ᠶᠠᠪᠤᠬᠳᠠᠵᠤ  ᠂ ᠳᠤᠰ ᠳᠡᠯᠭᠡᠨ ᠦᠵᠡᠬᠦᠯᠦᠯᠭᠡ  ᠳᠤ ᠳᠤᠮᠳᠠᠳᠤ ᠤᠯᠤᠰ   ᠤᠨ ᠲᠠᠶᠢᠪᠸᠢ ᠠᠴᠠ《 ᠳᠡᠯᠡᠬᠡᠢ ᠳᠡᠭᠡᠷᠡᠭᠢ ᠬᠠᠮᠤᠬ ᠡᠷᠳᠡᠨ ᠤ ᠴᠢᠩᠬᠢᠰ ᠬᠠᠭᠠᠨ ᠤ ᠬᠦᠷᠦᠭ 》ᠭᠡᠰᠡᠨ ᠲᠤᠳᠤᠷᠬᠠᠶᠢᠯᠠᠯ ᠲᠠᠢ ᠵᠢᠷᠤᠬ ᠢ ᠬᠦᠷᠭᠡᠨ ᠢᠷᠡᠵᠦ ᠳᠡᠯᠭᠡᠨ ᠦᠵᠡᠬᠦᠯᠦᠯᠭᠡ ᠳᠤ ᠤᠷᠤᠯᠴᠠᠭᠤᠯᠵᠤ ᠳᠡᠯᠡᠭᠡᠢ ᠨᠡᠶᠢᠳᠡ ᠶᠢᠨ ᠲᠡᠦᠭᠡ ᠶᠢᠨ ᠪᠤᠯᠤᠨ ᠤᠷᠠᠯᠢᠬ  ᠤᠨ ᠡᠳᠡᠭᠡᠳ ᠤᠨ ᠠᠩᠬᠠᠷᠤᠯ ᠢ ᠳᠠᠳᠠᠵᠤ ᠪᠢᠯᠠ  ᠃     ᠳᠡᠮᠳᠡᠭᠯᠡᠯ ᠢ ᠦᠨᠳᠦᠰᠦᠯᠡᠪᠡᠯ  ᠂ ᠮᠠᠨ ᠤ ᠤᠯᠤᠰ ᠲᠤ ᠦᠶ᠎ᠡ ᠤᠯᠠᠮᠵᠢᠯᠠᠬᠳᠠᠵᠤ  ᠢᠷᠡᠭᠰᠡᠨ ᠴᠢᠩᠬᠢᠰ ᠬᠠᠭᠠᠨ ᠤ ᠬᠤᠪᠤᠷ ᠦᠨᠡᠲᠦ ᠬᠦᠷᠦᠭ ᠬᠤᠶᠠᠷᠬᠠᠨ ᠪᠠᠶᠢᠵᠤ  ᠂ ᠨᠢᠭᠡ ᠨᠢ ᠳᠤᠮᠳᠠᠳᠤ ᠤᠯᠤᠰ ᠤᠨ ᠳᠡᠦᠭᠡᠨ ᠮᠥᠽᠧᠢ  ᠳᠤ ᠬᠠᠳᠠᠭᠠᠯᠠᠬᠳᠠᠵᠤ᠂ ᠨᠥᠬᠦᠭᠡ ᠨᠢ ᠲᠠᠶᠢᠪᠸᠢ ᠳᠠᠬᠢ ᠬᠠᠭᠠᠨ ᠤ ᠤᠷᠳᠤᠨ ᠤ ᠮᠥᠽᠧᠢ ᠳᠤ ᠬᠠᠳᠠᠭᠠᠯᠠᠬᠳᠠᠵᠤ ᠪᠤᠢ  ᠃ ᠡᠨᠡ ᠬᠤᠶᠠᠷ ᠬᠥᠷᠦᠭ ᠵᠢᠷᠤᠬ ᠤᠨ ᠠᠯᠢ ᠨᠢ ᠴᠤᠬᠤᠮ ᠬᠠᠮᠤᠬ ᠡᠷᠳᠡᠨ ᠤ ᠵᠢᠷᠤᠬ ᠪᠤᠢ ? ᠡᠨᠡᠬᠦ ᠠᠰᠠᠭᠤᠳᠠᠯ ᠢ ᠲᠤᠳᠤᠷᠬᠠᠶᠢᠯᠠᠬᠤ ᠶᠢᠨ ᠲᠥᠯᠦᠭᠡ ᠵᠤᠬᠢᠶᠠᠬᠴᠢ ᠠᠴᠠ 10 ᠶᠢᠨ 11 ᠳᠤ ᠲᠤᠰᠬᠠᠶᠢᠯᠠᠨ ᠪᠡᠬᠡᠵᠢᠩ ᠳᠤ ᠬᠦᠷᠴᠦ  ᠂ ᠤᠯᠤᠰ ᠤᠨ ᠡᠷᠳᠡᠨᠢ ᠶᠢ ᠬᠢᠨᠠᠨ ᠳᠤᠬᠳᠠᠭᠠᠬᠤ《 ᠨᠠᠪᠳᠡᠷᠬᠡᠢ ᠴᠢᠳᠠᠪᠥᠷᠢᠳᠠᠨ 》ᠭᠡᠵᠦ ᠠᠯᠳᠠᠷᠰᠢᠬᠰᠠᠨ ᠱᠢ ᠱᠦ ᠴᠢᠩ ᠨᠠᠰᠤᠲᠠᠨ ( 83 ᠨᠠᠰᠤᠲᠠᠢ ) ᠢ ᠰᠤᠷᠪᠤᠯᠵᠢᠯᠠᠪᠠ᠃ ᠱᠢ ᠱᠦ ᠴᠢᠩ ᠨᠠᠰᠤᠲᠠᠨ ᠪᠤᠯ ᠳᠤᠬᠠᠢ ᠶᠢᠨ ᠵᠢᠯ ᠳᠤ ᠥᠪᠡᠷ ᠤᠨ ᠪᠡᠶ᠎ᠡ ᠪᠠᠷ ᠢᠶᠠᠨ ᠴᠢᠩᠬᠢᠰ ᠬᠠᠭᠠᠨ  ᠤ ᠬᠦᠷᠦᠭ ᠲᠤ ᠬᠢᠨᠠᠨ ᠳᠤᠬᠳᠠᠭᠠᠯᠳᠠ ᠬᠢᠭᠰᠡᠨ ᠮᠥᠷᠳᠡᠭᠡᠨ ᠤᠳᠤ ᠡᠷᠡᠬᠦᠯ ᠮᠡᠨᠲᠦ ᠪᠠᠶᠢᠭ᠎ᠠ ᠴᠤᠷ ᠤᠨ ᠭᠠᠭᠴᠠ ᠬᠡᠷᠡᠴᠢᠯᠡᠭᠴᠢ ᠪᠤᠯᠤᠨ᠎ᠠ  ᠃     ᠪᠤᠯᠵᠤᠬᠰᠠᠨ ᠶᠤᠰᠤᠭᠠᠷ ᠱᠢ ᠨᠠᠰᠤᠳᠠᠨ ᠤ ᠬᠡᠷ ᠬᠦᠷᠬᠦ  ᠳᠤ ᠱᠢ ᠨᠠᠰᠤᠳᠠᠨ ᠰᠠᠶ᠋ᠢᠬᠠᠨ ᠡᠮᠨᠡᠯᠭᠡ  ᠶᠢᠨ ᠬᠤᠷᠢᠶ᠎ᠠ ᠠᠴᠠ ᠭᠠᠷᠴᠤ ᠢᠷᠡᠭᠡᠳ ᠪᠠᠶᠢᠭᠰᠠᠨ ᠪᠤᠯᠬᠤᠷ ᠥᠪᠡᠷ  ᠤᠨ ᠪᠡᠶ᠎ᠡ ᠪᠠᠨ ᠳᠥᠬᠦᠮᠬᠡᠨ ᠳᠠᠨᠢᠯᠴᠠᠭᠤᠯᠤᠭᠠᠳ ᠭᠤᠤᠯ ᠰᠡᠳᠦᠪ ᠲᠡᠭᠡᠨ ᠤᠷᠤᠯ᠎ᠠ  ᠃ ᠱᠢ ᠨᠠᠰᠤᠳᠠᠨ ᠳᠤᠬᠠᠢ   ᠶᠢᠨ ᠵᠢᠯ ᠴᠢᠩᠬᠢᠰ ᠬᠠᠭᠠᠨ ᠤ ᠬᠥᠷᠦᠭ ᠵᠢᠷᠤᠬ ᠢ ᠬᠢᠨᠠᠨ ᠳᠤᠬᠳᠠᠭᠠᠬᠤ  ᠳᠤ ᠤᠷᠤᠯᠴᠠᠬᠰᠠᠨ  ᠢᠶᠠᠷ ᠪᠠᠷᠠᠬᠤ ᠦᠭᠡᠢ  ᠂ ᠮᠥᠨ ᠬᠠᠮᠤᠬ ᠤᠨ ᠡᠷᠳᠡ ᠢᠯᠡᠷᠡᠬᠦᠯᠵᠦ ᠮᠡᠳᠡᠭᠰᠡᠨ ᠬᠦᠮᠦᠨ ᠶᠤᠮ  ᠃ 1953 ᠤᠨ  ᠤ 9 ᠰᠠᠷ᠎ᠠ  ᠶᠢᠨ ᠨᠢᠭᠡ ᠡᠳᠦᠷ ᠱᠢ ᠱᠦ ᠴᠢᠩ ᠬᠠᠮᠳᠤ ᠰᠤᠷᠤᠬᠴᠢ  ᠪᠠᠨ ᠳᠠᠭᠠᠵᠤ ᠴᠧᠨ ᠶᠢ ᠬᠡᠰᠡᠨ ᠬᠦᠮᠦᠨ  ᠤ ᠭᠡᠷ ᠲᠤ ᠤᠴᠢᠵᠠᠢ  ᠃ ᠳᠤᠬᠠᠢ ᠶᠢᠨ ᠦᠶ᠎ᠡ ᠳᠤ ᠱᠢ ᠱᠦ ᠴᠢᠩ ᠪᠡᠬᠡᠵᠢᠩ  ᠤᠨ ᠳᠡᠦᠭᠡᠨ ᠮᠥᠽᠧᠢ  ᠳᠤ ᠠᠵᠢᠯᠯᠠᠵᠤ ᠪᠠᠶᠢᠪᠠ  ᠃ ᠴᠧᠨ ᠶᠢ  ᠶᠢᠨ ᠭᠡᠷ   ᠲᠤ ᠨᠢᠭᠡᠨ ᠵᠢᠷᠤᠮᠠᠯ ᠬᠦᠷᠦᠭ ᠪᠠᠶᠢᠭᠰᠠᠨ ᠨᠢ ᠲᠠᠷᠤᠢ ᠶᠤᠧᠠᠨ ᠲᠠᠶᠢᠽᠤ ᠴᠢᠩᠬᠢᠰ ᠬᠠᠭᠠᠨ ᠤ ᠬᠦᠷᠦᠭ ᠪᠠᠶᠢᠵᠠᠢ  ᠃ ᠡᠨᠡ ᠬᠥᠷᠦᠭ  ᠤᠨ ᠦᠨᠳᠦᠷ ᠨᠢ 58·3 ᠰᠠᠨᠲ᠋ᠢᠮᠧᠲᠷ  ᠂ ᠥᠷᠭᠡᠨ ᠨᠢ 40·8ᠰᠠᠨᠲ᠋ᠢᠮᠧᠲᠷ  ᠂ ᠴᠠᠭᠠᠨ ᠴᠠᠭᠠᠰᠤᠨ ᠳᠡᠭᠡᠷᠡᠬᠢ ᠬᠥᠬᠡᠪᠲᠦᠷ ᠦᠩᠬᠡ ᠲᠠᠢ ᠳᠡᠭᠡᠷ᠎ᠡ ᠬᠠᠭᠠᠰ ᠪᠡᠶ᠎ᠡ  ᠶᠢᠨ ᠵᠢᠷᠤᠬ ᠪᠠᠶᠢᠯ᠎ᠠ  ᠃ ᠲᠤᠯᠤᠭᠠᠢ  ᠳᠠᠭᠠᠨ ᠴᠠᠭᠠᠨ ᠭᠠᠳᠠᠷ  ᠂ ᠬᠠᠷ᠎ᠠ ᠳᠤᠳᠤᠷ᠎ᠠ ᠲᠠᠢ ᠠᠷᠠᠰᠤᠨ ᠮᠠᠯᠠᠭᠠᠢ ( ᠪᠠᠷᠤᠬ ᠪᠤᠯᠠᠭᠠᠨ ᠠᠷᠠᠰᠤ ᠮᠠᠭᠠᠳ ) ᠵᠡᠬᠦᠵᠦ  ᠂ ᠪᠡᠶ᠎ᠡ  ᠳᠡᠭᠡᠨ ᠬᠦᠶᠦᠬᠡᠨ ᠰᠢᠷᠠᠪᠲᠤᠷ ᠨᠤᠯᠤᠤᠷ ᠤᠨ ᠴᠠᠮᠴᠠ ᠬᠡᠲᠦᠷᠴᠦ  ᠂ ᠬᠥᠷᠡᠩ ᠤᠯᠠᠭᠠᠨ ᠴᠢᠷᠠᠢ ᠲᠠᠢ  ᠂ ᠪᠢᠳᠡᠬᠦᠦ ᠰᠠᠬᠠᠯ  ᠲᠠᠢ  ᠂ ᠮᠠᠩᠨᠠᠢ ᠶᠢᠨ ᠦᠰᠦ ᠨᠢ ᠤᠷᠤᠬᠰᠢ ᠪᠠᠨ ᠪᠠᠭ᠋ᠠᠨ ᠴᠤᠬᠤᠶᠢᠵᠤ ᠰᠠᠯᠭᠠᠯᠠᠭᠠᠳ  ᠂ ᠦᠰᠦ ᠨᠢ ᠳᠤᠷᠤᠬᠰᠢ ᠤᠨᠵᠠᠶᠢᠵᠤ  ᠂ ᠶᠠᠬ ᠤᠳᠤᠬᠢ ᠤᠶᠢᠭᠤᠷ ᠬᠡᠦᠬᠡᠨ  ᠤ ᠰᠠᠯᠠᠭᠠᠯᠠᠨ ᠬᠦᠷᠦᠭᠰᠡᠨ ᠬᠡᠵᠢᠭᠡ ᠰᠢᠭ ᠪᠠᠶᠢᠪᠠ  ᠃ ᠬᠥᠷᠦᠭ  ᠤᠨ ᠵᠡᠬᠦᠨ ᠳᠡᠭᠡᠲᠦ ᠦᠨᠴᠦᠭ ᠲᠤᠨᠢ 《 ᠲᠠᠶᠢᠽᠤ ᠬᠠᠭᠠᠨ ᠳᠠᠷᠤᠢ ᠴᠢᠩᠬᠢᠰ ᠬᠠᠭᠠᠨ ᠳᠠᠮᠦᠵᠢᠨ ᠬᠡᠮᠡᠮᠦᠢ 》 ᠬᠡᠵᠦ ᠪᠢᠴᠢᠭᠰᠡᠨ ᠪᠠᠶᠢᠯ᠎ᠠ  ᠃    ᠴᠧᠨ ᠶᠢ ᠪᠤᠯ 1870 ᠤᠨ ᠤ ᠲᠥᠷᠦᠭᠰᠡᠨ ᠬᠤᠨᠠᠨ ᠤ ᠠᠨ ᠯᠦ  ᠶᠢᠨ ᠬᠦᠮᠦᠨ  ᠃ ᠤᠷᠢᠳ ᠬᠤᠵᠢᠳ ᠪᠡᠬᠡᠵᠢᠩ ᠤᠨ ᠵᠠᠰᠠᠬ ᠤᠨ ᠤᠷᠳᠤᠨ ᠤ ᠵᠥᠪᠯᠡᠭᠴᠢ ᠶᠢᠨ ᠬᠡᠯᠳᠡᠰ ᠤᠨ ᠳᠡᠳ᠋ ᠳᠠᠷᠤᠭ᠎ᠠ  ᠂ ᠬᠤᠨᠠᠨ ᠮᠤᠵᠢ  ᠶᠢᠨ ᠴᠡᠷᠢᠭ  ᠤᠨ ᠨᠤᠶᠠᠨ ᠪᠥᠭᠡᠳ ᠮᠤᠵᠢ  ᠶᠢᠨ ᠵᠠᠬᠢᠷᠭᠠᠨ ᠤ ᠳᠠᠷᠤᠭ᠎ᠠ  ᠂ ᠮᠢᠩ ᠸᠧᠢ ᠵᠠᠩᠵᠤᠨ ᠪᠥᠭᠡᠳ ᠴᠡᠷᠢᠭ  ᠤᠨ ᠶᠠᠪᠤᠳᠠᠯ  ᠤᠨ ᠦᠷᠡᠭᠳᠡᠭᠰᠡᠳ  ᠤᠨ ᠶᠠᠪᠤᠳᠠᠯ  ᠢ ᠰᠻᠢᠳᠪᠥᠷᠢᠯᠡᠬᠦ ᠵᠥᠪᠯᠡᠯ ᠤᠨ ᠬᠡᠰᠢᠬᠦᠨ ᠪᠠᠶᠢᠵᠠᠢ  ᠃ ᠴᠧᠨ ᠶᠢ ᠵᠥᠪᠯᠡᠭᠴᠢ  ᠶᠢᠨ ᠬᠡᠯᠳᠡᠰ  ᠤᠨ ᠳᠡᠳ᠋ ᠳᠠᠷᠤᠭ᠎ᠠ ᠪᠠᠶᠢᠬᠤ ᠳᠠᠭᠠᠨ  ᠂ ᠢᠷᠭᠡᠨ ᠤᠯᠤᠰ  ᠤᠨ ᠠᠩᠬᠠᠨ ᠤ ᠤᠨ ( ᠪᠠᠷᠤᠬ 1912 ᠤᠨ )  ᠳᠤ ᠮᠤᠩᠭᠤᠯ ᠭᠠᠵᠠᠷ  ᠢᠶᠠᠷ ᠪᠠᠶᠢᠴᠠᠭᠠᠨ ᠦᠵᠡᠬᠦ ᠦᠶᠡᠰ ᠨᠢᠭᠡᠨ ᠮᠤᠩᠭᠤᠯ ᠸᠠᠩ ᠡᠨᠡᠬᠦ ᠬᠥᠷᠦᠭ  ᠢ ᠳᠡᠬᠦᠨ  ᠳᠤ ᠪᠡᠯᠡᠭ ᠪᠤᠯᠭᠠᠨ ᠬᠦᠷᠭᠡᠭᠰᠡᠨ ᠪᠠᠶᠢᠵᠠᠢ  ᠃     ᠱᠢ ᠨᠠᠰᠤᠳᠠᠨ《 ᠡᠨᠡᠬᠦ ᠬᠥᠷᠦᠭ  ᠤᠨ ᠦᠨ᠎ᠡ ᠴᠠᠨ᠎ᠠ᠂ ᠤᠳᠬ᠎ᠠ ᠠᠭᠤᠯᠭ᠎ᠠ ᠲᠤᠶᠢᠯ  ᠤᠨ ᠴᠢᠬᠤᠯᠠ  ᠃ ᠡᠨᠡᠬᠦ ᠬᠥᠷᠦᠭ  ᠤᠨ ᠳᠤᠬᠠᠢ ᠥᠪᠦᠷ ᠮᠤᠩᠭᠤᠯ  ᠤᠨ ᠬᠦᠮᠦᠰ ᠲᠤ ᠨᠠᠷᠢᠨ ᠳᠤᠳᠤᠷᠬᠠᠢ ᠳᠤᠰᠢᠶᠠᠬᠤ ᠪᠠᠷ ᠪᠠᠷᠠᠬᠤ ᠦᠭᠡᠢ ᠪᠥᠬᠦ ᠰᠤᠳᠤᠯᠭᠠᠨ  ᠤ ᠬᠥᠷᠢᠶ᠎ᠡ ᠬᠡᠪᠴᠢᠶᠠᠨ  ᠳᠤ ᠴᠢᠩᠭ᠎ᠠ ᠨᠢᠮᠪᠠᠢ ᠬᠠᠷᠢᠭᠤᠴᠠᠬᠤ ᠬᠡᠷᠡᠭᠲᠡᠢ 》 ᠬᠡᠵᠦ ᠪᠠᠶᠢᠯ᠎ᠠ  ᠃ ᠳᠡᠭᠡᠷ᠎ᠡ ᠵᠠᠭᠤᠨ  ᠤ ᠵᠢᠷᠠᠭᠠᠳ ᠤᠨ  ᠤ ᠦᠶ᠎ᠡ ᠪᠠᠷ ᠰᠠᠶ᠋ᠢ ᠡᠨᠡᠬᠦ ᠬᠥᠷᠦᠭ  ᠤᠨ ᠦᠨ᠎ᠡ ᠴᠠᠨ᠎ᠠ  ᠶᠢ ᠵᠢᠩᠬᠢᠨᠢ ᠤᠯᠵᠤ ᠮᠡᠳᠡᠵᠠᠢ  ᠃ 1963 ᠤᠨ ᠤ ᠡᠬᠢ ᠪᠠᠷ ᠰᠤᠶᠤᠯ  ᠤᠨ ᠶᠠᠮᠤᠨ ᠠᠴᠠ ᠵᠠᠩ ᠾᠧᠩ᠂ ᠰᠢᠶᠧ  ᡁᠢ ᠯᠢᠦ  ᠂ ᠬᠠᠨ ᠱᠧᠨ ᠰᠢᠶᠠᠨ  ᠂ ᠴᠢ ᠬᠥᠩ᠂ ᠱᠢ ᠱᠦ ᠴᠢᠩ ᠵᠡᠷᠭᠡ ᠳᠤᠰᠬᠠᠢ ᠮᠡᠷᠭᠡᠵᠢᠯᠳᠠᠨ  ᠢ ᠵᠤᠬᠢᠶᠠᠨ ᠪᠠᠶᠢᠭᠤᠯᠵᠤ  ᠂ ᠡᠨᠡᠬᠦ ᠬᠥᠷᠦᠭ ᠲᠤ ᠬᠢᠨᠠᠨ ᠳᠤᠬᠳᠠᠭᠠᠯᠳᠠ ᠬᠢᠭᠰᠡᠨ ᠪᠠᠶᠢᠨ᠎ᠠ  ᠃ ᠡᠨᠡᠬᠦ ᠬᠥᠷᠦᠭ  ᠤᠨ ᠴᠠᠭᠠᠰᠤᠨ ᠤ ᠴᠢᠨᠠᠷ  ᠂ ᠦᠩᠬᠡ ᠪᠤᠳᠤᠬ  ᠂ ᠳᠥᠷᠢ ᠪᠠᠶᠢᠳᠠᠯ  ᠂ ᠪᠢᠴᠢᠭᠡᠰᠦ  ᠂ ᠬᠡᠪ ᠨᠠᠮᠪᠠ ᠵᠡᠷᠭᠡ ᠲᠠᠯ᠎ᠠ ᠪᠠᠷ ᠬᠢᠨᠠᠨ ᠳᠤᠬᠳᠠᠭᠠᠯᠳᠠ ᠬᠢᠬᠡᠳ ᠳᠤᠰᠬᠠᠢ ᠮᠡᠷᠭᠡᠵᠢᠯᠳᠠᠳ 《 ᠡᠨᠡ ᠪᠤᠯ ᠶᠤᠧᠠᠨ ᠤᠯᠤᠰ  ᠤᠨ ᠦᠶ᠎ᠡ  ᠳᠤ ᠪᠥᠲᠦᠭᠡᠭᠳᠡᠭᠰᠡᠨ ᠬᠠᠮᠤᠬ ᠡᠷᠳᠡᠨ  ᠤ ᠦᠨᠡᠨ ᠪᠥᠲᠦᠭᠡᠯ ᠮᠥᠨ 》 ᠬᠡᠵᠦ ᠰᠠᠨᠠᠯ ᠨᠢᠭᠡᠲᠠᠢ ᠪᠠᠲᠤᠯᠠᠪᠠ  ᠃ ᠡᠨᠡᠬᠦ ᠬᠥᠷᠦᠭ  ᠢ ᠴᠢᠩᠬᠢᠰ ᠬᠠᠭᠠᠨ  ᠤ ᠠᠮᠢᠳᠤ ᠪᠠᠶᠢᠭ᠎ᠠ ᠦᠶ᠎ᠡ  ᠳᠤ ᠪᠥᠲᠦᠭᠡᠯ᠎ᠡ ᠬᠡᠵᠦ ᠨᠤᠳᠠᠯᠠᠬᠤ  ᠶᠢᠨ ᠠᠷᠭ᠎ᠠ ᠦᠭᠡᠢ ᠪᠤᠯᠪᠠᠴᠤ ᠲᠠᠶᠢᠽᠤ  ᠬᠠᠭᠠᠨ ᠨᠠᠰᠤ ᠨᠥᠬᠦᠴᠡᠭᠰᠡᠨ  ᠤ ᠳᠠᠷᠠᠭᠠᠬᠠᠨ ᠵᠢᠷᠦᠵᠤ ᠪᠥᠲᠦᠭᠡᠭᠰᠡᠨ ᠥᠳᠡᠯᠦᠭᠡ ᠨᠠᠰᠤᠨ  ᠤ ᠬᠢᠨᠢ ᠬᠥᠷᠦᠭ ᠬᠡᠵᠦ ᠬᠡᠯᠡᠵᠦ ᠪᠤᠯᠤᠨ᠎ᠠ  ᠃ 《 ᠶᠤᠧᠠᠨ  ᠤ ᠳᠡᠦᠭᠡ  ᠳᠠᠬᠢᠯᠭ᠎ᠠ  ᠶᠢᠨ ᠳᠡᠮᠳᠡᠭᠯᠡᠯ 》 ᠢ ᠦᠨᠳᠦᠰᠦᠯᠡᠪᠡᠯ ᠶᠤᠧᠠᠨ ᠤᠯᠤᠰ  ᠤᠨ ᠦᠶ᠎ᠡ  ᠶᠢᠨ ᠮᠤᠩᠭᠤᠯ ᠦᠨᠳᠦᠰᠦᠲᠡᠨ  ᠤ ᠠᠯᠳᠠᠷᠲᠤ ᠵᠢᠷᠤᠬᠴᠢᠨ ᠬᠠᠷᠬᠤᠰᠤᠨ  ᠤ ᠪᠥᠲᠦᠭᠡᠯ ᠪᠤᠯᠤᠨ᠎ᠠ  ᠃ ᠡᠨᠡ ᠨᠢ ᠳᠡᠦᠭᠡ ᠰᠤᠳᠤᠷ  ᠤᠨ ᠳᠠᠮᠳᠡᠭᠯᠡᠯ ᠲᠠᠢ ᠶᠠᠬ ᠨᠡᠶᠢᠴᠡᠵᠦ ᠪᠠᠶᠢᠨ᠎ᠠ  ᠃ ᠡᠶᠢᠮᠦ ᠠᠴᠠ ᠡᠨᠡᠬᠦ ᠬᠥᠷᠦᠭ ᠪᠤᠯ ᠤᠯᠤᠰ  ᠤᠨ ᠨᠢᠭᠡᠲᠦᠭᠡᠷ ᠳᠡᠰ ᠤᠨ ᠳᠡᠦᠭᠡᠨ ᠳᠤᠷᠠᠰᠬᠠᠯᠲᠤ ᠵᠦᠢᠯᠡᠰ ᠪᠤᠯᠤᠨ᠎ᠠ  ᠃ ᠳᠠᠷᠤᠢ ᠤᠯᠤᠰ  ᠤᠨ ᠡᠷᠳᠡᠨᠢ ᠮᠥᠨ  ᠃     《 ᠡᠨᠡ ᠵᠢᠯ ᠤᠨ 6 ᠰᠠᠷ᠎ᠠ ᠶᠢᠨ 15  ᠳᠤ ᠭᠧᠷᠮᠠᠨ  ᠤ ᠪᠤᠨ ᠬᠤᠳᠠ  ᠳᠤ ᠳᠡᠯᠭᠡᠭᠳᠡᠭᠰᠡᠨ ᠲᠠᠶᠢᠪᠸᠢ  ᠶᠢᠨ ᠬᠠᠭᠠᠨ  ᠤ ᠤᠷᠳᠤᠨ  ᠳᠤ ᠬᠠᠳᠠᠭᠠᠯᠠᠬᠳᠠᠵᠤ ᠪᠠᠶᠢᠭ᠎ᠠ ᠴᠢᠩᠬᠢᠰ ᠬᠠᠭᠠᠨ ᠤ ᠬᠥᠷᠦᠭ ᠪᠤᠯ ᠮᠢᠩ ᠤᠯᠤᠰ ᠤᠨ ᠦᠶ᠎ᠡ ᠳᠤ ᠪᠥᠲᠦᠭᠡᠭᠳᠡᠭᠰᠡᠨ ᠬᠠᠭᠤᠯᠪᠤᠷᠢ ᠪᠥᠲᠦᠭᠡᠯ ᠪᠤᠯᠤᠨ᠎ᠠ  ᠃ ᠳᠡᠬᠦᠨ  ᠤ ᠦᠨᠳᠦᠷ ᠨᠢ 59·4ᠰᠠᠨᠲ᠋ᠢᠮᠧᠲᠷ᠂ ᠥᠷᠭᠡᠨ ᠨᠢ 47 ᠰᠠᠨᠲ᠋ᠢᠮᠧᠲᠷ᠃  ᠡᠨᠡᠬᠦ ᠬᠥᠷᠦᠭ ᠬᠡᠳᠦᠶᠢᠪᠡᠷ ᠬᠠᠭᠤᠯᠪᠤᠷᠢ ᠵᠢᠷᠤᠬ ᠪᠤᠯᠬᠤ ᠪᠤᠯᠪᠠᠴᠤ ᠳᠡᠷᠡ ᠨᠢ ᠶᠤᠧᠠᠨ ᠤᠯᠤᠰ  ᠤᠨ ᠦᠶ᠎ᠡ  ᠳᠤ ᠪᠥᠲᠦᠭᠡᠭᠳᠡᠭᠰᠡᠨ ᠳᠤᠮᠳᠠᠳᠤ ᠤᠯᠤᠰ  ᠤᠨ ᠳᠡᠦᠭᠡᠨ ᠮᠦᠽᠧᠢ  ᠳᠤ ᠬᠠᠳᠠᠭᠠᠯᠠᠬᠳᠠᠵᠤ ᠪᠠᠶᠢᠭ᠎ᠠ ᠴᠢᠩᠬᠢᠰ  ᠤᠨ ᠬᠥᠷᠦᠭ  ᠤᠨ ᠳᠠᠷᠠᠭ᠎ᠠ  ᠳᠤ ᠤᠷᠤᠬᠤ ᠦᠨ᠎ᠡ ᠴᠠᠨ᠎ᠠ ᠲᠠᠢ ᠪᠥᠲᠦᠭᠡᠯ ᠪᠤᠯᠤᠨ᠎ᠠ 》 ᠬᠡᠵᠦ ᠱᠢ ᠨᠠᠰᠤᠳᠠᠨ ᠨᠤᠳᠠᠯᠠᠪᠠ  ᠃ ᠱᠢ ᠱᠦ ᠴᠢᠩ ᠠᠪᠤᠭᠠᠢ ᠪᠤᠯ ᠲᠡᠦᠭᠡᠨ ᠳᠤᠷᠠᠰᠬᠠᠯᠲᠤ ᠵᠦᠢᠯᠡᠰ  ᠲᠤ ᠬᠢᠨᠡᠨ ᠳᠤᠬᠳᠠᠭᠠᠯᠳᠠ ᠬᠢᠬᠦ ᠲᠠᠯ᠎ᠠ ᠪᠠᠷ ᠨᠠᠷ᠎ᠠ ᠠᠯᠳᠠᠷᠰᠢᠬᠰᠨᠨ ᠶᠡᠭᠡ ᠡᠷᠳᠡᠮᠳᠡᠨ ᠶᠤᠮ᠃  ᠳᠤᠮᠳᠠᠳᠤ ᠤᠯᠤᠰ  ᠤᠨ ᠲᠡᠦᠭᠡ  ᠶᠢᠨ ᠮᠦᠽᠧᠢ ᠶᠢᠨ ᠮᠠᠰᠢ ᠤᠯᠠᠨ ᠳᠡᠦᠭᠡᠨ ᠳᠤᠷᠠᠰᠬᠠᠯᠲᠤ ᠵᠦᠢᠯᠡᠰ ᠳᠡᠬᠦᠨ  ᠤ ᠭᠠᠷ  ᠢᠶᠠᠷ ᠳᠠᠮᠵᠢᠨ ᠬᠢᠨᠠᠨ ᠳᠤᠬᠳᠠᠭᠠᠬᠳᠠᠬᠰᠠᠨ ᠪᠠᠶᠢᠨ᠎ᠠ  ᠃ ᠳᠡᠷᠡ 83 ᠨᠠᠰᠤᠯᠠᠲᠠᠯ᠎ᠠ ᠪᠠᠨ 100 ᠲᠥᠮᠡ ᠭᠠᠷᠤᠢ ᠳᠡᠦᠭᠡᠨ ᠳᠤᠷᠠᠰᠬᠠᠯᠲᠤ ᠵᠦᠢᠯᠡᠰ ᠲᠤ ᠬᠢᠨᠠᠨ ᠳᠤᠬᠳᠠᠭᠠᠯᠳᠠ ᠬᠢᠭᠰᠡᠨ ᠶᠤᠮ  ᠃     ᠳᠤᠰ ᠤᠳᠠᠭ᠎ᠠ ᠪᠡᠬᠡᠵᠢᠩ ᠳᠤ ᠬᠦᠷᠴᠦ ᠱᠢ ᠨᠠᠰᠤᠲᠠᠨ  ᠢ ᠰᠤᠷᠪᠤᠯᠵᠢᠯᠠᠭᠠᠳ ᠡᠨᠡ 2 ᠬᠥᠷᠦᠭ  ᠤᠨ ᠦᠨ᠎ᠡ ᠴᠠᠨ᠎ᠠ  · ᠦᠨᠡᠨ ᠬᠤᠳᠠᠯ  ᠢ ᠢᠯᠭᠠᠨ ᠳᠤᠳᠤᠯᠠᠭᠠᠳ ᠰᠡᠳᠬᠢᠯ ᠳᠥᠬᠦᠷᠡᠩ ᠪᠤᠴᠠᠬᠤ  ᠳᠠᠭᠠᠨ 《 ᠡᠨᠡ ᠵᠢᠯ  ᠤᠨ ᠡᠴᠦᠰ  ᠢᠶᠠᠷ ᠬᠦᠬᠡᠬᠤᠳᠠ  ᠳᠤ ᠠᠩᠬᠠᠳᠤᠭᠠᠷ ᠤᠳᠠᠭᠠᠨ  ᠤ  ︿ᠬᠤᠶᠠᠳᠠᠬᠢ ᠮᠢᠩᠭᠠᠨ ᠤ ᠨᠠᠷ᠎ᠠ ᠴᠤᠤᠲᠤ ᠬᠦᠮᠦᠨ —— ᠴᠢᠩᠬᠢᠰ ᠬᠠᠭᠠᠨ﹀  ᠬᠡᠰᠡᠨ ᠬᠡᠷᠡᠯ ᠵᠢᠷᠤᠬ ᠤᠨ ᠳᠡᠯᠭᠡᠨ ᠦᠵᠡᠬᠦᠯᠦᠯᠭᠡ ᠡᠷᠬᠢᠯᠡᠬᠦ ᠬᠡᠵᠦ ᠪᠠᠶᠢᠭ᠎ᠠ ᠳᠠᠰᠢᠷᠠᠮ ᠳᠤ ᠳᠤᠮᠳᠠᠳᠤ ᠤᠯᠤᠰ ᠤᠨ ᠳᠡᠦᠭᠡᠨ ᠮᠥᠽᠸᠢ ᠳᠤ ᠬᠠᠳᠠᠭᠠᠯᠠᠵᠤ ᠪᠠᠶᠢᠭ᠎ᠠ ᠳᠠᠰᠢᠷᠠᠮ ᠳᠤ ᠳᠤᠮᠳᠠᠳᠤ ᠤᠯᠤᠰ ᠤᠨ ᠳᠡᠦᠭᠡᠨ ᠮᠥᠽᠧᠢ  ᠳᠤ ᠬᠠᠳᠠᠭᠠᠯᠠᠵᠤ ᠪᠠᠶᠢᠭ᠎ᠠ ᠴᠢᠩᠬᠢᠰ ᠬᠠᠭᠠᠨ ᠤ ᠬᠥᠷᠦᠭ  ᠢ ᠡᠬᠡ ᠨᠤᠲᠤᠬ ᠲᠤᠨᠢ ᠵᠠᠯᠠᠨ ᠠᠪᠴᠢᠷᠠᠵᠤ ᠦᠵᠡᠰᠬᠦᠯᠡᠩ  ᠳᠤ ᠤᠷᠤᠯᠴᠠᠭᠤᠯᠵᠤ ᠪᠤᠯᠤᠨᠠᠤ ? 》 ᠬᠡᠵᠦ ᠱᠢ ᠨᠠᠰᠤᠲᠠᠨ   ᠠᠴᠠ ᠠᠰᠠᠭᠤᠬᠤ ᠳᠤ ᠱᠢ ᠨᠠᠰᠤᠲᠠᠨ ᠶᠠᠬᠡᠳᠡ ᠪᠠᠶᠠᠷᠯᠠᠵᠤ 《 ᠡᠨᠡ ᠪᠤᠯ ᠰᠠᠶᠢᠨ ᠶᠠᠪᠤᠳᠠᠯ  ᠂  ︿ᠴᠢᠩᠬᠢᠰ ᠬᠠᠭᠠᠨ ﹀ ᠨᠤᠲᠤᠬ ᠲᠠᠭᠠᠨ ᠮᠤᠷᠢᠯᠠᠨ ᠰᠠᠭᠠᠳᠠᠵᠤ ᠥᠪᠦᠷ ᠮᠤᠩᠭᠤᠯ ᠤᠨ ᠦᠢ ᠤᠯᠠᠨ ᠲᠠᠢ ᠪᠠᠨ ᠵᠤᠯᠭᠠᠬᠤ ᠪᠤᠯ ᠦᠵᠦᠬᠦᠷᠯᠡᠰᠢ ᠦᠭᠡᠢ ᠶᠡᠭᠡ ᠪᠠᠶᠠᠷ ᠮᠥᠨ  ᠂ ᠬᠡᠪᠡᠴᠦ ᠤᠯᠤᠰ  ᠤᠨ ᠡᠷᠳᠡᠨᠢ ᠳᠤᠯᠠ ᠠᠪᠴᠤ ᠭᠠᠷᠭᠠᠭᠠᠳ ᠨᠠᠰᠢ ᠴᠠᠰᠢ ᠠᠪᠴᠤ ᠶᠠᠪᠤᠬᠤ  ᠳᠤ  ᠲᠡᠶᠢᠮᠦ ᠬᠢᠯᠪᠡᠷ  ᠶᠠᠪᠤᠳᠠᠯ ᠪᠢᠰᠢ  ᠃ ᠡᠶᠢᠮᠦ ᠠᠴᠠ ᠨᠡᠷᠢᠨ ᠨᠢᠬᠳᠠ  ᠪᠠᠶᠢᠷᠢᠰᠢᠭᠤᠯᠬᠤ ᠬᠡᠷᠡᠭᠲᠡᠢ  》 ᠭᠡᠵᠦ ᠪᠠᠶᠢᠯ᠎ᠠ  ᠃     ᠪᠥᠬᠦ ᠥᠪᠦᠷ ᠮᠤᠩᠭᠤᠯᠴᠤᠳ ᠤᠯᠤᠰ ᠤᠨ ᠡᠷᠳᠡᠨᠢ 《 ᠴᠢᠩᠬᠢᠰ ᠬᠠᠭᠠᠨ 》 ᠲᠠᠢ ᠪᠠᠨ ᠠᠭᠤᠯᠵᠠᠬᠤ ᠴᠠᠬ ᠡᠷᠳᠡ ᠨᠢᠭᠡᠨ ᠡᠳᠦᠷ ᠬᠦᠷᠴᠦ ᠢᠷᠡᠭᠡᠰᠠᠢ !
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号