ᠴᠢᠰᠣ ᠪᠠᠨ ᠣᠷᠣᠰᠬᠠᠵᠦ ᠠᠮᠢ ᠪᠠᠨ ᠠᠯᠳᠠᠭᠰᠠᠨ ᠴᠦ ᠣᠳᠣᠮ ᠢᠶᠠᠨ ᠬᠤᠪᠢᠷᠠᠭᠠᠭᠰᠠᠨ ᠦᠭᠡᠢ ᠮᠣᠩᠭᠤᠯᠴᠣᠳ
ᠨᠡᠶᠢᠲᠡᠯᠡᠭᠰᠡᠨ ᠴᠠᠭ᠄
2016-07-19
   ᠡᠮᠦᠨ᠎ᠡ ᠣᠷᠣᠨ᠎ᠠ ᠶᠦᠨᠨᠠᠨ ᠮᠣᠵᠢ ᠭᠡᠵᠦ ᠣᠯᠣᠰ ᠤᠨ ᠭᠠᠳᠠᠨ᠎ᠠ ᠲᠣᠳᠣᠨ᠎ᠠ ᠲᠣᠯᠣᠭᠠᠨ ᠦᠡᠭᠭᠡ ᠪᠠᠷ ᠰᠣᠯᠣᠩᠭᠠᠷᠠᠭᠰᠠᠨ ᠲᠠᠩᠰᠤᠬ ᠨᠣᠳᠤᠬ ᠪᠣᠢ ᠭᠡᠵᠦ ᠬᠡᠳᠦᠢ ᠳᠤ ᠰᠣᠨᠣᠰᠣᠭᠰᠠᠨ ᠶᠣᠮ᠃ ᠵᠣᠯ ᠢᠶᠠᠷ ᠡᠨᠡ ᠵᠢᠯ ᠤᠨ 11ᠰᠠᠷ᠎ᠠ ᠶᠢᠨ 15 ᠤ ᠡᠳᠦᠷ᠂ ᠦᠪᠦᠷ ᠮᠣᠩᠭᠤᠯ ᠤᠨ ᠮᠣᠩᠭᠤᠯ ᠰᠣᠨᠢᠨ ᠰᠦᠯᠵᠢᠶ᠎ᠡ ᠬᠤᠯᠪᠣᠭ᠎ᠠ ᠶᠢᠨ ᠡᠮᠦᠨᠡᠰᠢ ᠪᠠᠭᠤᠬᠤ ᠶᠡᠭᠡ ᠰᠣᠷᠪᠣᠯᠵᠢᠯᠠᠭ᠎ᠠ ᠶᠢᠨ ᠡᠩᠨᠡᠭᠡᠨ ᠳᠤ ᠨᠡᠷ᠎ᠡ ᠲᠣᠳᠣᠷᠠᠵᠦ12 ᠰᠣᠨᠢᠨ ᠰᠦᠯᠵᠢᠶ᠎ᠡ ᠶᠢᠨ ᠬᠠᠷᠢᠭᠤᠴᠠᠯᠭᠠᠳᠠᠨ ᠵᠢᠴᠢ ᠡᠷᠳᠡᠮᠳᠡᠨ ᠪᠠᠭᠰᠢ ᠨᠠᠷ ᠲᠠᠢ ᠴᠣᠭᠭᠠᠷ ᠡᠭᠦᠯᠡᠨ ᠭᠡᠵᠢᠭᠡ ᠰᠢᠭᠦᠷᠡᠵᠦ ᠡᠮᠦᠨᠡᠰᠢ ᠪᠠᠭᠤᠬᠤ ᠵᠠᠪᠰᠢᠶᠠᠨ ᠣᠯᠵᠠᠢ᠃ ᠬᠤᠪᠢᠳᠠᠵᠦ ᠣᠯᠣᠭᠰᠠᠨ ᠡᠭᠦᠷᠭᠡ ᠪᠣᠯ ᠶᠦᠨᠨᠠᠨ ᠮᠣᠵᠢ ᠶᠢᠨ ᠢᠦᠢ ᠰᠢ ᠬᠤᠳᠠ ᠶᠢᠨ ᠲᠦᠡᠭ ᠬᠠᠢ ᠰᠢᠶᠠᠨ ᠤ ᠰᠢᠩ ᠮᠧᠡᠭ ᠮᠣᠩᠭᠤᠯ ᠰᠢᠶᠠᠩ ᠤᠨ ᠲᠡᠦᠬᠡᠨ ᠣᠯᠠ ᠮᠦᠷ ᠪᠠ ᠣᠳᠣᠬᠢ ᠪᠠᠶᠢᠳᠠᠯ ᠤᠨ ᠲᠣᠬᠠᠢ ᠰᠣᠷᠪᠣᠯᠵᠢᠯᠠᠭ᠎ᠠ ᠪᠣᠯᠣᠨ᠎ᠠ᠃ ᠴᠠᠬ ᠪᠠᠴᠢᠮ᠂ ᠵᠠᠮ ᠬᠤᠯᠠ᠂ ᠠᠴᠢᠶ᠎ᠠ ᠬᠦᠨᠳᠦ᠂ ᠡᠭᠦᠷᠭᠡ ᠬᠠᠳᠠᠭᠤ ᠰᠠᠨᠠᠭᠳᠠᠨ᠎ᠠ᠃     ᠲᠦᠮᠡᠨ ᠪᠠᠷᠳᠠᠭ᠎ᠠ ᠮᠢᠩᠭᠠᠨ ᠣᠷᠭᠢᠯ ᠢ ᠰᠢᠪᠳᠣᠯᠣᠭᠰᠠᠨ         ᠲᠡᠭᠷᠢᠯᠢᠭ ᠬᠦᠪᠡᠭᠦᠳ ᠤᠨ ᠮᠠᠨᠳᠣᠯ ᠪᠠᠭᠤᠷᠠᠯ ᠤᠨ ᠣᠯᠠ ᠮᠦᠷ    ᠮᠠᠨ ᠤ ᠨᠣᠳᠤᠬ ᠲᠤ ᠨᠠᠮᠣᠷ ᠤᠨ ᠰᠡᠭᠦᠯᠴᠢ ᠡᠪᠦᠯ ᠤᠨ ᠡᠬᠢ ᠪᠣᠯᠴᠢᠬᠠᠭᠰᠠᠨ ᠪᠠᠶᠢᠳᠠᠯ᠎ᠠ᠂ ᠰᠢᠩ ᠮᠧᠡᠭ ︵ᠮᠣᠩᠭᠤᠯ ᠢᠶᠠᠨ ᠮᠠᠨᠳᠣᠭᠤᠯᠬᠤ︶ ᠤᠨ ᠮᠣᠩᠭᠤᠯᠴᠣᠳ ᠣᠷᠢᠬᠠᠨ ᠬᠠᠪᠣᠷ ᠤᠨ ᠵᠦᠭᠡᠯᠡᠨ ᠨᠠᠷᠠ ᠪᠠᠷ ᠮᠠᠨᠣᠰ ᠢ ᠢᠨᠢᠶᠡᠳᠦ ᠲᠠᠢ᠂ ᠬᠠᠨᠢᠶᠠᠳᠣ ᠲᠠᠢ ᠨᠡᠩ ᠴᠦ ᠨᠢᠯᠪᠣᠰᠣ ᠲᠠᠢ ᠪᠠᠷ ᠣᠭᠳᠣᠨ ᠠᠪᠣᠯ᠎ᠠ᠃ ᠪᠣᠳᠣᠬᠤᠯᠠᠷ ᠢᠨᠢᠶᠡᠳᠦ ᠳᠤᠨᠢ ᠶᠠᠰᠣᠳᠠᠨ ᠴᠢᠰᠣᠳᠠᠨ ᠲᠠᠢ ᠪᠠᠨ ᠠᠭᠤᠯᠵᠠᠭᠰᠠᠨ ᠪᠠᠶᠠᠷ ᠪᠠᠶᠠᠰᠣᠯ ᠠᠭᠤᠰᠣᠨ᠂ ᠬᠠᠨᠢᠶᠠᠳᠦ ᠳᠤᠨᠢ ᠬᠠᠭᠠᠴᠠᠵᠦ ᠰᠠᠯᠣᠭᠰᠠᠨ 760 ᠢᠯᠡᠬᠦᠤ ᠵᠢᠯ ᠤᠨ ᠲᠡᠦᠬᠡ ᠢᠷᠠᠭᠳᠠᠨ᠎ᠠ᠃ ᠨᠢᠯᠪᠣᠰᠣᠨ ᠳᠤᠨᠢ ᠨᠣᠳᠤᠬ ᠢᠶᠠᠨ ᠰᠠᠬᠢᠭᠰᠠᠨ 5000 ᠢᠯᠡᠭᠦᠬᠡᠨ ᠮᠣᠩᠭᠤᠯᠴᠣᠳ ᠲᠡᠦᠬᠡ ᠪᠠᠨ ᠬᠦᠣᠷᠨᠢᠬᠦ‍ ᠰᠢᠭ ᠯᠡ ᠰᠠᠨᠠᠭᠳᠠᠵᠦ᠂ ᠪᠢ ᠴᠦ ︽ᠦᠬᠡᠷ ᠪᠦᠷᠢᠶ᠎ᠡ︾ ᠲᠠᠯᠪᠢᠭᠰᠠᠨ ᠦᠭᠡᠢ ᠴᠦ ᠡᠯᠢᠭᠡᠨ ᠤ ᠴᠢᠰᠣ ᠲᠡᠭᠡᠭᠰᠢ ᠲᠦᠯᠬᠢᠯᠡᠵᠦ᠂ ᠬᠠᠮᠠᠷ ᠤᠨ ᠦᠵᠦᠭᠦᠷ ᠢ ᠬᠠᠪᠴᠢᠭᠠᠳ ᠨᠢᠯᠪᠣᠰᠣ ᠪᠣᠯᠣᠨ ᠪᠦᠮᠪᠦᠷᠢᠯ᠎ᠡ᠃    69 ᠨᠠᠰᠣᠳᠠᠢ ᠠᠬᠠᠮᠠᠳ ᠺᠠᠳ᠋ᠷ᠂ ᠲᠡᠦᠬᠡᠴᠢᠨ᠂ ᠮᠣᠩᠭᠤᠯ ᠲᠡᠦᠬᠡ ᠰᠣᠳᠣᠯᠣᠯ ᠤᠨ ᠨᠡᠶᠢᠭᠡᠮᠯᠢᠭ ᠤᠨ ᠲᠡᠳ᠋ ᠲᠠᠷᠤᠭ᠎ᠠ ᠺᠦᠢ ᠯᠠᠢ ᠲᠣᠸᠠᠨ ᠠᠴᠠ᠄ ︽ᠰᠢᠩ ᠮᠧᠡᠭ ᠮᠣᠩᠭᠤᠯ ᠦᠨᠳᠦᠰᠦᠳᠡᠨ ᠤ ᠰᠢᠶᠠᠩ ᠪᠣᠯ ᠴᠢᠯᠠᠭᠤᠨᠨᠠᠭᠤᠷ ᠤᠨ ᠪᠠᠷᠠᠭᠤᠨ ᠬᠦᠪᠡᠭᠡᠨ ᠳᠠᠬᠢ ᠴᠢᠯᠠᠭᠤ ᠠᠭᠤᠯᠠ ᠶᠢᠨ ᠬᠤᠷᠮᠣᠢ ᠳᠤ ᠪᠠᠶᠢᠷᠢᠰᠢᠵᠦ᠂ ᠶᠣᠸᠠᠨ ᠣᠯᠣᠰ ᠤᠨ ᠦᠶ᠎ᠡ ᠠᠴᠠ ᠣᠳᠣ ᠳᠤ ᠲᠣᠯᠳᠠᠯ᠎ᠠ ᠣᠷᠣᠰᠢᠭᠰᠠᠭᠠᠷ ᠪᠠᠶᠢᠭ᠎ᠠ ᠮᠣᠩᠭᠤᠯ ᠰᠢᠶᠠᠩ ᠪᠣᠯᠣᠨ᠎ᠠ᠃ ᠪᠦᠬᠦ ᠰᠢᠶᠠᠩ ᠤᠨ ᠶᠡᠷᠦᠩᠬᠡᠢ ᠲᠠᠯᠠᠪᠠᠢ ᠨᠢ 4.77 ᠲᠡᠭᠰᠢ ᠲᠦᠷᠪᠡᠯᠵᠢᠨ ᠺᠢᠯᠣᠮᠧᠲ᠋ᠧᠷ ᠲᠤ ᠬᠦᠷᠴᠦ ᠵᠦᠡᠭ ᠽᠦᠨ᠂ ᠪᠧᠢ ᠭᠧ ᠵᠡᠷᠭᠡ ᠲᠠᠪᠣᠨ ᠵᠢᠵᠢᠭ ᠲᠣᠰᠬᠤᠨ ᠢ ᠬᠠᠮᠣᠷᠴᠦ᠂ ᠰᠢᠶᠠᠩ ᠤᠨ ᠵᠠᠰᠠᠬ ᠤᠨ ᠣᠷᠳᠣᠨ ᠨᠢ ᠪᠧᠢ ᠭᠧ ᠲᠣᠰᠬᠤᠨ ᠳᠤ ᠰᠠᠭᠤᠷᠢᠰᠢᠵᠦ ᠪᠠᠶᠢᠳᠠᠬ᠃ ᠪᠦᠬᠦ ᠰᠢᠶᠠᠩ ᠳᠤ 1800 ᠡᠷᠦᠬᠡ ᠪᠠᠶᠢᠵᠦ᠂ ᠶᠡᠷᠦᠩᠬᠡᠢ ᠬᠦᠮᠦᠨ ᠠᠮᠠ ᠶᠢᠨ ᠲᠤᠭ᠎ᠠ 5682 ᠬᠦᠮᠦᠨ ᠳᠤ ᠬᠦᠷᠴᠦ᠂ ᠡᠭᠦᠨ ᠳᠤ ᠮᠣᠩᠭᠤᠯ ᠦᠨᠳᠦᠰᠦᠳᠡᠨ ᠤ ᠬᠦᠮᠦᠨ ᠤ ᠲᠤᠭ᠎ᠠ 5352 ᠬᠦᠮᠦᠨ ᠪᠠᠶᠢᠵᠦ ᠪᠦᠬᠦ ᠬᠦᠮᠦᠨ ᠠᠮᠠ ᠶᠢᠨ 96.83% ᠶᠢ ᠡᠵᠡᠯᠡᠳᠡᠭ︾ ᠭᠡᠵᠦ ᠲᠠᠨᠢᠯᠴᠠᠭᠤᠯᠵᠦ ᠭᠠᠷᠪᠠ᠃    ᠰᠢᠩ ᠮᠧᠡᠭ ᠰᠢᠶᠠᠩ ᠪᠣᠯ ᠦᠨᠢ ᠣᠳᠠᠭᠠᠨ ᠲᠡᠦᠬᠡ ᠲᠠᠢ ᠭᠠᠵᠠᠷ ᠪᠣᠯᠣᠨ᠎ᠠ᠃1253 ᠣᠨ ᠳᠤ ᠬᠤᠪᠢᠯᠠᠢ ᠠᠴᠠ ᠠᠷᠪᠠᠨ ᠲᠦᠮᠡᠨ ᠶᠡᠭᠡ ᠴᠡᠷᠢᠭ ᠲᠠᠶᠢᠴᠢᠯᠠᠵᠦ᠂ ᠰᠦᠪᠡᠭᠡᠳᠡᠢ ᠶᠢᠨ ᠠᠬᠠᠮᠠᠳ ᠬᠦᠪᠡᠭᠦᠨ ᠣᠷᠢᠶᠠᠩᠬᠠᠳᠠᠢ ᠪᠠᠷ ᠴᠡᠷᠢᠭ ᠲᠠᠶᠢᠨ ᠢ ᠶᠡᠷᠦᠩᠬᠡᠢ ᠵᠠᠬᠢᠷᠠᠭᠤᠯᠵᠦ ᠳ᠋ᠠᠯᠢ ᠣᠯᠣᠰ ᠢ ᠲᠠᠶᠢᠯᠠᠬᠤ ᠪᠠᠷ ᠮᠣᠷᠳᠠᠪᠠ᠃ ᠲᠣᠬᠠᠢ ᠶᠢᠨ ᠦᠶᠡᠰ  ᠶᠦᠨᠨᠡᠨ ᠤ ᠪᠦᠬᠦ᠋ᠢᠯᠡ ᠭᠠᠵᠠᠷ ᠣᠷᠣᠨ ᠨᠢ ᠳ᠋ᠠᠯᠢ ᠣᠯᠣᠰ ᠤᠨ ᠬᠠᠷᠢᠶᠠᠨ ᠳᠤ ᠪᠠᠶᠢᠵᠠᠢ᠃ ᠶᠦᠨᠨᠠᠨ ᠪᠣᠯ ᠬᠢᠯᠢ ᠬᠢᠵᠠᠭᠠᠷ ᠣᠷᠣᠨ ᠳᠤ ᠪᠠᠶᠢᠷᠢᠰᠢᠵᠦ᠂ ᠣᠯᠠᠨ ᠦᠨᠳᠦᠰᠦᠳᠡᠨ ᠣᠷᠣᠰᠢᠨ ᠠᠮᠢᠳᠣᠷᠠᠳᠠᠬ ᠠᠴᠠ ᠲᠠᠶᠢᠨ ᠪᠠᠶᠢᠯᠳᠣᠭᠠᠨ ᠤ ᠴᠢᠬᠤᠯᠠ ᠣᠷᠣᠨ ᠪᠢᠯᠡ᠃ ᠳ᠋ᠠᠯᠢ ᠣᠯᠣᠰ ᠪᠣᠯ ᠲᠠᠩ ᠣᠯᠣᠰ ᠤᠨ ᠦᠶ᠎ᠡ ᠶᠢᠨ ᠨᠠᠨᠱᠣᠣ ᠣᠯᠣᠰ ᠮᠦᠨ᠃1253 ᠣᠨ ᠤ 8 ᠰᠠᠷ᠎ᠠ ᠳᠤ ᠶᠦᠨᠨᠠᠨ ᠢ ᠲᠠᠶᠢᠯᠠᠬᠤ ᠴᠡᠷᠢᠭ ᠯᠢᠨ ᠲᠣᠣ ᠠᠴᠠ ᠰᠠᠯᠵᠦ ᠲᠦᠪᠡᠳ ᠣᠷᠣᠨ ᠳᠤ ᠪᠠᠢ ᠯᠦᠡᠭ ᠵᠢᠶᠠᠩ ᠮᠦᠷᠡᠨ ᠤ ᠰᠠᠯᠪᠣᠷᠢ ᠣᠷᠣᠰᠬᠠᠯ ᠪᠣᠣ ᠽᠦᠸᠧ ᠾᠧ ᠭᠤᠣᠯ ᠤᠨ ᠬᠠᠪᠢ ᠳᠠᠬᠢ ︽ᠲᠠᠯ᠎ᠠ︾ ᠬᠡᠮᠡᠬᠦ ᠭᠠᠵᠠᠷ ᠴᠡᠷᠢᠭ ᠢᠶᠠᠨ ᠭᠤᠷᠪᠠᠨ ᠬᠡᠰᠡᠭ ᠬᠤᠪᠢᠶᠠᠵᠦ᠂ ᠪᠠᠷᠠᠭᠤᠨ ᠵᠠᠮ ᠤᠨ ᠴᠡᠷᠢᠭ ᠢ ᠣᠷᠢᠶᠠᠩᠬᠠᠳᠠᠢ ᠵᠠᠬᠢᠷᠴᠦ᠂ ᠲᠣᠮᠳᠠ ᠵᠠᠮ ᠤᠨ ᠴᠡᠷᠢᠭ ᠢ ᠬᠤᠪᠢᠯᠠᠢ ᠦᠪᠡᠷᠳᠡᠭᠡᠨ ᠵᠠᠬᠢᠷᠴᠦ᠂ ᠵᠡᠭᠦᠨ ᠵᠠᠮ ᠤᠨ ᠴᠡᠷᠢᠭ ᠢ ᠴᠣᠤᠬ᠎ᠠ ᠢᠬᠢᠷᠢ ᠵᠠᠬᠢᠷᠪᠠ᠃ ᠣᠷᠢᠶᠠᠩᠬᠠᠳᠠᠢ ᠶᠢᠨ ᠲᠠᠭᠠᠭᠤᠯᠣᠭᠰᠠᠨ ᠪᠠᠷᠠᠭᠤᠨ ᠵᠠᠮ ᠤᠨ ᠴᠡᠷᠢᠭ ᠳ᠋ᠠᠨᠳᠠᠩ ᠯᠢᠩ ᠲᠠᠪᠠᠭ᠎ᠠ ︵ᠡᠳᠦᠭᠡᠬᠢ ᠶᠦᠨᠨᠠᠨ ᠤ ᠵᠦᠡᠭᠳᠢᠶᠡᠨ ᠤ ᠬᠢᠯᠢ ᠳᠤ ᠪᠣᠢ︶ ᠪᠠᠷ ᠶᠦᠨᠨᠠᠨ ᠤ ᠬᠢᠵᠠᠭᠠᠷ ᠲᠤ ᠣᠷᠣᠵᠦ ᠴᠠᠭᠠᠵᠠᠩ ︵ᠡᠳᠦᠭᠡ ᠶᠢᠨ ᠶᠦᠨᠨᠠᠨ ᠤ ᠯᠢᠵᠢᠶᠠᠩ︶ ᠢ ᠡᠵᠡᠯᠡᠵᠦ ᠪᠣᠰᠣᠳ ᠬᠤᠶᠠᠷ ᠵᠠᠮ ᠤᠨ ᠴᠡᠷᠢᠭ ᠲᠠᠢ ᠬᠠᠮᠵᠢᠨ ᠳ᠋ᠠᠯᠢ ᠣᠯᠣᠰ ᠢ ᠴᠣᠬᠢᠪᠠ᠃ 1254 ᠣᠨ ᠳᠤ ᠣᠷᠢᠶᠠᠩᠬᠠᠳᠠᠢ ᠴᠡᠷᠢᠭ ᠠᠪᠴᠦ ᠵᠡᠭᠦᠨᠰᠢ ᠠᠶᠠᠯᠠᠨ᠂ ᠳ᠋ᠠᠯᠢ ᠣᠯᠣᠰ ᠤᠨ ᠲᠠᠭᠠᠯᠳᠠ ᠨᠡᠶᠢᠰᠯᠡᠯ ᠱᠠᠨᠴᠠᠨ ᠢ ᠲᠣᠪᠳᠣᠯᠪᠠ᠃1255 ᠣᠨ ᠳᠤ ᠣᠷᠢᠶᠠᠩᠬᠠᠳᠠᠢ ᠬᠦᠪᠡᠭᠦᠨ ᠠᠵᠣ ᠪᠠᠷ ᠴᠡᠷᠢᠭ ᠲᠠᠶᠢᠴᠢᠯᠠᠭᠤᠯᠣᠨ ᡂᠢ ᠲᠤ ᠭᠧ ︵ᠡᠳᠦᠭᠡᠬᠢ ᠭᠦᠢᠵᠧᠦ ᠶᠢᠨ ᠪᠠᠷᠠᠭᠤᠨ ᠬᠡᠰᠡᠭ︶᠂ ᠯᠣᠯᠣᠰ ︵ᠡᠳᠦᠭᠡᠬᠢ ᠰᠧᠴᠦᠧᠠᠨ ᠤ ᠯᠢᠶᠠᠩᠱᠠᠨ ᠣᠷᠣᠨ︶ ᠢ ᠲᠣᠪᠳᠣᠯᠠᠭᠤᠯᠪᠠ᠃ ᠣᠷᠢᠶᠠᠩᠬᠠᠳᠠᠢ ᠴᠡᠷᠢᠭ ᠠᠪᠴᠦ ᠢᠷᠡᠭᠰᠡᠨ ᠠᠴᠠ ᠢᠨᠠᠭᠰᠢᠬᠢ  ᠬᠤᠶᠠᠷ ᠵᠢᠯ ᠳᠤ᠂ ᠮᠣᠩᠭᠤᠯ ᠴᠡᠷᠢᠭ ᠳ᠋ᠠᠯᠢ ᠶᠢᠨ ᠡᠯ᠎ᠡ ᠠᠶᠢᠮᠠᠬ ᠤᠳ ᠢ ᠣᠷᠢᠳ ᠬᠤᠵᠢᠳ ᠴᠦᠮ ᠲᠠᠶᠢᠯᠠᠨ ᠲᠠᠭᠠᠭᠤᠯᠪᠠ᠃ 1256 ᠣᠨ ᠳᠤ ᠳ᠋ᠠᠯᠢ ᠣᠯᠣᠰ ᠤᠨ ᠳ᠋ᠣᠧᠠᠨ ᠰᠢᠩ ᡁᠢ ᠮᠦᠡᠭᠬᠡ ᠬᠠᠭᠠᠨ ᠳᠤ ᠳ᠋ᠠᠯᠢ ᠶᠢᠨ ᠭᠠᠵᠠᠷ ᠤᠨ ᠵᠢᠷᠤᠬ ᠢ ᠡᠷᠭᠦᠭᠰᠡᠨ ᠠᠴᠠ ‍ᠣᠷᠢᠶᠠᠩᠬᠠᠳᠠᠢ ᠳ᠋ᠠᠯᠢ ᠣᠯᠣᠰ ᠤᠨ ᠣᠣᠯ ᠤᠨ 37 ᠠᠶᠢᠮᠠᠬ ᠣᠭᠰᠠᠭ᠎ᠠ ᠶᠢ 19 ᠯᠦ ᠹᠦ᠋ ᠪᠣᠯᠭᠠᠨ ᠴᠣᠮᠬᠠᠳᠬᠠᠵᠦ᠂ ᠲᠦᠮᠡᠳᠦ ᠶᠢᠨ ᠲᠣᠣᠷ᠎ᠠ ᠪᠠᠰᠠ ᠮᠢᠩᠭᠠᠳᠦ ᠵᠠᠭᠤᠳᠦ ᠶᠢ ᠪᠠᠶᠢᠭᠤᠯᠵᠦ᠂ ᠮᠣᠩᠭᠤᠯ ᠤᠨ ᠢᠵᠠᠭᠤᠷᠳᠠᠨ ᠤ ᠶᠦᠨᠨᠠᠨ ᠳᠠᠬᠢ ᠨᠣᠶᠠᠷᠬᠠᠯ ᠢᠶᠠᠨ ᠲᠣᠭᠳᠠᠭᠠᠵᠦ᠂ ᠬᠤᠵᠢᠮ ᠤᠨ ᠶᠦᠨᠨᠠᠨ ᠵᠠᠬᠢᠷᠭᠠᠨ ᠮᠣᠵᠢ ᠪᠠᠶᠢᠭᠤᠯᠬᠤ ᠳᠤ ᠰᠠᠭᠤᠷᠢ ᠲᠠᠯᠪᠢᠵᠦ ᠦᠭᠪᠡ᠃ ᠳ᠋ᠠᠯᠢ ᠣᠯᠣᠰ ᠮᠦᠬᠦᠵᠦ ᠲᠦᠡᠭ ᠬᠠᠢ᠂ ᠰᠢᠵᠢᠶᠠᠩ᠂ ᠵᠢᠶᠠᠨ ᠱᠦᠢ ᠵᠡᠷᠭᠡ ᠶᠢᠨ ᠭᠠᠵᠠᠷ ᠣᠷᠣᠨ ᠨᠢ ᠪᠦᠬᠦᠨ ᠢᠶᠠᠷ ᠢᠶᠠᠨ ᠮᠣᠩᠭᠤᠯᠴᠣᠳ ᠤᠨ ᠡᠷᠬᠡᠰᠢᠶᠡᠯ ᠳᠤ ᠣᠷᠣᠪᠠ᠃    ᠮᠣᠩᠭᠤᠯᠴᠣᠳ ᠲᠣᠰ ᠭᠠᠵᠠᠷ ᠣᠷᠣᠨ ᠢ ᠡᠷᠬᠡᠰᠢᠶᠡᠭᠰᠡᠨ ᠤ ᠲᠠᠷᠠᠭ᠎ᠠ ᠮᠦᠨ ᠯᠡ ᠴᠢᠬᠤᠯᠠᠴᠢᠯᠠᠨ ᠦᠵᠡᠵᠦ᠂ ᠶᠣᠸᠠᠨ ᠣᠯᠣᠰ ᠤᠨ ᠲᠠᠶᠢᠨ ᠪᠠᠶᠢᠯᠳᠣᠭᠠᠨ ᠤ ᠴᠢᠬᠤᠯᠠ ᠭᠠᠵᠠᠷ ᠣᠷᠣᠨ ᠪᠣᠯᠭᠠᠵᠠᠢ᠃ ᠮᠣᠩᠭᠤᠯ ᠴᠡᠷᠢᠭ ᠵᠢᠢ ᠯᠦ ᠪᠠ ᠳᠤ ᠣᠷᠣᠭᠰᠠᠨ ᠤ ᠲᠠᠷᠠᠭ᠎ᠠ᠂ ᠴᠢᠦᠢ ᠲᠦᠸᠧ ᠭᠤᠸᠠᠨ᠂ ᠮᠦ ᠴᠧᠡᠭ ᠱᠠᠨ᠂ ᠯᠢᠦ ᠯᠢ ᠱᠠᠨ᠂ ᠴᠢᠯᠠᠭᠤ ᠠᠭᠤᠯᠠ ᠂ ᠵᠩᠡ ᠴᠠᠶᠢᠵᠠ᠂ ᠵᠡᠭᠦᠨ ᠪᠠᠷᠠᠭᠤᠨ ᠬᠠᠭᠤᠴᠢᠨ ᠬᠤᠳᠠ᠂ ᠲᠠᠲ᠋ᠠᠷ ᠬᠦᠷᠢᠶ᠎ᠡ᠂ ᠶᠣᠸᠠᠨ ᠱᠠᠨ ᠪᠣᠣ ᠵᠡᠷᠭᠡ ᠶᠢᠨ ᠭᠠᠵᠠᠷ ᠣᠷᠣᠨ ᠢ ᠸᠠᠨᠶ᠋ᠢᠨᠪᠣᠬ᠎ᠠ᠂ ᠸᠠᠨᠵᠡᠪᠣᠬ᠎ᠠ ᠵᠡᠷᠭᠡ ᠶᠢᠨ ᠬᠤᠶᠠᠷ ᠵᠠᠩᠵᠣᠨ 300 ᠮᠣᠩᠭᠤᠯ ᠴᠡᠷᠢᠭ ᠲᠠᠶᠢᠴᠢᠯᠠᠨ ᠰᠠᠬᠢᠨ ᠬᠠᠮᠠᠭᠠᠯᠠᠪᠠ᠃ ᡁᠢ ᠶᠣᠸᠠᠨ ᠤ ᠬᠤᠷᠢᠨ ᠣᠨ ︵1283 ᠣᠨ︶ ᠳᠤ ᠴᠢᠦᠢ ᠳ᠋ᠦᠸᠧ ᠭᠤᠸᠠᠨ ᠪᠣᠭᠤᠮᠳᠠ ᠳᠤ ᠶᠣᠧᠠᠨᠱᠦᠧᠠᠢ ᠶᠢᠨ ᠵᠠᠬᠢᠷᠭᠠᠨ ᠤ ᠣᠷᠳᠣᠨ ᠢ ᠪᠠᠶᠢᠭᠤᠯᠵᠦ᠂ ᠠᠯᠣᠬᠠᠳᠡᠮᠦᠷ ᠱᠠᠨᠰᠢ ᠶᠢᠨ ᠱᠢ ᠠᠨ ᠠᠴᠠ ᠠᠷᠪᠠᠨ ᠲᠠᠪᠣᠨ ᠠᠩᠬᠢ ᠴᠡᠷᠢᠭ ᠲᠠᠭᠠᠭᠤᠯᠣᠨ ᠢᠷᠡᠵᠦ ᠴᠢᠦᠢ ᠲᠦᠸᠧ ᠭᠤᠸᠠᠨ ᠪᠣᠭᠤᠮᠳᠠ ᠶᠢ ᠰᠠᠬᠢᠵᠦ ᠶᠣᠧᠠᠠᠱᠦᠧᠠᠢ ᠶᠢᠨ ᠲᠣᠰᠢᠶᠠᠯ ᠢ ᠬᠠᠷᠢᠭᠤᠴᠠᠪᠠ᠃ ᠶᠠᠭᠤᠨ ᠳᠤ ᠡᠨᠡ ᠪᠣᠭᠤᠮᠳᠠ ᠳᠤ ᠣᠷᠳᠣᠨ ᠪᠠᠶᠢᠭᠤᠯᠣᠭᠰᠠᠨ ᠲᠣᠬᠠᠢ ᠺᠦᠢ ᠯᠠᠢ ᠲᠣᠧᠠᠨ ᠠᠴᠠ᠄ ︽ᠲᠣᠬᠠᠢ ᠶᠢᠨ ᠦᠶ᠎ᠡ ᠳᠤ ᠬᠤᠪᠢᠯᠠᠢ ᠬᠠᠭᠠᠨ ᠤ 10 ᠲᠦᠮᠡᠨ ᠴᠡᠷᠢᠭ ᠴᠢᠦᠢ ᠳ᠋ᠦᠸᠧ ᠭᠤᠸᠠᠨ ᠳᠤ ᠢᠷᠡᠭᠡᠳ ᠴᠡᠷᠢᠭ ᠮᠣᠷᠢ ᠶᠠᠳᠠᠷᠠᠵᠦ ᠵᠦᠳᠡᠷᠡᠬᠦ ᠶᠢᠨ ᠲᠦᠢᠯ ᠳᠤ ᠲᠣᠯᠵᠦ ᠣᠰᠣ ᠲᠣᠳᠠᠭᠠᠳ ᠠᠮᠢ ᠪᠣᠯᠢᠶᠠᠯᠳᠣᠬᠤ ᠬᠡᠮᠵᠢᠶᠡᠨ ᠳᠤ ᠬᠦᠷᠴᠦ ᠭᠡᠨ᠎ᠡ᠃ ᠲᠡᠭᠡᠬᠦ ᠪᠠᠷ ᠬᠤᠪᠢᠯᠠᠢ ᠬᠠᠭᠠᠨ ᠤ ᠣᠨᠣᠭᠰᠠᠨ ᠬᠤᠪᠢᠯᠭᠠᠨ ᠬᠦᠯᠦᠭ ᠨᠢ  ᠭᠡᠨᠡᠳᠳᠡ ᠲᠡᠭᠡᠭᠰᠢ ᠦᠰᠦᠷᠬᠢᠯᠡᠨ ᠴᠦᠢᠯᠠᠵᠦ ᠴᠢᠦᠢ ᠳ᠋ᠦᠸᠧ ᠭᠤᠸᠠᠨ ᠪᠣᠭᠤᠮᠳᠠ ᠶᠢᠨ ᠡᠮᠦᠨ᠎ᠡ ᠬᠠᠷᠢ ᠳᠤ ᠰᠣᠮᠣᠳᠠᠨ ᠣᠴᠢᠭᠠᠳ ᠴᠠᠪᠴᠢᠯᠠᠨ ᠴᠠᠪᠴᠢᠯᠠᠨ ᠦᠦᠷᠰᠡᠵᠦ᠂ ᠦᠦᠷᠰᠡᠨ ᠦᠦᠷᠰᠡᠨ ᠴᠠᠪᠴᠢᠯᠠᠭᠰᠠᠭᠠᠷ ᠨᠢᠭᠡᠨ ᠪᠣᠯᠠᠬ ᠢ ᠣᠷᠭᠢᠯᠣᠭᠤᠯᠣᠨ ᠭᠠᠷᠭᠠᠵᠦ᠂ ᠴᠡᠷᠢᠭ ᠮᠣᠷᠢᠳ ᠤᠨ ᠠᠮᠢ ᠶᠢ ᠨᠢ ᠠᠪᠣᠷᠠᠭᠰᠠᠨ ᠭᠡᠳᠡᠭ᠃ ᠣᠳᠣ ᠴᠦ ᠲᠣᠰ ᠪᠣᠯᠠᠬ ᠢ ︿ᠮᠣᠷᠢ ᠴᠡᠪᠴᠢᠯᠡᠬᠰᠡᠨ ᠪᠣᠯᠠᠬ﹀ ᠭᠡᠵᠦ ᠨᠡᠷᠡᠯᠡᠭᠡᠳ ᠣᠡᠭᠭᠤᠯᠠᠨ ᠲᠠᠬᠢᠵᠦ ᠪᠠᠶᠢᠨ᠎ᠠ︾ ᠭᠡᠪᠡ᠃ ᠺᠦᠢ ᠯᠠᠢ ᠲᠣᠸᠠᠨ ᠠᠴᠠ᠄ ︽ᠶᠠᠬ ᠡᠨᠡ ᠦᠶᠡᠰ ᠢᠶᠠᠷ ᠣᠳᠣ ᠶᠢᠨ ᠴᠢᠯᠠᠭᠤᠨᠨᠠᠭᠤᠷ ᠨᠢ ᠲᠣᠬᠠᠢ ᠶᠢᠨ ᠦᠶ᠎ᠡ ᠶᠢᠨ ︿ᠬᠠᠢ ᠾᠧ ᠲᠠᠯᠠᠢ﹀ ᠪᠠᠶᠢᠭᠰᠠᠨ ᠭᠡᠨ᠎ᠡ᠃ ᠬᠠᠢ ᠾᠧ ᠲᠠᠯᠠᠢ ᠭᠡᠨᠡᠳᠳᠡ ᠪᠠᠷ ᠣᠰᠣᠨ ᠲᠦᠪᠰᠢᠨ ᠨᠢ ᠲᠣᠷᠣᠭᠰᠢᠯᠠᠵᠦ᠂ ᠣᠮᠠᠷ᠎ᠠ ᠲᠠᠯ᠎ᠠ ᠪᠠᠷ ᠨᠢ ᠴᠢᠯᠠᠭᠤᠨ ᠠᠭᠤᠯᠠ ᠦᠷᠭᠦᠯᠵᠢᠯᠡᠨ ᠡᠮᠦᠨ᠎ᠡ ᠲᠠᠯ᠎ᠠ ᠪᠠᠷ ᠨᠢ ᠡᠪᠡᠰᠦ ᠬᠤᠯᠣᠰᠣ ᠦᠷᠭᠦᠯᠵᠢᠯᠡᠭᠰᠡᠨ ᠶᠡᠭᠡ ᠨᠠᠭᠤᠷ ᠪᠣᠯᠣᠨ ᠬᠤᠪᠢᠷᠠᠵᠠᠢ᠃ ᠴᠢᠯᠠᠭᠤᠨ ᠠᠭᠤᠯᠠ ᠪᠣᠢ ᠪᠣᠯᠣᠭᠰᠠᠨ ᠠᠴᠠ ᠮᠣᠩᠭᠤᠯᠴᠣᠳ ᠡᠨᠡ ᠠᠭᠤᠯᠠ ᠶᠢ ᠴᠢᠯᠠᠭᠤᠨ ᠠᠭᠤᠯᠠ ᠭᠡᠵᠦ ᠡᠨᠡ ᠨᠠᠭᠤᠷ ᠢ ᠴᠢᠯᠠᠭᠤᠨᠨᠠᠭᠤᠷ ᠭᠡᠳᠡᠭ︾ ᠭᠡᠪᠡ᠃ ᠢᠡᠭᠭᠢᠬᠦ ᠪᠠᠷ ᠢᠶᠠᠨ ᠡ᠊ᠨᠳᠡᠬᠢ ᠮᠣᠩᠭᠤᠯᠴᠣᠳ ᠦᠪᠡᠷ ᠢ ᠪᠠᠨ ᠪᠠᠰᠠ ︽ᠴᠢᠯᠠᠭᠤᠨᠨᠠᠭᠤᠷ ᠤᠨ ᠮᠣᠩᠭᠤᠯᠴᠣᠳ︾ ᠭᠡᠵᠦ ᠶᠠᠷᠢᠳᠠᠬ᠃ 1381 ᠣᠨ ᠪᠣᠯᠵᠦ᠂ ᠵᠦ ᠶᠣᠸᠠᠨ ᠵᠠᠩ 30 ᠲᠦᠮᠡᠨ ᠶᠡᠭᠡ ᠴᠡᠷᠢᠭ ᠲᠠᠶᠢᠴᠢᠯᠠᠨ ᠬᠤᠪᠢᠯᠠᠢ ᠬᠠᠭᠠᠨ ᠤ ᠪᠠᠶᠢᠭᠤᠯᠣᠭᠰᠠᠨ ᠮᠣᠩᠭᠤᠯ ᠲᠦᠷᠦ ᠶᠢ ᠨᠢᠭᠡᠳᠭᠡᠬᠦ ᠪᠠᠷ ᠨᠦᠷᠢᠨ ᠲᠠᠭᠠᠷᠢᠯ᠎ᠠ᠃ ᠵᠢᠱᠢᠶᠡᠯᠡᠪᠡᠯ᠂ ᠺᠦᠨᠮᠢᠩ ᠤᠨ ᠬᠠᠪᠢ ᠶᠢᠨ ᡂᠢ ᠵᠢᠩ ᠣᠷᠣᠨ ᠢᠶᠠᠷ ᠵᠠᠷᠯᠠᠭᠰᠠᠨ ︽ᠪᠠᠢ ᠱᠢ ᠵᠢᠶᠠᠩ ᠤᠨ ᠲᠠᠶᠢᠯᠠᠯᠳᠣᠭᠠᠨ︾ ᠳᠤ ᠨᠢᠭᠡᠯᠡ ᠣᠳᠠᠭ᠎ᠠ ᠳᠤ ᠮᠣᠩᠭᠤᠯ ᠴᠡᠷᠢᠭ ᠭᠤᠷᠪᠠᠨ ᠲᠦᠮᠡ ᠪᠠᠷ ᠰᠦᠢᠳᠴᠦ᠂ ᠲᠡᠭᠦᠨ ᠠᠴᠠ ᠲᠠᠷᠠᠭ᠎ᠠ ᠵᠦ ᠶᠣᠸᠠᠨ ᠵᠠᠩ ᠠᠴᠠ ᠮᠣᠩᠭᠤᠯ ᠬᠦᠮᠦᠨ ᠢ ᠲᠠᠭᠠᠷᠠᠪᠠᠯ ᠠᠯᠠᠵᠦ᠂ ᠣᠯᠪᠠᠯ ᠬᠢᠳᠣᠵᠦ᠂ ᠮᠣᠩᠭᠤᠯᠴᠣᠳ ᠤᠨ ᠬᠤᠪᠢ ᠵᠠᠶᠠᠭ᠎ᠠ ᠣᠷᠤᠭ᠎ᠠ ᠪᠣᠰᠬᠠᠭ᠎ᠠ ᠴᠠᠬ ᠦᠶ᠎ᠡ ᠳᠤ ᠣᠷᠣᠪᠠ᠃      ᠶᠦᠨᠨᠠᠨ ᠣᠷᠣᠨ ᠢ ᠰᠠᠬᠢᠭᠰᠠᠨ ᠬᠠᠮᠤᠬ ᠰᠡᠭᠦᠯ ᠤᠨ ᠯᠢᠶᠠᠩ ᠸᠠᠩ ︵ᠪᠠᠵᠠᠯᠠ︶ ᠡᠴᠦᠰ ᠲᠡᠭᠡᠨ ᠠᠷᠭ᠎ᠠ ᠮᠣᠬᠤᠷᠳᠠᠵᠦ ᠦᠯᠡᠳᠡᠭᠰᠡᠨ 200 ᠢᠯᠡᠬᠦᠦ ᠴᠡᠷᠢᠭ ᠢᠶᠠᠨ ᠲᠠᠭᠠᠭᠤᠯᠣᠨ ᠳ᠋ᠢᠶᠠᠨ ᡂᠢ ᠬᠡᠮᠡᠬᠦ ᠨᠠᠮᠣᠬᠳᠦ ᠭᠠᠵᠠᠷ ᠮᠣᠷᠢ ᠴᠡᠷᠢᠭ ᠲᠠᠢ ᠪᠠᠨ ᠦᠰᠦᠷᠬᠢᠯᠡᠨ ᠠᠮᠢ ᠪᠠᠨ ᠶᠡᠭᠦᠳᠭᠡᠭᠰᠡᠨ ᠭᠡᠳᠡᠭ᠃ ᠺᠦᠢ ᠯᠠᠢ ᠲᠣᠸᠠᠨ ᠠᠴᠠ᠄  ︽ᠲᠣᠬᠠᠢ ᠶᠢᠨ ᠦᠶᠡᠰ ᠮᠠᠨ ᠤ ᠲᠡᠭᠡᠳᠦᠰ ᠪᠠᠢ ᠦᠨᠳᠦᠰᠦᠳᠡᠨ ᠤ ᠬᠡᠯᠡ᠂ ᠢ ᠦᠨᠳᠦᠰᠦᠳᠡᠨ ᠤ ᠬᠡᠯᠡ᠂ ᠬᠢᠳᠠᠳ ᠬᠡᠯᠡ ᠪᠠ ᠮᠣᠩᠭᠤᠯ ᠬᠡᠯᠡ ᠵᠡᠷᠭᠡ ᠶᠢᠨ ᠲᠦᠷᠪᠡᠨ ᠬᠡᠯᠡ ᠶᠢ ᠨᠡᠶᠢᠯᠡᠭᠦᠯᠦᠨ ᠬᠡᠨ ᠴᠦ ᠲᠦᠭᠦᠬᠡᠷᠡᠬᠦ ᠦᠭᠡᠢ ᠣᠳᠣ ᠶᠢᠨ ︿ᠺᠠᠵᠦ᠋ᠸᠧ﹀ ᠬᠡᠯᠡ ᠶᠢ ᠵᠣᠬᠢᠶᠠᠵᠦ ᠠᠮᠢ ᠵᠢᠭᠤᠵᠦ ᠣᠳᠣᠮ ᠢᠶᠠᠨ ᠵᠠᠯᠭᠠᠬᠤ ᠠᠷᠭ᠎ᠠ ᠣᠯᠣᠭᠰᠠᠨ ᠶᠣᠮ᠃ ᠡᠰᠡ ᠲᠡᠶᠢᠮᠦ  ᠪᠣᠯ ᠶᠣᠰᠣᠳᠠᠢ ᠤᠬ ᠳᠠᠰᠤᠷᠠᠵᠤ ᠣᠳᠣᠮ ᠬᠠᠷᠠᠯᠠᠵᠦ ᠬᠠᠶᠢᠯᠵᠦ ᠲᠠᠭᠤᠰᠣᠭᠰᠠᠨ ᠨᠢ ᠲᠡᠷᠡ ᠡ︕︾ ᠭᠡᠵᠦ ᠨᠢᠯᠪᠣᠰᠣ ᠪᠦᠮᠪᠦᠷᠢᠭᠦᠯᠵᠦ ᠡᠭᠰᠢᠵᠦ ᠪᠦᠭᠰᠢᠵᠦ ᠶᠠᠷᠢᠨ᠎ᠠ᠃ ᠦᠨᠦ ᠶᠢᠨ ᠰᠢᠩ ᠮᠧᠡᠭ ᠤᠨ ᠮᠣᠩᠭᠤᠯᠴᠣᠳ ᠪᠣᠯ ᠣᠯᠠᠩᠬᠢ ᠨᠢ ᠶᠡᠭᠡ ᠴᠡᠷᠢᠭ ᠮᠣᠷᠢ ᠶᠢᠨ ᠲᠠᠭᠠᠭᠰᠠᠳ ᠪᠠ ᠠᠷᠣ ᠳᠠᠯ᠎ᠠ ᠶᠢᠨ ᠦᠢᠯᠡᠴᠢᠯᠡᠭᠡ ᠶᠢ ᠬᠠᠨᠭ᠍ᠭᠠᠵᠦ ᠪᠠᠶᠢᠭᠰᠠᠨ ᠬᠦᠮᠦᠰ ᠪᠣᠯᠬᠤᠷ ᠴᠢᠯᠠᠭᠤᠨᠨᠠᠭᠤᠷ ᠤᠨ ᠬᠤᠯᠣᠰᠣᠨ ᠳᠤ ᠵᠢᠭᠠᠰᠣᠴᠢᠨ ᠢᠶᠠᠷ ᠣᠪᠯᠠᠵᠦ ᠠᠮᠢ ᠵᠢᠭᠤᠭᠰᠠᠨ 700 ᠢᠯᠡᠭᠦᠦ ᠮᠣᠩᠭᠤᠯᠴᠣᠳ ᠤᠨ ᠬᠤᠶᠢᠴᠢᠰ ᠪᠣᠯᠣᠨ᠎ᠠ᠃ ᠰᠢᠩ ᠮᠧᠡᠭ ᠤᠨ ᠮᠣᠩᠭᠤᠯᠴᠣᠳ ᠣᠬ ᠢᠵᠠᠭᠤᠷ ᠢᠶᠠᠨ ᠮᠠᠷᠳᠠᠬᠤ ᠦᠭᠡᠢ ᠶᠢᠨ ᠲᠦᠯᠦᠭᠡ᠂ ᠴᠢᠩᠬᠢᠰ ᠬᠠᠭᠠᠨ᠂ ᠮᠦᠡᠭᠬᠡ᠂ ᠬᠤᠪᠢᠯᠠᠢ᠂ ᠠᠯᠣᠬᠠᠳᠡᠮᠦᠷ ᠢ ᠬᠦᠨᠳᠦᠳᠭᠡᠨ ᠲᠠᠬᠢᠳᠠᠬ᠃ ᠵᠢᠯ ᠴᠠᠭᠠᠨ ᠰᠠᠷ᠎ᠠ ᠪᠣᠯᠬᠤ ᠪᠦᠷᠢ ᠰᠢᠩ ᠮᠧᠡᠭ ᠤᠨ ᠮᠣᠩᠭᠤᠯᠴᠣᠳ ᠴᠢᠩᠬᠢᠰ ᠬᠠᠭᠠᠨ᠂ ᠮᠦᠡᠭᠬᠡ᠂ ᠬᠤᠪᠢᠯᠠᠢ ᠭᠤᠷᠪᠠᠨ ᠬᠠᠭᠠᠨ ᠤ ᠬᠦᠷᠦᠭ ᠢ ᠰᠡᠦᠬᠡᠨ ᠳᠤ ᠵᠠᠯᠠᠵᠣ ᠲᠡᠮᠨᠠᠭᠠᠳ ᠠᠶᠢᠯ ᠪᠦᠷᠢ ᠶᠢᠨ ᠡᠭᠦᠳᠡᠨ ᠳᠤ ᠬᠦᠷᠴᠦ ᠲᠡᠭᠡᠳᠦᠰ ᠲᠡᠭᠡᠨ ᠮᠦᠷᠭᠦᠵᠦ ᠣᠴᠠᠷᠠᠬᠤ ᠶᠢ ᠵᠠᠷᠯᠠᠳᠠᠬ ᠪᠠᠶᠢᠯ᠎ᠠ᠃ ᠲᠡᠭᠡᠬᠦ ᠪᠦᠷᠢ ᠵᠡᠭᠡᠯᠢ ᠭᠤᠳᠣᠮᠵᠢ ᠪᠠᠷ ᠲᠦᠭᠦᠷᠡᠳᠡᠯ᠎ᠡ ᠮᠣᠩᠭᠤᠯᠴᠣᠳ ᠴᠣᠭᠯᠠᠷᠠᠯᠳᠣᠨ ᠲᠡᠭᠡᠳᠦᠰ ᠲᠡᠭᠡᠨ ᠣᠴᠠᠷᠠᠵᠦ᠂ ᠲᠠᠬᠢᠯᠭ᠎ᠠ ᠲᠠᠯᠪᠢᠨ ᠰᠦᠬᠦᠷᠡᠨ ᠮᠦᠷᠭᠦᠭᠰᠡᠳ ᠭᠠᠵᠠᠷ ᠪᠣᠯᠭᠠᠨ ᠢᠶᠠᠷ ᠦᠷᠭᠦᠯᠵᠢᠯᠡᠵᠦ᠂ ᠠᠶ᠎ᠠ ᠲᠠᠭᠤᠣ᠂ ᠠᠯᠠᠭ᠎ᠠ ᠲᠠᠰᠢᠯᠳᠠ ᠶᠢᠨ ᠲᠣᠮᠳᠠ ᠬᠦᠷ ᠨᠠᠶᠢᠷ ᠪᠢᠯᠬᠠᠷᠠᠳᠠᠬ᠃ ᠰᠣᠷᠪᠣᠯᠵᠢᠯᠠᠭ᠎ᠠ ᠲᠣᠮᠳᠠ ᠣᠶᠣᠨᠬᠤᠧᠠᠷ᠂ ᠰᠡᠴᠡᠨ ᠵᠡᠷᠭᠡ ᠶᠢᠨ ᠬᠡᠳᠦᠨ ᠡᠷᠦᠬᠡ ᠳᠤ ᠪᠠᠭᠤᠭᠰᠠᠨ ᠳᠤ ᠡᠷᠦᠬᠡ ᠪᠦᠷᠢ ᠳᠤ ︽ᠲᠡᠭᠷᠢᠯᠢᠭ ᠬᠦᠪᠡᠭᠦᠨ ᠤ ᠬᠤᠶᠢᠴᠢᠰ︾ ᠭᠡᠳᠡᠭ ᠲᠣᠮᠣ ᠦᠰᠦᠭ ᠢ ᠪᠣᠭᠳᠠ ᠡᠵᠡᠨ ᠤ ᠪᠠᠨ ᠬᠦᠷᠦᠭ ᠤᠨ ᠲᠣᠣᠷ᠎ᠠ ᠡᠯᠭᠦᠵᠦ᠂ ᠭᠡᠷ ᠤᠨ ᠬᠤᠶᠢᠮᠣᠷ ᠲᠠᠭᠠᠨ ᠵᠠᠯᠠᠭᠠᠳ ᠦᠪᠡᠷ ᠢ ᠪᠠᠨ ᠣᠮᠣᠭᠰᠢᠭᠤᠯᠣᠨ ᠲᠠᠬᠢᠳᠠᠬ ᠢ ᠨᠢ ᠮᠡᠳᠡᠪᠡ᠃ 760 ᠭᠠᠷᠣᠢ ᠵᠢᠯ ᠤᠨ ᠲᠣᠷᠰᠢ ᠰᠢᠩ ᠮᠧᠡᠭ ᠮᠣᠩᠭᠤᠯᠴᠣᠳ ︽ᠮᠣᠩᠭᠤᠯ︾ ︽ᠮᠣᠩᠭᠤᠸᠠ︾ ︽ᠺᠠᠵᠦ᠋ᠸᠧ︾ ᠵᠡᠷᠭᠡ ᠶᠢᠨ ᠮᠣᠩᠭᠤᠯ ᠣᠨᠴᠠᠯᠢᠬᠳᠦ ᠨᠡᠷᠡᠶᠢᠳᠦᠯ ᠢᠶᠠᠷ ᠣᠳᠣ ᠳᠤ ᠲᠣᠯᠳᠠᠯ᠎ᠠ ᠨᠡᠷᠡᠶᠢᠳᠦᠭᠳᠡᠵᠦ᠂ ᠦᠨᠳᠦᠰᠦᠳᠡᠨ ᠤ ᠣᠯᠠᠮᠵᠢᠯᠠᠯᠳᠦ ᠬᠤᠪᠴᠠᠰᠣ ᠵᠠᠰᠠᠯ ᠢᠶᠠᠨ ᠣᠳᠣ ᠳᠤ ᠲᠣᠯᠳᠠᠯ᠎ᠠ ᠡᠮᠦᠰᠴᠦ᠂ ᠦᠪᠡᠷ ᠤᠨ ᠣᠨᠴᠠᠯᠢᠬ ᠪᠦᠬᠦᠢ ᠺᠠᠵᠣᠸᠧ ᠮᠣᠩᠭᠤᠯ ᠦᠭᠡ ᠬᠡᠯᠡ ᠪᠠᠷ ᠦᠵᠡᠯ ᠰᠠᠨᠠᠭ᠎ᠠ ᠪᠠᠨ ᠰᠣᠯᠢᠯᠴᠠᠵᠦ᠂ ︽ᠺᠠᠵᠦ᠋ᠸᠧ︾ ᠦᠭᠡ ᠪᠠᠷ ᠢᠶᠠᠨ ᠲᠠᠭᠤᠣ ᠰᠢᠯᠦᠭ ᠵᠣᠬᠢᠶᠠᠵᠦ᠂ ᠮᠣᠩᠭᠤᠯ ᠠᠶ᠎ᠠ ᠲᠠᠭᠠᠷᠠᠭᠤᠯᠣᠨ ᠬᠠᠨᠭ᠍ᠭᠢᠨᠠᠳᠠᠯ᠎ᠠ ᠲᠠᠭᠤᠯᠠᠵᠦ ᠪᠠᠶᠢᠨ᠎ᠠ᠃ ᠪᠢᠳᠡ ᠮᠣᠩᠭᠤᠯ ᠪᠠᠭ᠎ᠠ ᠰᠣᠷᠭᠠᠭᠤᠯᠢ ᠳᠤᠨᠢ ᠰᠣᠷᠪᠣᠯᠵᠢᠯᠠᠬᠤ ᠪᠠᠷ ᠣᠴᠢᠬᠤ ᠳᠤ ᠰᠣᠷᠣᠭᠴᠢ ᠪᠣᠯᠭᠠᠨ ︽ᠪᠢᠳᠡ ᠪᠣᠯ ᠲᠠᠯ᠎ᠠ ᠨᠣᠳᠤᠬ ᠠᠴᠠ ᠢᠷᠡᠭᠰᠡᠨ ᠬᠦᠮᠦᠰ᠂ ᠮᠣᠩᠭᠤᠯ ᠤᠨ ᠬᠤᠶᠢᠴᠢᠰ︕︾ ᠭᠡᠵᠦ ᠡᠷᠡᠰ ᠲᠠᠰᠣᠷᠬᠠᠢ ᠬᠠᠨᠭ᠍ᠭᠢᠨᠠᠳᠠᠯ᠎ᠠ ᠶᠠᠷᠢᠳᠠᠬ ᠡ︕ ᠲᠡᠳᠡ ᠪᠣᠯ ᠶᠣᠧᠠᠨ ᠣᠯᠣᠰ‌ᠡᠴᠠ ᠨᠠᠰᠢᠬᠢ ᠮᠣᠩᠭᠤᠯ ᠤᠨ ᠣᠨᠴᠠᠯᠢᠬ ᠰᠢᠨᠵᠢ ᠪᠠᠨ ᠬᠠᠳᠠᠭᠠᠯᠠᠵᠦ ᠪᠠᠶᠢᠭ᠎ᠠ ᠶᠦᠨᠨᠡᠨ ᠳᠤ ᠪᠠᠶᠢᠭ᠎ᠠ ᠴᠣᠷ ᠤᠨ ᠭᠠᠭᠴᠠ ᠠᠯᠳᠠᠨ ᠶᠠᠰᠣᠨ ᠤ ᠬᠡᠯᠳᠡᠷᠬᠡᠢ ᠪᠢᠯᠡ᠃     ᠣᠯᠠᠭᠠᠨ ᠭᠠᠯᠠᠭᠤ ᠡᠮᠦᠨᠡᠰᠢ ᠨᠢᠰᠴᠦ ᠴᠢᠯᠠᠭᠤᠨᠨᠠᠭᠤᠷ ᠲᠤ ᠪᠠᠭᠤᠬᠤᠶ᠎ᠠ         ᠣᠳᠣᠮ ᠢᠶᠠᠨ ᠰᠠᠨᠠᠭᠰᠠᠨ ᠵᠢᠷᠦᠬᠡᠨ ᠤ ᠬᠡᠯᠳᠡᠷᠬᠡᠢ ᠡᠭᠡᠰᠢᠭ ᠠᠯᠳᠠᠨ ᠮᠡᠭᠰᠢᠮᠣᠢ    ᠰᠢᠩ ᠮᠧᠡᠭ ᠮᠣᠩᠭᠤᠯᠴᠣᠳ ᠤᠨ ᠪᠡᠶ᠎ᠡ ᠶᠢᠨ ᠭᠠᠷᠣᠯ ᠢᠶᠠᠨ ︽ᠮᠤᠩᠭᠤᠯ︾ ᠬᠡᠮᠡᠨ ᠲᠤᠩᠬᠠᠭᠯᠠᠭᠰᠠᠨ ᠪᠤᠯᠤᠨ ᠨᠡᠶᠢᠭᠡᠮ ᠨᠡᠶᠢᠳᠡ ᠳᠤ ᠮᠡᠳᠡᠷᠡᠭᠳᠡᠭᠰᠡᠨ ᠶᠠᠪᠤᠴᠠ ᠨᠢ ᠪᠠᠰᠠ ᠨᠡᠯᠢᠶᠡᠳ ᠥᠯᠢᠭᠡᠷ ᠲᠠᠢ ᠶᠣᠮ᠃1963 ᠣᠨ ᠳᠤ ᠶᠦᠨᠨᠠᠨ ᠳᠤ ᠮᠣᠩᠭᠤᠯ ᠦᠨᠳᠦᠰᠦᠳᠡᠨ ᠪᠠᠶᠢᠬᠤ ᠴᠢᠮᠡᠭᠡ ᠪᠠᠷ᠂ ᠶᠦᠨᠨᠠᠨ ᠮᠣᠵᠢ ᠶᠢᠨ ᠨᠡᠶᠢᠭᠡᠮ ᠤᠨ ᠰᠢᠨᠵᠢᠯᠡᠬᠦ ᠣᠬᠠᠭᠠᠨ ᠤ ᠬᠦᠷᠢᠶᠡᠯᠡᠩ ᠤᠨ ᠦᠨᠳᠦᠰᠦᠳᠡᠨ ᠤ ᠰᠣᠳᠣᠯᠭᠠᠨ ᠤ ᠭᠠᠵᠠᠷ ᠤᠨ ᠰᠣᠳᠣᠯᠣᠭᠴᠢ ᠳᠤ ᠢᠦᠢ ᠲᠢᠩ ᠲᠣᠣᠷ᠎ᠠ ᠵᠢᠭᠠᠰᠣᠴᠢᠨ ᠲᠣᠰᠬᠤᠨ ᠳᠤ ᠬᠦᠷᠴᠦ ᠪᠠᠶᠢᠴᠠᠭᠠᠯᠳᠠ ᠬᠢᠭᠰᠡᠨ ᠪᠣᠯᠪᠠᠴᠦ ᠰᠣᠶᠣᠯ ᠤᠨ ᠬᠤᠪᠢᠰᠬᠠᠯ ᠤᠨ ᠨᠦᠯᠦᠭᠡ ᠠᠴᠠ ᠪᠣᠯᠵᠦ ᠲᠠᠰᠣᠯᠠᠭᠳᠠᠪᠠ᠃    1976 ᠣᠨ ᠤ ᠲᠠᠪᠣᠨ ᠰᠠᠷ᠎ᠠ ᠳᠤ ᠲᠣᠬᠠᠢ ᠶᠢᠨ ᠦᠶ᠎ᠡ ᠶᠢᠨ ᠦᠪᠦᠷ ᠮᠣᠩᠭᠤᠯ ᠤᠨ ᠦᠨᠳᠦᠰᠦᠳᠡᠨ ᠤ ᠪᠠᠭᠰᠢ ᠶᠢᠨ ᠲᠡᠭᠡᠳᠦ ᠰᠣᠷᠭᠠᠭᠤᠯᠢ ᠶᠢᠨ ᠮᠣᠩᠭᠤᠯ ᠬᠡᠯᠡᠨ ᠤ ᠰᠠᠯᠪᠣᠷᠢ ᠶᠢᠨ ᠳ᠋ᠠᠮᠪᠢᠵᠠᠯᠰᠠᠨ᠂ ᠯᠢᠨ ᠰᠧ᠂ ᠬᠠᠰᠡᠷᠳᠡᠨᠢ ᠂ ᠴᠣᠭᠵᠦ ᠵᠡᠷᠭᠡ ᠶᠢᠨ ᠲᠦᠷᠪᠡᠨ ᠡᠷᠳᠡᠮᠳᠡᠨ ᠮᠣᠩᠭᠤᠯ ᠦᠨᠳᠦᠰᠦᠳᠡᠨ ᠢᠶᠠᠨ ᠡᠷᠢᠵᠦ ᠲᠠᠨᠢᠬᠤ ᠬᠠᠯᠠᠭᠤᠨ ᠰᠡᠳᠭᠢᠯᠭᠡ ᠶᠢ ᠡᠪᠦᠷᠯᠡᠵᠦ᠂ ᠲᠣᠣᠷ᠎ᠠ ᠵᠢᠭᠠᠰᠣᠴᠢᠨ ᠲᠣᠰᠬᠤᠨ ᠳᠤ ᠬᠦᠷᠴᠦ ᠪᠠᠶᠢᠴᠠᠭᠠᠨ ᠰᠣᠳᠣᠯᠣᠯᠳᠠ ᠬᠢᠭᠰᠡᠨ ᠤ ᠲᠠᠷᠠᠭ᠎ᠠ ︽ᠶᠦᠨᠨᠠᠨ ᠮᠣᠩᠭᠤᠯᠴᠣᠳ︾ ᠭᠡᠬᠦ ᠮᠣᠩᠭᠤᠯ ᠬᠢᠳᠠᠳ ᠬᠠᠪᠰᠣᠷᠭᠠᠭᠰᠠᠨ ᠵᠢᠷᠣᠭᠳᠦ ᠲᠡᠪᠳᠡᠷ ᠢ ᠬᠡᠪᠯᠡᠭᠦᠯᠪᠡ᠃ ᠲᠣᠰ ᠲᠡᠪᠳᠡᠷ ᠲᠤ ᠶᠦᠨᠨᠠᠨ ᠮᠣᠩᠭᠤᠯᠴᠣᠳ ᠤᠨ ᠦᠭᠡ ᠬᠡᠯᠡᠨ ᠤ 20% ᠶᠢᠨ ᠦᠭᠡ ᠬᠡᠯᠡ ᠨᠢ ᠦᠪᠦᠷ ᠮᠣᠩᠭᠤᠯ ᠤᠨ ᠮᠣᠩᠭᠤᠯᠴᠣᠳ ᠤᠨ ᠦᠭᠡ ᠬᠡᠯᠡ ᠲᠠᠢ ᠢᠵᠢᠯᠬᠡᠨ ᠪᠠᠶᠢᠭ᠎ᠠ ᠶᠢ ᠵᠢᠭᠠᠵᠦ ᠭᠠᠷᠭᠠᠪᠠ᠃ ᠢᠵᠠᠭᠤᠷ ᠬᠡᠯᠡᠨ ᠤ ᠢᠵᠢᠯᠬᠡᠨ ᠪᠠᠶᠢᠭ᠎ᠠ ᠨᠢ ᠪᠠᠳᠣᠯᠠᠭ᠎ᠠ ᠲᠠᠢ ᠪᠣᠯᠣᠭᠰᠠᠨ ᠪᠠᠶᠢᠳᠠᠯ ᠳᠤ ᠲᠣᠬᠠᠢ ᠶᠢᠨ ᠦᠶᠡᠰ ᠤᠨ ᠪᠠᠷᠢᠭᠠᠳᠠ ᠶᠢᠨ ᠨᠠᠮ ᠤᠨ ᠬᠤᠷᠢᠶᠠᠨ ᠤ ᠱᠦᠵᠢ ᠵᠣᠣ ᠸᠠᠨ ᠵᠦᠡᠭ ᠲᠣᠯᠣᠭᠠᠢᠢᠯᠠᠵᠦ ᠳᠤ ᠢᠦᠢ ᠲᠢᠩ ᠪᠣᠯᠣᠨ ᠴᠧᠨ ᠯᠢᠦ ᠹᠠᠨ ᠬᠤᠶᠠᠷ ᠰᠣᠳᠣᠯᠭᠠᠳᠠᠨ‌ᠢ ᠣᠷᠢᠵᠦ ᠲᠣᠣᠷ᠎ᠠ ᠵᠢᠭᠠᠰᠣᠴᠢᠨ ᠲᠣᠰᠬᠤᠨ ᠳᠤ᠂ ᠲᠡᠦᠬᠡ᠂ ᠠᠵᠣ ᠠᠬᠤᠢ᠂ ᠰᠣᠶᠣᠯ᠂ ᠦᠨᠳᠦᠰᠦᠳᠡᠨ ᠤ ᠵᠠᠩ ᠲᠠᠳᠬᠠᠯ ᠵᠡᠷᠭᠡ ᠲᠠᠯ᠎ᠠ ᠪᠠᠷ ᠰᠠᠷ᠎ᠠ ᠭᠠᠷᠣᠢ ᠶᠢᠨ ᠨᠠᠷᠢᠨ ᠨᠢᠭᠳᠠ ᠪᠠᠶᠢᠴᠠᠭᠠᠨ ᠰᠣᠳᠣᠯᠣᠭᠠᠳ 1979 ᠣᠨ ᠤ 8 ᠰᠠᠷ᠎ᠠ ᠳᠤ ︽ᠶᠦᠨᠨᠠᠨ ᠮᠣᠩᠭᠤᠯᠴᠣᠳ ᠤᠨ ᠲᠡᠦᠬᠡ︾ ᠶᠢ ᠬᠡᠪᠯᠡᠭᠦᠯᠪᠡ᠃ ᠲᠣᠰ ᠲᠡᠪᠳᠡᠷ ᠬᠡᠪᠯᠡᠭᠳᠡᠭᠰᠡᠨ ᠠᠴᠠ ᠶᠦᠨᠨᠠᠨ ᠮᠣᠩᠭᠤᠯᠴᠣᠳ ᠤᠨ ᠪᠡᠶ᠎ᠡ ᠶᠢᠨ ᠭᠠᠷᠣᠯ ᠨᠢ ᠮᠣᠩᠭᠤᠯ ᠭᠡᠵᠦ ᠵᠢᠩᠬᠢᠨᠢ ᠪᠠᠷ ᠮᠡᠳᠡᠷᠡᠭᠳᠡᠵᠦ ᠲᠡᠦᠬᠡᠨ ᠬᠠᠭᠤᠳᠠᠰᠣᠨ ᠳᠤ ᠲᠡᠮᠳᠡᠭᠯᠡᠭᠳᠡᠭᠰᠡᠨ ᠳᠤ ᠰᠢᠩ ᠮᠧᠡᠭ ᠤᠨ ᠮᠣᠩᠭᠤᠯᠴᠣᠳ ᠰᠡᠳᠭᠢᠯ ᠲᠣᠭᠳᠣᠯᠵᠦ ᠬᠠᠯᠠᠭᠤᠨ ᠨᠢᠯᠪᠣᠰᠣ ᠪᠦᠮᠪᠦᠷᠢᠭᠦᠯᠦᠭᠰᠡᠨ ᠭᠡᠳᠡᠭ᠃ 1988 ᠣᠨ ᠳᠤ ᠨᠡᠷ᠎ᠡ ᠶᠢ ᠨᠢ ︽ᠰᠢᠩ ᠮᠧᠡᠭ ᠮᠣᠩᠭᠤᠯ ᠦᠨᠳᠦᠰᠦᠳᠡᠨ ᠤ ᠰᠢᠶᠠᠩ︾ ᠭᠡᠵᠦ ᠵᠢᠩᠬᠢᠨᠢ ᠪᠠᠷ ᠬᠠᠯᠠᠪᠠ᠃    ᠰᠢᠩ ᠮᠧᠡᠭ ᠰᠢᠶᠠᠩ ᠤᠨ ᠨᠡᠷ᠎ᠡ ᠨᠢ ᠣᠯᠠᠨ ᠣᠳᠠᠭ᠎ᠠ ᠬᠠᠯᠠᠭᠳᠠᠭᠰᠠᠨ ᠲᠡᠦᠬᠡ ᠲᠠᠢ ᠶᠣᠮ᠃ 1956 ᠣᠨ ᠳᠤ ᠭᠤᠣᠯ ᠤᠨ ᠬᠤᠶᠠᠷ ᠡᠷᠬᠢ ᠶᠢ ᠨᠡᠶᠢᠯᠡᠭᠦᠯᠵᠦ ᠴᠢᠯᠠᠭᠤᠳᠦ ᠰᠢᠶᠠᠨ ᠭᠡᠵᠦ 1958 ᠣᠨ ᠤ 10 ᠰᠠᠷ᠎ᠠ ᠳᠤ ᠣᠣᠯ ᠤᠨ ᠨᠡᠷ᠎ᠡ ᠶᠢ ᠨᠢ ᠰᠡᠷᠭᠦᠭᠡᠵᠦ ᠲᠦᠡᠭ ᠬᠠᠢ ᠰᠢᠶᠠᠨ ᠪᠣᠯᠭᠠᠪᠠ᠃ ᠰᠢᠩ ᠮᠧᠡᠭ ᠰᠢᠶᠠᠩ ᠨᠢ ᠰᠢᠨ᠎ᠡ ᠲᠣᠮᠳᠠᠳᠦ ᠣᠯᠣᠰ ᠪᠠᠶᠢᠭᠤᠯᠣᠭᠳᠠᠬᠤ ᠠᠴᠠ ᠡᠮᠦᠨ᠎ᠡ ᠰᠢᠶᠠᠨ ᠶᠠᠨ ᠰᠢᠶᠠᠩ ᠲᠣᠣᠷ᠎ᠠ ᠵᠢᠭᠠᠰᠣᠴᠢᠨ ᠲᠣᠰᠬᠤᠨ ᠭᠡᠵᠦ ᠪᠠᠶᠢᠭᠰᠠᠨ ᠢᠶᠠᠨ ᠰᠢᠨ᠎ᠡ ᠲᠣᠮᠳᠠᠳᠦ ᠣᠯᠣᠰ ᠪᠠᠶᠢᠭᠤᠯᠣᠭᠳᠠᠭᠰᠠᠨ ᠤ ᠲᠠᠷᠠᠭ᠎ᠠ ᠲᠣᠣᠷ᠎ᠠ ᠵᠢᠭᠠᠰᠣᠴᠢᠨ ᠰᠢᠶᠠᠩ ᠭᠡᠵᠦ ᠬᠠᠯᠠᠵᠦ᠂ 1978 ᠣᠨ ᠳᠤ ᠰᠢᠩ ᠮᠧᠡᠭ ᠪᠠᠷᠢᠭᠠᠳᠠ ᠭᠡᠵᠦ᠂1988 ᠣᠨ ᠤ ᠡᠬᠢᠨ ᠳᠤ ᠰᠢᠩ ᠮᠧᠡᠭ ᠮᠣᠩᠭᠤᠯ ᠦᠨᠳᠦᠰᠦᠳᠡᠨ ᠤ ᠰᠢᠶᠠᠩ ᠭᠡᠵᠦ ᠬᠠᠯᠠᠪᠠ᠃    ᠰᠢᠩ ᠮᠧᠡᠭ ᠮᠣᠩᠭᠤᠯᠴᠣᠳ ᠤᠨ ᠪᠡᠶ᠎ᠡ ᠶᠢᠨ ᠭᠠᠷᠣᠯ ᠨᠢ ᠨᠡᠶᠢᠳᠡ ᠳᠤ ᠮᠡᠳᠡᠷᠡᠭᠳᠡᠭᠰᠡᠨ ᠨᠢ ᠦᠷᠭᠡᠨ ᠣᠯᠠᠨ ᠮᠣᠩᠭᠤᠯᠴᠣᠳ ᠤᠨ ᠡᠯᠢᠬᠡ ᠵᠢᠷᠦᠬᠡ ᠶᠢ ᠦᠨᠳᠡᠶᠢᠯᠵᠡᠵᠤ᠂ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠨᠠᠮ ᠵᠠᠰᠠᠬ ᠤᠨ ᠲᠦᠯᠦᠭᠡᠯᠡᠭᠴᠢ ᠶᠢᠨ ᠪᠦᠯᠬᠦᠮ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠴᠠᠭᠠᠬᠤ ᠪᠦᠯᠬᠦᠮ᠂ ᠦᠨᠳᠦᠰᠦᠳᠡᠨ ᠤ ᠠᠵᠢᠯ ᠤᠨ ᠪᠠᠶᠢᠴᠠᠭᠠᠬᠤ ᠪᠦᠯᠬᠦᠮ᠂ ᠰᠣᠷᠭᠠᠨ ᠬᠦᠮᠦᠵᠢᠯ ᠤᠨ ᠠᠵᠢᠯ ᠤᠨ ᠪᠠᠶᠢᠴᠠᠭᠠᠬᠤ ᠪᠦᠯᠬᠦᠮ ᠤᠳ ᠠᠴᠠ ᠣᠷᠢᠳ ᠬᠤᠵᠢᠳ ᠰᠢᠩ ᠮᠧᠡᠭ ᠮᠣᠩᠭᠤᠯᠴᠣᠳ ᠢ ᠣᠳᠠᠭ᠎ᠠ ᠲᠠᠷᠠᠭᠠᠯᠠᠨ ᠪᠣᠯᠭᠤᠭᠠᠨ ᠦᠵᠡᠪᠡ᠃    1979 ᠣᠨ ᠤ 4 ᠰᠠᠷ᠎ᠠ ᠳᠤ ᠦᠪᠦᠷ ᠮᠣᠩᠭᠤᠯ ᠤᠨ ᠰᠣᠶᠣᠯ ᠤᠨ ᠲᠣᠪᠴᠢᠶᠠᠨ ᠤ ᠲᠣᠪᠴᠢᠶᠠᠨ ᠲᠠᠷᠤᠭ᠎ᠠ᠂ ᠠᠯᠳᠠᠷᠳᠦ ᠵᠣᠬᠢᠶᠠᠬᠴᠢ ᠮᠠᠯᠴᠢᠨᠬᠦᠦ ᠠᠴᠠ ᠦᠪᠦᠷ ᠮᠣᠩᠭᠤᠯ ᠤᠨ ᠣᠷᠠᠯᠢᠬ ᠤᠨ ᠪᠦᠯᠬᠦᠮ ᠤᠨ 43 ᠬᠦᠮᠦᠨ ᠢ ᠲᠠᠭᠠᠭᠤᠯᠵᠦ ᠰᠢᠩ ᠮᠧᠡᠭ ᠲᠣᠰᠬᠤᠨ ᠢ ᠪᠣᠯᠭᠤᠭᠠᠨ ᠲᠣᠬᠤᠨᠢᠭᠤᠯᠪᠠ︔1984 ᠣᠨ ᠳᠤ ᠶᠦᠨᠨᠠᠨ ᠤ ᠲᠧᠯᠧᠢᠰ ᠬᠤᠷᠢᠶᠠᠨ ᠠᠴᠠ ᠬᠠᠪᠰᠣᠷᠣᠨ ᠰᠡᠭᠦᠳᠡᠷᠯᠡᠭᠰᠡᠨ᠂ ᠰᠢᠩ ᠮᠧᠡᠭ ᠪᠠᠷᠢᠭᠠᠳᠠ ᠶᠢᠨ ᠦᠢᠯᠡᠳᠪᠦᠷᠢᠯᠡᠯ ᠠᠮᠢᠳᠣᠷᠠᠯ ᠢᠶᠠᠷ ᠰᠡᠳᠦᠪᠯᠡᠭᠰᠡᠨ ︽ᠨᠣᠳᠤᠬ ᠠᠴᠠ ᠪᠠᠨ ᠬᠤᠯᠠᠳᠠᠭᠰᠠᠨ ᠮᠣᠩᠭᠤᠯᠴᠣᠳ︾ ᠭᠡᠬᠦ ᠲᠧᠯᠧᠢᠰ ᠹᠢᠯᠢᠮ ᠤᠨ ᠲᠡᠭᠡᠳᠦ ᠲᠣᠣᠷᠠᠳᠦ ᠪᠦᠯᠦᠭ ᠢ ᠦᠪᠦᠷ ᠮᠣᠩᠭᠤᠯ ᠤᠨ ᠲᠧᠯᠧᠢᠰ ᠬᠤᠷᠢᠶᠠᠨ ᠳᠤ ᠬᠦᠷᠭᠡᠨ ᠦᠭᠴᠦ᠂ ᠪᠦᠬᠦ᠋ᠢᠯᠡ ᠭᠠᠷᠠᠬ ᠨᠡᠪᠳᠡᠷᠡᠭᠦᠯᠦᠭᠰᠡᠨ‌ᠡᠴᠠ ᠡᠯᠢᠭᠡ ᠨᠢᠭᠡᠳᠡᠨ ᠦᠪᠦᠷ ᠮᠣᠩᠭᠤᠯᠴᠣᠳ ᠠᠴᠠ ᠶᠦᠨᠨᠠᠨ ᠮᠣᠩᠭᠤᠯᠴᠣᠳ ᠢ ᠣᠯᠠᠮ ᠨᠢᠭᠡ ᠠᠯᠬᠤᠮ ᠣᠢᠢᠯᠠᠭᠠᠵᠦ᠂ ᠡᠮᠦᠨ᠎ᠡ ᠣᠮᠠᠷ᠎ᠠ ᠶᠢᠨ ᠮᠣᠩᠭᠤᠯᠴᠣᠳ ᠤᠨ ᠬᠠᠷᠢᠯᠴᠠᠭ᠎ᠠ ᠶᠠᠪᠣᠯᠴᠠᠭᠠᠨ ᠤ ᠠᠯᠳᠠᠨ ᠬᠦᠰᠢᠭᠡ ᠶᠢ ᠨᠡᠭᠡᠭᠡᠪᠡ᠃ 1984 ᠣᠨ ᠤ 10 ᠰᠠᠷ᠎ᠠ ᠦᠪᠦᠷ ᠮᠣᠩᠭᠤᠯ ᠤᠨ ᠷᠠᠳᠢᠣ᠋ ᠲᠧᠯᠧᠢᠰ ᠲᠢᠩᠬᠢᠮ ᠤᠨ ᠨᠠᠮ ᠤᠨ ᠬᠤᠷᠢᠶᠠᠨ ᠤ ᠱᠦᠵᠢ᠂ ᠲᠢᠩᠬᠢᠮ ᠤᠨ ᠲᠠᠷᠤᠭ᠎ᠠ ᠵᠣᠯᠠᠨᠴᠡᠴᠡᠭ ᠵᠡᠷᠭᠡ ᠰᠣᠶᠣᠯ ᠤᠨ ᠠᠵᠢᠯ ᠤᠨ ᠪᠠᠶᠢᠴᠠᠭᠠᠯᠳᠠ ᠶᠢᠨ ᠪᠦᠯᠬᠦᠮ ᠤᠨ 15 ᠬᠦᠮᠦᠨ ᠰᠢᠩ ᠮᠧᠡᠭ ᠳᠤ ᠢᠷᠡᠵᠤ ᠲᠤᠬᠤᠨᠢᠭᠤᠯᠵᠠᠢ᠃    ᠲᠡᠭᠡᠷ᠎ᠡ ᠵᠠᠭᠤᠨ ᠤ ᠨᠠᠶᠠᠭᠠᠳ ᠣᠨ ᠠᠴᠠ ᠡᠬᠢᠯᠡᠨ᠂ ᠲᠡᠭᠡᠳᠦ ᠶᠢᠨ ᠨᠣᠳᠤᠬ ᠠᠴᠠ ᠪᠠᠨ ᠰᠠᠯᠣᠭᠰᠠᠨ ᠰᠢᠩ ᠮᠧᠡᠭ ᠮᠣᠩᠭᠤᠯᠴᠣᠳ ᠮᠣᠩᠭᠤᠯ ᠨᠣᠳᠤᠬ ᠲᠠᠭᠠᠨ ᠠᠶᠢᠯᠴᠢᠯᠠᠷ᠎ᠠ ᠢᠷᠡᠬᠦ ᠨᠢ ᠵᠦᠡᠭᠳᠡᠭᠡᠨ ᠪᠣᠯᠵᠠᠢ᠃ ᠠᠩᠬ᠎ᠠ ᠢᠷᠡᠭᠰᠡᠨ ᠣᠳᠠᠭ᠎ᠠ ᠳᠠᠭᠠᠨ ᠲᠡᠳᠡ ᠣᠷᠳᠣᠰ ᠲᠤ ᠪᠠᠶᠢᠭ᠎ᠠ ᠴᠢᠩᠭᠢᠰ ᠤᠨ ᠣᠡᠭᠭᠤᠨ ᠳᠤ ᠬᠦᠷᠦᠭᠡᠳ ᠨᠢᠳᠦ ᠲᠦᠭᠦᠷᠡᠩ  ᠨᠢᠯᠪᠣᠰᠣ ᠲᠠᠢ ᠪᠠᠷ ᠡᠪᠦᠳᠦᠭ ᠨᠤᠭᠤᠯᠤᠨ ᠰᠦᠭᠦᠳᠴᠦ᠂ ︽ᠦᠷ᠎ᠡ ᠬᠤᠶᠢᠴᠢᠰ ᠴᠢᠨᠢ ᠲᠡᠭᠡᠳᠦ ᠶᠢᠨ ᠨᠣᠳᠤᠬ ᠲᠠᠭᠠᠨ ᠬᠦᠷᠦᠭᠡᠳ ᠢᠷᠡᠯ᠎ᠡ᠁︾ ᠭᠡᠵᠦ ᠠᠳᠬᠤ ᠰᠢᠷᠣᠢ ᠶᠢ ᠨᠢ ᠴᠢᠩᠭᠠᠬᠠᠨ ᠪᠠᠵᠠᠵᠦ᠂ ᠠᠶᠣᠣᠯᠢᠬᠠᠢ ᠳᠠᠭᠠᠨ ᠨᠠᠭᠠᠯᠳᠣᠭᠤᠯᠣᠭᠠᠳ ᠡᠭᠰᠢᠵᠦ ᠪᠦᠭᠰᠢᠳᠡᠯ᠎ᠡ ᠣᠬᠢᠯᠠᠵᠠᠭᠠᠭᠰᠠᠨ ᠭᠡᠳᠡᠭ᠃ ᠡᠨᠡ ᠶᠣᠰᠣᠳᠠᠢ᠄    ᠬᠦᠬᠡ ᠲᠡᠭᠷᠢ ᠴᠠᠭᠠᠨ ᠡᠭᠦᠯᠡ ᠶᠢ ᠨᠢ ᠬᠠᠷᠠᠨ ᠬᠠᠷᠠᠨ ᠪᠠᠭ᠋ᠠᠷᠬᠠᠨ᠎ᠠ         ᠬᠦᠷᠦᠰᠦᠳᠦ ᠭᠠᠵᠠᠷ ᠤᠨ ᠬᠠᠯᠠᠭᠤᠨ ᠰᠢᠷᠣᠢ ᠶᠢ ᠨᠢ ᠦᠨᠦᠰᠦᠨ ᠦᠨᠦᠰᠦᠨ ᠲᠠᠭᠠᠯᠠᠨ᠎ᠠ         ᠪᠣᠭᠳᠠ ᠡᠵᠡᠨ ᠤ ᠪᠠᠨ ᠪᠤᠩᠬᠤᠨ ᠲᠡᠭᠡᠷ᠎ᠡ ᠵᠠᠯᠪᠠᠷᠢᠨ ᠵᠠᠯᠪᠠᠷᠢᠨ ᠲᠠᠭᠠᠳᠬᠠᠨ᠎ᠠ         ᠪᠣᠳᠣᠯ ᠰᠡᠳᠭᠢᠯ ᠠᠴᠠ ᠨᠢ ᠣᠨᠵᠢᠢᠭᠰᠠᠨ ᠰᠦᠵᠢᠭ ᠨᠢ ᠬᠠᠷᠠᠭᠰᠠᠨ ᠪᠦᠬᠦᠨ ᠢ ᠲᠣᠯᠠᠭᠠᠯᠠᠨ᠎ᠠ    ᠲᠡᠶᠢᠮᠦ ᠡ︕ 760 ᠵᠢᠯ ᠤᠨ ᠰᠠᠯᠬᠢ ᠪᠣᠷᠣᠭᠠᠨ ᠢ ᠦᠡᠭᠭᠡᠷᠡᠭᠡᠬᠦ ᠳᠡᠭᠡᠨ ᠰᠢᠩ ᠮᠧᠡᠭ ᠮᠣᠩᠭᠤᠯᠴᠣᠳ ᠲᠡᠭᠡᠳᠦ ᠶᠢᠨ ᠨᠣᠳᠤᠬ ᠢᠶᠠᠨ ᠰᠠᠨᠠᠨ ᠰᠠᠨᠠᠨ ᠬᠠᠮᠦᠷᠴᠦ᠂ ᠠᠯᠢ ᠨᠢᠭᠡᠨ ᠡᠳᠦᠷ ᠮᠣᠩᠭᠤᠯ ᠨᠣᠳᠤᠭ ᠲᠠᠭᠠᠨ ᠬᠦᠷᠬᠦ ᠬᠦᠰᠡᠯ ᠪᠣᠳᠣᠯ ᠢᠶᠠᠨ ᠦᠷ᠎ᠡ ᠬᠤᠶᠢᠴᠢᠰ ᠲᠠᠭᠠᠨ ᠵᠠᠬᠢᠵᠦ᠂ ᠦᠬᠦᠬᠦ ᠶᠢᠨ ᠦᠶ᠎ᠡ ᠳᠡᠭᠡᠨ ᠴᠦ ︽ᠬᠤᠶᠢᠳᠦ ᠵᠦᠭ ᠲᠤ ᠲᠡᠭᠡᠳᠦ ᠶᠢᠨ ᠨᠣᠳᠤᠬ ᠮᠢᠨᠢ ᠪᠣᠢ︕ ᠦᠬᠦᠭᠰᠡᠨ ᠤ ᠮᠢᠨᠢ ᠲᠠᠷᠠᠭ᠎ᠠ ᠲᠣᠯᠣᠭᠠᠢ ᠶᠢ ᠮᠢᠨᠢ ᠲᠡᠭᠡᠳᠦ ᠶᠢᠨ ᠨᠣᠳᠤᠬ ᠵᠦᠭ ᠮᠢᠨᠢ ᠬᠠᠨᠳᠣᠭᠤᠯᠵᠦ ᠲᠠᠯᠪᠢᠭᠠᠷᠠᠢ︕︾ ᠭᠡᠵᠦ ᠭᠡᠷᠢᠶᠡᠰᠦᠯᠡᠭᠡᠳ ᠪᠣᠷᠬᠠᠨ ᠤ ᠣᠷᠣᠨ ᠳᠠᠭᠠᠨ ᠮᠣᠷᠳᠠᠳᠠᠬ ᠪᠠᠶᠢᠭᠰᠠᠨ ᠭᠡᠳᠡᠭ᠃ ᠲᠡᠶᠢᠮᠦ ᠪᠣᠯᠬᠤᠷ ᠦᠨᠦᠳᠦᠷ ᠲᠡᠭᠡᠳᠦ ᠶᠢᠨ ᠨᠣᠳᠤᠬ ᠢᠶᠠᠨ ᠡᠷᠭᠢᠵᠦ ᠦᠵᠡᠬᠦ ᠪᠠᠷ ᠢᠷᠡᠭᠰᠡᠨ ᠡᠯᠢᠭᠡ ᠵᠢᠷᠦᠬᠡᠨ ᠤ ᠲᠠᠰᠣᠷᠬᠠᠢ ᠡᠯᠢᠭᠡᠨ ᠬᠠᠶᠢᠷᠠᠳᠦ ᠶᠦᠨᠨᠠᠨ ᠮᠣᠩᠭᠤᠯᠴᠣᠳ ᠢᠡᠭᠭᠢᠵᠦ ᠲᠣᠭᠳᠣᠯᠬᠤ ᠨᠢ ᠲᠠᠭᠠᠷᠠᠨ᠎ᠠ    ᠡᠮᠦᠨ᠎ᠡ ᠣᠮᠠᠷ᠎ᠠ ᠶᠢᠨ ᠮᠣᠩᠭᠤᠯᠴᠣᠳ ᠤᠨ ᠬᠠᠷᠢᠯᠴᠠᠭ᠎ᠠ ᠶᠠᠪᠣᠯᠴᠠᠭ᠎ᠠ ᠣᠯᠠᠮ ᠢᠶᠠᠷ ᠴᠢᠩᠭᠠᠷᠠᠵᠦ᠂ ᠰᠢᠩ ᠮᠧᠡᠭ ᠠᠴᠠ ‍ᠦᠪᠦᠷ ᠮᠣᠩᠭᠤᠯ ᠳᠤ ᠲᠣᠮᠢᠯᠠᠨ ᠢᠷᠡᠭᠦᠯᠵᠦ ᠲᠠᠷᠢᠶᠠᠯᠠᠩ ᠮᠠᠰᠢᠨ᠂ ᠲᠠᠷᠢᠶᠠᠯᠠᠬᠤ ᠮᠡᠷᠭᠡᠵᠢᠯ᠂ ᠪᠠᠷᠢᠯᠭ᠎ᠠ ᠶᠢᠨ ᠮᠡᠷᠭᠡᠵᠢᠯ᠂ ᠦᠭᠡ ᠬᠡᠯᠡ ᠵᠠᠩ ᠵᠠᠩᠰᠢᠯ ᠵᠡᠷᠭᠡ ᠶᠢ ᠰᠣᠷᠣᠯᠴᠠᠭᠰᠠᠨ ᠰᠣᠷᠣᠭᠴᠢᠳ ᠤᠨ ᠲᠤᠭ᠎ᠠ 8  ᠣᠳᠠᠭ᠎ᠠ ᠳᠤ  ᠬᠦᠷᠴᠦ  ᠰᠣᠷᠣᠯᠴᠠᠭᠰᠠᠨ  ᠬᠦᠮᠦᠨ ᠤ ᠲᠤᠭ᠎ᠠ 40 ᠭᠠᠷᠣᠢ ᠬᠦᠮᠦᠨ ᠳᠤ ᠬᠦᠷᠪᠡ᠃ 1982 ᠣᠨ ᠳᠤ ᠰᠢᠩ ᠮᠧᠡᠭ ᠪᠠᠷᠢᠭᠠᠳᠠ ᠶᠢᠨ ᠨᠠᠮ ᠤᠨ ᠬᠤᠷᠢᠶᠠᠨ ᠤ ᠱᠦᠵᠢ ᠸᠠᠩ ᠢᠦᠢ ᠯᠦᠡᠭ ᠦᠪᠡᠷ ᠤᠨ ᠪᠡᠶ᠎ᠡ ᠪᠠᠷ ᠢᠶᠠᠨ 22 ᠪᠠᠷᠢᠯᠭ᠎ᠠ ᠶᠢᠨ ᠠᠵᠢᠯᠴᠢᠳ ᠢ ᠲᠠᠭᠠᠭᠤᠯᠵᠦ ᠦᠪᠦᠷ ᠮᠣᠩᠭᠤᠯ ᠤᠨ ᠰᠢᠯᠢ ᠶᠢᠨ ᠭᠤᠣᠯ ᠳᠤ ᠬᠦᠷᠴᠦ ᠮᠡᠷᠭᠡᠵᠢᠯ ᠢᠶᠠᠨ ᠰᠣᠯᠢᠯᠴᠠᠨ᠂ ᠰᠢᠯᠢ ᠶᠢᠨ ᠭᠤᠣᠯ ᠳᠤ ᠨᠢᠭᠡᠨ ᠰᠠᠭᠤᠷᠢ ᠰᠣᠷᠭᠠᠨ ᠬᠦᠮᠦᠵᠢᠯ ᠤᠨ ᠠᠰᠠᠷ ︵ᠣᠳᠣ ᠶᠢᠨ ᠰᠣᠷᠭᠠᠨ ᠬᠦᠮᠦᠵᠢᠯ ᠤᠨ ᠲᠣᠪᠴᠢᠶ᠎ᠠ ᠶᠢᠨ ᠠᠰᠠᠷ︶ ᠢ ᠪᠣᠰᠬᠠᠨ ᠠᠯᠠᠬ ᠮᠢᠬᠠᠨ ᠤ ᠲᠠᠰᠣᠷᠬᠠᠢ ᠶᠢᠨ ᠠᠶᠣᠣᠯᠢᠬᠠᠢ ᠨᠢᠭᠡᠳᠡᠢ ᠪᠠᠶᠢᠬᠤ ᠬᠠᠶᠢᠷ᠎ᠠ ᠰᠡᠳᠬᠢᠯᠭᠡ ᠶᠢ ᠢᠯᠡᠳᠭᠡᠵᠦ᠂ ᠰᠢᠩ ᠮᠧᠡᠭ ᠪᠠᠷᠢᠭᠠᠳᠠ ᠠᠴᠠ 8 ᠰᠣᠷᠣᠭᠴᠢ ᠶᠢ ᠦᠪᠦᠷ ᠮᠣᠩᠭᠤᠯ ᠳᠤ ᠢᠷᠡᠭᠦᠯᠵᠦ ᠮᠣᠩᠭᠤᠯ ᠦᠨᠳᠦᠰᠦᠳᠡᠨ ᠤ ᠪᠠᠨ ᠰᠣᠶᠣᠯ ᠣᠷᠠᠯᠢᠬ᠂ ᠣᠯᠠᠮᠵᠢᠯᠠᠯᠳᠦ ᠵᠠᠩ ᠵᠠᠩᠰᠢᠯ ᠵᠡᠷᠭᠡ ᠶᠢ ᠰᠣᠷᠣᠯᠴᠠᠭᠤᠯᠪᠠ᠃ ᠲᠡᠳᠡ ᠬᠠᠭᠠᠰᠬᠠᠨ ᠵᠢᠯ ᠤᠨ ᠣᠬᠤᠷᠬᠠᠨ ᠬᠤᠭᠤᠴᠠᠭᠠᠨ ᠳᠤ ᠮᠣᠩᠭᠤᠯᠴᠣᠳ ᠤᠨ ᠣᠯᠠᠮᠵᠢᠯᠠᠯᠳᠦ ᠶᠣᠰᠣ ᠰᠣᠷᠳᠠᠬᠤᠨ᠂ ᠵᠠᠩ ᠵᠠᠩᠰᠢᠯ᠂ ᠰᠣᠶᠣᠯ ᠣᠷᠠᠯᠢᠬ ᠵᠡᠷᠭᠡ ᠲᠠᠯ᠎ᠠ ᠪᠠᠷ ᠮᠠᠷᠳᠠᠭᠰᠠᠨ ᠢᠶᠠᠨ ᠰᠡᠷᠭᠦᠭᠡᠵᠦ ᠣᠮᠠᠷᠳᠠᠭᠰᠠᠨ ᠢᠶᠠᠨ ᠨᠦᠬᠦᠵᠦ᠂ ᠨᠣᠳᠤᠬ ᠲᠠᠭᠠᠨ ᠪᠣᠴᠠᠵᠦ ᠣᠯᠠᠭᠠᠨᠮᠦ᠋ᠴᠢᠷ ᠪᠠᠶᠢᠭᠤᠯᠣᠭᠠᠳ ᠴᠢᠯᠠᠭᠤᠨᠨᠠᠭᠤᠷ ᠤᠨ ᠬᠦᠪᠡᠭᠡ ᠪᠠᠷ ᠡᠰᠢ ᠲᠡᠰᠢ ᠵᠣᠷᠴᠢᠨ ᠣᠳᠣ ᠪᠣᠯᠳᠠᠯ᠎ᠠ ᠬᠡᠳᠦᠨ ᠵᠠᠭᠤᠨ ᠳᠠᠯᠠᠪᠤᠷ ᠤᠨ ᠲᠣᠭᠯᠠᠯᠳᠠ ᠭᠠᠷᠭᠠᠭᠰᠠᠨ ᠮᠦᠷᠳᠡᠭᠡᠨ ᠮᠣᠩᠭᠤᠯᠴᠣᠳ ᠤᠨ ︽ᠨᠠᠭᠠᠳᠣᠮ ᠤᠨ ᠬᠤᠷᠠᠯ︾ ᠢᠶᠠᠨ ᠴᠦ ᠲᠠᠬᠢᠨ ᠰᠡᠷᠭᠦᠭᠡᠪᠡ᠃    ᠦᠪᠦᠷ ᠮᠣᠩᠭᠤᠯ ᠠᠴᠠ ᠶᠦᠨᠨᠠᠨ ᠮᠣᠩᠭᠤᠯᠴᠣᠳ ᠲᠤ ᠡᠬᠡ ᠬᠡᠯᠡ ᠪᠠᠨ ᠵᠢᠭᠠᠬᠤ ᠪᠠᠷ ᠢᠷᠡᠭᠰᠡᠨ ᠰᠠᠷᠠᠨᠳᠣᠯᠭ᠎ᠠ ᠪᠠᠭᠰᠢ ᠬᠦᠴᠢᠷ ᠪᠡᠷᠬᠡᠰᠢᠶᠡᠯ ᠲᠠᠢ ᠪᠠᠶᠢᠭᠠᠯᠢ ᠶᠢᠨ ᠣᠷᠴᠢᠨ ᠲᠣᠭᠤᠷᠢᠨ ᠤ ᠨᠦᠬᠦᠴᠡᠯ ᠢ ᠢᠯᠠᠨ ᠲᠠᠪᠠᠵᠦ ᠣᠳᠠᠭᠠᠨ ᠵᠢᠯ ᠢᠶᠠᠷ ᠡ᠊ᠨᠳᠡ ᠰᠠᠭᠤᠵᠦ ᠡ᠊ᠨᠳᠡᠬᠢ ᠬᠡᠦᠬᠡᠳ ᠲᠤ ᠡᠬᠡ ᠬᠡᠯᠡ ᠦᠰᠦᠭ ᠪᠢᠴᠢᠭ ᠢᠶᠠᠨ ᠣᠯᠠᠮᠵᠢᠯᠠᠪᠠ᠃ ᠦᠪᠦᠷ ᠮᠣᠩᠭᠤᠯ ᠠᠴᠠ ᠣᠷᠢᠳ ᠬᠤᠵᠢᠳ ᠰᠢᠩ ᠮᠧᠡᠭ ᠰᠢᠶᠠᠩ ᠳᠤ ᠬᠡᠯᠡᠨ ᠤ ᠪᠠᠭᠰᠢ᠂ ᠲᠠᠭᠤᠤ ᠶᠢᠨ ᠪᠠᠭᠰᠢ᠂ ᠪᠦᠵᠢᠭ ᠤᠨ ᠪᠠᠭᠰᠢ᠂ ᠮᠣᠷᠢᠨ ᠬᠤᠭᠤᠷ ᠤᠨ ᠪᠠᠭᠰᠢ ᠭᠡᠵᠦ ᠣᠯᠠᠨ ᠡᠷᠳᠡᠮᠳᠡᠡ ᠢᠷᠡᠵᠦ ᠭᠠᠷ ᠭᠠᠷ ᠢᠶᠠᠷ ᠲᠠᠮᠵᠢᠨ ᠡᠬᠡ ᠬᠡᠯᠡ ᠪᠠᠨ ᠵᠢᠭᠠᠵᠦ ᠣᠳᠣᠮ ᠤᠨ ᠰᠣᠶᠣᠯ ᠢᠶᠠᠨ ᠣᠯᠠᠮᠵᠢᠯᠠᠭᠰᠠᠨ ᠳᠤ ᠴᠢᠰᠣ ᠨᠢᠭᠡᠳᠡᠢ ᠰᠢᠩ ᠮᠧᠡᠭ ᠤᠨ ᠮᠣᠩᠭᠤᠯᠴᠣᠳ ᠣᠶᠠᠷᠠᠵᠦ ᠬᠠᠶᠢᠯᠠᠳᠠᠯ᠎ᠠ ᠲᠣᠭᠳᠣᠯᠵᠦ᠂ ᠣᠳᠣᠮᠳᠦ ᠮᠣᠩᠭᠤᠯ ᠤᠨ ᠲᠣᠳᠣᠨᠣ ᠬᠦᠮᠦᠰ ᠤᠨ ᠬᠠᠶᠢᠷ᠎ᠠ ᠰᠡᠳᠭᠢᠯᠭᠡ ᠶᠢ ᠣᠷᠣᠰᠬᠤ ᠮᠦᠷᠡᠨ ᠰᠢᠭ ᠰᠢᠯᠣᠭᠤᠳᠬᠠᠭᠰᠠᠨ ᠪᠢᠯᠡ᠃ ᠭᠤᠴᠢᠨ ᠵᠢᠯ ᠤᠨ ᠲᠣᠷᠰᠢ ᠦᠪᠦᠷ ᠮᠣᠩᠭᠤᠯ ᠤᠨ ᠡᠯ᠎ᠡ ᠰᠠᠯᠠᠭ᠎ᠠ ᠮᠦᠴᠢᠷ ᠠᠴᠠ ᠰᠢᠩ ᠮᠧᠡᠭ ᠳᠤ ᠬᠦᠷᠴᠦ ᠪᠠᠶᠢᠴᠠᠭᠠᠨ ᠰᠣᠳᠣᠯᠣᠯᠳᠠ ᠬᠢᠭᠰᠡᠨ᠂ ᠲᠣᠭᠯᠠᠯᠳᠠ ᠭᠠᠷᠭᠠᠭᠰᠠᠨ᠂ ᠬᠠᠷᠢᠴᠠᠵᠦ ᠶᠠᠪᠣᠯᠴᠠᠭᠰᠠᠨ ᠲᠤᠭ᠎ᠠ 1200 ᠬᠦᠮᠦᠨ ︵ᠣᠳᠠᠭ᠎ᠠ︶ ᠳᠤ ᠬᠦᠷᠴᠦ᠂ ᠰᠢᠩ ᠮᠧᠡᠭ ᠠᠴᠠ ᠦᠪᠦᠷ ᠮᠣᠩᠭᠤᠯ ᠣᠷᠣᠨ ᠳᠤ ᠠᠶᠢᠯᠴᠢᠯᠠᠷ᠎ᠠ ᠢᠷᠡᠭᠰᠡᠨ ᠲᠤᠭ᠎ᠠ 780 ᠭᠠᠷᠣᠢ ᠬᠦᠮᠦᠨ ︵ᠣᠳᠠᠭ᠎ᠠ︶ ᠳᠤ ᠲᠣᠯᠵᠦ᠂ ᠬᠤᠶᠠᠷ ᠲᠠᠯ᠎ᠠ ᠶᠢᠨ ᠮᠣᠩᠭᠤᠯᠴᠣᠳ ᠤᠨ ᠭᠤᠯᠣᠮᠳᠠ ᠨᠢᠭᠡᠳᠡᠨ ᠤ ᠡᠷᠬᠢᠮ ᠬᠠᠶᠢᠷ᠎ᠠ ᠬᠠᠳᠠᠨ ᠤ ᠴᠢᠯᠠᠭᠤ ᠰᠢᠬ ᠪᠠᠳᠦ᠂ ᠬᠠᠨ ᠲᠡᠭᠷᠢ ᠰᠢᠭ ᠮᠦᠡᠭᠬᠡ ᠪᠠᠶᠢᠬᠤ ᠶᠢ ᠢᠯᠡᠷᠡᠭᠦᠯᠪᠡ᠃    ᠦᠭᠡᠷᠡᠴᠢᠯᠡᠯᠳᠡ ᠨᠡᠬᠡᠬᠡᠯᠳᠡ ᠶᠢᠨ ᠠᠭᠤᠤ ᠥᠶ᠎ᠡ ᠢᠷᠡᠬᠦᠶ᠎ᠡ         ᠦᠭᠡᠳᠡᠯᠡᠨ ᠮᠠᠨᠳᠤᠭᠰᠠᠨ ᠰᠢᠨ᠎ᠡ ᠡᠷᠡᠨ ᠢᠶᠠᠨ ᠤᠭᠳᠤᠮᠤᠢ     ᠰᠢᠩ ᠮᠧᠡᠭ ᠤᠨ ᠮᠤᠩᠭᠤᠯᠴᠤᠳ 760 ᠭᠠᠷᠣᠢ ᠵᠢᠯ ᠤᠨ ᠲᠡᠦᠬᠡ ᠶᠢᠨ ᠲᠠᠪᠠᠯᠭᠠᠨ ᠢ ᠦᠡᠭᠭᠡᠷᠡᠭᠡᠬᠦ ᠳᠡᠭᠡᠨ ᠡᠷᠡᠯᠬᠡᠭ ᠪᠠᠭᠠᠳᠣᠷᠯᠢᠬ ᠰᠦᠰᠦ ᠵᠣᠷᠢᠬ ᠢᠶᠠᠷ ᠢᠶᠠᠨ ᠠᠶᠣᠯ ᠲᠠᠶᠢᠨ ᠢ ᠲᠣᠭᠤᠯᠵᠦ ᠠᠵᠢᠯᠴᠢ ᠬᠦᠳᠡᠯᠮᠦᠷᠢᠴᠢ ᠠᠷᠠᠨᠰᠢᠨ ᠢᠶᠠᠷ ᠢᠶᠠᠨ ᠪᠠᠶᠢᠭᠠᠯᠢ ᠣᠷᠴᠢᠨ ᠢᠶᠠᠨ ᠡᠷᠬᠡᠰᠢᠶᠡᠭᠰᠡᠭᠡᠷ ᠢᠷᠡᠪᠡ᠃ ᠲᠡᠳᠡ ᠶᠣᠧᠡᠨ ᠣᠯᠣᠰ ᠤᠨ ᠦᠶ᠎ᠡ ᠳᠤ ᠠᠷᠠᠨᠵᠢᠠ ᠬᠦᠯᠦᠭ ᠲᠤ ᠮᠣᠷᠳᠠᠮᠠᠭᠴᠠ ᠴᠡᠷᠢᠭ ᠵᠠᠩᠵᠣᠨ ᠪᠣᠯᠵᠦ ᠲᠠᠶᠢᠨ ᠪᠠᠶᠢᠯᠳᠣᠭᠠᠨ ᠳᠤ ᠮᠣᠷᠳᠠᠭᠠᠳ ᠠᠭᠳᠠ ᠬᠦᠯᠦᠭ ᠠᠴᠠ ᠪᠠᠭᠤᠮᠠᠭᠴᠠ ᠡᠭᠡᠯ ᠠᠷᠠᠳ ᠤᠨ ᠠᠮᠢᠳᠣᠷᠠᠯ ᠢᠶᠠᠨ ᠬᠢᠵᠦ᠂ ᠣᠮᠠᠷᠠᠳᠦ ᠶᠢᠨ ᠨᠡᠭᠦᠳᠡᠯᠴᠢᠨ ᠦᠨᠳᠦᠰᠦᠳᠡᠨ ᠪᠠᠶᠢᠭᠰᠠᠨ ᠠᠴᠠ ᠪᠠᠨ ᠴᠢᠯᠠᠭᠤᠨᠨᠠᠭᠤᠷ ᠤᠨ ᠵᠢᠭᠠᠰᠣᠴᠢᠨ ᠬᠦᠮᠦᠰ ᠪᠣᠯᠣᠭᠰᠠᠨ ᠪᠢᠯᠡ᠃ ᠰᠡᠭᠦᠯᠡᠷ ᠨᠢ ᠵᠢᠭᠠᠰᠣᠴᠢᠨ ᠠᠴᠠ ᠪᠠᠨ ᠲᠠᠷᠢᠶᠠᠴᠢᠨ᠂ ᠳᠠᠷᠢᠶᠠᠴᠢᠨ ᠠᠴᠠ ᠸᠠᠭᠠᠷᠴᠢᠨ᠂ ᠸᠠᠭᠠᠷᠴᠢᠨ ᠠᠴᠠ ᠪᠠᠨ ᠰᠠᠭᠤᠭᠠᠯᠢ ᠠᠷᠠᠳ ᠪᠤᠯᠵᠤ᠂ ᠲᠤᠬᠠᠢ ᠶᠢᠨ ᠭᠠᠵᠠᠷ ᠤᠨ ᠪᠠᠶᠢᠭᠠᠯᠢ ᠣᠷᠴᠢᠨ ᠪᠤᠯᠤᠨ ᠡᠯ᠎ᠡ ᠦᠨᠳᠦᠰᠦᠳᠡᠨ ᠶᠠᠰᠤᠳᠠᠨ ᠲᠠᠢ ᠪᠠᠨ ᠠᠭᠤᠰᠤᠯᠴᠠᠵᠤ᠂ ᠪᠠᠰᠠ ᠦᠪᠡᠷ ᠤᠨ ᠮᠤᠩᠭᠤᠯ ᠬᠦᠮᠦᠨ ᠤ ᠣᠨᠴᠠᠯᠢᠭ ᠢᠶᠠᠨ ᠬᠠᠳᠠᠭᠠᠯᠠᠨ ᠢᠷᠡᠭᠰᠡᠨ ᠠᠭᠤᠤ ᠲᠡᠤᠬᠡ ᠶᠢ ᠡᠭᠦᠳᠴᠤ᠂ ᠣᠳᠣ ᠪᠤᠯᠬᠤ ᠳᠤ ︽ᠠᠮᠳᠠᠳᠤ ᠭᠤᠸᠠ ᠶᠢᠨ ᠨᠤᠳᠤᠭ︾᠂ ︽ᠪᠠᠷᠢᠯᠭᠠᠴᠢᠨ ᠤ ᠨᠤᠳᠤᠭ︾᠂ ︽ᠲᠠᠭᠤᠤ ᠪᠦᠵᠢᠭ ᠤᠨ ᠨᠤᠳᠤᠭ︾ ᠬᠡᠮᠡᠬᠦ ᠰᠠᠶᠢᠬᠠᠨ ᠨᠡᠷ᠎ᠠ ᠪᠠᠷ ᠲᠡᠯᠡᠭᠡᠢ ᠳᠤ ᠠᠯᠳᠠᠷᠰᠢᠵᠤ ᠪᠠᠶᠢᠨ᠎ᠠ᠃     ᠣᠳᠣ ᠶᠢᠨ ᠰᠢᠩ ᠮᠧᠩ ᠰᠢᠶᠠᠩ ᠪᠤᠯ ᠲᠠᠷᠢᠶᠠᠯᠠᠩ ᠤᠢᠯᠡᠳᠪᠦᠷᠢᠯᠡᠯ ᠢᠶᠠᠷ ᠭᠤᠤᠯᠳᠠᠭᠤᠯᠤᠭᠰᠠᠨ ᠰᠢᠶᠠᠩ ᠪᠤᠯᠤᠨ᠎ᠠ᠃ ᠪᠦᠬᠦ ᠰᠢᠶᠠᠩ ᠤᠨ ᠲᠠᠷᠢᠶᠠᠨ ᠭᠠᠵᠠᠷ ᠤᠨ ᠲᠠᠯᠠᠪᠠᠢ 3308 ᠮᠦ ᠯᠡ ᠪᠠᠶᠢᠵᠤ᠂ ᠬᠦᠮᠦᠨ ᠠᠮᠠ ᠲᠡᠭᠰᠢᠳᠭᠡᠭᠡᠳ 0.58 ᠮᠦ ᠲᠠᠷᠢᠶ᠎ᠠ ᠲᠠᠢ᠃ ᠬᠡᠳᠦ᠋ᠢᠪᠡᠷ ᠲᠠᠷᠢᠶᠠᠨ ᠭᠠᠵᠠᠷ ᠲᠦᠢᠯ ᠤᠨ ᠪᠠᠭ᠎ᠠ ᠪᠤᠯᠪᠠᠴᠤ ᠡᠪᠦᠯ ᠳᠡᠭᠡᠨ ᠬᠦᠯᠳᠡᠬᠦ ᠦᠭᠡᠢ᠂ ᠵᠤᠨ ᠳᠠᠭᠠᠨ ᠪᠦᠭᠴᠢᠮ᠎ᠠ ᠬᠠᠯᠠᠭᠤᠨ ᠪᠢᠰᠢ ᠪᠤᠯᠬᠤᠷ ᠨᠠᠪᠴᠢᠨ ᠲᠠᠮᠡᠬᠢ᠂ ᠲᠤᠳᠤᠷᠭ᠎ᠠ᠂ ᠬᠦᠬᠡ ᠨᠤᠭᠤᠭ᠎ᠠ᠂ ᠠᠮᠳᠠᠳᠤ ᠭᠤᠸᠠ ᠵᠡᠷᠭᠡ ᠲᠠᠷᠢᠮᠠᠯ ᠵᠩᠡ ᠵᠣᠬᠢᠴᠠᠬᠤ ᠪᠦᠭᠡᠳ ᠵᠢᠯ ᠳᠤ ᠬᠤᠶᠠᠷ ᠠᠴᠠ ᠭᠤᠷᠪᠠ ᠤᠳᠠᠭ᠎ᠠ ᠲᠠᠷᠢᠵᠤ ᠪᠤᠯᠳᠠᠭ᠃ ᠣᠯᠠᠨ ᠵᠢᠯ ᠤᠨ ᠲᠤᠷᠰᠢ ᠡ᠊ᠨᠳᠡᠬᠢ ᠮᠤᠩᠭᠤᠯᠴᠤᠳ ᠴᠠᠭ ᠦᠶ᠎ᠡ ᠶᠢᠨ ᠬᠦᠭᠵᠢᠯᠳᠡ ᠶᠢ ᠲᠠᠭᠠᠯᠴᠠᠨ᠂ ︽ᠠᠮᠢ ᠠᠬᠤᠢ ᠪᠠᠷ ᠰᠢᠶᠠᠩ ᠢᠶᠠᠨ ᠪᠠᠶᠢᠭᠤᠯᠬᠤ᠂ ᠲᠠᠷᠢᠶᠠᠯᠠᠩ ᠢᠶᠠᠷ ᠠᠷᠠᠳ ᠢᠶᠠᠨ ᠲᠤᠭᠳᠠᠪᠤᠷᠢᠵᠢᠭᠤᠯᠬᠤ᠂ ᠦᠪᠡᠷᠮᠢᠴᠡ ᠣᠨᠴᠠᠯᠢᠭ ᠢᠶᠠᠷ ᠢᠶᠠᠨ ᠰᠢᠶᠠᠩ ᠢᠶᠠᠨ ᠮᠠᠨᠳᠤᠭᠤᠯᠬᠤ᠂ ᠰᠤᠶᠤᠯ ᠢᠶᠠᠷ ᠰᠢᠶᠠᠩ ᠢᠶᠠᠨ ᠠᠬᠢᠭᠤᠯᠬᠤ︾ ᠬᠦᠭᠵᠢᠯᠳᠡ ᠶᠢᠨ ᠰᠡᠳᠬᠢᠴᠡ ᠶᠢ ᠲᠤᠤᠱᠯᠠᠭᠤᠯᠬᠤ ᠶᠢ ᠪᠠᠷᠢᠮᠳᠠᠯᠠᠨ᠂ ᠦᠭᠡᠷᠡᠴᠢᠯᠡᠯᠳᠡ ᠶᠢ ᠬᠦᠨᠵᠡᠭᠡᠶᠢᠷᠡᠭᠦᠯᠦᠨ᠂ ᠤᠰᠤᠨ ᠠᠰᠢᠭᠯᠠᠯᠳᠠ ᠵᠡᠷᠭᠡ ᠦᠨᠳᠦᠰᠦᠨ ᠪᠠᠶᠢᠭᠤᠯᠤᠯᠳᠠ ᠶᠢᠨ ᠬᠦᠴᠦᠯᠡᠴᠡ ᠶᠢ ᠴᠢᠩᠭᠠᠷᠠᠭᠤᠯᠵᠤ᠂ ᠲᠠᠷᠢᠶᠠᠯᠠᠩ ᠤᠢᠢᠯᠡᠳᠪᠦᠷᠢᠯᠡᠯ ᠤᠨ ᠨᠦᠬᠦᠴᠡᠯ ᠢ ᠲᠠᠰᠤᠷᠠᠯᠳᠠ ᠥᠭᠡᠢ  ᠰᠠᠶᠢᠵᠢᠷᠠᠭᠤᠯᠵᠠᠢ᠃ ᠣᠨᠴᠠᠭᠠᠢᠢᠯᠠᠨ ᠠᠮᠳᠠᠳᠤ ᠭᠤᠸᠠ ᠪᠠᠷ ᠭᠤᠤᠯ ᠪᠤᠯᠭᠠᠭᠰᠠᠨ ᠦᠨᠳᠦᠷ ᠠᠰᠢᠭᠳᠤ ᠲᠦᠭᠦᠭᠡᠷᠦᠮᠵᠢᠳᠦ ᠲᠠᠷᠢᠶᠠᠯᠠᠩ ᠢ ᠬᠦᠭᠵᠢᠭᠦᠯᠬᠦ ᠶᠢ ᠬᠦᠴᠦᠳᠡᠢ ᠠᠬᠢᠭᠤᠯᠵᠤ᠂ ᠬᠦᠬᠡ ᠨᠤᠭᠤᠭ᠎ᠠ᠂ ᠨᠠᠪᠴᠢᠨ ᠲᠠᠮᠠᠬᠢ ᠶᠢᠨ ᠲᠠᠷᠢᠵᠤ ᠤᠷᠭᠤᠭᠤᠯᠬᠤ ᠪᠤᠯᠤᠨ ᠬᠠᠳᠤᠵᠤ ᠬᠤᠷᠢᠶᠠᠬᠤ ᠬᠢᠷᠢ ᠬᠡᠮᠵᠢᠶ᠎ᠡ ᠪᠠᠨ ᠲᠡᠭᠡᠭᠰᠢᠯᠡᠭᠦᠯᠦᠨ᠂ ᠬᠡᠪᠴᠢᠶᠡᠵᠢᠬᠦᠯᠦᠨ ᠡᠵᠡᠩᠨᠡᠬᠦ᠂ ᠠᠵᠤ ᠤᠢᠢᠯᠡᠰᠴᠢᠭᠦᠯᠦᠨ ᠡᠵᠡᠩᠨᠡᠬᠦ ᠶᠢ ᠲᠦᠯᠬᠢᠨ ᠠᠬᠢᠭᠤᠯᠪᠠ᠃ 2013 ᠣᠨ ᠳᠤ ᠂ ᠪᠦᠬᠦ ᠰᠢᠶᠠᠩ ᠤᠨ ᠲᠠᠷᠢᠶᠠᠯᠠᠭᠰᠠᠨ ᠲᠠᠯᠠᠪᠠᠢ 9651 ᠮᠦ ᠳᠤ ᠬᠦᠷᠴᠦ᠂ ᠲᠠᠷᠢᠶᠠᠨ ᠭᠠᠵᠠᠷ ᠤᠨ ᠲᠠᠬᠢᠵᠤ ᠲᠠᠷᠢᠭᠰᠠᠨ ᠨᠤᠷᠮ᠎ᠠ 291.7% ᠳᠤ ᠲᠤᠯᠤᠭᠰᠠᠨ ᠪᠠᠶᠢᠨ᠎ᠠ᠃ ᠡᠭᠦᠨ ᠳᠤ ᠠᠮᠤ ᠪᠤᠳᠠᠭᠠᠨ ᠤ ᠲᠠᠷᠢᠮᠠᠯ ᠢ 737ᠮᠦ ᠲᠠᠷᠢᠵᠤ᠂ ᠶᠡᠷᠦᠩᠬᠡᠢ ᠤᠨᠠᠯᠳᠠ ᠨᠢ 29.3 ᠲᠦᠮᠡᠨ ᠺᠢᠯᠦᠺᠷᠠᠮ ᠳᠤ ᠲᠤᠯᠵᠤ᠂ ᠬᠦᠬᠡ ᠨᠤᠭᠤᠭ᠎ᠠ 6508 ᠮᠦ ᠲᠠᠷᠢᠵᠤ᠂ 2356 ᠲᠦᠮᠡᠨ ᠲᠦᠭᠦᠷᠢᠭ ᠤᠨ ᠤᠷᠤᠯᠭ᠎ᠠ ᠡᠭᠦᠳᠦᠭᠰᠡᠨ ᠪᠠᠶᠢᠨ᠎ᠠ᠃ ᠤᠨᠠᠯᠳᠠ ᠶᠢ ᠲᠤᠭᠳᠠᠪᠤᠷᠢᠵᠢᠭᠤᠯᠤᠨ ᠴᠢᠨᠠᠷ ᠴᠢᠨᠰᠠᠭ᠎ᠠ ᠶᠢ ᠲᠡᠭᠡᠭᠰᠢᠯᠡᠭᠦᠯᠬᠦ ᠡᠭᠦᠳᠡᠨ ᠠᠴᠠ ᠨᠠᠪᠴᠢᠨ ᠳᠠᠮᠠᠬᠢ ᠳᠠᠷᠢᠬᠤ ᠶᠢ ᠰᠠᠶᠢᠳᠤᠷ ᠠᠳᠬᠤᠭᠠᠳ ᠥᠩᠭᠡᠷᠡᠭᠰᠡᠨ ᠵᠢᠯ ᠳᠤ 11.9 ᠲᠦᠮᠡᠨ ᠺᠢᠯᠦᠭᠷᠠᠮ ᠨᠠᠪᠴᠢᠨ ᠳᠠᠮᠠᠬᠢ ᠬᠤᠳᠠᠯᠳᠤᠵᠤ᠂ 311 ᠲᠦᠮᠡᠨ ᠲᠦᠭᠦᠷᠢᠭ ᠤᠨ ᠠᠰᠢᠭ ᠤᠷᠤᠯᠭ᠎ᠠ ᠶᠢ ᠡᠭᠦᠳᠴᠠᠢ᠃ ᠲᠦᠭᠦᠭᠡᠷᠦᠮᠵᠢᠳᠦ ᠲᠠᠷᠢᠶᠠᠯᠠᠩ ᠢ ᠦᠷᠬᠦᠯᠵᠢᠯᠡᠨ ᠬᠦᠭᠵᠢᠭᠦᠯᠵᠤ᠂ ᠣᠳᠣ ᠳᠤᠯᠠᠭᠠᠨ ᠬᠦᠯᠡᠮᠵᠢ ᠶᠢᠨ ᠲᠠᠯᠠᠪᠠᠢ 898.21 ᠮᠦ ᠳᠤ ᠲᠤᠯᠵᠤ᠂ ᠠᠮᠳᠠᠳᠤ ᠭᠤᠸᠠ ᠶᠢᠨ ᠲᠠᠯᠠᠪᠠᠢ 1208 ᠮᠦ ᠳᠤ ᠬᠦᠷᠴᠦ᠂ 1954 ᠲᠦᠮᠡᠨ ᠲᠦᠭᠦᠷᠢᠭ ᠤᠨ ᠤᠷᠤᠯᠭ᠎ᠠ ᠡᠭᠦᠳᠴᠦ᠂ 15.3% ᠪᠠᠷ ᠨᠡᠮᠡᠭᠳᠡᠭᠰᠡᠨ ᠪᠠᠶᠢᠨ᠎ᠠ᠃    ᠤᠷᠳᠤ ᠤᠳᠠᠭᠠᠨ ᠲᠡᠤᠬᠡᠨ ᠬᠦᠭᠵᠢᠯᠳᠡ ᠶᠢᠨ ᠶᠠᠪᠤᠴᠠ ᠳᠤ᠂ ᠰᠢᠩ ᠮᠧᠩ ᠤᠨ ᠮᠤᠩᠭᠤᠯᠴᠤᠳ ᠡᠬᠡ ᠠᠴᠠ ᠰᠠᠯᠤᠭᠰᠠᠨ ᠦᠨᠦᠴᠢᠨ ᠬᠡᠤᠬᠡᠳ ᠰᠢᠭ ᠮᠧᠩ ᠤᠨ ᠲᠦᠷᠦ ᠶᠢᠨ ᠬᠠᠷ᠎ᠠ ᠬᠢᠳᠦᠯᠭ᠎ᠠ᠂ ᠬᠠᠷᠢ ᠦᠨᠳᠦᠰᠦᠳᠡᠨ ᠤ ᠬᠠᠷᠬᠢᠰ ᠲᠠᠷᠤᠯᠠᠯ ᠤᠨ ᠲᠤᠤᠷ᠎ᠠ ᠣᠷᠣᠰᠢᠨ ᠲᠤᠭᠳᠠᠨᠢᠵᠤ᠂ ᠬᠦᠭᠵᠢᠨ ᠮᠠᠨᠳᠤᠬᠤ ᠶᠢᠨ ᠲᠦᠯᠦᠭᠡ ᠮᠤᠩᠭᠤᠯ ᠬᠦᠮᠦᠨ ᠤ ᠠᠵᠢᠯᠴᠢ ᠬᠦᠳᠡᠯᠮᠦᠷᠢᠴᠢ ᠪᠦᠭᠡᠳ ᠬᠤᠷᠴᠠ ᠰᠡᠷᠭᠡᠭ ᠡᠷᠳᠡᠮ ᠴᠢᠳᠠᠪᠤᠷᠢ ᠳᠠᠭᠠᠨ ᠲᠦᠰᠢᠭᠯᠡᠨ ᠲᠤᠬᠠᠢ ᠶᠢᠨ ᠭᠠᠵᠠᠷ ᠤᠨ ᠤᠢᠢᠯᠡᠳᠪᠦᠷᠢᠯᠡᠯ ᠤᠨ ᠠᠷᠭ᠎ᠠ ᠮᠠᠶ᠋ᠢᠭ ᠢ ᠠᠯᠢ ᠲᠦᠷᠭᠡᠨ ᠢᠶᠠᠷ ᠰᠤᠷᠴᠤ ᠡᠵᠡᠮᠰᠢᠭᠰᠡᠨ ᠪᠦᠭᠡᠳ ᠭᠡᠷ ᠪᠠᠷᠢᠯᠭ᠎ᠠ ᠶᠢᠨ ᠠᠵᠢᠯ ᠳᠤ ᠣᠯᠠᠨ ᠠᠴᠠ ᠣᠷᠦ᠋ᠢᠯᠠᠨ ᠴᠠᠭᠠᠷᠠᠭᠠᠳ ᠮᠢᠩ ᠴᠢᠩ ᠤᠨ ᠦᠶ᠎ᠡ ᠠᠴᠠ ᠡᠬᠢᠯᠡᠨ ︽ᠪᠠᠷᠢᠯᠭᠠᠴᠢᠨ ᠤ ᠨᠤᠳᠤᠭ︾ ᠬᠡᠮᠡᠨ ᠠᠯᠳᠠᠷᠰᠢᠭᠰᠠᠨ ᠪᠠᠶᠢᠨ᠎ᠠ᠃ ᠡ᠊ᠨᠳᠡᠬᠢ ᠮᠤᠩᠭᠤᠯᠴᠤᠳ ᠵᠢᠯ ᠪᠦᠷᠢ ᠪᠢᠯᠢᠭ ᠤᠨ ᠤᠯᠠᠷᠢᠯ ᠤᠨ ᠲᠦᠷᠪᠡᠨ ᠰᠠᠷ᠎ᠠ ᠶᠢᠨ ᠰᠢᠨ᠎ᠡ ᠶᠢᠨ ᠬᠤᠶᠠᠷ ᠲᠤ ᠤᠯᠠᠮᠵᠢᠯᠠᠯᠳᠤ ᠪᠠᠶᠠᠷ ᠤᠨ ᠡᠳᠤᠷ ︽ᠯᠦ ᠪᠠᠨ ᠪᠠᠶᠠᠷ︾ ᠢ ᠦᠩᠭᠡᠷᠡᠭᠦᠯᠳᠡᠭ᠃ ᠮᠢᠩ ᠤᠨ ᠲᠦᠷᠦ ᠠᠴᠠ ᠨᠠᠰᠢ᠂ ᠮᠤᠩᠭᠤᠯ ᠨᠡᠷᠡᠳᠦ ᠪᠠᠷᠢᠯᠭᠠᠴᠢᠨ ᠣᠯᠠᠨ ᠴᠣᠯᠭᠤᠷᠠᠨ ᠭᠠᠷᠴᠤ᠂ ᠤᠯᠤᠰ ᠤᠨ ᠲᠤᠳᠤᠭᠠᠳᠤ ᠭᠠᠳᠠᠭᠠᠳᠤ ᠳᠤ ᠣᠯᠠᠨ ᠠᠷᠪᠢᠨ ᠨᠡᠷᠡᠳᠦ ᠪᠠᠷᠢᠯᠭ᠎ᠠ ᠶᠢ ᠦᠯᠡᠳᠡᠭᠡᠭᠰᠡᠨ ᠪᠠᠶᠢᠨ᠎ᠠ᠃ ᠲᠦᠩᠬᠠᠢ ᠶᠢᠨ ᠡᠷᠳᠡᠨ ᠤ ᠠᠰᠠᠷ ᠵᠢᠤᠢ ᠺᠦᠢ ᠭᠧ᠂ ᠰᠢᠤ ᠱᠠᠨ ᠠᠭᠤᠯᠠᠨ ᠤ ᠡᠷᠳᠡᠨ ᠤ ᠪᠠᠷᠢᠯᠭ᠎ᠠ ᠨᠤᠭᠤᠳ ᠵᠡᠷᠭᠡ ᠣᠯᠠᠨ ᠨᠡᠷᠡᠳᠦ ᠪᠠᠷᠢᠯᠭ᠎ᠠ ᠪᠤᠢ᠃ ᠣᠳᠣ ᠪᠤᠯᠳᠠᠯ᠎ᠠ ᠪᠠᠷᠢᠯᠭ᠎ᠠ ᠶᠢᠨ ᠤᠢᠢᠯᠡᠰ ᠨᠢ ᠲᠡᠳᠡᠨᠡᠷ ᠤᠨ ᠤᠢᠢᠯᠡᠳᠪᠦᠷᠢᠯᠡᠯ ᠤᠨ ᠭᠤᠤᠯᠯᠠᠬᠤ ᠲᠦᠷᠦᠯ ᠵᠦᠢᠯ ᠪᠤᠯᠤᠭᠰᠠᠭᠠᠷ ᠢᠷᠡᠵᠡᠢ᠃ ᠰᠢᠶᠠᠩ ᠳᠠᠭᠠᠨ ᠪᠠᠶᠢᠭᠤᠯᠣᠭᠰᠠᠨ ᠪᠠᠷᠢᠯᠭ᠎ᠠ ᠶᠢᠨ ᠺᠣᠮᠫᠠᠨᠢ ᠨᠢ 1965 ᠣᠨ ᠳᠤ ᠨᠢᠭᠡᠯᠡ ᠪᠠᠶᠢᠭᠰᠠᠨ ᠠᠴᠠ ᠪᠠᠨ ᠣᠳᠣᠬᠠᠨ ᠳᠤ 8 ᠪᠣᠯᠵᠦ ᠬᠦᠭᠵᠢᠪᠡ᠃ 2013 ᠣᠨ ᠳᠤ᠂ ᠪᠦᠬᠦ ᠰᠢᠶᠠᠩ ᠤᠨ ᠠᠵᠤ ᠠᠬᠤᠢ ᠶᠢᠨ ᠶᠡᠷᠦᠩᠬᠡᠢ ᠣᠷᠣᠯᠭ᠎ᠠ 2.37 ᠳ᠋ᠦ᠋ᠩᠰᠢᠭᠤᠷ ᠲᠦᠭᠦᠷᠢᠭ ᠲᠤ ᠲᠤᠯᠵᠤ᠂ ᠲᠡᠭᠡᠷ᠎ᠡ ᠵᠢᠯ ᠤᠨ ᠬᠢᠨ ᠠᠴᠠ ᠪᠠᠨ 23.4% ᠪᠠᠷ ᠨᠡᠮᠡᠭᠳᠡᠵᠡᠢ᠃ ᠲᠠᠷᠢᠶᠠᠴᠢᠳ ᠤᠨ ᠬᠦᠮᠦᠨ ᠪᠦᠷᠢ ᠶᠢᠨ ᠲᠡᠭᠰᠢᠳᠭᠡᠭᠰᠡᠨ ᠣᠷᠣᠯᠭ᠎ᠠ 7438 ᠲᠦᠭᠦᠷᠢᠭ ᠲᠤ ᠬᠦᠷᠴᠠᠢ᠃     ᠠᠢ︕ ᠬᠦᠯᠦᠭ ᠤᠨ ᠲᠠᠪᠬᠢᠭ᠎ᠠ ᠶᠢᠨ ᠭᠢᠯᠪᠡᠭᠡᠨ ᠰᠣᠷᠪᠣᠯᠵᠢᠯᠠᠭ᠎ᠠ ᠮᠠᠨᠢ ᠢᠡᠭᠭᠢᠵᠦ ᠯᠡ ᠦᠨᠳᠦᠷᠯᠡᠬᠦ ᠪᠣᠯᠣᠯ᠎ᠠ᠃ ᠬᠤᠶᠢᠨ᠎ᠠ ᠠᠴᠠ ᠮᠠᠨᠢ ᠭᠠᠷ ᠡᠷᠭᠦᠵᠦ᠂ ᠬᠠᠷᠠᠬᠤ ᠨᠢᠳᠦᠨ ᠠᠴᠠ ᠪᠠᠨ ᠨᠢᠯᠪᠣᠰᠣ ᠪᠦᠮᠪᠦᠷᠢᠭᠦᠯᠦᠨ ᠮᠣᠷᠳᠠᠭᠤᠯᠤᠭ᠎ᠠ ᠮᠣᠩᠭᠤᠯᠴᠣᠳ ᠲᠠᠭᠠᠨ ᠪᠢ ᠦᠯᠡᠳᠡᠭᠡᠬᠦ ᠶᠠᠭᠤᠮ᠎ᠠ ᠬᠤᠮᠰᠠᠳᠠᠭᠰᠠᠨ ᠳᠠᠭᠠᠨ ᠡᠯᠢᠭᠡ ᠵᠢᠷᠦᠬᠡᠨ ᠤ ᠲᠣᠯᠬᠢᠰᠣᠯᠳᠠ ᠳᠤ ᠮᠠᠨᠢ᠄     ᠵᠠᠭᠤᠨ ᠵᠠᠭᠤᠨ ᠢ ᠦᠡᠭᠭᠡᠷᠡᠭᠡᠭᠰᠡᠨ ᠴᠢᠯᠠᠭᠤᠨ ᠠᠭᠤᠯᠠ         ᠵᠢᠷᠤᠬ ᠤᠨ ᠮᠣᠷᠢᠨ ᠤ ᠲᠡᠯ ᠰᠢᠭ ᠰᠦᠨᠳᠡᠷᠯᠡᠨ ᠰᠦᠨᠳᠡᠷᠯᠡᠭᠰᠡᠭᠡᠷ         ᠵᠣᠷᠢᠬ ᠬᠠᠳᠠᠭᠤ ᠮᠣᠩᠭᠤᠯ ᠴᠡᠷᠢᠭ ᠤᠨ ᠲᠡᠮᠦᠷ ᠲᠣᠭᠤᠷᠠᠢ         ᠲᠡᠭᠷᠢᠯᠢᠭ ᠬᠦᠪᠡᠭᠦᠳ ᠤᠨ ᠲᠡᠦᠬᠡ ᠶᠢᠨ ᠦᠨᠡᠨ ᠢ ᠬᠦᠦᠷᠨᠢᠭᠰᠡᠭᠡᠷ         ᠡᠷᠡᠨ ᠵᠠᠭᠤᠨ ᠢ ᠡᠯᠡᠭᠡᠭᠰᠡᠨ ᠴᠢᠯᠠᠭᠤᠨᠨᠠᠭᠤᠷ         ᠡᠷᠭᠢ ᠲᠦᠭᠦᠷᠡᠩ ᠮᠡᠯᠳᠡᠶᠢᠨ ᠣᠷᠣᠰᠣᠭᠰᠠᠭᠠᠷ         ᠡᠯᠢᠭᠡ ᠵᠢᠷᠦᠬᠡᠨ ᠤ ᠡᠮᠳᠡᠷᠬᠡᠢ ᠶᠦᠨᠨᠠᠨ ᠮᠣᠩᠭᠤᠯᠴᠣᠳ ᠮᠢᠨᠢ         ᠦᠨᠳᠦᠷᠯᠢᠭ ᠤᠨ ᠦᠷᠦᠴᠡᠨ ᠳᠡᠭᠡᠨ ᠣᠷᠳᠣᠳᠠ ᠴᠡᠩᠬᠡᠨ ᠵᠢᠷᠭᠠᠬᠤ ᠪᠣᠯᠣᠭᠠᠰᠠᠢ︕ ᠭᠡᠵᠦ ᠨᠠᠮᠠᠨᠴᠢᠯᠠᠨ ᠲᠠᠭᠠᠳᠬᠠᠵᠦ ᠨᠣᠳᠤᠬ ᠤᠨ ᠵᠠᠮ ᠢᠶᠠᠨ ᠡᠯᠬᠦᠯ᠎ᠡ᠃
 
ᠢᠷᠡᠯᠲᠡ᠄ 《 ᠰᠢᠯᠢ ᠶᠢᠨ ᠭᠤᠤᠯ ᠤᠨ ᠡᠳᠥᠷ ᠤᠨ ᠰᠤᠨᠢᠨ 》
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号