ᠲᠠᠵᠢᠭᠡᠯ ᠡᠪᠠᠰᠤ ᠪᠤᠷᠳᠤᠭ᠎ᠠ ᠬᠠᠳᠤᠵᠤ ᠬᠤᠷᠢᠶᠠᠬᠤ ᠳᠤ ᠠᠩᠬᠠᠷᠬᠤ ᠵᠥᠢᠯ
ᠨᠡᠶᠢᠲᠡᠯᠡᠭᠰᠡᠨ ᠴᠠᠭ᠄
2016-07-18
    ᠡᠪᠠᠰᠤ ᠪᠤᠷᠳᠤᠭ᠎ᠠ ᠶᠢ ᠡᠯᠳᠠᠪ ᠲᠥᠷᠤᠯ ᠤᠨ ᠡᠪᠠᠳᠴᠢᠨ ᠤ ᠪᠠᠺᠲ᠋ᠧᠷᠢ ᠶᠢᠨ ᠬᠠᠯᠳᠠᠪᠤᠷᠢᠯᠠᠯ ᠠᠴᠠ ᠰᠠᠷᠭᠡᠶᠢᠯᠠᠬᠦ ᠶᠢᠨ ᠲᠥᠯᠤᠭᠡ ᠲᠤᠤᠷᠠᠭᠢ ᠠᠷᠭ᠎ᠠ ᠪᠠᠷᠢᠯ ᠢ ᠠᠪᠴᠤ ᠪᠤᠯᠤᠨ᠎ᠠ᠄     ︵1︶ ᠬᠠᠳᠤᠯᠠᠩ ᠤᠨ ᠭᠠᠵᠠᠷ ᠪᠤᠯᠤᠨ ᠡᠪᠠᠰᠤ ᠪᠤᠷᠳᠤᠭ᠎ᠠ ᠬᠤᠷᠢᠶᠠᠵᠤ ᠪᠥᠬᠦᠢ ᠭᠠᠵᠠᠷ ᠲᠤ ᠮᠠᠯ ᠤᠷᠤᠭᠤᠯᠬᠤ ᠥᠭᠡᠢ᠂ ᠬᠤᠭ ᠨᠤᠪᠰᠢ᠂ ᠥᠬᠦᠳᠠᠯ ᠰᠡᠭ ᠬᠠᠶᠠᠬᠤ ᠥᠭᠡᠢ᠂ ᠲᠠᠬᠦᠨ ᠤ ᠤᠶᠢᠷ᠎ᠠ ᠬᠠᠪᠢ ᠪᠠᠷ ᠠᠷᠠᠰᠤ ᠨᠤᠤᠰᠤ ᠵᠠᠷᠭᠡ ᠶᠢ ᠵᠥᠭᠡᠭᠡᠪᠤᠷᠢᠯᠠᠬᠦ ᠥᠭᠡᠢ ᠪᠠᠶᠢᠪᠠᠯ ᠵᠤᠭᠢᠬᠤ ᠪᠥᠭᠡᠳ ᠤᠨᠴᠠᠭᠠᠶᠢᠯᠠᠨ ᠭᠢᠵᠢᠭ ᠲᠠᠯᠭᠡᠷᠡᠭᠰᠠᠨ ᠭᠠᠵᠠᠷ ᠠᠴᠠ ᠵᠥᠭᠡᠭᠡᠪᠤᠷᠢᠯᠠᠬᠦ ᠶᠢ ᠴᠢᠩᠭ᠎ᠠ ᠰᠠᠷᠭᠡᠶᠢᠯᠠᠨ᠎ᠠ᠃     ︵2︶   ᠭᠡᠮ ᠲᠠᠢ ᠮᠠᠯ᠂ ᠤᠨᠴᠠᠭᠠᠶᠢᠯᠠᠨ ᠬᠠᠯᠳᠠᠪᠤᠷᠢᠳᠤ ᠭᠢᠵᠢᠭ ᠲᠠᠢ ᠮᠠᠯ᠂ ᠤᠨᠴᠠᠭᠠᠶᠢᠯᠠᠨ ᠬᠠᠯᠳᠠᠪᠤᠷᠢᠳᠤ ᠭᠢᠵᠢᠭ ᠲᠠᠢ ᠮᠠᠯ ᠢ ᠴᠠᠭ ᠲᠤᠬᠠᠢ ᠳᠤᠨᠢ ᠲᠤᠰᠠᠭᠠᠷᠯᠠᠵᠤ᠂ ᠡᠪᠠᠰᠤ ᠪᠤᠷᠳᠤᠭ᠎ᠠ ᠬᠤᠷᠢᠶᠠᠵᠤ ᠪᠥᠬᠦᠢ ᠭᠠᠵᠠᠷ ᠠᠴᠠ ᠵᠠᠶᠢᠳᠠᠢ ᠪᠠᠶᠢᠯᠭᠠᠨ᠎ᠠ᠃     ᠡᠪᠠᠰᠤ ᠪᠤᠷᠳᠤᠭ᠎ᠠ ᠶᠢ ᠬᠠᠳᠤᠵᠤ ᠬᠤᠷᠢᠶᠠᠨ ᠪᠤᠯᠪᠠᠰᠤᠷᠠᠭᠤᠯᠬᠤ ᠳᠤ ᠠᠯᠬᠤᠮ ᠲᠠᠷᠠᠭ᠎ᠠ ᠲᠠᠢ ᠠᠷᠢᠭᠤᠨ ᠴᠠᠪᠠᠷ ᠪᠠᠶᠢᠯᠭᠠᠬᠤ ᠨᠢ ᠮᠠᠯ ᠤᠨ ᠭᠢᠵᠢᠭ ᠭᠡᠮ ᠢ ᠰᠠᠷᠭᠡᠶᠢᠯᠠᠬᠦ ᠳᠤ ᠴᠢᠬᠤᠯᠨ ᠠᠴᠢ ᠬᠤᠯᠪᠤᠭᠳᠠᠯ ᠲᠠᠢ ᠶᠤᠮ᠃     ᠲᠠᠵᠢᠭᠡᠯ ᠡᠪᠠᠰᠤ ᠶᠢ ᠵᠤᠭᠢᠬᠤ ᠴᠠᠭ ᠲᠤᠨᠢ ᠬᠠᠳᠤᠵᠤ᠂ ᠲᠠᠵᠢᠭᠡᠯ ᠡᠪᠠᠰᠤᠨ ᠤ ᠲᠥᠷᠤᠯ ᠵᠥᠢᠯ ᠢ ᠨᠢ ᠥᠨᠳᠤᠰᠤᠯᠠᠨ ᠠᠯᠢ ᠵᠤᠭᠢᠰᠳᠠᠢ ᠭᠠᠵᠠᠷ ᠨᠢ ᠬᠤᠷᠢᠶᠠᠵᠤ ᠬᠠᠳᠠᠭᠠᠯᠠᠬᠤ ᠮᠠᠰᠢ ᠴᠢᠬᠤᠯᠨ᠃ ᠡᠰᠢ ᠰᠥᠷᠠᠯ᠂ ᠥᠷᠡᠯᠢᠭ ᠲᠠᠵᠢᠭᠡᠯ ᠡᠪᠠᠰᠤ ᠶᠢ ᠬᠠᠭᠤᠷᠠᠢ ᠭᠠᠵᠠᠷ ᠬᠠᠳᠠᠭᠠᠯᠠᠵᠤ᠂ ᠴᠢᠭᠢᠭ ᠨᠤᠶᠢᠳᠠᠨ ᠠᠴᠠ ᠠᠯᠢ ᠪᠤᠯᠬᠤ ᠪᠠᠷ ᠵᠠᠶᠢᠯᠠᠰᠭᠢᠬᠤ ᠭᠡᠷᠡᠭᠳᠠᠢ᠃ ᠱᠥᠬᠦᠰᠤ ᠶᠠᠭᠡᠳᠠᠢ ᠡᠪᠠᠰᠤ ᠶᠢ ᠭᠡᠳᠤᠷᠭᠡᠢ ᠬᠠᠯᠠᠭᠤᠳᠠᠭᠤᠯᠬᠤ ᠥᠭᠡᠢ ᠪᠥᠭᠡᠳ ᠪᠠᠰᠨ ᠬᠥᠯᠳᠠᠭᠡᠬᠦ ᠥᠭᠡᠢ  ᠪᠠᠷ ᠬᠠᠳᠠᠭᠠᠯᠠᠪᠠᠯ ᠰᠠᠶᠢᠨ᠃ ᠶᠠᠷᠤᠩᠭᠡᠢ ᠳᠡᠭᠡᠨ ᠡᠪᠠᠰᠤ ᠶᠢ ᠬᠠᠭᠤᠷᠠᠢ᠂ ᠰᠠᠯᠭᠢ ᠨᠠᠪᠳᠠᠷᠠᠳᠡᠭ ᠭᠠᠵᠠᠷ ᠬᠠᠳᠠᠭᠠᠯᠠᠪᠠᠯ ᠵᠤᠭᠢᠨ᠎ᠠ᠃     ᠥᠷᠡᠯᠢᠭ ᠡᠪᠠᠰᠤ᠂ ᠲᠠᠯᠠᠭᠳᠠᠭᠰᠠᠨ ᠲᠠᠵᠢᠭᠡᠯ ᠢ ᠬᠤᠷᠤᠬᠠᠶᠢᠳᠤᠯ ᠠᠴᠠ ᠰᠠᠷᠭᠡᠶᠢᠯᠠᠬᠦ ᠶᠢᠨ ᠲᠤᠯᠠᠳᠠ ᠲᠤᠭᠳᠠᠮᠠᠯ ᠬᠤᠭᠤᠴᠠᠭ᠎ᠠ ᠲᠠᠢ ᠪᠠᠶᠢᠴᠠᠭᠠᠨ ᠥᠵᠠᠵᠤ᠂ ᠴᠢᠬᠤᠯᠨ ᠲᠠᠢ ᠥᠶ᠎ᠠ ᠳᠤ ᠠᠷᠢᠭᠤᠳᠬᠠᠨ ᠴᠠᠪᠠᠷᠯᠠᠵᠤ ᠴᠢᠭᠢᠭᠳᠡᠬᠦᠯᠬᠦ ᠥᠭᠡᠢ ᠪᠠᠶᠢᠯᠭᠠᠨ᠎ᠠ᠃     ᠥᠨᠳᠤᠰᠦᠯᠢᠭ ᠡᠰᠢ ᠪᠥᠬᠦᠢ ᠲᠠᠵᠢᠭᠡᠯ ᠡᠪᠠᠰᠤ ᠶᠢ ᠡᠷᠭᠡᠪᠰᠢ ᠬᠠᠭᠤᠷᠠᠢ ᠭᠠᠵᠠᠷ ᠬᠠᠳᠠᠭᠠᠯᠠᠵᠤ᠂ ᠢᠯᠵᠠᠷᠠᠵᠤ ᠡᠪᠳᠠᠷᠡᠭᠰᠠᠨ ᠪᠠᠶᠢᠪᠠᠯ ᠴᠠᠭ ᠲᠤᠬᠠᠢ ᠳᠤᠨᠢ ᠠᠷᠢᠯᠭᠠᠨ ᠴᠠᠪᠠᠷᠯᠠᠪᠠᠯ ᠵᠤᠭᠢᠨ᠎ᠠ᠃ ᠡᠪᠠᠰᠤ ᠪᠤᠷᠳᠤᠭᠠᠨ ᠤ ᠰᠢᠮ᠎ᠠ ᠲᠠᠵᠢᠭᠡᠯ  ᠢ ᠬᠠᠳᠠᠭᠠᠯᠠᠵᠤ᠂ ᠠᠮᠳᠠ ᠶᠢ ᠰᠠᠶᠢᠵᠢᠷᠠᠭᠤᠯᠤᠨ᠂ ᠮᠠᠯ ᠳᠤ ᠰᠢᠩᠭᠡᠭᠡᠭᠳᠠᠬᠦ ᠴᠢᠨᠠᠷ ᠢ ᠲᠠᠭᠡᠭᠰᠢᠯᠠᠬᠦᠯᠬᠦ ᠶᠢᠨ ᠲᠥᠯᠤᠭᠡ ᠮᠠᠯ ᠢᠶᠠᠨ ᠲᠠᠵᠢᠭᠡᠬᠦ ᠶᠢᠨ ᠤᠷᠢᠳ ᠲᠤᠭᠤᠰᠤ ᠰᠢᠷᠤᠢ᠂ ᠢᠯᠵᠠᠷᠠᠵᠤ ᠡᠪᠳᠠᠷᠡᠭᠰᠠᠨ ᠡᠪᠠᠰᠤ ᠶᠢ ᠨᠢ ᠠᠷᠢᠯᠭᠠᠨ ᠴᠠᠪᠠᠷᠯᠠᠵᠤ᠂ ᠴᠢᠬᠤᠯᠨ ᠲᠠᠢ ᠥᠶ᠎ᠠ ᠳᠤ ᠰᠠᠯᠭᠢᠨ ᠳᠤ ᠬᠠᠳᠠᠭᠠᠨ ᠴᠢᠭᠢᠭ ᠢ ᠨᠢ ᠭᠠᠷᠭᠠᠨ᠎ᠠ᠃ ᠭᠡᠬᠦ ᠳᠡᠭᠡᠨ ᠪᠥᠳᠤᠬᠦᠯᠢᠭ ᠲᠠᠵᠢᠭᠡᠯ ᠢ ᠭᠡᠷᠴᠢᠭᠰᠡᠨ ᠤ ᠰᠠᠬᠦᠯᠠᠷ ᠮᠠᠯ ᠢᠶᠠᠨ ᠲᠠᠵᠢᠭᠡᠵᠤ᠂ ᠥᠨᠳᠤᠰᠦᠯᠢᠭ ᠡᠰᠢᠳᠤ ᠲᠠᠵᠢᠭᠡᠯ ᠢ ᠤᠷᠢᠳᠠᠪᠠᠷ ᠭᠡᠷᠴᠢᠵᠤ ᠵᠢᠵᠢᠭᠯᠡᠭᠡᠳ ᠲᠠᠷᠠᠭ᠎ᠠ ᠨᠢ ᠵᠢᠩᠨᠠᠬᠦ ᠪᠤᠶᠤ ᠴᠢᠨᠠᠵᠤ ᠲᠠᠵᠢᠭᠡᠨ᠎ᠠ᠃     ᠡᠪᠠᠰᠤᠨ ᠤ ᠰᠢᠮ᠎ᠠ ᠶᠢ ᠪᠠᠳᠤᠯᠠᠵᠤ᠂   ᠰᠤᠷᠭᠤᠭ ᠴᠢᠨᠠᠷ ᠢ ᠬᠠᠳᠠᠭᠠᠯᠠᠬᠤ ᠶᠢᠨ ᠲᠥᠯᠤᠭᠡ ᠡᠭᠢᠯᠠᠨ ᠴᠠᠴᠡᠭᠯᠠᠵᠤ ᠪᠥᠬᠦᠢ ᠥᠶ᠎ᠠ ᠳᠤᠨᠢ ᠬᠠᠳᠤᠵᠤ᠂ ᠭᠡᠳᠤᠷᠭᠡᠢ ᠤᠷᠤᠶᠢᠳᠠᠭᠤᠯᠵᠤ ᠥᠷ᠎ᠠ ᠨᠠᠪᠴᠢ ᠨᠢ ᠤᠨᠠᠵᠤ ᠰᠢᠮ᠎ᠠ ᠲᠠᠵᠢᠭᠡᠯ ᠢᠶᠠᠨ ᠠᠯᠳᠠᠬᠤ ᠠᠴᠠ ᠰᠠᠷᠭᠡᠶᠢᠯᠠᠨ᠎ᠠ᠃ ᠡᠪᠠᠰᠤ ᠪᠠᠨ ᠬᠠᠳᠤᠭᠰᠠᠨ ᠤ ᠲᠠᠷᠠᠭ᠎ᠠ ᠢᠯᠵᠠᠷᠠᠵᠤ ᠰᠤᠶᠢᠳᠤᠭᠡᠳ ᠮᠠᠯ ᠳᠤ ᠡᠯᠳᠠᠪ ᠵᠥᠢᠯ ᠤᠨ ᠭᠢᠵᠢᠭ ᠭᠡᠮ ᠬᠠᠯᠳᠠᠭᠠᠬᠤ ᠪᠠ ᠠᠵᠤ ᠠᠬᠤᠢ ᠶᠢᠨ ᠬᠤᠭᠢᠷᠠᠯ ᠰᠤᠶᠢᠳᠤᠯ ᠤᠴᠠᠷᠠᠭᠤᠯᠬᠤ ᠠᠴᠠ ᠪᠤᠯᠭᠤᠮᠵᠢᠯᠠᠨ ᠴᠠᠴᠡᠭ ᠨᠠᠪᠴᠢ ᠲᠠᠢ ᠨᠢ ᠬᠠᠭᠤᠷᠠᠢ ᠪᠠᠷ ᠨᠢ ᠭᠡᠷᠠᠯ ᠰᠠᠯᠭᠢ ᠨᠠᠪᠳᠠᠷᠠᠬᠦ ᠭᠠᠵᠠᠷ ᠬᠤᠷᠢᠶᠠᠬᠤ ᠶᠢ ᠠᠩᠬᠠᠷᠬᠤ ᠴᠢᠬᠤᠯᠠᠳᠠᠢ᠃     ᠬᠠᠳᠤᠭᠰᠠᠨ ᠡᠪᠠᠰᠤ ᠪᠠᠨ ᠤᠷᠤᠭᠤᠯᠬᠤ ᠠᠴᠠ ᠪᠠᠨ ᠡᠮᠤᠨ᠎ᠠ ᠲᠤᠩᠭᠠᠯᠠᠭ ᠡᠳᠤᠷ  ᠢ ᠰᠤᠩᠭᠤᠨ ᠬᠠᠭᠠᠰ ᠡᠳᠤᠷ ᠭᠢᠷᠢᠳᠠᠢ ᠬᠠᠳᠠᠭᠠᠭᠠᠳ ᠲᠠᠭᠢᠨ ᠵᠢᠵᠢᠭᠯᠡᠨ ᠤᠪᠤᠭᠠᠯᠠᠵᠤ ᠲᠠᠯᠪᠢᠨ᠎ᠠ᠃ ᠴᠢᠬᠤᠯᠨ ᠲᠠᠢ ᠥᠶ᠎ᠠ ᠳᠤ ᠲᠠᠭᠢᠨ ᠨᠢᠭᠡ ᠤᠳᠠᠭ᠎ᠠ ᠲᠠᠯᠭᠡᠨ ᠬᠠᠳᠠᠭᠠᠵᠤ ᠤᠷᠤᠭᠤᠯᠤᠨ᠎ᠠ᠃ ᠡᠪᠠᠰᠤ ᠪᠠᠨ ᠤᠷᠤᠭᠤᠯᠬᠤ ᠳᠠᠭᠠᠨ ᠬᠠᠭᠤᠷᠠᠢ ᠥᠨᠳᠤᠷᠭᠡᠭ ᠭᠠᠵᠠᠷ ᠪᠥᠳᠤᠬᠦᠨ ᠤᠪᠤᠭ᠎ᠠ ᠪᠠᠷ ᠬᠤᠷᠢᠶᠠᠬᠤ ᠪᠤᠶᠤ ᠨᠢᠷᠤᠭᠤᠯᠳᠤᠵᠤ ᠬᠤᠷᠢᠶᠠᠨ᠎ᠠ᠃
 
ᠢᠷᠡᠯᠲᠡ᠄ ︽ᠰᠢᠨ᠎ᠠ ᠮᠠᠯᠴᠢᠳ ᠤᠨ ᠰᠤᠨᠢᠨ︾ ᠠᠴᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃   ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ : 010098    蒙ICP备05000248号