ᠥᠭᠡᠷ ᠤᠨ ᠭᠡᠯᠨ ᠢᠯᠵᠢᠷᠠᠬᠦ ᠡᠪᠠᠳᠴᠢᠨ ᠢ ᠰᠠᠷᠭᠡᠶᠢᠯᠠᠨ ᠵᠠᠰᠠᠬᠤ
ᠨᠡᠶᠢᠲᠡᠯᠡᠭᠰᠡᠨ ᠴᠠᠭ᠄
2016-07-18
   ᠥᠭᠡᠷ ᠤᠨ ᠭᠡᠯᠨ ᠢᠯᠵᠢᠷᠠᠬᠦ ᠡᠪᠠᠳᠴᠢᠨ ᠪᠤᠯ ᠭᠡᠪᠢᠭᠴᠢ ᠠᠮᠢᠳᠠᠨ ᠳᠤ ᠲᠤᠰᠳᠠᠭ ᠸᠢᠷᠥ᠋ᠰᠳᠤ ᠬᠠᠯᠳᠠᠪᠤᠷᠢᠳᠤ ᠡᠪᠠᠳᠴᠢᠨ ᠪᠤᠯᠤᠨ᠎ᠠ᠃ ᠭᠤᠤᠯᠳᠠᠭᠤ ᠬᠠᠯᠠᠭᠤᠷᠠᠵᠤ᠂ ᠠᠮᠠᠨ ᠬᠥᠨᠳᠠᠢ ᠶᠢᠨ ᠰᠠᠯᠢᠰᠤᠳᠤ ᠪᠥᠷᠬᠦᠪᠴᠢ ᠳᠤ ᠰᠢᠷᠬᠠᠯᠠᠭ᠎ᠠ ᠶᠢᠨ ᠴᠢᠨᠠᠷᠳᠠᠢ ᠥᠷᠪᠢᠰᠤᠯ ᠡᠬᠦᠰᠴᠤ᠂ ᠭᠡᠭᠡᠯ ᠬᠠᠶᠠᠬᠤ ᠪᠤᠶᠤ ᠵᠠᠷᠠᠮᠳᠡᠭ ᠲᠤᠭᠤᠯ ᠭᠠᠷᠳᠠᠭ᠃  ① ᠡᠪᠠᠳᠴᠢᠨ ᠤ ᠰᠢᠯᠳᠠᠭᠠᠨ ᠪᠠ ᠬᠠᠯᠳᠠᠪᠤᠷᠢᠯᠠᠬᠤ ᠨᠥᠬᠦᠴᠠᠯ ᠰᠢᠯᠳᠠᠭᠠᠨ  ᠲᠤᠰ ᠡᠪᠠᠳᠴᠢᠨ ᠤ ᠸᠢᠷᠦ᠋ᠰ ᠪᠤᠯ ᠠᠮᠢᠰᠬᠤᠯ ᠤᠨ ᠵᠠᠮ᠂ ᠭᠡᠳᠠᠰᠤᠨ ᠤ ᠴᠠᠭᠠᠷᠢᠭ ᠭᠡᠯᠪᠠᠷᠢᠳᠤ ᠸᠢᠷᠦ᠋ᠰ ᠤᠨ ᠲᠥᠷᠤᠯ ᠳᠤ ᠬᠠᠷᠢᠶᠠᠯᠠᠭᠳᠠᠨ᠎ᠠ᠂ ᠸᠢᠷᠦ᠋ᠰ ᠨᠢ ᠴᠢᠰᠤ ᠪᠤᠯᠤᠨ ᠲᠤᠳᠤᠷ ᠡᠷᠭᠡᠳᠠᠨ ᠳᠤ ᠤᠷᠤᠰᠢᠳᠠᠭ᠃ ᠲᠤᠰ ᠸᠢᠷᠦ᠋ᠰ ᠡᠷᠠᠬᠦᠯᠵᠢᠭᠰᠡᠨ ᠥᠭᠡᠷ ᠤᠨ ᠪᠠᠶ᠎ᠠ ᠶᠢᠨ ᠲᠤᠳᠤᠭᠠᠳᠤ ᠳᠤ 4 ᠰᠠᠷ᠎ᠠ ᠠᠮᠢᠳᠤᠷᠠᠴᠢᠬᠠᠳᠠᠭ ᠪᠥᠭᠡᠳ ᠲᠤᠯᠠᠭᠠᠨ ᠬᠠᠭᠤᠷᠠᠢ ᠳᠤ ᠲᠠᠰᠪᠤᠷᠢᠳᠠᠢ᠃ ᠭᠡᠪᠠᠴᠤ ᠱᠥᠯᠳᠤ ᠶᠢ ᠡᠰᠠᠷᠬᠦᠴᠠᠬᠦ ᠴᠢᠳᠠᠪᠤᠷᠢ ᠪᠠᠷ ᠨᠠᠯᠢᠶᠠᠳ ᠲᠤᠷᠤᠢ᠂ ᠱᠥᠯᠳᠤ  ᠶᠢᠨ ᠭᠡᠮᠵᠢᠶ᠎ᠠ ᠨᠢ 6.5 ᠠᠴᠠ ᠲᠤᠷᠤᠭᠰᠢ ᠥᠶ᠎ᠠ ᠳᠤ ᠠᠮᠢᠵᠢᠷᠠᠯ ᠤᠨ ᠴᠢᠳᠠᠪᠤᠷᠢ ᠨᠢ ᠪᠠᠭᠤᠷᠠᠨ᠎ᠠ᠃  ② ᠡᠪᠠᠳᠴᠢᠨ ᠤ ᠰᠢᠨᠵᠢ ᠲᠠᠮᠳᠡᠭ  ᠲᠤᠰ ᠡᠪᠠᠳᠴᠢᠨ ᠤ ᠲᠠᠯᠳᠠ ᠥᠶ᠎ᠠ ᠨᠢ 3~8 ᠬᠤᠨᠤᠭ᠂ ᠡᠭᠢᠯᠠᠭᠡᠳ ᠬᠠᠯᠠᠭᠤᠷᠠᠳᠠᠭ ᠪᠤᠯᠪᠠᠴᠤ 41 ᠭᠷᠠᠳᠦ᠋ᠰ  ᠠᠴᠠ ᠲᠠᠪᠠᠳᠠᠭ ᠥᠭᠡᠢ᠃ ᠠᠮᠢᠰᠬᠤᠯ ᠨᠢ ᠵᠢᠭᠠᠬᠠᠨ ᠤᠭᠵᠤᠮ ᠪᠤᠯᠵᠤ ᠬᠥᠡᠭᠭᠡᠨ ᠬᠠᠨᠢᠶᠠᠯᠭᠠᠨ᠂ ᠵᠠᠪᠠᠵᠢᠨ ᠤ ᠰᠠᠯᠢᠰᠤᠳᠤ ᠪᠥᠷᠬᠦᠪᠴᠢ ᠪᠤᠯᠤᠨ ᠭᠡᠯᠨ ᠨᠢ ᠬᠠᠪᠤᠳᠴᠤ ᠪᠤᠷᠤᠯᠠᠳᠠᠭ᠃ ᠲᠤᠰ ᠡᠪᠠᠳᠴᠢᠨ ᠭᠢᠯᠪᠠᠷᠬᠠᠨ ᠰᠢᠷᠬᠠᠯᠠᠭ᠎ᠠ ᠡᠬᠦᠰᠭᠡᠳᠡᠭ ᠪᠤᠯᠬᠤᠷ ᠰᠢᠯᠤᠰᠤ ᠰᠠᠪᠢᠷᠠᠭᠤᠯᠳᠠᠭ᠃  ᠭᠡᠭᠡᠯ ᠲᠠᠢ ᠥᠨᠢᠶ᠎ᠠ ᠠᠮᠠᠷᠬᠠᠨ ᠭᠡᠭᠡᠯ ᠬᠠᠶᠠᠨ᠎ᠠ᠃  ③ ᠤᠨᠤᠰᠢᠯᠠᠬᠤ ᠪᠠ ᠰᠠᠷᠭᠡᠶᠢᠯᠠᠨ ᠵᠠᠰᠠᠬᠤ ᠠᠷᠭ᠎ᠠ  ᠲᠤᠰ ᠡᠪᠠᠳᠴᠢᠨ ᠢ ᠡᠮᠴᠢᠯᠡᠭᠡ ᠶᠢᠨ ᠢᠯᠠᠷᠠᠯ ᠢᠶᠠᠷ ᠨᠢ ᠠᠩᠬ᠎ᠠ ᠠᠯᠬᠤᠮ ᠤᠨᠤᠰᠢᠯᠠᠵᠤ᠂ ᠯᠠᠪᠤᠷᠠᠲ᠋ᠤᠷᠢ ᠶᠢᠨ ᠪᠠᠶᠢᠴᠠᠭᠠᠯᠳᠠ ᠪᠠᠷ ᠰᠠᠶ᠋ᠢ ᠵᠢᠩᠭᠢᠨᠢ ᠲᠤᠳᠤᠯᠠᠳᠠᠭ᠃ᠤᠳᠤᠬᠠᠨ ᠳᠤ ᠲᠤᠰ ᠡᠪᠠᠳᠴᠢᠨ ᠢ ᠰᠠᠷᠭᠡᠶᠢᠯᠠᠨ ᠵᠠᠰᠠᠬᠤ ᠤᠨᠴᠠᠭᠠᠢ ᠠᠷᠭ᠎ᠠ ᠥᠭᠡᠢ ᠪᠠᠶᠢᠭᠰᠠᠭᠠᠷ᠃ ᠭᠤᠤᠯ ᠨᠢ ᠢᠯᠠᠭ᠎ᠠ ᠪᠠᠳᠠᠭᠠᠨ᠎ᠠ ᠶᠢ ᠤᠰᠠᠳᠬᠠᠵᠤ᠂ ᠫᠸᠡᠭ ᠬᠤᠷᠤᠭ᠎ᠠ ᠶᠢᠨ ᠠᠷᠢᠭᠤᠨ ᠴᠠᠪᠠᠷ ᠢ ᠪᠠᠳᠤᠯᠠᠬᠤ ᠨᠢ ᠵᠤᠭᠢᠬᠤ ᠭᠡᠮᠵᠢᠶᠠᠨ ᠤ ᠤᠷᠢᠳᠴᠢᠯᠠᠨ ᠰᠠᠷᠭᠡᠶᠢᠯᠠᠬᠦ ᠥᠢᠯᠠᠳᠤᠯ ᠲᠠᠢ᠃
 
ᠢᠷᠡᠯᠲᠡ᠄ ︽ᠰᠢᠨ᠎ᠠ ᠮᠠᠯᠴᠢᠳ  ᠤᠨ ᠰᠤᠨᠢᠨ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号