ᠡᠪᠤᠯ ᠤᠨ ᠤᠯᠠᠷᠢᠯ ᠳᠤ ᠬᠤᠨᠢ ᠠᠷᠠᠴᠢᠯᠠᠨ ᠮᠠᠯᠵᠢᠬᠤ ᠲᠠᠪᠤᠨ ᠠᠷᠭ᠎ᠠ
ᠨᠡᠶᠢᠲᠡᠯᠡᠭᠰᠡᠨ ᠴᠠᠭ᠄
2016-07-18
    ᠲᠤᠯᠠᠭᠠᠨ ᠢ ᠪᠠᠳᠤᠯᠠᠬᠤ᠄ ᠬᠤᠨᠢ ᠬᠥᠢᠳᠠᠨ ᠳᠤ ᠲᠠᠰᠪᠤᠷᠢᠯᠠᠬᠦ ᠴᠢᠨᠠᠷ ᠢᠶᠠᠷ ᠨᠠᠯᠢᠶᠠᠳ ᠴᠢᠭᠭ᠎ᠠ ᠪᠠᠶᠢᠳᠠᠭ᠂ ᠭᠡᠪᠠᠴᠤ ᠡᠪᠤᠯ ᠤᠨ ᠤᠯᠠᠷᠢᠯ ᠳᠤ ᠬᠤᠨᠢᠨ ᠤ ᠬᠠᠰᠢᠶᠠᠨ ᠤ ᠲᠤᠯᠠᠭᠠᠨ ᠤ ᠭᠡᠮᠵᠢᠶ᠎ᠠ ᠶᠢ 0 ᠭᠷᠠᠳᠦ᠋ᠰ ᠠᠴᠠ ᠲᠤᠷᠤᠭᠰᠢ ᠪᠠᠶᠢᠯᠭᠠᠵᠤ ᠪᠤᠯᠬᠤ ᠥᠭᠡᠢ᠂ ᠬᠤᠷᠠᠭᠠᠨ ᠤ ᠬᠠᠰᠢᠶᠠᠨ ᠤ ᠲᠤᠯᠠᠭᠠᠨ ᠤ ᠭᠡᠮᠵᠢᠶ᠎ᠠ ᠶᠢ 8 ᠭᠷᠠᠳᠦ᠋ᠰ ᠠᠴᠠ ᠲᠤᠷᠤᠭᠰᠢ ᠪᠠᠶᠢᠯᠭᠠᠵᠤ ᠪᠤᠯᠬᠤ ᠥᠭᠡᠢ᠂ ᠲᠥᠯᠯᠠᠬᠦ ᠮᠠᠯ ᠤᠨ ᠬᠤᠷᠤᠭᠠᠨ ᠤ ᠲᠤᠯᠠᠭᠠᠨ ᠤ ᠭᠡᠮᠵᠢᠶ᠎ᠠ ᠶᠢ 10~18 ᠭᠷᠠᠳᠦ᠋ᠰ ᠪᠠᠶᠢᠯᠭᠠᠪᠠᠯ ᠵᠤᠭᠢᠨ᠎ᠠ᠃ ᠤᠳᠤᠷ ᠲᠠᠬᠢ ᠬᠤᠨᠢᠨ ᠤ ᠬᠤᠷᠤᠭ᠎ᠠ ᠶᠢᠨ ᠰᠠᠯᠭᠢᠨ ᠲᠠᠭᠡᠳᠤ ᠲᠠᠯ᠎ᠠ ᠪᠠᠷ ᠡᠷᠳᠠᠨᠢ ᠰᠢᠰᠢ  ᠶᠢᠨ ᠰᠥᠷᠠᠯ ᠪᠤᠶᠤ ᠡᠪᠠᠰᠤ ᠤᠪᠤᠭᠠᠯᠠᠵᠤ ᠰᠠᠯᠭᠢᠨ ᠤ ᠬᠠᠯᠬᠠᠪᠴᠢ ᠪᠤᠯᠭᠠᠨ᠎ᠠ᠃ ᠪᠢᠳᠠᠬᠦᠤ ᠫᠧᠩ ᠤᠨ ᠡᠬᠦᠳᠠ ᠴᠤᠩᠬᠤᠨ ᠳᠤ ᠡᠪᠠᠰᠤᠨ ᠪᠥᠷᠬᠦᠬᠦᠯ ᠭᠢᠵᠤ ᠲᠠᠯᠪᠢᠨ᠎ᠠ᠃ ᠰᠠᠷᠠᠪᠴᠢᠨ ᠫᠧᠩ ᠤᠨ ᠰᠠᠷᠠᠪᠴᠢ ᠶᠢ ᠨᠢ ᠤᠷᠳᠤᠳᠬᠠᠵᠤ᠂ ᠵᠢᠶᠠᠰᠨ ᠪᠤᠰᠬᠠᠨ ᠰᠥᠯᠢᠶᠤᠤ ᠲᠤᠯᠠᠭᠠᠨ ᠫᠧᠩ ᠪᠤᠯᠭᠠᠵᠤ᠂ ᠤᠷᠤᠢ ᠶᠢ ᠨᠢ ᠡᠪᠠᠰᠤ ᠪᠠᠷ ᠬᠤᠴᠢᠵᠤ ᠲᠤᠯᠠᠭᠠᠯᠠᠭ᠎ᠠ  ᠶᠢ ᠪᠠᠳᠤᠯᠠᠨ᠎ᠠ᠃    ᠮᠠᠨᠳᠤ ᠰᠥᠷᠥᠭ ᠢ ᠪᠠᠳᠤᠯᠠᠬᠤ᠄ ᠡᠪᠤᠯ ᠤᠨ ᠤᠯᠠᠷᠢᠯ ᠳᠤ ᠪᠠᠯᠴᠢᠭᠡᠷᠯᠠᠬᠦᠯᠬᠦ ᠨᠢ ᠲᠤᠭᠢᠷᠠᠮᠵᠢᠳᠠᠢ ᠪᠠᠯᠴᠢᠭᠡᠷ ᠡᠪᠠᠰᠤᠨ ᠳᠤ ᠢᠳᠠᠰᠢᠯᠠᠵᠤ ᠴᠢᠳᠠᠬᠤ ᠪᠠᠷ ᠪᠠᠷᠠᠬᠤ ᠥᠭᠡᠢ᠂ ᠪᠠᠰᠨ ᠰᠢᠨ᠎ᠠ ᠰᠤᠷᠭᠤᠭ ᠠᠭᠤᠷ ᠠᠮᠢᠰᠬᠤᠯ ᠢ ᠠᠮᠢᠰᠬᠤᠯᠯᠠᠵᠤ᠂ ᠬᠥᠢᠳᠠᠨ ᠢ ᠲᠠᠰᠪᠤᠷᠢᠯᠠᠬᠦ ᠴᠢᠨᠠᠷ᠂ ᠡᠪᠠᠳᠴᠢᠨ ᠭᠢᠵᠢᠭ ᠰᠠᠷᠭᠡᠶᠢᠯᠠᠬᠦ ᠴᠢᠳᠠᠪᠤᠷᠢ ᠶᠢ ᠪᠥᠷᠢᠳᠤᠬᠦᠯᠬᠦ  ᠳᠤ ᠠᠰᠢᠭᠳᠠᠢ ᠪᠠᠶᠢᠵᠤ᠂ ᠮᠠᠯ ᠤᠨ ᠲᠠᠷᠭᠤ ᠬᠥᠴᠤ ᠶᠢ ᠪᠠᠳᠤᠯᠠᠬᠤ ᠴᠢᠬᠤᠯᠨ ᠠᠷᠭ᠎ᠠ ᠪᠠᠷᠢᠯ ᠪᠤᠯᠤᠨ᠎ᠠ᠃ ᠪᠠᠯᠴᠢᠭᠡᠷᠯᠠᠬᠦᠯᠬᠦ ᠳᠡᠭᠡᠨ ᠨᠠᠷᠠᠨ ᠵᠥᠭ ᠲᠠᠬᠢ ᠤᠰᠤ ᠰᠠᠶᠢᠳᠠᠢ ᠨᠠᠷᠠᠨ ᠲᠠᠯ᠎ᠠ ᠶᠢᠨ ᠬᠥᠳᠤᠯ᠂ ᠬᠤᠳᠤᠭᠤᠷ ᠭᠠᠵᠠᠷ ᠢ ᠰᠤᠩᠭᠤᠨ᠎ᠠ᠃ ᠥᠳᠠ ᠶᠢᠨ ᠥᠶ᠎ᠠ ᠪᠤᠯ ᠪᠠᠯᠴᠢᠭᠡᠷᠯᠠᠬᠦᠯᠬᠦ ᠳᠤ ᠬᠠᠮᠤᠭ ᠠᠰᠢᠭᠳᠠᠢ ᠴᠠᠭ ᠪᠠᠶᠢᠵᠤ᠂ ᠪᠤᠯᠬᠤ ᠶᠢᠨ ᠲᠤᠳᠤᠷ᠎ᠠ ᠰᠢᠮ᠎ᠠ ᠰᠠᠶᠢᠳᠠᠢ ᠪᠠᠯᠴᠢᠭᠡᠷ ᠢ ᠰᠤᠩᠭᠤᠨ ᠪᠠᠯᠴᠢᠭᠡᠷᠯᠠᠬᠦᠯᠤᠨ᠎ᠠ᠃ ᠪᠠᠭᠤᠷᠠᠢ ᠮᠠᠯ ᠢ ᠤᠨᠴᠠᠭᠠᠢ ᠠᠷᠭ᠎ᠠ ᠪᠠᠷ ᠠᠷᠠᠴᠢᠯᠠᠨ ᠰᠢᠬᠦᠰᠦᠯᠢᠭ ᠲᠠᠵᠢᠭᠡᠯ᠂ ᠨᠠᠷᠢᠯᠢᠭ ᠲᠠᠵᠢᠭᠡᠯ ᠤᠨ ᠭᠡᠮᠵᠢᠶ᠎ᠠ ᠶᠢ ᠨᠠᠮᠡᠭᠳᠠᠬᠦᠯᠤᠨ᠎ᠠ᠃    ᠲᠠᠷᠭᠤ ᠬᠥᠴᠤ ᠶᠢ ᠪᠠᠳᠤᠯᠠᠬᠤ᠄ ᠬᠠᠭᠤᠷᠠᠢ ᠬᠥᠭᠡ ᠡᠪᠠᠰᠤ ᠭᠢᠭᠡᠳ ᠲᠠᠷᠢᠮᠠᠯ ᠤᠨ ᠡᠰᠢ ᠰᠥᠷᠠᠯ ᠤᠨ ᠲᠠᠵᠢᠭᠡᠯ ᠥᠭᠴᠤ᠂ ᠪᠤᠷᠴᠠᠭ ᠤᠨ ᠭᠡᠮᠭᠡᠷᠭᠡᠢ᠂ ᠡᠷᠳᠠᠨᠢ ᠰᠢᠰᠢ᠂ ᠠᠭᠠᠭ ᠵᠠᠷᠭᠡ ᠨᠠᠷᠢᠯᠢᠭ ᠲᠠᠵᠢᠭᠡᠯ ᠢ ᠴᠠᠭ ᠲᠤᠬᠠᠢ‌‍ᠳᠤᠨᠢ ᠨᠥᠬᠦᠪᠤᠷᠢᠯᠠᠵᠤ᠂ ᠡᠳᠤᠷ ᠪᠥᠷᠢ ᠨᠢᠭᠡ ᠬᠤᠨᠢ ᠳᠤ 200~250 ᠭᠷᠠᠮ ᠨᠠᠷᠢᠯᠢᠭ ᠲᠠᠵᠢᠭᠡᠯ ᠥᠭᠬᠦ ᠶᠢ ᠪᠠᠳᠤᠯᠠᠵᠤ᠂ ᠨᠥᠬᠦᠴᠠᠯ ᠲᠠᠢ ᠪᠤᠯ ᠪᠠᠭ᠎ᠠ ᠲᠠᠪᠤᠰᠤ ᠲᠠᠢ 18 ᠭᠷᠠᠳᠦ᠋ᠰ ᠤᠷᠴᠢᠮ ᠤᠨ ᠤᠰᠤ ᠪᠠᠷ ᠤᠰᠤᠯᠠᠪᠠᠯ ᠰᠠᠶᠢᠨ᠃ ᠭᠡᠭᠡᠯ  ᠲᠠᠢ ᠮᠠᠯ ᠤᠨ ᠡᠳᠤᠷ ᠤᠨ ᠲᠠᠵᠢᠭᠡᠯ ᠡᠪᠠᠰᠤ ᠪᠤᠷᠳᠤᠭᠠᠨ ᠳᠤ 50% ᠶᠢᠨ ᠴᠠᠷᠭᠠᠰᠤ᠂ 30% ᠶᠢᠨ ᠬᠠᠭᠤᠷᠠᠢ ᠡᠪᠠᠰᠤ᠂ 15% ᠶᠢᠨ ᠨᠤᠭᠤᠭᠠᠨ ᠢᠶᠠᠷ ᠲᠠᠷᠤᠰᠢᠭᠤᠯᠤᠭᠰᠠᠨ ᠡᠷᠳᠠᠨᠢ ᠰᠢᠰᠢ᠂ 5% ᠶᠢᠨ ᠨᠠᠷᠢᠯᠢᠭ ᠲᠠᠵᠢᠭᠡᠯ ᠪᠤᠷᠳᠤᠭ᠎ᠠ ᠪᠠᠯᠠᠳᠭᠡᠪᠠᠯ ᠰᠠᠶᠢᠨ᠃ ᠲᠥᠯᠯᠡᠭᠰᠠᠨ ᠤ ᠲᠠᠷᠠᠭ᠎ᠠ ᠡᠳᠤᠷ ᠤᠨ ᠲᠠᠵᠢᠭᠡᠯ ᠤᠨ ᠪᠥᠷᠢᠯᠳᠤᠬᠦᠨ ᠳᠤ 1~1.5 ᠺᠢᠯᠥᠭᠷᠠᠮ ᠬᠠᠭᠤᠷᠠᠢ ᠡᠪᠠᠰᠤ᠂ 1.5 ᠺᠢᠯᠥᠭᠷᠠᠮ ᠨᠤᠭᠤᠭᠠᠨ ᠢᠶᠠᠷ ᠲᠠᠷᠤᠰᠢᠭᠤᠯᠤᠭᠰᠠᠨ ᠲᠠᠵᠢᠭᠡᠯ ᠪᠤᠷᠳᠤᠭ᠎ᠠ᠂ 0.45 ᠺᠢᠯᠥᠭᠷᠠᠮ ᠨᠠᠷᠢᠯᠢᠭ ᠪᠤᠷᠳᠤᠭ᠎ᠠ ᠪᠠᠶᠢᠯᠭᠠᠪᠠᠯ ᠰᠠᠶᠢᠨ᠃    ᠭᠡᠭᠡᠯ ᠢ ᠪᠠᠳᠤᠯᠠᠬᠤ  ᠄  ᠡᠭᠡ ᠮᠠᠯ ᠭᠢᠭᠡᠳ ᠬᠤᠴᠨ ᠶᠢ ᠰᠠᠯᠭᠠᠨ᠎ᠠ᠃ ᠭᠡᠭᠡᠯ ᠲᠠᠢ ᠮᠠᠯ ᠢ ᠬᠠᠰᠢᠬᠤ‌‍ᠳᠠᠭᠠᠨ ᠠᠭᠤᠵᠢᠭᠤ ᠰᠢᠭ᠋ ᠪᠠᠶᠢᠯᠭᠠᠵᠤ᠂ ᠬᠤᠨᠢ ᠪᠥᠷᠢ 2~2.5 ᠬᠠᠪᠳᠠᠭᠠᠢ ᠲᠥᠷᠪᠠᠯᠵᠢᠨ ᠮᠧᠲᠷ ᠭᠠᠵᠠᠷ ᠡᠵᠠᠯᠠᠬᠦ ᠶᠢ ᠪᠠᠳᠤᠯᠠᠵᠤ᠂ ᠰᠢᠬᠠᠯᠳᠤᠬᠤ ᠠᠴᠠ ᠰᠠᠷᠭᠡᠶᠢᠯᠠᠨ᠎ᠠ᠃ ᠭᠡᠭᠡᠯ ᠲᠠᠢ ᠮᠠᠯ ᠳᠤ ᠨᠠᠷᠢᠯᠢᠭ ᠪᠤᠷᠳᠤᠭ᠎ᠠ ᠭᠢᠭᠡᠳ ᠪᠠᠭ᠎ᠠ ᠲᠠᠪᠤᠰᠤ ᠲᠠᠢ ᠤᠰᠤ ᠬᠠᠩᠭᠠᠵᠤ᠂ ᠪᠥᠯᠢᠶᠠᠨ ᠤᠰᠤ ᠪᠠᠷ ᠤᠰᠤᠯᠠᠬᠤ᠂ ᠮᠥᠰᠤᠳᠥᠭᠰᠠᠨ ᠤᠰᠤ ᠪᠠᠷ ᠤᠰᠤᠯᠠᠬᠤ᠂ ᠬᠥᠯᠳᠠᠬᠦᠤ ᠡᠪᠠᠰᠤ ᠪᠠᠷ ᠲᠠᠵᠢᠭᠡᠬᠦ ᠠᠴᠠ ᠵᠠᠶᠢᠯᠠᠰᠭᠢᠨ᠎ᠠ᠃ ᠲᠠᠩᠳᠠᠬᠦᠤ ᠬᠤᠯᠨ ᠪᠠᠯᠴᠢᠭᠡᠷᠯᠠᠬᠦᠯᠬᠦ ᠶᠢ ᠰᠠᠷᠭᠡᠶᠢᠯᠠᠨ᠎ᠠ᠃     ᠭᠢᠵᠢᠭ ᠢ ᠰᠠᠷᠭᠡᠶᠢᠯᠠᠬᠦ᠄  ᠡᠪᠤᠯ ᠰᠢᠯᠤᠭᠡᠢ ᠡᠪᠠᠳᠴᠢᠨ᠂ ᠭᠢᠨᠵᠢᠨ ᠪᠠᠺᠲ᠋ᠧᠷᠢ ᠶᠢᠨ ᠭᠡᠮ᠂ ᠪᠤᠳᠤ ᠭᠡᠮ᠂ ᠰᠠᠭᠤᠯᠭ᠎ᠠ ᠭᠡᠮ᠂ ᠲᠠᠭᠰᠢᠭᠤᠷ᠂ ᠪᠥᠳᠤᠬᠦᠨ ᠭᠡᠳᠠᠰᠤᠨ ᠤ ᠰᠠᠪᠬᠠᠨᠴᠢᠷ ᠪᠠᠺᠲ᠋ᠧᠷᠢ ᠶᠢᠨ ᠭᠡᠮ ᠵᠠᠷᠭᠡ ᠭᠢᠵᠢᠭ ᠭᠡᠮ ᠠᠮᠠᠷᠬᠠᠨ ᠡᠬᠦᠰᠳᠡᠭ ᠠᠴᠠ ᠭᠢᠵᠢᠭ ᠰᠠᠷᠭᠡᠶᠢᠯᠠᠬᠦ ᠲᠠᠷᠢᠯᠭ᠎ᠠ ᠲᠠᠷᠢᠵᠤ ᠤᠷᠢᠳᠴᠢᠯᠠᠨ ᠰᠠᠷᠭᠡᠶᠢᠯᠠᠨ᠎ᠠ᠃ ᠪᠠᠰᠨ ᠰᠠᠷᠭᠡᠶᠢᠯᠠᠬᠦ ᠴᠢᠨᠠᠷᠳᠠᠢ ᠡᠮ ᠭᠡᠷᠡᠭᠯᠠᠨ ᠬᠤᠷᠤᠬᠠᠢ ᠲᠠᠭᠤᠬᠤ ᠭᠡᠷᠡᠭᠳᠠᠢ᠃ ᠪᠠᠶᠢᠩᠭᠤ ᠶᠢᠨ ᠭᠡᠷᠡᠭᠯᠠᠳᠡᠭ ᠡᠮ ᠳᠤ ᠭᠤᠤᠯᠳᠠᠭᠤ ᠳ᠋ᠢ ᠪᠠᠢ ᠴᠥᠩ᠂ ᠢ ᠸᠧᠢ ᠵᠢᠶᠦ᠋ᠨ ᠰᠢᠤ᠂ ᠯᠢᠤ ᠱᠤᠸᠠᠩ ᠡᠯ ᠯᠢᠤᠢ ᠹᠧᠨ᠂ ᠪᠢ ᠺᠥᠢ᠂ ᠯᠢᠶᠧ ᠳ᠋ᠢ ᠯᠢᠩ ᠵᠠᠷᠭᠡ ᠪᠤᠢ᠃ ᠬᠤᠷᠤᠭ᠎ᠠ ᠬᠠᠰᠢᠶ᠎ᠠ ᠶᠢ ᠥᠷᠬᠦᠯᠵᠢ ᠴᠠᠪᠠᠷᠯᠠᠵᠤ ᠴᠠᠪᠠᠷ ᠬᠠᠭᠤᠷᠠᠢ ᠪᠠᠶᠢᠬᠤ ᠶᠢ ᠪᠠᠳᠤᠯᠠᠨ᠎ᠠ᠃
 
ᠢᠷᠡᠯᠲᠡ᠄ ᠰᠢᠨ᠎ᠠ ᠮᠠᠯᠴᠢᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号