ᠬᠥᠳᠡᠭᠡ ᠲᠤᠰᠬᠤᠨ ᠮᠠᠯᠵᠢᠬᠤ ᠤᠷᠤᠨ ᠳᠤ ᠥᠷ᠎ᠠ ᠶᠢᠨ ᠮᠠᠯ ᠰᠤᠩᠭᠤᠬᠤ ᠳᠤ ᠠᠩᠬᠠᠷᠬᠤ ᠵᠥᠢᠯ
ᠨᠡᠶᠢᠲᠡᠯᠡᠭᠰᠡᠨ ᠴᠠᠭ᠄
2016-07-18
    ᠡᠳᠤᠷ ᠲᠤᠳᠤᠮ ᠤᠨ ᠠᠮᠢᠳᠤᠷᠠᠯ ᠲᠤᠮᠳᠠ ᠬᠥᠳᠡᠭᠡ ᠲᠤᠰᠬᠤᠨ ᠮᠠᠯᠵᠢᠬᠤ ᠤᠷᠤᠨ ᠳᠤ ᠮᠠᠯᠴᠢᠳ ᠲᠤ ᠥᠷ᠎ᠠ  ᠶᠢᠨ ᠮᠠᠯ ᠰᠤᠩᠭᠤᠨ ᠭᠡᠷᠡᠭᠯᠠᠬᠦ ᠶᠠᠪᠤᠳᠠᠯ ᠵᠥᠩᠳᠠᠭᠡᠨ ᠲᠤᠭᠢᠶᠠᠯᠳᠤᠳᠠᠭ᠃ ᠲᠤᠤᠷ᠎ᠠ ᠰᠠᠶᠢᠨ ᠡᠬᠦᠯᠳᠠᠷ ᠤᠨ ᠥᠷ᠎ᠠ ᠶᠢᠨ ᠮᠠᠯ ᠢ ᠰᠤᠩᠭᠤᠨ ᠭᠡᠷᠡᠭᠯᠠᠬᠦ ᠳᠤ ᠠᠩᠬᠠᠷᠬᠤ ᠵᠤᠭᠢᠰᠳᠠᠢ ᠭᠡᠳᠤᠨ ᠵᠥᠢᠯ ᠢ ᠲᠤᠷᠠᠳᠤᠶ᠎ᠠ᠃    ᠨᠢᠭᠡ᠂ ᠭᠠᠳᠠᠷ ᠲᠥᠷᠰᠤ ᠪᠠᠷ ᠨᠢ ᠰᠤᠩᠭᠤᠨ ᠲᠤᠭᠳᠠᠭᠠᠬᠤ ᠠᠷᠭ᠎ᠠ    1. ᠡᠬᠦᠯᠳᠠᠷ ᠤᠨ ᠪᠠᠷᠢᠮᠵᠢᠶ᠎ᠠ    ᠥᠪᠠᠷ ᠤᠨ ᠪᠤᠳᠠᠳᠤ ᠪᠠᠶᠢᠳᠠᠯ ᠢᠶᠠᠨ ᠥᠨᠳᠤᠰᠤᠯᠠᠨ ᠮᠠᠯ ᠰᠥᠷᠥᠭ ᠲᠡᠭᠡᠨ ᠭᠡᠷᠡᠭᠯᠠᠬᠦ ᠥᠷ᠎ᠠ ᠶᠢᠨ ᠮᠠᠯ ᠢ ᠰᠤᠩᠭᠤᠨ᠎ᠠ᠃ ᠥᠢᠯᠠᠳᠪᠤᠷᠢᠯᠠᠯ ᠤᠨ ᠴᠢᠳᠠᠪᠤᠷᠢ ᠪᠠᠷ ᠰᠠᠶᠢᠨ᠂ ᠡᠬᠦᠯᠳᠠᠷ ᠤᠨ ᠤᠨᠴᠠᠯᠢᠭ ᠲᠠᠪᠠᠭᠤᠯᠢᠭ᠂ ᠡᠪᠠᠳᠴᠢᠨ ᠭᠡᠮ ᠥᠭᠡᠢ ᠴᠢᠭᠢᠷᠠᠭ᠂ ᠡᠷ᠎ᠠ ᠪᠠᠯᠭᠡ ᠶᠢᠨ ᠰᠢᠨᠵᠢ ᠲᠥᠪᠯᠡᠷᠡᠭᠬᠦᠢ᠂ ᠢᠯᠨ ᠲᠤᠳᠤ ᠭᠠᠳᠠᠷ ᠲᠥᠷᠰᠤ ᠶᠢᠨ ᠲᠠᠯ᠎ᠠ ᠪᠠᠷ  ᠬᠢ ᠲᠤᠳᠠᠭᠳᠠᠯ ᠥᠭᠡᠢ᠂ ᠥᠰᠤ ᠨᠤᠤᠰᠤᠨ ᠤ ᠥᠩᠭᠡ ᠨᠢ ᠲᠤᠰ ᠡᠬᠦᠯᠳᠠᠷ ᠤᠨ ᠢᠶᠠᠨ ᠪᠠᠷᠢᠮᠵᠢᠶᠠᠨ ᠳᠤ ᠨᠠᠶᠢᠴᠡᠭᠰᠠᠨ ᠪᠠᠶᠢᠬᠤ ᠭᠡᠷᠡᠭᠳᠠᠢ᠃ ᠡᠬᠦᠨ ᠤ ᠬᠠᠮᠳᠤ ᠲᠤᠯᠤᠭᠠᠢ᠂ ᠬᠥᠵᠤᠬᠦᠤ᠂ ᠶᠡᠭᠡ ᠪᠠᠶ᠎ᠠ᠂ ᠲᠥᠷᠪᠠᠨ ᠮᠥᠴᠢ᠂ ᠭᠠᠳᠠᠷ ᠪᠠᠯᠭᠡ  ᠶᠢ ᠨᠢ ᠠᠩᠬᠠᠷᠤᠨ ᠰᠢᠨᠵᠢᠬᠦ ᠳᠤ ᠲᠠᠳᠠᠭᠡᠷ ᠨᠢ ᠬᠠᠷᠢᠯᠴᠠᠨ ᠠᠪᠤᠴᠯᠠᠳᠤᠵᠤ᠂ ᠥᠷ᠎ᠠ ᠶᠢᠨ ᠮᠠᠯ ᠤᠨ ᠰᠢᠨᠵᠢ ᠲᠥᠷᠬᠦ  ᠶᠢ ᠪᠥᠷᠢᠨ ᠠᠭᠤᠯᠤᠭᠰᠠᠨ ᠪᠠᠶᠢᠬᠤ ᠭᠡᠷᠡᠭᠳᠠᠢ᠃    2. ᠨᠠᠰᠤ ᠵᠢᠯ ᠢ ᠰᠤᠩᠭᠤᠨ ᠲᠤᠭᠳᠠᠭᠠᠬᠤ    ᠥᠷ᠎ᠠ ᠶᠢᠨ ᠮᠠᠯ ᠢ ᠰᠤᠩᠭᠤᠬᠤ ᠳᠤ ᠶᠠᠭᠤᠨ ᠤ ᠤᠷᠢᠳ ᠨᠠᠰᠤ ᠶᠢ ᠨᠢ ᠠᠩᠬᠠᠷᠬᠤ ᠭᠡᠷᠡᠭᠳᠠᠢ᠃ ᠭᠡᠳᠤᠷᠭᠡᠢ ᠬᠥᠭᠰᠢᠷᠠᠵᠤ ᠨᠠᠰᠤ ᠰᠢᠳᠤ ᠨᠢ ᠬᠥᠢᠴᠡᠭᠰᠠᠨ ᠮᠠᠯ ᠢᠶᠠᠷ ᠥᠷ᠎ᠠ ᠶᠢᠨ ᠮᠠᠯ ᠲᠠᠯᠪᠢᠳᠠᠭ ᠥᠭᠡᠢ᠃ ᠡᠬᠦᠨ ᠳᠤ ᠭᠤᠤᠯᠳᠠᠭᠤ ᠡᠯ᠎ᠠ ᠲᠥᠷᠤᠯ ᠵᠥᠢᠯ ᠤᠨ ᠮᠠᠯ ᠤᠨ ᠰᠢᠳᠤ ᠶᠢ ᠥᠨᠳᠤᠰᠤᠯᠠᠨ ᠨᠠᠰᠤ ᠵᠢᠯ ᠢ ᠢᠯᠭᠠᠨ ᠲᠤᠭᠳᠠᠭᠠᠨ᠎ᠠ᠃ ᠡᠬᠦᠨ ᠤ ᠬᠠᠮᠳᠤ ᠠᠮᠠᠨ ᠬᠥᠨᠳᠠᠢ ᠶᠢᠨ ᠡᠷᠠᠬᠦᠯ ᠡᠰᠠᠬᠦ᠂ ᠭᠡᠯᠠᠨ ᠤ ᠥᠩᠭᠡ᠂ ᠥᠩᠬᠦᠷ ᠢ ᠨᠠᠷᠢᠨ ᠠᠵᠢᠭᠯᠠᠨ ᠡᠷᠠᠬᠦᠯ ᠡᠰᠠᠬᠦ ᠶᠢ ᠨᠢ ᠪᠠᠶᠢᠴᠠᠭᠠᠨ᠎ᠠ᠃    3. ᠨᠢᠳᠤ ᠶᠢ ᠨᠢ ᠰᠢᠨᠵᠢᠬᠦ    ᠨᠢᠳᠤ ᠨᠢ ᠠᠯᠢᠪᠠ ᠠᠮᠢᠳᠠᠨ ᠤ ᠭᠠᠳᠠᠭᠠᠳᠤ ᠤᠷᠴᠢᠨ ᠲᠠᠢ ᠬᠠᠷᠢᠯᠴᠠᠵᠤ ᠤᠢᠢᠯᠠᠭᠠᠯᠴᠠᠬᠤ ᠤᠨᠴᠨ ᠥᠢᠯᠠᠳᠤᠯ  ᠲᠠᠢ ᠡᠷᠭᠡᠳᠠᠨ ᠶᠤᠮ᠃ ᠡᠶᠢᠮᠤ ᠠᠴᠠ ᠥᠷ᠎ᠠ ᠶᠢᠨ ᠮᠠᠯ ᠰᠤᠩᠭᠤᠬᠤ ᠳᠤ ᠬᠤᠶᠠᠷ ᠨᠢᠳᠤᠨ ᠤ ᠡᠷᠠᠬᠦᠯ ᠡᠰᠠᠬᠦ ᠶᠢ ᠨᠠᠷᠢᠨ ᠠᠵᠢᠭᠯᠠᠵᠤ ᠰᠢᠨᠵᠢᠬᠦ ᠭᠡᠷᠡᠭᠳᠠᠢ᠃ ᠨᠢᠳᠤᠨ ᠤ ᠰᠠᠯᠢᠰᠤᠳᠤ ᠪᠥᠷᠬᠦᠪᠴᠢ ᠶᠢᠨ ᠥᠩᠭᠡ᠂ ᠨᠢᠳᠤᠨ ᠤ ᠯᠤᠤᠬ᠎ᠠ ᠵᠠᠷᠭᠡ ᠠᠴᠠ ᠵᠠᠷᠢᠮ ᠠᠮᠢᠳᠠᠨ ᠤ ᠲᠤᠳᠤᠷ ᠡᠷᠭᠡᠳᠠᠨ ᠨᠢ ᠡᠪᠠᠳᠴᠢᠨ ᠲᠠᠢ ᠡᠰᠠᠬᠦ᠂ ᠴᠤᠯᠤ ᠰᠠᠪᠠ ᠳᠠᠭᠠᠨ ᠠᠷᠬᠠᠭ  ᠲᠠᠢ ᠡᠰᠠᠬᠦ ᠶᠢ ᠢᠯᠭᠠᠨ ᠲᠤᠳᠤᠯᠠᠵᠤ ᠲᠠᠶᠢᠯᠳᠡᠭ᠃     4. ᠬᠠᠮᠠᠷ ᠢ ᠨᠢ ᠰᠢᠨᠵᠢᠬᠦ    ᠬᠠᠮᠠᠷ ᠤᠨ ᠬᠥᠨᠳᠠᠢ ᠶᠢᠨ ᠰᠠᠯᠢᠰᠤᠳᠤ ᠪᠥᠷᠬᠦᠪᠴᠢ ᠶᠢᠨ ᠥᠩᠭᠡ᠂ ᠬᠠᠮᠠᠷ ᠤᠨ ᠲᠤᠯᠢ ᠴᠢᠭᠢᠭ ᠨᠦᠢᠳᠠᠨ‌‍ᠤ ᠪᠠᠶᠢᠳᠠᠯ ᠢ ᠠᠩᠬᠠᠷᠤᠨ᠂ ᠬᠠᠮᠠᠷ ᠤᠨ ᠨᠢᠰᠤ᠂ ᠠᠮᠢᠰᠬᠤᠯ ᠤᠨ ᠪᠠᠶᠢᠳᠠᠯ ᠠᠴᠠ ᠨᠢ ᠡᠷᠠᠬᠦᠯ ᠡᠰᠠᠬᠦ ᠶᠢ ᠲᠤᠭᠳᠠᠭᠠᠨ᠎ᠠ᠃     5. ᠬᠥᠢᠰᠤᠨ ᠤ ᠪᠠᠶᠢᠳᠠᠯ    ᠭᠠᠳᠠᠷ ᠲᠠᠯ᠎ᠠ ᠠᠴᠠ ᠨᠢ ᠬᠠᠷᠠᠬᠤ ᠳᠤ ᠬᠥᠢᠰᠤ ᠨᠢ ᠡᠷᠠᠬᠦᠯ ᠡᠰᠠᠬᠦ᠂ ᠬᠥᠢᠰᠤᠨ ᠤ ᠤᠷᠴᠢᠨ ᠲᠤᠭᠤᠷᠢᠨ ᠨᠢ ᠪᠤᠵᠠᠷᠳᠤᠭᠰᠠᠨ ᠡᠰᠠᠬᠦ᠂ ᠤᠨᠳᠤᠤ ᠬᠤᠷᠤᠬᠠᠢ ᠳᠤ ᠢᠳᠡᠭᠳᠡᠭᠰᠠᠨ ᠡᠰᠠᠬᠦ᠂ ᠲᠠᠪᠬᠤᠷ ᠬᠥᠢᠰᠤ ᠲᠠᠢ ᠡᠰᠠᠬᠦ᠂ ᠥᠳᠥᠭᠰᠠᠨ ᠬᠥᠢᠰᠤ᠂ ᠰᠢᠭᠡᠰᠤᠨ ᠬᠥᠢᠰᠤ ᠭᠡᠬᠦ ᠮᠠᠳᠤ ᠶᠢᠨ ᠡᠪᠠᠳᠴᠢᠨ ᠲᠠᠢ ᠡᠰᠠᠬᠦ ᠶᠢ ᠨᠠᠷᠢᠨ ᠠᠵᠢᠭᠯᠠᠵᠤ᠂ ᠡᠶᠢᠮᠤᠷᠬᠦᠤ ᠢᠯᠠᠷᠠᠯ ᠲᠠᠢ ᠮᠠᠯ ᠢᠶᠠᠷ ᠥᠷ᠎ᠠ ᠶᠢᠨ ᠮᠠᠯ ᠲᠠᠯᠪᠢᠵᠤ ᠪᠤᠯᠳᠠᠭ ᠥᠭᠡᠢ᠃    6. ᠭᠠᠳᠠᠷ ᠲᠥᠮᠤᠰᠤ ᠶᠢ ᠰᠢᠨᠵᠢᠬᠦ   ᠭᠠᠳᠠᠷ ᠲᠥᠮᠤᠰᠤ ᠶᠢ ᠥᠵᠠᠬᠦ ᠳᠤ ᠶᠡᠭᠡ ᠪᠠᠭ᠎ᠠ ᠶᠢᠨ ᠭᠡᠮᠵᠢᠶ᠎ᠠ ᠨᠢ ᠲᠠᠩᠴᠠᠬᠦᠷᠢᠳᠠᠢ ᠪᠥᠭᠡᠳ ᠬᠠᠷᠢᠮᠠᠬᠠᠢ ᠴᠢᠨᠠᠷᠳᠠᠢ᠂ ᠡᠬᠦᠨ ᠤ ᠬᠠᠮᠳᠤ ᠨᠠᠷᠢᠨ ᠭᠢᠨᠠᠮᠠᠭᠠᠢ ᠲᠠᠮᠳᠠᠷᠢᠨ ᠥᠵᠠᠵᠤ ᠲᠠᠩ ᠲᠥᠮᠤᠰᠤ ᠲᠠᠢ ᠥᠷ᠎ᠠ ᠶᠢᠨ ᠮᠠᠯ ᠰᠤᠩᠭᠤᠬᠤ ᠠᠴᠠ ᠰᠠᠷᠭᠡᠶᠢᠯᠠᠨ᠎ᠠ᠃    7. ᠲᠥᠷᠪᠠᠨ ᠮᠥᠴᠢ ᠶᠢᠨ ᠪᠠᠶᠢᠳᠠᠯ    ᠰᠤᠩᠭᠤᠭᠳᠠᠬᠤ ᠮᠠᠯ ᠢ ᠭᠠᠳᠠᠨ᠎ᠠ ᠠᠴᠠ ᠨᠢ ᠰᠢᠨᠵᠢᠬᠦ ᠳᠤ ᠲᠥᠷᠪᠠᠨ ᠮᠥᠴᠢ ᠨᠢ ᠵᠢᠭᠳᠡ ᠪᠡᠭᠡᠯᠢᠭ ᠪᠠᠶᠢᠳᠠᠭ ᠪᠥᠭᠡᠳ ᠠᠯᠬᠤᠵᠤ ᠭᠢᠰᠭᠢᠬᠦ᠂ ᠭᠡᠪᠳᠠᠵᠤ ᠪᠤᠰᠬᠤ᠂ ᠤᠰᠤ ᠤᠤᠭᠤᠵᠤ᠂ ᠡᠪᠠᠰᠤ ᠢᠳᠠᠬᠦ᠂ ᠭᠡᠪᠢᠬᠦ᠂ ᠰᠢᠭᠡᠵᠤ ᠪᠠᠭᠠᠬᠤ ᠵᠠᠷᠭᠡ ᠨᠢ ᠭᠡᠪ ᠤᠨ ᠪᠠᠶᠢᠳᠠᠭ᠃    ᠬᠤᠶᠠᠷ᠂ ᠤᠳᠤᠮᠰᠢᠯ ᠤᠨ ᠲᠠᠩᠰᠨ ᠡᠪᠭᠡᠮᠠᠯ ᠢᠶᠠᠷ ᠨᠢ ᠰᠤᠩᠭᠤᠨ ᠲᠤᠭᠳᠠᠭᠠᠬᠤ    ᠥᠷ᠎ᠠ ᠶᠢᠨ ᠮᠠᠯ ᠰᠤᠩᠭᠤᠬᠤ ᠳᠠᠭᠠᠨ ᠡᠷᠭᠡᠪᠰᠢ ᠤᠳᠤᠮᠰᠢᠯ ᠤᠨ ᠲᠠᠩᠰᠨ ᠡᠪᠭᠡᠮᠠᠯ ᠢ ᠨᠢ ᠨᠠᠷᠢᠨ ᠭᠢᠨᠠᠮᠠᠭᠠᠢ ᠪᠠᠶᠢᠴᠠᠭᠠᠨ ᠥᠵᠠᠵᠤ ᠰᠤᠩᠭᠤᠭᠳᠠᠬᠤ ᠥᠷ᠎ᠠ ᠶᠢᠨ ᠮᠠᠯ ᠤᠨ ᠡᠴᠢᠭᠡ ᠡᠭᠡ ᠶᠢᠨ ᠴᠢᠰᠤᠨ ᠲᠥᠷᠤᠯ ᠨᠢ ᠰᠠᠶᠢᠨ ᠡᠬᠦᠯᠳᠠᠷ ᠤᠨ ᠮᠠᠯ ᠮᠥᠷᠳᠠᠭᠡᠨ ᠥᠢᠯᠠᠳᠪᠤᠷᠢᠯᠠᠯ ᠤᠨ ᠴᠢᠳᠠᠪᠤᠷᠢ ᠶᠢᠨ ᠨᠠᠷᠢᠨ ᠭᠡᠮᠵᠢᠯᠳᠠ ᠲᠠᠢ ᠪᠠᠶᠢᠵᠤ᠂ ᠰᠤᠩᠭᠤᠭᠳᠠᠬᠤ ᠲᠤᠰ ᠪᠠᠶ᠎ᠠ ᠶᠢᠨ ᠭᠢᠨᠠᠨ ᠲᠤᠭᠳᠠᠭᠠᠯ ᠨᠢ ᠮᠠᠰᠢ ᠤᠯᠠᠨ ᠭᠤᠤᠯ ᠪᠤᠯᠬᠤ ᠠᠵᠤ ᠠᠬᠤᠢ ᠶᠢᠨ ᠰᠢᠨᠵᠢ ᠴᠢᠨᠠᠷ ᠤᠨ ᠲᠠᠯ᠎ᠠ ᠪᠠᠷ ᠲᠠᠭᠡᠳᠤ ᠥᠶ᠎ᠠ ᠶᠢᠨ ᠢᠶᠠᠨ ᠲᠠᠪᠠᠭᠤᠯᠢᠭ ᠴᠢᠨᠠᠷ ᠢ ᠪᠥᠷᠢᠨ ᠬᠠᠳᠠᠭᠠᠯᠠᠵᠤ ᠪᠠᠶᠢᠪᠠᠯ ᠲᠠᠬᠦᠨ ᠤ ᠤᠳᠤᠮᠰᠢᠯ ᠤᠨ ᠴᠢᠨᠠᠷ ᠨᠢ ᠲᠤᠭᠳᠠᠭᠤᠨ ᠪᠠᠶᠢᠬᠤ ᠶᠢ ᠭᠡᠷᠠᠴᠢᠯᠠᠵᠤ ᠪᠠᠶᠢᠭ᠎ᠠ ᠲᠤᠯᠨ ᠥᠷ᠎ᠠ ᠶᠢᠨ ᠮᠠᠯ ᠢᠶᠠᠷ ᠰᠤᠩᠭᠤᠨ ᠥᠯᠠᠳᠠᠭᠡᠬᠦ ᠪᠠᠷ ᠪᠤᠳᠤᠯᠭᠢᠯᠠᠵᠤ ᠪᠤᠯᠤᠨ᠎ᠠ᠃    ᠭᠤᠷᠪᠠ᠂ ᠭᠢᠵᠢᠭ ᠤᠨ ᠪᠤᠰᠤ ᠤᠷᠤᠨ ᠠᠴᠠ ᠰᠤᠩᠭᠤᠨ ᠲᠤᠭᠳᠠᠭᠠᠬᠤ    ᠥᠷ᠎ᠠ ᠶᠢᠨ ᠮᠠᠯ ᠰᠤᠩᠭᠤᠬᠤ ᠳᠤ ᠡᠷᠭᠡᠪᠰᠢ ᠲᠤᠬᠠᠢ ᠶᠢᠨ ᠭᠠᠵᠠᠷ ᠤᠷᠤᠨ ᠤ ᠮᠠᠯ ᠡᠮᠨᠠᠯᠭᠡ ᠶᠢᠨ ᠥᠷᠳᠡᠭᠡ  ᠲᠠᠢ ᠬᠠᠷᠢᠯᠴᠠᠨ ᠤᠷᠤᠨ ᠨᠤᠳᠤᠭ ᠤᠨ ᠮᠠᠯ ᠰᠥᠷᠥᠭ ᠲᠤ ᠬᠠᠯᠳᠠᠪᠤᠷᠢᠳᠤ ᠡᠪᠠᠳᠴᠢᠨ ᠡᠬᠦᠰᠥᠭᠰᠠᠨ ᠡᠰᠠᠬᠦ᠂ ᠶᠠᠮᠠᠷ ᠴᠠᠭ ᠥᠶ᠎ᠠ ᠳᠤ ᠶᠠᠮᠠᠷ ᠭᠠᠵᠠᠷ ᠤᠷᠤᠨ ᠢᠶᠠᠷ ᠶᠠᠮᠠᠷ ᠭᠡᠪᠴᠢᠶ᠎ᠠ ᠲᠠᠢ ᠡᠬᠦᠰᠥᠭᠰᠠᠨ ᠢ ᠤᠢᠢᠯᠠᠭᠠᠨ᠂ ᠬᠠᠯᠳᠠᠪᠤᠷᠢᠳᠤ ᠡᠪᠠᠳᠴᠢᠨ ᠡᠬᠦᠰᠥᠭᠰᠠᠨ ᠭᠠᠵᠠᠷ ᠤᠷᠤᠨ ᠪᠤᠶᠤ ᠰᠡᠵᠢᠭᠳᠡᠢ ᠭᠠᠵᠠᠷ ᠤᠷᠤᠨ ᠠᠴᠠ ᠥᠷ᠎ᠠ ᠶᠢᠨ ᠮᠠᠯ ᠰᠤᠩᠭᠤᠨ ᠤᠷᠤᠭᠤᠯᠬᠤ ᠶᠢ ᠡᠷᠠᠰ ᠡᠰᠠᠷᠬᠦᠴᠠᠨ᠂ ᠭᠢᠵᠢᠭ ᠥᠭᠡᠢ ᠤᠷᠤᠨ ᠠᠴᠠ ᠥᠷ᠎ᠠ ᠶᠢᠨ ᠮᠠᠯ ᠤᠷᠤᠭᠤᠯᠬᠤ ᠳᠠᠭᠠᠨ ᠮᠠᠯ ᠡᠮᠨᠠᠯᠭᠡ ᠶᠢᠨ ᠭᠢᠵᠢᠭ ᠢ ᠰᠠᠷᠭᠡᠶᠢᠯᠡᠭᠰᠠᠨ ᠭᠡᠷᠠᠴᠢ ᠲᠠᠮᠳᠡᠭ ᠪᠠ ᠡᠷᠠᠬᠦᠯ ᠮᠠᠯ ᠤᠨ ᠭᠡᠷᠠᠴᠢ ᠥᠨᠠᠮᠯᠠᠯ ᠨᠢ ᠪᠥᠷᠢᠨ ᠬᠥᠢᠴᠠᠳ ᠪᠠᠶᠢᠬᠤ ᠡᠰᠠᠬᠦ ᠶᠢ ᠤᠨᠴᠠᠭᠠᠢᠢᠯᠠᠨ ᠠᠩᠬᠠᠷᠬᠤ ᠭᠡᠷᠡᠭᠳᠠᠢ᠃
 
ᠢᠷᠡᠯᠲᠡ᠄ ︽ᠥᠪᠤᠷ ᠮᠤᠩᠭᠤᠯ ᠤᠨ ᠮᠠᠯ ᠠᠵᠤ ᠠᠬᠤᠢ︾ ᠰᠠᠳᠬᠦᠯ ᠠᠴᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号