1. ᠡᠯ᠎ᠠ ᠵᠥᠢᠯ ᠤᠨ ᠡᠰᠢ ᠰᠥᠷᠠᠯ ᠢ ᠰᠠᠶᠢᠳᠤᠷ ᠰᠢᠢᠳᠪᠤᠷᠢᠯᠠᠬᠦ ᠶᠢ ᠠᠩᠬᠠᠷᠤᠨ᠎ᠠ᠃ ᠲᠤᠳᠤᠷᠭ᠎ᠠ᠂ | ᠪᠤᠭᠤᠳᠠᠢ ᠶᠢᠨ ᠰᠥᠷᠠᠯ ᠢ ᠰᠠᠶᠢᠳᠤᠷ ᠰᠢᠪᠳᠤᠷᠵᠢᠬᠦᠯᠤᠨ ᠭᠡᠪ ᠲᠠᠢ ᠰᠠᠶᠢᠬᠠᠨ ᠰᠢᠢᠳᠪᠤᠷᠢᠯᠠᠪᠠᠯ᠂ ᠬᠠᠭᠤᠷᠠᠢ ᠶᠢ ᠨᠢ | ᠨᠦᠢᠳᠠᠨ ᠪᠤᠯᠭᠠᠵᠤ᠂ ᠬᠠᠳᠠᠭᠤ ᠰᠢᠭ᠋ ᠢ ᠨᠢ ᠵᠥᠭᠡᠯᠠᠷᠠᠬᠦᠯᠵᠤ ᠪᠤᠯᠤᠨ᠎ᠠ᠃ ᠰᠢᠢᠳᠪᠤᠷᠢᠯᠠᠬᠦ ᠠᠷᠭ᠎ᠠ ᠭᠡᠪᠠᠯ᠂ ᠭᠡᠷᠡᠭᠯᠠᠬᠦ | ᠪᠤᠭᠤᠳᠠᠢ᠂ ᠲᠤᠳᠤᠷᠭ᠎ᠠ ᠶᠢᠨ ᠰᠥᠷᠠᠯ ᠢᠶᠠᠨ 2~3 ᠰᠠᠨᠲ᠋ᠢᠮᠧᠲᠷ ᠤᠬᠤᠷ ᠭᠡᠷᠴᠢᠵᠤ᠂ 100 ᠺᠢᠯᠥᠭᠷᠠᠮ | ᠭᠡᠷᠴᠢᠭᠰᠡᠨ ᠡᠪᠠᠰᠤᠨ ᠳᠤ 4 ᠺᠢᠯᠥᠭᠷᠠᠮ ᠰᠢᠭᠡᠰᠦᠯᠢᠭ ᠡᠳ᠋ ᠨᠠᠮᠠᠨ᠎ᠠ᠃ ᠤᠷᠢᠳᠠᠪᠠᠷ 40 ᠺᠢᠯᠥᠭᠷᠠᠮ ᠤᠰᠤ ᠪᠠᠷ | ᠰᠢᠭᠡᠰᠦᠯᠢᠭ ᠡᠳ᠋ ᠢ ᠠᠭᠤᠰᠬᠠᠵᠤ ᠪᠤᠭᠤᠳᠠᠢ ᠪᠤᠯᠤᠨ ᠲᠤᠳᠤᠷᠭ᠎ᠠ ᠶᠢᠨ ᠰᠥᠷᠠᠯ ᠤᠨ ᠭᠡᠷᠴᠢᠮᠠᠯ ᠳᠤ ᠨᠢᠭᠳᠠ ᠬᠤᠯᠢᠵᠤ | ᠂ ᠲᠠᠷᠠᠭ᠎ᠠ ᠨᠢ ᠼᠧᠮᠧᠨ᠋ᠲ ᠴᠥᠬᠦᠷᠤᠮ ᠪᠤᠶᠤ ᠪᠥᠳᠤᠬᠦᠨ ᠭᠠᠩ ᠳᠤ ᠭᠢᠵᠤ᠂ ᠨᠢᠭᠳᠠ ᠲᠠᠷᠤᠵᠤ ᠪᠢᠳᠠᠬᠦᠮᠵᠢᠯᠠᠵᠤ ᠭᠡᠢ | ᠠᠭᠠᠷ ᠤᠷᠤᠭᠤᠯᠬᠤ ᠥᠭᠡᠢ ᠪᠤᠯᠭᠠᠨ᠎ᠠ᠃ ᠡᠪᠤᠯ ᠤᠨ ᠤᠯᠠᠷᠢᠯ ᠳᠤ ᠨᠢᠭᠡ ᠰᠠᠷ᠎ᠠ ᠰᠢᠪᠳᠤᠷᠵᠢᠬᠦᠯᠪᠠᠯ ᠲᠠᠷᠤᠢ | ᠪᠤᠯᠴᠢᠬᠠᠨ᠎ᠠ᠃ ᠢᠩᠭᠢᠵᠤ ᠰᠢᠪᠳᠤᠷᠵᠢᠬᠦᠯᠥᠭᠰᠠᠨ ᠲᠠᠵᠢᠭᠡᠯ ᠨᠢ ᠵᠥᠭᠡᠯᠠᠨ᠂ ᠥᠭᠡᠷ ᠢᠳᠠᠰᠢᠯᠠᠬᠦ ᠲᠤᠷᠠᠳᠠᠢ᠂ | ᠠᠮᠠᠷᠬᠠᠨ ᠰᠢᠩᠭᠡᠭᠡᠵᠤ᠂ ᠲᠠᠷᠭᠤ ᠠᠪᠬᠤ ᠨᠢ ᠴᠤ ᠰᠠᠶᠢᠨ ᠶᠤᠮ᠃ ᠡᠳᠤᠷ ᠪᠥᠷᠢ ᠥᠭᠡᠷ ᠲᠤ 10~15 ᠺᠢᠯᠥᠭᠷᠠᠮ | ᠲᠠᠵᠢᠭᠡᠪᠠᠯ ᠪᠤᠯᠴᠢᠬᠠᠨ᠎ᠠ᠃ | 2. ᠲᠠᠵᠢᠭᠡᠯ ᠡᠪᠠᠰᠤ ᠪᠤᠷᠳᠤᠭ᠎ᠠ ᠶᠢ ᠰᠠᠶᠢᠳᠤᠷ ᠲᠤᠭᠢᠷᠠᠭᠤᠯᠬᠤ ᠶᠢ ᠠᠩᠬᠠᠷᠤᠨ᠎ᠠ᠃ ᠡᠪᠤᠯ ᠤᠨ ᠤᠯᠠᠷᠢᠯ ᠳᠤ | ᠬᠥᠭᠡ ᠡᠪᠠᠰᠤ ᠥᠭᠡᠢ ᠪᠤᠯᠬᠤᠷ ᠲᠠᠵᠢᠭᠡᠯ ᠡᠪᠠᠰᠤ ᠪᠠᠨ ᠤᠯᠠᠨ ᠶᠠᠩᠵᠤ ᠪᠠᠷ ᠲᠤᠭᠢᠷᠠᠭᠤᠯᠤᠨ ᠲᠠᠵᠢᠭᠡᠵᠤ ᠪᠤᠯᠤᠨ᠎ᠠ᠃ | ᠲᠠᠷᠤᠢ ᠤᠬᠤᠷ ᠭᠡᠷᠴᠢᠭᠰᠡᠨ ᠪᠤᠶᠤ ᠤᠬᠤᠷ ᠰᠢᠭ᠋ ᠡᠪᠠᠰᠤᠨ ᠳᠤ ᠤᠷᠳᠤ ᠡᠪᠠᠰᠤ᠂ ᠰᠠᠶᠢᠨ ᠴᠢᠨᠠᠷ ᠤᠨ ᠡᠪᠠᠰᠤᠨ ᠳᠤ | ᠮᠠᠭᠤ ᠰᠢᠭ᠋ ᠡᠪᠠᠰᠤ ᠶᠢ ᠬᠠᠪᠰᠤᠷᠭᠠᠵᠤ᠂ ᠪᠥᠳᠤᠬᠦᠯᠢᠭ ᠤᠭᠤᠷᠠᠭ ᠤᠨ ᠭᠡᠮᠵᠢᠶ᠎ᠠ 20%~22% ᠲᠤ ᠬᠥᠷᠪᠠᠯ᠂ | ᠪᠤᠰᠤᠳ ᠶᠠᠭᠡᠩᠭᠢ ᠡᠪᠠᠰᠤᠨ ᠤ ᠪᠥᠳᠤᠬᠦᠯᠢᠭ ᠤᠭᠤᠷᠠᠭ ᠤᠨ ᠭᠡᠮᠵᠢᠶ᠎ᠠ ᠶᠢ 4% ~20% ᠶᠢᠨ ᠲᠤᠳᠤᠷ᠎ᠠ | ᠪᠠᠶᠢᠯᠭᠠᠪᠠᠯ ᠰᠠᠶᠢᠨ ᠶᠤᠮ᠃ ᠲᠠᠭᠢᠪᠠᠯ᠂ ᠲᠠᠵᠢᠭᠡᠯ ᠡᠪᠠᠰᠤᠨ ᠤ ᠥᠩᠭᠡ ᠠᠳᠠᠯᠢ ᠪᠤᠰᠤ ᠤᠴᠢᠷ ᠠᠴᠠ ᠲᠠᠬᠦᠨ ᠤ | ᠰᠢᠮ᠎ᠠ ᠲᠠᠵᠢᠭᠡᠯ ᠨᠢ ᠪᠠᠰᠨ ᠠᠳᠠᠯᠢ ᠪᠤᠰᠤ ᠪᠠᠶᠢᠳᠠᠭ᠃ ᠡᠩ ᠤᠨ ᠪᠠᠶᠢᠳᠠᠯ ᠲᠤᠤᠷ᠎ᠠ᠂ ᠨᠤᠭᠤᠭᠠᠨ ᠬᠠᠭᠤᠷᠠᠢ | ᠡᠪᠠᠰᠤᠨ ᠤ ᠰᠢᠮ᠎ᠠ ᠲᠠᠵᠢᠭᠡᠯ ᠥᠨᠳᠤᠷ ᠪᠠᠶᠢᠵᠤ᠂ ᠰᠢᠷᠠᠯᠠᠭᠰᠠᠨ ᠬᠠᠭᠤᠷᠠᠢ ᠡᠪᠠᠰᠤ ᠶᠢᠨ ᠰᠢᠮ᠎ᠠ ᠲᠠᠵᠢᠭᠡᠯ ᠨᠠᠯᠢᠶᠠᠳ | ᠮᠠᠭᠤ ᠪᠠᠶᠢᠳᠠᠭ ᠠᠴᠠ ᠴᠠᠭᠠᠨ ᠥᠩᠭᠡ ᠶᠢᠨ ᠬᠠᠭᠤᠷᠠᠢ ᠡᠪᠠᠰᠤ ᠶᠢᠨ ᠰᠢᠮ᠎ᠠ ᠲᠠᠵᠢᠭᠡᠯ ᠨᠠᠩ ᠮᠠᠭᠤ ᠪᠠᠶᠢᠳᠠᠭ᠃ | ᠡᠶᠢᠮᠤ ᠠᠴᠠ ᠭᠤᠷᠪᠠᠨ ᠵᠥᠢᠯ ᠤᠨ ᠥᠩᠭᠡ ᠶᠢᠨ ᠡᠪᠠᠰᠤ ᠶᠢ ᠰᠠᠶᠢᠳᠤᠷ ᠲᠤᠭᠢᠷᠠᠭᠤᠯᠤᠨ᠎ᠠ᠃ ᠵᠢᠱᠢᠶᠠᠯᠠᠪᠠᠯ᠂ | ᠨᠤᠭᠤᠭᠠᠨ ᠥᠩᠭᠡ ᠶᠢᠨ ᠬᠠᠭᠤᠷᠠᠢ ᠡᠪᠠᠰᠤ ᠪᠤᠯᠬᠤ ᠬᠤᠸᠠᠱᠧᠩ ᠤᠨ ᠵᠠᠯ᠎ᠠ᠂ ᠴᠠᠷᠭᠠᠰᠤ᠂ ᠡᠷᠳᠠᠨᠢ ᠰᠢᠰᠢ ᠶᠢᠨ | ᠨᠠᠪᠴᠢ ᠪᠤᠯᠤᠨ ᠴᠠᠭᠠᠨ ᠥᠩᠭᠡ ᠶᠢᠨ ᠬᠠᠭᠤᠷᠠᠢ ᠡᠪᠠᠰᠤ ᠪᠤᠯᠬᠤ ᠪᠤᠭᠤᠳᠠᠢ ᠶᠢᠨ ᠰᠥᠷᠠᠯ᠂ ᠲᠤᠳᠤᠷᠭ᠎ᠠ ᠶᠢᠨ | ᠰᠥᠷᠠᠯ ᠢ ᠲᠤᠰ ᠲᠤᠰ 30% ᠪᠠᠷ ᠡᠵᠠᠯᠠᠬᠦᠯᠵᠤ᠂ ᠰᠢᠷ᠎ᠠ ᠥᠩᠭᠡ ᠶᠢᠨ ᠬᠠᠭᠤᠷᠠᠢ ᠡᠪᠠᠰᠤ ᠶᠢ 40% | ᠡᠵᠠᠯᠠᠬᠦᠯᠵᠤ᠂ ᠭᠤᠷᠪᠠᠨ ᠵᠥᠢᠯ ᠤᠨ ᠡᠪᠠᠰᠤ ᠶᠢ ᠨᠠᠷᠢᠨ ᠭᠡᠷᠴᠢᠵᠤ ᠨᠠᠷᠢᠯᠢᠭ ᠬᠤᠯᠢᠵᠤ ᠲᠠᠵᠢᠭᠡᠪᠠᠯ ᠥᠭᠡᠷ | ᠢᠳᠠᠰᠢᠯᠠᠬᠦ ᠲᠤᠷᠠᠳᠠᠢ ᠪᠥᠭᠡᠳ ᠰᠢᠮ᠎ᠠ ᠲᠠᠵᠢᠭᠡᠯ ᠨᠠᠯᠢᠶᠠᠳ ᠬᠥᠢᠴᠠᠳ ᠪᠤᠯᠬᠤ ᠶᠤᠮ᠃ | 3. ᠨᠠᠷᠢᠯᠢᠭ ᠪᠤᠷᠳᠤᠭ᠎ᠠ ᠶᠢ ᠰᠠᠶᠢᠳᠤᠷ ᠲᠤᠭᠢᠷᠠᠭᠤᠯᠤᠨ᠎ᠠ᠃ ᠨᠠᠷᠢᠯᠢᠭ ᠪᠤᠷᠳᠤᠭ᠎ᠠ ᠪᠠᠷ ᠲᠠᠵᠢᠭᠡᠬᠦ ᠳᠡᠭᠡᠨ ᠵᠠᠪᠠᠯ | ᠵᠥᠭᠡᠯᠠᠨ ᠬᠠᠳᠠᠭᠤ ᠶᠢ ᠵᠤᠭᠢᠰᠳᠠᠢ ᠲᠠᠩᠴᠠᠬᠦᠯᠤᠨᠠ᠃ ᠵᠢᠱᠢᠶᠠᠯᠠᠪᠠᠯ᠂ ᠡᠷᠳᠠᠨᠢ ᠰᠢᠰᠢ᠂ ᠰᠢᠷ᠎ᠠ ᠪᠤᠷᠴᠠᠭ ᠵᠠᠷᠭᠡ | ᠬᠠᠳᠠᠭᠤ ᠪᠤᠷᠳᠤᠭ᠎ᠠ ᠪᠤᠯᠤᠨ ᠪᠤᠭᠤᠳᠠᠢ ᠶᠢᠨ ᠠᠭ᠎ᠠ᠂ ᠨᠤᠨᠳᠠᠭ ᠪᠤᠷᠳᠤᠭ᠎ᠠ ᠵᠠᠷᠭᠡ ᠵᠥᠭᠡᠯᠠᠨ ᠪᠤᠷᠳᠤᠭ᠎ᠠ ᠪᠠᠷ | ᠲᠠᠵᠢᠭᠡᠬᠦ ᠳᠡᠭᠡᠨ ᠰᠠᠶᠢᠳᠤᠷ ᠬᠤᠯᠢᠵᠤ ᠤᠷᠢᠳᠠᠪᠠᠷ ᠡᠪᠠᠰᠤ ᠥᠭᠴᠤ ᠲᠠᠵᠢᠭᠡᠨ᠂ ᠬᠠᠭᠠᠰ ᠴᠠᠳᠬᠤ ᠥᠶ᠎ᠠ ᠳᠤ ᠪᠠᠭ᠎ᠠ | ᠪᠤᠷᠳᠤᠭ᠎ᠠ ᠨᠠᠮᠠᠵᠤ᠂ ᠢᠳᠠᠵᠤ ᠲᠠᠭᠤᠰᠬᠤ ᠥᠶ᠎ᠠ ᠳᠤ ᠢᠯᠠᠬᠦᠭᠡᠨ ᠪᠤᠷᠳᠤᠭ᠎ᠠ ᠥᠭᠬᠦ ᠶᠢᠨ ᠲᠠᠭᠠᠤ ᠥᠨᠤᠷ ᠲᠠᠢ | ᠪᠤᠷᠳᠤᠭ᠎ᠠ ᠶᠢ ᠨᠠᠮᠠᠨ᠎ᠠ᠃ | 4. ᠰᠢᠭᠡᠰᠦᠯᠢᠭ ᠡᠳ᠋ ᠨᠠᠮᠠᠵᠤ ᠲᠠᠵᠢᠭᠡᠨ᠎ᠠ᠃ ᠰᠢᠭᠡᠰᠦᠯᠢᠭ ᠡᠳ᠋ ᠪᠤᠯ ᠤᠭᠤᠷᠠᠭ ᠨᠥᠬᠦᠪᠤᠷᠢᠯᠠᠬᠦ ᠴᠢᠬᠤᠯᠨ | ᠠᠷᠭ᠎ᠠ ᠪᠤᠯᠬᠤ ᠶᠤᠮ᠃ 6 ᠰᠠᠷ᠎ᠠ ᠶᠢᠨ ᠨᠠᠰᠤ ᠠᠴᠠ ᠲᠠᠭᠡᠭᠰᠢᠭᠢ ᠲᠤᠭᠤᠯ ᠳᠤ 40~60 ᠭᠷᠠᠮ ᠥᠭᠴᠤ | ᠲᠠᠵᠢᠭᠡᠵᠤ᠂ ᠪᠤᠷᠳᠤᠨ ᠲᠠᠷᠭᠤᠯᠠᠭᠤᠯᠬᠤ ᠥᠭᠡᠷ ᠲᠤ 70~100 ᠭᠷᠠᠮ᠂ ᠨᠠᠰᠤᠨ ᠳᠤ ᠬᠥᠷᠥᠭᠰᠠᠨ ᠥᠨᠢᠶ᠎ᠠ ᠳᠤ | ᠡᠳᠤᠷ ᠪᠥᠷᠢ 150 ᠭᠷᠠᠮ ᠥᠭᠴᠤ ᠲᠠᠵᠢᠭᠡᠪᠠᠯ ᠰᠠᠶᠢᠨ᠃ ᠰᠢᠭᠡᠰᠦᠯᠢᠭ ᠡᠳ᠋ ᠤᠨ ᠠᠮᠳᠠ ᠮᠠᠭᠤ ᠪᠠᠶᠢᠳᠠᠭ ᠠᠴᠠ | 1% ᠪᠠᠷ ᠨᠠᠷᠢᠯᠢᠭ ᠪᠤᠷᠳᠤᠭ᠎ᠠ ᠲᠠᠢ ᠬᠤᠯᠢᠵᠤ ᠲᠠᠵᠢᠭᠡᠨ᠎ᠠ᠂ ᠲᠠᠵᠢᠭᠡᠭᠰᠠᠨ ᠤ ᠲᠠᠷᠠᠭ᠎ᠠ ᠬᠠᠭᠠᠰ ᠴᠠᠭ ᠤᠨ ᠲᠤᠳᠤᠷ᠎ᠠ | ᠤᠰᠤᠯᠠᠵᠤ ᠪᠤᠯᠬᠤ ᠥᠭᠡᠢ᠃ ᠡᠳᠤᠷ ᠪᠥᠷᠢ 13~15 ᠺᠢᠯᠥᠭᠷᠠᠮ ᠡᠪᠠᠰᠤ ᠥᠭᠴᠤ ᠲᠠᠵᠢᠭᠡᠨ᠎ᠠ᠃ | 5. ᠪᠥᠯᠢᠶᠠᠨ ᠤᠰᠤ ᠪᠷ ᠤᠰᠤᠯᠠᠪᠠᠯ ᠰᠠᠶᠢᠨ᠃ ᠡᠪᠤᠯ ᠴᠠᠭ ᠲᠤ ᠥᠭᠡᠷ ᠢ ᠬᠥᠢᠳᠠᠨ ᠤᠰᠤ ᠪᠠᠷ | ᠤᠰᠤᠯᠠᠵᠤ ᠪᠤᠯᠬᠤ ᠥᠭᠡᠢ᠃ 15~25 ᠭᠷᠠᠳᠦ᠋ᠰ ᠤᠨ ᠪᠥᠯᠢᠶᠠᠨ ᠤᠰᠤ ᠪᠠᠷ ᠤᠰᠤᠯᠠᠬᠤ ᠶᠢᠨ ᠲᠠᠭᠠᠤ ᠪᠥᠯᠢᠶᠠᠨ | ᠤᠰᠤᠨ ᠳᠠᠭᠠᠨ ᠲᠠᠪᠤᠰᠤ ᠨᠠᠮᠠᠪᠠᠯ ᠰᠠᠶᠢᠨ᠂ ᠲᠠᠪᠤᠰᠤ ᠨᠠᠮᠠᠬᠦ ᠭᠡᠮᠵᠢᠶ᠎ᠠ ᠶᠢ ᠡᠳᠤᠷ ᠲᠤ 150 ᠭᠷᠠᠮ ᠪᠤᠯᠪᠠᠯ | ᠪᠤᠯᠴᠢᠬᠠᠨ᠎ᠠ᠃ ᠪᠥᠯᠢᠶᠠᠨ ᠤᠰᠤ ᠪᠠᠷ ᠤᠰᠤᠯᠠᠪᠠᠯ ᠬᠠᠯᠠᠭᠤᠨ ᠢ ᠪᠠᠭᠤᠷᠠᠭᠤᠯᠵᠤ᠂ ᠥᠷᠪᠢᠰᠤᠯ ᠢ ᠲᠠᠷᠤᠬᠤ᠂ | ᠢᠳᠠᠭᠡᠨ ᠤ ᠲᠤᠷᠠᠰᠢᠯ ᠢ ᠨᠠᠮᠡᠭᠳᠠᠬᠦᠯᠵᠤ᠂ ᠲᠠᠷᠭᠤ ᠠᠪᠬᠤ ᠳᠤ ᠰᠠᠶᠢᠨ ᠶᠤᠮ᠃ | ᠡᠬᠦᠨ ᠠᠴᠠ ᠭᠠᠳᠠᠨ᠎ᠠ᠂ ᠡᠷᠠᠬᠦᠯ ᠬᠠᠮᠠᠭᠠᠯᠠᠯ ᠢ ᠰᠠᠶᠢᠳᠤᠷ ᠭᠢᠵᠤ᠂ ᠥᠭᠡᠷ ᠤᠨ ᠬᠠᠰᠢᠶ᠎ᠠ ᠬᠤᠷᠤᠭ᠎ᠠ ᠶᠢ | ᠥᠷᠬᠦᠯᠵᠢ ᠴᠠᠪᠠᠷᠯᠠᠵᠤ᠂ ᠬᠠᠭᠤᠷᠠᠢ ᠰᠢᠷᠤᠢ ᠲᠠᠪᠢᠰᠴᠤ᠂ ᠡᠳᠤᠷ ᠪᠥᠷᠢ ᠶᠢᠨ ᠥᠳᠠ ᠳᠤ ᠥᠭᠡᠷ ᠢ ᠨᠠᠷᠠᠨ ᠳᠤ | ᠡᠭᠡᠭᠡᠵᠤ᠂ ᠪᠠᠶ᠎ᠠ ᠶᠢ ᠨᠢ ᠲᠠᠮᠤᠷ ᠱᠤᠸᠠᠰᠨ ᠪᠠᠷ ᠱᠤᠸᠠᠰᠠᠳᠠᠵᠤ᠂ ᠴᠢᠰᠤᠨ ᠤ ᠡᠷᠭᠢᠯᠳᠠ ᠶᠢ ᠠᠭᠢᠭᠤᠯᠤᠨ᠎ᠠ᠃ |