ᠮᠠᠯ ᠤᠨ ᠡᠮ ᠭᠢᠭᠡᠳ ᠲᠠᠵᠢᠭᠡᠯ ᠪᠤᠷᠳᠤᠭᠠᠨ ᠤ ᠬᠠᠷᠰᠢᠯᠠᠯ
ᠨᠡᠶᠢᠲᠡᠯᠡᠭᠰᠡᠨ ᠴᠠᠭ᠄
2016-07-18
     ᠮᠠᠰᠢ ᠤᠯᠠᠨ ᠵᠥᠢᠯ ᠤᠨ ᠲᠠᠵᠢᠭᠡᠯ ᠪᠤᠷᠳᠤᠭ᠎ᠠ ᠵᠢᠴᠢ ᠲᠠᠵᠢᠭᠡᠯ ᠪᠤᠷᠳᠤᠭᠠᠨ ᠤ ᠨᠠᠮᠠᠯᠳᠠ ᠡᠳ᠋ ᠨᠢ ᠭᠡᠮ ᠭᠢᠵᠢᠭ ᠎ ᠢ ᠰᠠᠷᠭᠡᠶᠢᠯᠠᠬᠦ ᠡᠮ ᠲᠠᠢ ᠡᠰᠠᠷᠬᠦᠴᠠᠯᠳᠤᠬᠦ ᠥᠢᠯᠠᠳᠤᠯ ᠭᠠᠷᠴᠤ᠂ ᠡᠮ ᠤᠨ ᠥᠢᠯᠠᠳᠤᠯ ᠢ ᠲᠤᠷᠤᠭᠰᠢᠯᠠᠭᠤᠯᠳᠠᠭ᠃ ᠡᠶᠢᠮᠤ ᠠᠴᠠ ᠮᠠᠯ ᠵᠢᠬᠦᠷᠳᠠᠨ ᠳᠤ ᠡᠮ ᠭᠡᠷᠡᠭᠯᠠᠬᠦ ᠳᠡᠭᠡᠨ ᠵᠠᠷᠢᠮ ᠲᠠᠵᠢᠭᠡᠯ ᠪᠤᠷᠳᠤᠭ᠎ᠠ ᠭᠢᠭᠡᠳ ᠲᠠᠵᠢᠭᠡᠯ ᠪᠤᠷᠳᠤᠭᠠᠨ ᠤ ᠨᠠᠮᠠᠯᠳᠠ ᠡᠳ᠋ ᠢᠶᠠᠷ ᠲᠠᠵᠢᠭᠡᠬᠦ ᠪᠠᠨ ᠵᠤᠭᠰᠤᠪᠠᠯ ᠵᠤᠭᠢᠨ᠎ᠠ᠃    ⑴ ᠰᠧ ᠬᠤᠸᠠᠨ ᠰᠤ᠋᠂ ᠲᠥ᠋ ᠮᠸᠢ ᠰᠤ᠋    ᠪᠤᠷᠴᠠᠭ ︵ᠰᠢᠷ᠎ᠠ ᠪᠤᠷᠴᠠᠭ ᠭᠢᠭᠡᠳ ᠬᠠᠷ᠎ᠠ ᠪᠤᠷᠴᠠᠭ︶᠎ ᠲᠤ ᠺᠠᠯᠼ᠂ ᠮᠠᠭᠨᠢ ᠵᠠᠷᠭᠡ ᠡᠯᠧᠮᠧᠨ᠋ᠲ ᠨᠠᠯᠢᠶᠠᠳ ᠠᠭᠤᠯᠵᠤ᠂ ᠡᠳᠠᠭᠡᠷ ᠡᠯᠧᠮᠧᠨ᠋ᠲ ᠨᠢ ᠰᠧ ᠬᠤᠸᠠᠨ ᠰᠤ᠋ ᠶᠢᠨ ᠲᠥᠷᠤᠯ ᠤᠨ ᠡᠮ ᠲᠠᠢ ᠤᠶᠠᠯᠳᠤᠪᠠᠯ ᠤᠰᠤᠨ ᠳᠤ ᠠᠭᠤᠰᠬᠤ ᠥᠭᠡᠢ ᠰᠢᠩᠭᠡᠭᠡᠨ ᠠᠰᠢᠭᠯᠠᠬᠤ ᠳᠤ ᠴᠤ ᠬᠥᠴᠢᠷ ᠪᠤᠯᠵᠤ᠂ ᠡᠮ ᠤᠨ ᠥᠢᠯᠠᠳᠤᠯ ᠢ ᠲᠤᠷᠤᠭᠰᠢᠯᠠᠭᠤᠯᠳᠠᠭ᠃ ᠰᠧ ᠬᠤᠸᠠᠨ ᠰᠤ᠋᠂ ᠲᠥ᠋ ᠮᠸᠢ ᠰᠤ᠋ ᠵᠠᠷᠭᠡ ᠨᠢᠶᠠᠨ ᠲᠠᠷᠤᠭᠴᠢ ᠡᠮ ᠭᠡᠷᠡᠭᠯᠠᠬᠦ ᠥᠶᠠᠰ ᠴᠢᠯᠠᠭᠤᠨ ᠲᠠᠯᠬ᠎ᠠ᠂ ᠶᠠᠰᠤᠨ ᠲᠠᠯᠬ᠎ᠠ᠂ ᠥᠨᠳᠠᠭᠡᠨ ᠬᠠᠯᠢᠰᠤᠨ ᠲᠠᠯᠬ᠎ᠠ᠂ ᠴᠤᠬᠤᠢ ᠶᠢᠨ ᠲᠠᠯᠬ᠎ᠠ ᠵᠠᠷᠭᠡ ᠲᠠᠵᠢᠭᠡᠯ ᠪᠤᠷᠳᠤᠭᠠᠨ ᠤ ᠨᠠᠮᠠᠯᠳᠠ ᠡᠳ᠋ ᠎ ᠢᠶᠠᠷ ᠲᠠᠵᠢᠭᠡᠬᠦ ᠨᠢ ᠵᠤᠭᠢᠰ ᠥᠭᠡᠢ᠃    ⑵ ᠬᠥᠬᠦᠷ ᠬᠥᠴᠢᠯ ᠤᠨ ᠤᠰᠤᠳᠦ᠋ᠷᠥᠭᠴᠢ ᠨᠠᠲᠷᠢ ᠰᠢᠰᠢ ᠳᠤ ᠲᠠᠨᠨᠢᠨ ᠬᠥᠴᠢᠯ ᠨᠠᠯᠢᠶᠠᠳ ᠡᠯᠪᠡᠭ ᠠᠭᠤᠯᠵᠤ᠂ ᠤᠨᠴᠠᠭᠠᠢᠢᠯᠠᠨ ᠡᠷᠯᠢᠰᠠᠵᠢᠬᠦᠯᠥᠭᠰᠠᠨ ᠰᠢᠰᠢ ᠳᠤ ᠪᠠᠷᠤᠭ 23%᠎ ᠶᠢᠨ ᠲᠠᠨᠨᠢᠨ ᠬᠥᠴᠢᠯ ᠠᠭᠤᠯᠤᠨ᠂ ᠲᠠᠮᠤᠷ ᠠᠭᠤᠯᠬᠤ ᠡᠳ᠋ ᠤᠨ ᠴᠢᠨᠠᠷ ᠢ ᠬᠤᠪᠢᠷᠠᠭᠤᠯᠳᠠᠭ᠃ ᠬᠥᠬᠦᠷ ᠬᠥᠴᠢᠯ ᠤᠨ ᠤᠰᠤᠳᠦ᠋ᠷᠥᠭᠴᠢ ᠨᠠᠲᠷᠢ ᠪᠠᠷ ᠮᠠᠯ ᠵᠢᠬᠦᠷᠳᠠᠨ ᠤ ᠭᠡᠮ ᠢ ᠡᠮᠨᠠᠨ ᠵᠠᠰᠠᠬᠤ ᠥᠶᠠᠰ᠂ ᠰᠢᠰᠢ ᠵᠠᠷᠭᠡ ᠲᠠᠨᠨᠢᠨ ᠬᠥᠴᠢᠯ ᠡᠯᠪᠡᠭ ᠠᠭᠤᠯᠤᠭᠰᠠᠨ ᠲᠠᠵᠢᠭᠡᠯ  ᠪᠤᠷᠳᠤᠭ᠎ᠠ ᠪᠠᠷ ᠲᠠᠵᠢᠭᠡᠬᠦ ᠥᠭᠡᠢ ᠪᠤᠯ ᠵᠤᠭᠢᠨ᠎ᠠ᠃ ᠤᠴᠢᠷ ᠨᠢ ᠲᠠᠨᠨᠢᠨ ᠬᠥᠴᠢᠯ ᠨᠢ ᠬᠥᠬᠦᠷ ᠬᠥᠴᠢᠯ ᠤᠨ ᠤᠰᠤᠳᠦ᠋ᠷᠥᠭᠴᠢ ᠨᠠᠲᠷᠢ ᠶᠢ ᠵᠠᠳᠠᠷᠠᠭᠤᠯᠤᠭᠰᠠᠨ ᠠᠴᠠ ᠪᠤᠯᠵᠤ ᠡᠮ ᠤᠨ ᠥᠢᠯᠠᠳᠤᠯ ᠢ ᠪᠠᠭᠤᠷᠠᠭᠤᠯᠬᠤ ᠪᠤᠶᠤ ᠥᠭᠡᠶᠢᠰᠭᠡᠳᠡᠭ᠃    ⑶ ᠢᠪᠢᠯᠭᠡᠬᠦ ᠡᠮ    ᠮᠠᠯ ᠲᠥᠯᠯᠡᠭᠰᠠᠨ ᠤ ᠲᠠᠷᠠᠭ᠎ᠠ ᠰᠦ ᠠᠨᠠᠢ ᠠᠴᠠ ᠪᠤᠯᠵᠤ ᠢᠪᠢᠯᠭᠡᠬᠦ ᠡᠮ ᠭᠡᠷᠡᠭᠯᠠᠬᠦ ᠥᠶᠠᠰ ᠪᠤᠭᠤᠳᠠᠢ ᠶᠢᠨ ᠨᠠᠭᠢᠶ᠎ᠠ ᠪᠠᠷ ᠲᠠᠵᠢᠭᠡᠬᠦ ᠶᠢ ᠴᠠᠭᠡᠷᠯᠠᠨ᠎ᠠ᠂ ᠤᠴᠢᠷ ᠨᠢ ᠪᠤᠭᠤᠳᠠᠢ ᠶᠢᠨ ᠨᠠᠭᠢᠶ᠎ᠠ ᠰᠦ ᠲᠠᠳᠠᠭᠤᠷᠠᠭᠤᠯᠬᠤ ᠥᠢᠯᠠᠳᠤᠯ ᠎ ᠲᠠᠢ᠃ ᠱᠧᠩ ᠳ᠋ᠢ᠂ ᠱᠥ ᠳ᠋ᠢ᠂ ᠾᠧ ᠱᠸᠤ ᠡᠤ᠂ ᠪᠠᠨ ᠰᠢᠶ᠋ᠨ ᠵᠠᠷᠭᠡ ᠭᠢᠳᠠᠳ ᠡᠮ ᠭᠡᠷᠡᠭᠯᠠᠬᠦ ᠥᠶᠠᠰ ᠴᠢᠰᠤᠨ ᠲᠠᠯᠬ᠎ᠠ ᠪᠠᠷ ᠲᠠᠵᠢᠭᠡᠬᠦ ᠶᠢ ᠴᠠᠭᠡᠷᠯᠠᠨ᠎ᠠ᠃ ᠲᠠᠷᠨ ᠨᠢ ᠡᠮ ᠤᠨ ᠢᠳᠠ ᠶᠢ ᠴᠢᠩᠭᠠᠷᠠᠭᠤᠯᠳᠠᠭ᠃    ⑷ ᠳ᠋ᠢ ᠪᠠᠢ ᠴᠥᠩ    ᠳ᠋ᠢ ᠪᠠᠢ ᠴᠥᠩ ᠢ ᠭᠡᠷᠡᠭᠯᠠᠨ ᠮᠠᠯ ᠤᠨ ᠬᠤᠷᠤᠬᠠᠢ ᠬᠥᠭᠡᠭᠡᠬᠦ ᠥᠶᠠᠰ ᠪᠠᠭ᠎ᠠ ᠰᠤᠳᠠ ᠠᠭᠤᠯᠤᠭᠰᠠᠨ ᠲᠠᠵᠢᠭᠡᠯ ᠪᠤᠷᠳᠤᠭᠠᠨ ᠤ ᠨᠠᠮᠠᠯᠳᠠ ᠡᠳ᠋ ᠢᠶᠠᠷ ᠲᠠᠵᠢᠭᠡᠬᠦ ᠶᠢ ᠴᠠᠭᠡᠷᠯᠠᠨ᠎ᠠ᠃ ᠤᠴᠢᠷ ᠨᠢ ᠪᠠᠭ᠎ᠠ ᠰᠤᠳᠠ ᠱᠥᠯᠳᠦᠯᠢᠭ ᠴᠢᠨᠠᠷ ᠢᠶᠠᠷ ᠨᠠᠯᠢᠶᠠᠳ ᠴᠢᠩᠭ᠎ᠠ ᠪᠠᠶᠢᠵᠤ᠂ ᠳ᠋ᠢ ᠪᠠᠢ ᠴᠥᠩ ᠢ ᠨᠠᠯᠢᠶᠠᠳ ᠬᠤᠤᠷ᠎ᠠ ᠲᠠᠢ ᠳ᠋ᠢ ᠳ᠋ᠢ ᠸᠧᠢ ᠪᠤᠯᠭᠠᠨ ᠬᠤᠪᠢᠷᠠᠭᠤᠯᠤᠭᠰᠠᠨ ᠠᠴᠠ ᠪᠤᠯᠵᠤ᠂ ᠬᠤᠤᠷᠳᠠᠯ ᠡᠬᠦᠰᠭᠡᠬᠦ ᠪᠤᠯᠤᠨ᠎ᠠ᠃    ⑸ ᠸᠢᠲ᠋ᠠᠮᠢᠨ A   ᠬᠥᠪᠤᠩ ᠤᠨ ᠥᠷ᠎ᠠ ᠶᠢᠨ ᠪᠢᠩ ᠨᠢ ᠸᠢᠲ᠋ᠠᠮᠢᠨ A᠎ ᠶᠢᠨ ᠰᠢᠩᠭᠡᠭᠡᠨ ᠠᠰᠢᠭᠯᠠᠬᠤ ᠶᠢ ᠨᠥᠯᠤᠭᠡᠯᠠᠳᠡᠭ᠃ ᠸᠢᠲ᠋ᠠᠮᠢᠨ A ᠲᠤᠳᠠᠭᠳᠠᠭᠰᠠᠨ ᠢ ᠰᠠᠷᠭᠡᠶᠢᠯᠠᠨ ᠵᠠᠰᠠᠬᠤ ᠥᠶᠠᠰ ᠬᠥᠪᠤᠩ ᠤᠨ ᠥᠷ᠎ᠠ ᠶᠢᠨ ᠪᠢᠩ ᠢᠶᠠᠷ ᠲᠠᠵᠢᠭᠡᠬᠦ ᠪᠠᠨ ᠵᠤᠭᠰᠤᠪᠠᠯ ᠵᠤᠭᠢᠨ᠎ᠠ᠃    ⑹ ᠺᠠᠯᠼ    ᠪᠥᠸᠧᠼᠠᠢ ᠨᠤᠭᠤᠭ᠎ᠠ ᠳᠤ ᠡᠪᠠᠰᠤᠨ ᠬᠥᠴᠢᠯ ᠡᠯᠪᠡᠭ ᠠᠭᠤᠯᠵᠤ᠂ ᠰᠢᠩᠭᠡᠭᠡᠯᠳᠠ ᠶᠢᠨ ᠵᠠᠮ ᠳᠤ ᠺᠠᠯᠼ ᠲᠠᠢ ᠨᠠᠶᠢᠯᠠᠭᠡᠳ ᠠᠭᠤᠰᠬᠤ ᠴᠢᠨᠠᠷ ᠥᠭᠡᠢ ᠡᠪᠠᠰᠤᠨ ᠬᠥᠴᠢᠯ ᠤᠨ ᠺᠠᠯᠼ ᠪᠤᠯᠵᠤ ᠺᠠᠯᠼ ᠰᠢᠩᠭᠡᠭᠡᠬᠦ ᠶᠢ ᠬᠠᠷᠰᠢᠯᠠᠳᠠᠭ᠃    ⑺ ᠲᠠᠮᠤᠷ    ᠬᠥᠬᠦᠷ ᠬᠥᠴᠢᠯ ᠤᠨ ᠲᠤᠳᠠᠭᠤ ᠲᠠᠮᠤᠷ ᠵᠠᠷᠭᠡ ᠲᠠᠮᠤᠷ ᠠᠭᠤᠯᠬᠤ ᠡᠮ ᠭᠡᠷᠡᠭᠯᠠᠬᠦ ᠥᠶᠠᠰ ᠪᠤᠭᠤᠳᠠᠢ ᠶᠢᠨ ᠠᠭᠠᠭ ᠎ ᠢᠶᠠᠷ ᠲᠠᠵᠢᠭᠡᠬᠦ ᠶᠢ ᠴᠠᠭᠡᠷᠯᠠᠨ᠎ᠠ᠃ ᠤᠴᠢᠷ ᠨᠢ ᠪᠤᠭᠤᠳᠠᠢ ᠶᠢᠨ ᠠᠭᠠᠭ ᠲᠤ ᠹᠤᠰᠹᠤᠷ ᠡᠯᠪᠡᠭ ᠠᠭᠤᠯᠵᠤ᠂ ᠡᠮ ᠤᠨ ᠰᠢᠩᠭᠡᠭᠡᠯᠳᠠ ᠶᠢ ᠰᠠᠭᠠᠳᠠᠭᠤᠯᠳᠠᠭ᠃ ᠡᠬᠦᠨ ᠤ ᠬᠠᠮᠳᠤ ᠶᠠᠰᠤ ᠵᠥᠭᠡᠯᠠᠷᠠᠬᠦ ᠭᠡᠮ ᠢ ᠡᠮ ᠢᠶᠠᠷ ᠵᠠᠰᠠᠬᠤ ᠥᠶᠠᠰ ᠪᠤᠭᠤᠳᠠᠢ ᠶᠢᠨ ᠠᠭᠠᠭ ᠢᠶᠠᠷ ᠲᠠᠵᠢᠭᠡᠬᠦ ᠶᠢ ᠴᠠᠭᠡᠷᠯᠠᠨ᠎ᠠ᠃    ⑻ ᠴᠢᠩ ᠮᠸᠢ ᠰᠤ᠋  ᠂ ᠯᠢᠶᠠᠨ ᠮᠸᠢ ᠰᠤ᠋    ᠴᠢᠩ ᠮᠸᠢ ᠰᠤ᠋᠂ ᠯᠢᠶᠠᠨ ᠮᠸᠢ ᠰᠤ᠋ ᠶᠢ ᠭᠡᠷᠡᠭᠯᠠᠬᠦ ᠥᠶᠠᠰ ᠲᠠᠷᠤᠰᠢᠭᠤᠯᠤᠭᠰᠠᠨ ᠲᠠᠵᠢᠭᠡᠯ ᠪᠤᠷᠳᠤᠭ᠎ᠠ ᠭᠢᠭᠡᠳ ᠪᠠᠵᠠᠮᠠᠭ ᠢᠶᠠᠷ ᠲᠠᠵᠢᠭᠡᠬᠦ ᠶᠢ ᠴᠠᠭᠡᠷᠯᠠᠨ᠎ᠠ᠃ ᠤᠴᠢᠷ ᠨᠢ ᠡᠳᠠᠭᠡᠷ ᠲᠠᠵᠢᠭᠡᠯ ᠪᠤᠷᠳᠤᠭ᠎ᠠ‌ᠨᠢ ᠱᠥᠯᠳᠦᠯᠢᠭ ᠴᠢᠨᠠᠷ ᠢᠶᠠᠷ ᠴᠢᠩᠭ᠎ᠠ ᠮᠥᠷᠳᠠᠭᠡᠨ ᠴᠢᠩ ᠮᠸᠢ ᠰᠤ᠋᠂ ᠯᠢᠶᠠᠨ ᠮᠸᠢ ᠰᠤ᠋ ᠨᠢ ᠱᠥᠯᠳᠦᠯᠢᠭ ᠴᠢᠨᠠᠷ ᠢᠶᠠᠷ ᠴᠢᠩᠭ᠎ᠠ ᠤᠷᠴᠢᠨ ᠤ ᠨᠥᠬᠦᠴᠠᠯ ᠲᠤᠤᠷ᠎ᠠ ᠡᠮ ᠤᠨ ᠥᠢᠯᠠᠳᠤᠯ ᠨᠢ ᠠᠮᠠᠷᠬᠠᠨ ᠡᠪᠳᠡᠭᠳᠡᠳᠡᠭ᠃
 
ᠢᠷᠡᠯᠲᠡ᠄ ︽ᠰᠢᠨ᠎ᠠ ᠮᠠᠯᠴᠢᠳ ᠤᠨ ᠰᠤᠨᠢᠨ︾᠎ ᠠᠴᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号